ᠤᠶᠠᠩᠭ᠎ᠠ ᠶᠢᠨ ᠮᠤᠳᠤᠨ ᠤ ᠵᠢᠷᠬᠢᠷ᠎ᠠ

(ᠮᠦᠴᠡᠯᠭᠡ ᠰᠢᠯᠦᠭ)


ᠮᠣᠷᠳᠠᠯᠳᠠ

︱ ᠬᠦᠬᠡᠬᠣᠳᠡ ᠡᠴᠡ ᠬᠠᠩᠵᠧᠤ ᠬᠦᠷᠬᠥ ᠨᠢᠰᠬᠡᠯ ᠲᠡᠬᠡᠷ᠎ᠡ


ᠲᠠᠯᠠᠨ ᠬᠠᠷ᠎ᠠ ᠶᠢᠨ ᠰᠢᠷᠥᠬᠥᠨ ᠪᠣᠷᠣᠭᠠᠨ

ᠴᠢᠬᠢᠨ ᠳᠤ ᠮᠦᠨ ᠱᠣᠣᠬᠢᠭᠰᠠᠭᠠᠷ

ᠲᠠᠯᠠᠢ ᠶᠢᠨ ᠣᠷᠣᠨ ᠤ ᠬᠠᠯᠠᠭᠣᠨ ᠠᠭᠠᠷ

ᠨᠠᠮᠢ᠋ᠢ ᠡᠯᠢᠬᠡᠨ ᠳᠡᠭᠡᠨ ᠲᠠᠪᠠᠷᠢᠪᠠᠢ

ᠬᠦᠬᠡ ᠬᠣᠳᠠ ᠶᠢᠨ ᠰᠢᠬᠥᠳᠡᠷᠢ ᠲᠡᠶ ᠨᠠᠷᠠ

ᠴᠣᠩᠬᠣᠨ ᠭᠠᠳᠠᠨ᠎ᠠ ᠭᠣᠯᠭᠣᠷᠢᠭᠰᠠᠭᠠᠷ

ᠬᠠᠩᠵᠧᠤ ᠭᠠᠵᠠᠷ ᠤᠨ ᠬᠦᠯᠥᠰᠣᠳᠡᠢ ᠰᠠᠷᠠ

ᠨᠢᠰᠬᠡᠯ ᠤᠨ ᠱᠠᠳᠣ ᠪᠠᠷ ᠮᠠᠴᠣᠪᠠᠢ


ᠬᠠᠯᠠᠭᠣᠴᠠᠯ

︱ ᠵᠧᠵᠢᠶᠡᠨᠭ᠌ ᠤᠨ ᠮᠢᠩᠭ᠋ᠠᠨ ᠠᠷᠠᠯᠳᠣ ᠨᠠᠭᠣᠷ ᠲᠤ


ᠴᠠᠩᠬᠡᠷ ᠣᠰᠣ ᠨᠣᠮᠢᠨ ᠠᠷᠠᠯ ᠢ ᠣᠨᠢᠰᠣᠯᠠᠵᠣ

ᠰᠠᠷᠠᠯ ᠮᠠᠨᠠᠨ ᠬᠣᠯᠠ ᠶᠢᠨ ᠪᠠᠷ᠎ᠠ ᠶᠢ ᠲᠥᠭ᠍ᠵᠢᠨ᠎ᠡ

ᠬᠠᠯᠠᠭᠣᠨ ᠰᠠᠯᠬᠢ ᠬᠠᠷ᠎ᠠ ᠬᠦᠯᠥᠰᠤ ᠶᠢ ᠰᠠᠭᠠᠵᠣ

ᠬᠠᠯᠠᠳᠠᠢ ᠨᠠᠷᠠ ᠵᠤᠴᠢᠨ ᠤ ᠲᠠᠰᠪᠣᠷᠢ ᠶᠢ ᠰᠢᠪᠬᠠᠨ᠎ᠠ


ᠣᠳᠠᠰᠣᠨ ᠲᠡᠭ᠍ᠷᠢ

︱ ᠬᠣᠸᠡᠨᠭ᠌ ᠱᠠᠨ ᠠᠭᠣᠯᠠᠨ ᠳᠤ ᠣᠷᠣᠢ ᠳᠠᠭᠠᠨ ᠬᠡᠰᠡᠭ ᠴᠢᠯᠠᠭᠣ


ᠬᠠᠪᠴᠢᠭᠰᠠᠨ ᠬᠣᠷᠣᠭᠣ ᠵᠠᠢ ᠲᠡᠶ ᠬᠣᠶᠠᠷ ᠬᠠᠳᠠ ᠪᠣᠢ᠂

ᠬᠠᠳᠠᠨ ᠵᠠᠪᠰᠠᠷ ᠢᠶᠡᠷ ᠬᠣᠷᠣᠭᠣᠨ ᠴᠢᠨᠡᠬᠡ ᠲᠡᠭ᠍ᠷᠢ ᠶᠢ ᠯᠠ

ᠣᠯᠵᠣ ᠬᠠᠷᠠᠬᠣ ᠶᠢᠨ ᠣᠴᠢᠷ ᠬᠦᠮᠥᠰ ᠣᠳᠠᠰᠣᠨ ᠲᠡᠭ᠍ᠷᠢ ᠬᠡᠮᠡᠨ ᠨᠠᠷᠠᠯᠠᠵᠠᠢ

ᠲᠠᠪᠠᠷᠢᠯᠴᠠᠮᠠᠷ ᠪᠣᠯᠣᠭᠰᠠᠨ ᠬᠣᠶᠠᠷ ᠲᠠᠮᠠᠣᠯᠣᠯ ᠢ ᠲᠡᠬᠡᠭ᠍ᠯᠠᠬᠥᠯᠵᠦ

ᠲᠡᠮᠠᠬᠡᠨ ᠬᠢᠷᠭᠣᠣᠯ ᠤᠨ ᠴᠢᠨᠡᠬᠡ

ᠬᠠᠷ᠎ᠠ ᠰᠠᠳᠬᠢᠯ ᠡᠯᠬᠥᠭ᠍ᠳᠡᠨ᠎ᠡ

ᠣᠳᠠᠰᠣᠨ ᠵᠠᠢ ᠪᠠᠷ ᠦᠨᠦᠴᠢᠷᠡᠭ᠍ᠰᠡᠨ

ᠦᠨᠢᠳᠡ ᠶᠢᠨ ᠬᠣᠶᠠᠷ ᠬᠠᠷᠠᠮᠰᠠᠯ ᠯᠠ

ᠦᠬᠡ ᠶᠠᠷᠢᠵᠣ ᠴᠢᠳᠠᠬᠣ ᠦᠭᠡᠶ ᠪᠠᠴᠢᠮᠳᠠᠨ᠎ᠠ


ᠦᠨᠳᠥᠷ

︱ ᠬᠣᠸᠡᠨᠭ᠌ ᠱᠠᠨ ᠠᠭᠣᠯᠠᠨ ᠤ ᠣᠷᠣᠢ ᠳᠤ


ᠡᠬᠥᠯᠡ ᠮᠠᠨᠠᠨ ᠰᠠᠯᠬᠢ ᠪᠣᠷᠣᠭᠠᠨ

ᠦᠰᠢᠶ᠎ᠡ ᠠᠳᠠᠭ᠎ᠠ ᠬᠣᠷᠣᠰᠣᠯ ᠵᠠᠨᠣᠯ

ᠦᠨᠡᠨ ᠬᠣᠳᠠᠯ ᠠᠯᠳᠠᠷ ᠭᠣᠳᠣᠮᠰᠢᠭ

ᠬᠢᠰᠬᠢᠯᠠᠵᠣ

ᠦᠨᠳᠥᠷ ᠣᠷᠬᠢᠯ ᠳᠤ ᠭᠠᠷᠪᠠᠯ

ᠦᠨᠳᠥᠷ

ᠦᠨᠡᠬᠡᠷ ᠦᠨᠳᠥᠷ


ᠮᠠᠨᠠᠨ

︱ ᠬᠣᠸᠡᠨᠭ᠌ ᠱᠠᠨ ᠠᠭᠣᠯᠠᠨ ᠤ ᠮᠠᠨᠠᠨ ᠢ ᠬᠠᠷᠠᠭᠠᠳ


ᠲᠡᠭ᠍ᠳᠡᠪᠡᠯ

ᠲᠡᠯᠠᠬᠡᠢ ᠶᠢ ᠵᠠᠯᠬᠢᠵᠣ

ᠲᠣᠨᠣᠪᠠᠯ

ᠲᠣᠭᠣᠰᠣ ᠲᠣᠯᠢᠶᠠᠨ᠎ᠠ

ᠲᠡᠬᠡᠷᠡᠮ ᠤᠨ ᠰᠦᠷ ᠢ ᠪᠠᠳᠠᠷᠠᠭᠣᠯᠵᠣ

ᠲᠡᠬᠡᠷᠠᠩᠬᠥᠢ ᠬᠠᠷᠬᠢᠰ ᠠᠭᠠᠰᠢᠯᠠᠪᠠᠴᠣ

ᠬᠣᠷᠴᠠ ᠨᠠᠷᠠᠨ ᠢ ᠦᠵᠡᠮᠡᠭ᠍ᠴᠡ

ᠬᠣᠭᠣᠰᠣᠨ ᠴᠢᠨᠠᠷ ᠢᠯᠠᠷᠠᠨ᠎ᠠ


ᠵᠠᠬᠥᠳᠥᠨ ᠴᠠᠩᠬᠡᠷ ᠰᠦᠨᠢ

︱ ᠬᠣᠸᠡᠨᠭ᠌ ᠱᠠᠨ ᠠᠭᠣᠯᠠᠨ ᠤ ᠬᠣᠷᠮᠣᠢ ᠳ᠋ᠠᠬᠢ

ᠲᠦᠨ ᠰᠢ ᠪᠠᠯᠭᠠᠰᠣᠨ ᠳᠤ ᠬᠣᠨᠣᠭᠯᠠᠭᠠᠳ


ᠵᠢᠷᠭᠠᠬᠣ ᠨᠠᠷᠠᠨ ᠬᠣᠯᠣᠰᠣᠨ ᠲᠠᠯᠠᠢ ᠳᠤ ᠣᠮᠪᠠᠵᠣ

ᠵᠠᠪᠠ ᠶᠢᠨ ᠰᠠᠷᠠ ᠲᠠᠷᠴᠠ ᠶᠢᠨ ᠪᠣᠷᠣᠭᠠᠨ ᠳᠤ ᠨᠣᠷᠣᠨ᠎ᠠ

ᠬᠡᠣᠬᠡᠨ ᠴᠠᠩᠬᠡᠷ ᠲᠦᠨ ᠰᠢ ᠪᠠᠯᠭᠠᠰᠣᠨ ᠤ ᠰᠦᠨᠢ

ᠬᠦᠮᠦᠳᠡ ᠶᠢᠨ ᠦᠨᠥᠷ ᠢᠶᠡᠷ ᠵᠠᠬᠥᠳᠥᠨ ᠳᠤ ᠣᠷᠣᠵᠣ ᠡᠷᠬᠡᠯᠡᠨ᠎ᠡ


ᠰᠢᠯᠥᠭ ᠢᠶᠡᠷ ᠮᠣᠷᠣᠶ᠋‍ᠢᠳᠠᠭ ᠭᠣᠣᠯ

︱ ᠨᠡᠨᠵᠢᠡᠭ ᠬᠣᠳᠠ ᠶᠢᠨ ᠲᠣᠮᠳᠠᠭᠣᠷ ᠮᠣᠷᠣᠶ᠋‍ᠢᠵᠣ ᠣᠷᠣᠰᠬᠣ

ᠴᠢᠨ ᠬᠣᠧᠠᠢ ᠡᠾᠧ ᠭᠣᠣᠯ ᠤᠨ ᠡᠷᠬᠢ ᠳᠤ


ᠲᠡᠨᠭ᠌ ᠤᠨ ᠰᠢᠯᠥᠭ ᠲᠤ ᠴᠢᠮᠢ᠋ᠢ ᠲᠠᠨᠢᠭᠰᠠᠨ ᠰᠢᠤ

ᠴᠢᠨ ᠬᠣᠧᠠᠢ ᠡᠾᠧ

ᠲᠠᠩᠬᠢᠯ ᠲᠥᠷᠢ ᠶᠢ ᠴᠢᠨᠢ ᠵᠠᠬᠥᠳᠥᠯᠡᠭ᠍ᠰᠠᠬᠡᠷ ᠣᠳᠠᠵᠣ ᠰᠢᠤ

ᠴᠢᠨ ᠬᠣᠧᠠᠢ ᠡᠾᠧ

ᠲᠠᠪᠣᠨ ᠵᠠᠡᠭ ᠤᠨ ᠲᠣᠷᠭᠠᠨ ᠲᠣᠯᠬᠢᠶ᠎ᠠ ᠶᠢ ᠴᠢᠨᠢ

ᠬᠦᠢᠬᠡᠨ ᠬᠡᠮᠡᠨ ᠭᠣᠯᠣᠬᠣ ᠦᠭᠡᠶ ᠪᠢ

ᠲᠠᠨ᠎ᠠ ᠰᠣᠪᠣᠳ ᠰᠢᠭ ᠬᠡᠷᠡᠯᠲᠦ ᠨᠠᠶ᠋‍ᠢᠷᠠᠭ ᠢ

ᠲᠠ ᠣᠯᠠᠨ ᠲᠥᠷᠣᠬᠥᠯᠥᠭᠰᠡᠨ ᠰᠢᠤᠨᠡᠨᠵᠢᠡᠭ ᠬᠣᠳᠠ ᠶᠢᠨ ᠵᠢᠷᠬᠢᠷ᠎ᠠ

︱ ᠨᠡᠨᠵᠢᠡᠭ ᠬᠣᠳᠠ ᠶᠢᠨ ᠵᠠᠬᠡᠯᠢ ᠲᠡᠬᠡᠷ᠎ᠡ


ᠨᠡᠨᠵᠢᠡᠭ ᠬᠣᠳᠠ ᠶᠢᠨ ᠵᠢᠷᠬᠢᠷ᠎ᠠ

ᠶᠠᠭᠠᠬᠢᠭᠰᠠᠨ ᠬᠦᠬᠡᠷᠥᠬᠥᠨ ᠪᠣᠢ

ᠨᠠᠪᠴᠢᠨ ᠤ ᠨᠣᠭᠣᠭᠠᠨ ᠰᠡᠬᠥᠳᠡᠷ ᠲᠤ ᠨᠢᠭᠣᠭᠠᠳ

ᠨᠠᠷᠬᠢᠯ ᠤᠨ ᠰᠢᠬᠥᠰᠦ ᠲᠡᠶ ᠲᠠᠭᠣᠤ ᠪᠠᠨ

ᠨᠠᠳᠠ ᠳᠤ ᠲᠠᠭᠣᠯᠠᠨ᠎ᠠ


ᠨᠠᠩᠬᠢᠶᠠᠳ ᠭᠠᠵᠠᠷ ᠤᠨ ᠬᠡᠣᠬᠡᠨ

ᠶᠠᠭᠠᠬᠢᠭᠰᠠᠨ ᠨᠠᠭᠠᠯᠢᠩᠬᠠᠢ ᠪᠣᠢ

ᠨᠠᠮᠣᠭ᠎ᠠ ᠶᠢᠨ ᠶᠠᠭᠠᠨ ᠬᠡᠷᠡᠯ ᠳᠤ

ᠢᠰᠪᠡᠯᠵᠡᠬᠡᠥᠨ

ᠨᠠᠰᠣᠨ ᠳ᠋ᠠᠭᠠᠨ ᠰᠡᠷᠠᠬᠥ ᠦᠭᠡᠶ ᠵᠠᠬᠥᠲᠦ ᠶᠢ

ᠨᠠᠳᠠ ᠳᠤ ᠪᠠᠯᠩᠯᠠᠨ᠎ᠠ


ᠮᠦᠬᠥᠭ᠍ᠰᠡᠨ ᠲᠥᠷᠤ ᠶᠢᠨ ᠪᠠᠭᠣᠷᠢ

︱ ᠨᠡᠨᠵᠢᠡᠭ ᠤᠨ ᠬᠣᠳᠠ ᠶᠢᠨ ᠬᠡᠷᠡᠮ ᠲᠡᠬᠡᠷ᠎ᠡ


ᠠᠷᠣᠷ᠎ᠠ ᠶᠢᠨ ᠵᠠᠬᠥᠲᠦ ᠶᠠᠭᠠᠬᠢᠭᠰᠠᠨ ᠴᠠᠩᠬᠡᠷ ᠪᠣᠢ

ᠠᠯᠳᠠᠨ ᠤ ᠰᠢᠨᠣᠯ ᠶᠠᠭᠠᠬᠢᠭᠰᠠᠨ ᠬᠡᠴᠡᠬᠥᠤ ᠪᠣᠢ

ᠠᠮᠣᠷ ᠵᠢᠷᠭᠠᠯ ᠶᠠᠭᠠᠬᠢᠭᠰᠠᠨ ᠬᠣᠣᠷᠳᠠᠢ ᠪᠣᠢ

ᠠᠯᠳᠠᠷ ᠭᠠᠪᠢᠶ᠎ᠠ ᠶᠠᠭᠠᠬᠢᠭᠰᠠᠨ ᠬᠣᠳᠠᠯ ᠪᠣᠢ

ᠬᠦᠬᠡ ᠮᠥᠷᠡᠨ ᠲᠣᠷᠣᠨ᠎ᠠ ᠲᠠᠶ᠋‍ᠢᠰᠢ ᠣᠷᠣᠰᠴᠣ ᠯᠠ ᠪᠠᠶ᠋‍ᠢᠨ᠎ᠠ

ᠬᠦᠮᠥᠨ ᠤ ᠶᠢᠷᠳᠢᠨᠴᠣ ᠳᠤ ᠮᠦᠩᠬᠡᠷᠡᠬᠥ ᠶᠠᠭᠣᠮ᠎ᠠ ᠬᠡᠵᠦ

ᠬᠠᠮᠢᠭ᠎ᠠ ᠪᠠᠶ᠋‍ᠢᠭᠰᠠᠨ ᠪᠣᠢ︕


ᠮᠢᠩᠭ᠋ᠠᠨ ᠵᠢᠯ ᠤᠨ ᠭᠣᠨᠢᠭ

︱ ᠰᠦᠵᠧᠤ ᠬᠣᠳᠠ ᠶᠢᠨ ᠹᠧᠨᠭ᠌ ᠴᠢᠶᠣᠤ ᠬᠦᠬᠥᠷᠬᠡ ᠲᠡᠬᠡᠷ᠎ᠡ


ᠭᠣᠨᠢᠭ ᠬᠡᠳᠡᠭ ᠶᠠᠭᠣᠮ᠎ᠠ ᠪᠠᠰᠠ ᠰᠠᠶ᠋‍ᠢᠬᠠᠨ ᠪᠠᠶ᠋‍ᠢᠵᠠᠢ

ᠬᠦ᠋ ᠰᠤ ᠬᠣᠳᠠ ᠳᠤ ᠢᠷᠡᠬᠡᠥᠨ ᠪᠢ ᠰᠠᠶ‍ᠢ ᠮᠠᠳᠠᠵᠠᠢ

ᠲᠡᠨᠭ᠌ ᠤᠨ ᠰᠢᠯᠥᠭ ᠭᠣᠷᠪᠠᠨ ᠵᠠᠭᠣᠨ ᠪᠠᠳᠠᠭ

ᠬᠡᠳᠥᠢ ᠭᠠᠶ᠋‍ᠢᠬᠠᠮᠰᠢᠭ ᠪᠣᠯᠪᠠᠴᠣ

ᠲᠠᠰᠣᠷᠬᠠᠢ ᠴᠢᠪᠬᠠᠳᠠᠯ ᠹᠧᠨᠭ᠌ ᠴᠢᠶᠣᠤ ᠶᠢᠨ ᠰᠦᠨᠢ (a) ᠶᠢ

ᠬᠡᠨ ᠪᠠᠰᠣᠵᠣ ᠴᠢᠳᠠᠬᠣ ᠪᠣᠢ︕


ᠰᠢᠯᠥᠭᠴᠢ ᠶᠢᠨ ᠵᠠᠶᠠᠭ᠎ᠠ

︱ ᠲᠡᠨᠭ᠌ ᠤᠨ ᠰᠢᠯᠥᠭᠴᠢ ᠵᠠᠡᠭ ᠵᠢᠢ ᠳᠤ


ᠭᠣᠣᠯ ᠲᠦᠬᠥᠷᠡᠨᠭ᠌ ᠭᠣᠨᠢᠭ ᠣᠷᠣᠰᠣᠨ᠎ᠠ

ᠭᠣᠸ᠎ᠠ ᠰᠠᠶ᠋‍ᠢᠬᠠᠨ ᠨᠠᠮᠢ᠋ᠢ ᠪᠣᠯᠠᠨ᠎ᠠ

ᠮᠦᠩᠬᠡ ᠶᠢᠨ ᠰᠢᠯᠥᠭ ᠪᠢᠴᠢᠭ᠍ᠰᠡᠨ ᠰᠢᠯᠥᠭᠴᠢ ᠶᠢ

ᠮᠦᠩᠬᠡ ᠪᠣᠰᠣ ᠦᠮᠴᠢᠯᠡᠵᠡᠢ

ᠮᠦᠩᠬᠥ ᠪᠣᠯᠭᠠᠵᠣ ᠴᠢᠨᠣ ᠨᠡᠷ᠎ᠡ ᠶᠢ

ᠲᠠᠳᠠ ᠣᠳᠣ ᠢᠳᠠᠵᠣ ᠪᠠᠶ᠋‍ᠢᠨ᠎ᠠ


ᠬᠡᠷᠡᠯ ᠤᠨ ᠭᠣᠣᠯ

︱ ᠰᠦᠵᠧᠤ ᠬᠣᠳᠠ ᠶᠢᠨ ᠲᠠᠳᠠᠮᠠᠯ

ᠭᠣᠣᠯ ᠢᠶᠡᠷ ᠰᠦᠨᠢ ᠵᠤᠭᠠᠴᠠᠭᠠᠳ


ᠡᠬᠥᠯᠡᠨ ᠡᠴᠡ ᠬᠠᠯᠠᠭᠣᠨ ᠪᠣᠷᠣᠭ᠎ᠠ ᠠᠰᠭᠠᠨ᠎ᠠ

ᠣᠰᠣᠨ ᠲᠣᠳᠣᠷ᠎ᠠ ᠳ᠋ᠧᠨᠭ᠌ ᠤᠨ ᠬᠡᠷᠡᠯ ᠣᠮᠪᠠᠨ᠎ᠠ

ᠡᠮᠣᠨᠠᠳᠣ ᠣᠷᠣᠨ ᠤ ᠨᠢᠯᠣᠭᠣᠨ ᠠᠶᠠᠯᠭᠣ ᠬᠦᠬᠡᠰᠦ ᠪᠣᠯᠵᠣ ᠵᠠᠮᠬᠠᠷᠠᠨ᠎ᠠ

ᠡᠤ ᠶᠢᠨ ᠦᠬᠢᠨ (b)  ᠤ ᠠᠯᠠᠭ ᠨᠢᠳᠣ ᠯᠠ ᠡᠷᠪᠡᠬᠡᠢ ᠪᠣᠯᠵᠣ ᠲᠠᠷᠪᠠᠨ᠎ᠠ


ᠪᠢᠳᠡᠬᠥᠤ ᠰᠣᠶᠣᠯ

︱ ᠰᠦᠵᠧᠤ ᠬᠣᠳᠠ ᠶᠢᠨ ᠵᠦᠸᠧ ᠵᠧᠡᠭ ᠶᠤᠧᠨᠨ ᠬᠡᠮᠡᠬᠥ ᠬᠦᠷᠢᠶᠡᠯᠡᠨᠭ᠌ ᠳᠤ


ᠬᠣᠷᠸ᠎ᠠ ᠶᠢ ᠬᠣᠮᠢᠵᠣ

ᠬᠣᠳᠳᠣᠭ ᠤᠨ ᠲᠣᠳᠣᠷ᠎ᠠ ᠣᠨᠢᠰᠣᠯᠠᠵᠣ

ᠪᠠᠶ᠋‍ᠢᠭᠠᠯᠢ ᠶᠢ ᠪᠠᠭᠠᠰᠬᠠᠵᠣ

ᠪᠠᠠᠰᠠᠨ ᠤ ᠲᠣᠮᠳᠠ ᠲᠥᠷᠰᠥᠯᠠᠵᠡᠢ

《 ᠲ᠋ᠠᠶ᠋‍ᠢᠱᠠᠨ ᠠᠭᠣᠯᠠ 》 ᠶᠢ ᠴᠣᠩᠬᠣᠨ ᠤ ᠡᠮᠣᠨ᠎ᠠ

ᠣᠪᠣᠭᠠᠯᠠᠵᠣ

《 ᠲ᠋ᠡᠭ᠍ᠷᠢ ᠶᠢᠨ ᠣᠶᠣᠳᠠᠯ 》 ᠢ ᠪᠣᠱᠣᠭ᠎ᠠ ᠶᠢᠨ ᠲᠣᠣᠭᠣᠷ

ᠮᠣᠷᠣᠯᠵᠠᠭᠣᠯᠣᠨ᠎ᠠ


ᠡᠳ᠋ᠯᠠᠶ᠎ᠠ ᠬᠡᠰᠡᠨ ᠬᠣᠪᠳᠣᠭ ᠰᠠᠳᠬᠢᠯ

ᠡ᠊ᠠᠳᠠ ᠬᠡᠷᠡᠮ ᠪᠣᠯᠵᠣ ᠣᠷᠢᠶᠠᠨ᠎ᠠ

ᠡᠵᠠᠯᠠᠶ᠎ᠠ ᠬᠡᠰᠡᠨ ᠬᠠᠷ᠎ᠠ ᠰᠠᠨᠠᠭ᠎ᠠ

ᠲᠠᠠᠳᠠ ᠠᠷᠰᠯᠠᠨ ᠪᠣᠯᠵᠣ ᠴᠢᠯᠠᠭᠣᠵᠢᠨ᠎ᠠ


ᠰᠦᠨᠢ ᠶᠢᠨ ᠲᠣᠮᠣᠭ

︱ ᠬᠣᠸᠡᠨᠭ᠌ ᠫᠥ᠋ ᠮᠥᠷᠡᠨ ᠢᠶᠡᠷ ᠰᠦᠨᠢ ᠠᠶᠠᠯᠠᠵᠣ᠂

ᠲᠡᠯᠠᠬᠡᠢ ᠶᠢᠨ ᠭᠣᠷᠪᠠᠳᠣᠭᠠᠷ ᠦᠨᠳᠥᠷ ᠪᠠᠷᠢᠯᠭ᠎ᠠ

ᠬᠡᠮᠡᠭ᠍ᠳᠡᠭ᠍ᠰᠡᠨ ᠶᠢᠨ ᠮᠣᠤ ᠠᠰᠠᠷ ᠲᠡᠬᠡᠷ᠎ᠡ ᠭᠠᠷᠣᠭᠠᠳ


ᠬᠡᠷᠡᠯ ᠰᠢᠭᠣᠶ᠋‍ᠢᠷᠠᠨ᠎ᠠ

ᠪᠣᠳᠣᠭ ᠰᠢᠭᠣᠷᠠᠨ᠎ᠠ

ᠬᠣᠸᠡᠨᠭ᠌ ᠫᠥ᠋ ᠮᠥᠷᠡᠨ ᠤ ᠬᠣᠶᠠᠷ ᠡᠷᠬᠢ ᠳᠤ

ᠲᠣᠮᠣᠭ ᠡᠬᠥᠷᠯᠡᠨ᠎ᠡ


ᠪᠣᠳᠠᠰ ᠶᠡᠬᠡᠰᠦᠨ᠎ᠠ

ᠪᠢ ᠪᠠᠭᠠᠰᠣᠨ᠎ᠠ

ᠰᠣᠪᠣᠳ ᠤᠨ ᠬᠡᠷᠡᠯ ᠠᠯᠳᠠᠨ ᠤ ᠬᠢᠯᠪᠠᠭ᠎ᠠ ᠳᠤ

ᠰᠠᠷᠠ ᠪᠦᠳᠡᠬᠢᠷᠡᠨ᠎ᠡ


ᠱᠠᠩᠬᠠᠢ ᠳᠤ ᠢᠷᠠᠪᠠᠯ

ᠰᠠᠷᠠᠨ ᠳᠤ ᠭᠠᠷᠣᠭᠰᠠᠨ ᠡᠴᠡ ᠬᠣᠳᠠᠯ ᠰᠠᠨᠠᠭᠳᠠᠨ᠎ᠠ

ᠰᠠᠠᠰᠠᠷ ᠤᠨ ᠣᠳᠣ ᠣᠰᠣᠨ ᠳᠤ ᠪᠠᠭᠣᠭᠠᠳ

ᠣᠮᠪᠠᠵᠣ ᠬᠠᠷᠠᠭᠳᠠᠨ᠎ᠠ


ᠵᠢᠨ ᠮᠣᠤ ᠠᠰᠠᠷ ᠲᠤ ᠭᠠᠷᠪᠠᠯ

ᠵᠠᠷᠬᠡᠯᠬᠡᠨ ᠵᠠᠶ᠋‍ᠢᠳᠠᠯᠠᠭᠰᠠᠨ ᠡᠴᠡ ᠰᠣᠨᠢᠨ ᠰᠠᠨᠠᠭᠳᠠᠨ᠎ᠠ

ᠵᠢᠶᠠᠩᠨᠠᠨ ᠭᠠᠵᠠᠷ ᠤᠨ ᠪᠠᠶᠠᠨ ᠡᠷᠬᠢᠮ

ᠭᠠᠶ᠋‍ᠢᠬᠠᠭᠣᠯᠬᠣ ᠲᠠᠳᠣᠢ ᠬᠢᠯᠠᠯᠵᠠᠨ᠎ᠠ


ᠰᠣᠯᠣᠩᠭ᠋ᠠᠨ ᠵᠠᠮ

︱ ᠱᠠᠩᠬᠠᠢ ᠬᠣᠳᠠ ᠶᠢᠨ ᠨᠡᠨᠵᠢᠡᠭ ᠵᠠᠮ ᠲᠡᠬᠡᠷ᠎ᠡ


ᠨᠡᠨᠵᠢᠡᠭ ᠵᠠᠮ ᠲᠡᠬᠡᠷ᠎ᠡ ᠦᠳᠡ ᠶᠢᠨ ᠨᠠᠷᠠ ᠬᠦᠯᠥᠷᠡᠨ᠎ᠡ

ᠨᠠᠭᠠᠰᠢ ᠴᠠᠭᠠᠰᠢ ᠡᠢᠨᠢᠶᠠᠳᠣ ᠬᠠᠨᠢᠶᠠᠳᠣ ᠪᠦᠮᠪᠥᠷᠢᠯᠴᠡᠨ᠎ᠡ

ᠨᠠᠪᠴᠢᠨ ᠲᠣᠣᠷᠠᠬᠢ ᠰᠡᠷᠢᠬᠥᠨ ᠣᠮᠳᠠᠭᠠᠨ ᠡᠴᠡ

ᠨᠠᠮᠣᠷ ᠢ ᠵᠢᠬᠡᠯᠡᠵᠦ ᠰᠠᠭᠣᠳᠠᠯ᠎ᠠ

ᠨᠠᠩᠬᠢᠶᠠᠳ ᠭᠠᠵᠠᠷ ᠤᠨ ᠨᠢᠴᠥᠬᠥᠨ ᠭᠣᠸ᠎ᠠ

ᠨᠣᠶ᠋‍ᠢᠳᠠᠨ ᠬᠠᠷᠠᠴᠠ ᠶᠢ ᠨᠣᠴᠣᠭᠠᠨ᠎ᠠ


ᠣᠰᠣᠨ ᠨᠣᠳᠣᠭ

︱ ᠮᠣᠤ ᠳ᠋ᠦᠨ ᠤ ᠨᠣᠳᠣᠭ ᠡᠤ ᠵᠧᠨ ᠪᠠᠯᠭᠠᠰᠣᠨ ᠳᠤ


ᠴᠠᠭᠠᠨ ᠴᠣᠬᠣᠢ ᠬᠠᠷ᠎ᠠ ᠸᠠᠭᠠᠷ

ᠦᠨᠳᠥᠷ ᠬᠡᠷᠡᠮ ᠬᠦᠨ ᠬᠦᠷᠢᠶ᠎ᠡ

ᠬᠣᠷᠣᠭᠣ ᠴᠢᠨᠡᠬᠡᠬᠡᠨ ᠵᠠᠢ ᠪᠠᠷ

ᠬᠤᠷᠤᠭᠤᠪᠴᠢᠨ ᠴᠢᠨᠡᠬᠡᠬᠡᠨ ᠲᠡᠭ᠍ᠷᠢ ᠭᠣᠭᠣᠵᠢᠵᠣ

ᠪᠠᠠᠰᠠᠨ ᠴᠢᠨᠡᠬᠡᠬᠡᠨ ᠡᠬᠥᠳᠡᠨ ᠲᠡᠬᠡᠷ᠎ᠡ

ᠹᠧᠥᠳᠡᠯ ᠴᠢᠨᠡᠬᠡᠬᠡᠨ ᠣᠨᠢᠰᠤ ᠲᠡᠬᠥᠵᠢᠯᠡᠭ᠍ᠳᠡᠨ᠎ᠡ

ᠮᠣᠷᠣᠢ ᠬᠦᠬᠥᠷᠬᠡ ᠲᠣᠭᠣᠷᠢᠭᠣ ᠭᠣᠳᠣᠮᠵᠢ

ᠴᠠᠢ ᠶᠢᠨ ᠫᠦᠰᠡ ᠠᠷᠢᠬᠢᠨ ᠮᠣᠬᠣᠯᠠᠭ

ᠵᠤᠭᠣᠰᠣᠨ ᠴᠢᠨᠡᠬᠡᠬᠡᠨ ᠨᠦᠬᠡ ᠪᠠᠷ

ᠣᠩᠭ᠋ᠣᠴᠠᠨ ᠴᠢᠨᠡᠬᠡᠬᠡᠨ ᠭᠣᠷᠢᠳᠠᠯ ᠮᠥᠯᠬᠥᠵᠦ

ᠬᠠᠷᠮᠠᠨ ᠴᠢᠨᠡᠬᠡᠬᠡᠨ ᠲᠡᠯᠬᠡᠬᠥᠷ ᠲᠣᠳᠣᠷ᠎ᠠ

ᠬᠠᠷᠠᠴᠣ ᠶᠢᠨ ᠴᠢᠨᠡᠬᠡᠬᠡᠨ ᠪᠠᠶᠠᠵᠢᠯ ᠲᠥᠭ᠍ᠲᠦᠢᠨ᠎ᠡ


ᠰᠢᠳᠢ

︱ ᠰᠢ ᠬᠤ ᠨᠠᠭᠣᠷ ᠤᠨ ᠬᠦᠪᠡᠬᠡᠨ ᠳᠤ


ᠰᠢ ᠬᠤ ᠨᠠᠭᠣᠷ ᠰᠠᠶ᠋‍ᠢᠬᠠᠨ ᠬᠡᠨᠡᠮ

ᠰᠢ ᠽᠢ ᠬᠡᠣᠬᠡᠨ ᠭᠠᠶ᠋‍ᠢᠬᠠᠮᠰᠢᠭ ᠬᠡᠨᠡᠮ

ᠰᠢᠳᠢ ᠣᠷᠭᠣᠭᠣᠯᠣᠭᠴᠢ ᠰᠢᠯᠥᠭᠴᠢ ᠶᠢᠨ ᠪᠢᠷ ᠡᠰᠠ ᠬᠦᠷᠥᠭᠰᠡᠨ ᠪᠦᠬᠡᠰᠦ

ᠰᠢᠪᠠᠷ ᠨᠠᠭᠣᠷ ᠰᠢᠷ᠎ᠠ ᠬᠡᠣᠬᠡᠨ ᠲᠠᠯᠠᠭᠠᠷ ᠭᠣᠪᠣᠷᠯᠠᠬᠣ ᠪᠣᠢ ᠢ᠎ᠠ


ᠲᠣᠮᠣᠭ ᠲᠣᠷᠠᠯᠠᠯ ᠤᠨ ᠣᠰᠣ

︱ ᠰᠢ ᠬᠤ ᠨᠠᠭᠣᠷ ᠤᠨ ᠬᠦᠪᠡᠬᠡᠨ ᠳᠤ ᠣᠯᠠᠨ ᠰᠠᠶ᠋‍ᠢᠬᠠᠨ ᠢᠨᠠᠭ ᠤᠨ ᠲᠣᠮᠣᠭ ᠪᠣᠢ


ᠲᠣᠮᠣᠭ ᠲᠣᠷᠠᠯᠠᠯ ᠤᠨ ᠶᠠᠭᠠᠨ ᠰᠢᠬᠥᠳᠡᠷᠢ

ᠴᠡᠴᠡᠭ ᠤᠨ ᠲᠣᠶᠠᠭᠠᠨ ᠳᠤ ᠪᠦᠯᠢᠶᠡᠰᠦᠨ᠎ᠠ

ᠲᠣᠣᠯᠢᠮ᠎ᠠ ᠬᠠᠶ᠋‍ᠢᠷ᠎ᠠ ᠶᠢᠨ ᠴᠠᠭᠠᠨ ᠬᠣᠨ

ᠡᠬᠥᠯᠡᠨ ᠰᠡᠬᠥᠳᠡᠷ ᠲᠤ ᠰᠡᠯᠠᠬᠥᠴᠡᠨ᠎ᠡ

ᠡᠷᠪᠡᠬᠡᠢ ᠬᠣᠪᠢᠯᠣᠭᠰᠠᠨ ᠷᠣᠮᠠᠠᠲ᠋ᠢᠭ ᠭᠣᠨᠢᠭ(c)

ᠴᠡᠴᠡᠭ᠍ᠲᠦ ᠪᠣᠯᠠᠰᠢ ᠶᠢ ᠪᠦᠷᠬᠥᠵᠦ

ᠡᠷ᠎ᠠ ᠡᠴᠡ ᠪᠠᠨ ᠬᠠᠭᠠᠴᠠᠭᠰᠠᠨ ᠴᠠᠭᠠᠨ ᠮᠣᠭᠠᠢ (d)

ᠡᠪᠳᠡᠷᠬᠡᠢ ᠰᠣᠪᠣᠷᠭ᠎ᠠ ᠶᠢ ᠵᠠᠭᠠᠯᠳᠣᠨᠠᠮ


ᠮᠥᠷᠣᠬᠡᠳᠥᠯ ᠤᠨ ᠮᠦᠩᠬᠥᠨ ᠰᠢᠬᠥᠳᠡᠷᠢ

︱ ᠰᠢ ᠬᠤ ᠨᠠᠭᠣᠷ ᠲᠤ ᠰᠢᠯᠥᠭ ᠤᠨ ᠵᠤᠭᠣᠭ ᠣᠯᠠᠨ ᠪᠣᠢ


ᠠᠭᠣᠯᠠ ᠨᠠᠮᠢᠯᠵᠠᠨ᠎ᠠ

ᠣᠰᠣ ᠲᠠᠯᠮᠢᠶᠠᠷᠠᠨ᠎ᠠ

ᠣᠳᠠᠨ ᠤ ᠪᠦᠯᠢᠶᠡᠨ ᠰᠡᠬᠥᠳᠡᠷ ᠲᠤ

ᠣᠶᠠᠩᠭ᠎ᠠ ᠶᠢᠨ ᠵᠢᠷᠬᠢᠷ᠎ᠠ ᠬᠣᠭᠣᠷᠳᠠᠨ᠎ᠠ

ᠴᠡᠴᠡᠭ ᠨᠣᠴᠣᠨ᠎ᠠ

ᠬᠡᠷᠡᠯ ᠦᠶᠡᠷᠯᠡᠨ᠎ᠡ

ᠴᠠᠩᠬᠡᠷ ᠬᠣᠯᠣᠰᠣᠨ ᠤ ᠵᠠᠷᠬᠡᠯᠬᠡᠨ ᠳᠤ ᠦᠳᠡ ᠶᠢᠨ ᠨᠠᠷᠠ ᠲᠠᠪᠳᠣᠨ᠎ᠠ

ᠰᠢ ᠬᠤ ᠶᠢᠨ ᠲᠣᠷᠭᠠᠨ ᠲᠣᠯᠬᠢᠶᠠᠨ ᠳᠤ

ᠬᠠᠶ᠋‍ᠢᠷ᠎ᠠ ᠠᠷᠯᠠᠨ᠎ᠠ

ᠰᠢ ᠽᠢ ᠶᠢᠨ ᠠᠯᠠᠭ ᠲᠡᠯᠮᠡᠬᠡᠨ ᠳᠤ

ᠰᠠᠳᠬᠢᠯ ᠴᠠᠬᠢᠯᠭᠠᠠᠵᠢᠨ᠎ᠠ

ᠰᠤ ᠳ᠋‍ᠢ (e) ᠪᠠᠢ ᠳ᠋‍ᠢ (f) ᠬᠣᠶᠠᠷ ᠲᠡᠯᠡᠨᠭ᠌ ᠢ

ᠰᠢᠯᠥᠭ ᠤᠨ ᠨᠢᠳᠣ ᠰᠢᠮᠡᠬᠡᠥᠨ ᠬᠠᠨᠣᠬᠣ ᠦᠭᠡᠶ

ᠰᠤ ᠰᠢᠶᠣᠤ ᠰᠢᠶᠣᠤ (g)  ᠶᠢᠨ ᠴᠡᠯᠠᠬᠡᠷ ᠪᠣᠯᠠᠰᠢᠨ ᠳᠤ

ᠮᠣᠩᠭ᠋ᠣᠯ ᠮᠥᠷᠣᠬᠡᠳᠥᠯ ᠪᠦᠮᠪᠥᠯᠵᠡᠬᠡᠥᠨ ᠬᠠᠳᠠᠬᠣ ᠦᠭᠡᠶ


ᠪᠣᠴᠠᠯᠳᠠ

︱ ᠬᠠᠩᠵᠧᠤ ᠡᠴᠡ ᠬᠦᠬᠡᠬᠣᠳᠡ ᠬᠦᠷᠬᠥ ᠨᠢᠰᠬᠡᠯ ᠲᠡᠬᠡᠷ᠎ᠡ


ᠪᠦᠷᠥᠭ ᠪᠠᠷᠣᠭ ᠤᠨ ᠲᠣᠮᠳᠠ

ᠬᠠᠩᠵᠧᠤ ᠬᠣᠳᠠ ᠶᠢ ᠣᠷᠬᠢᠵᠣ

ᠪᠦᠬᠥᠳᠡ ᠨᠠᠶ᠋‍ᠢᠷᠠᠮᠳᠠᠬᠣ ᠬᠠᠷᠠᠩᠭ᠋ᠣᠢ ᠳᠤ

ᠬᠦᠬᠡ ᠮᠥᠷᠡᠨ ᠢ ᠭᠠᠳᠣᠯᠪᠠᠢ

ᠨᠠᠩᠬᠢᠶᠠᠳ ᠣᠷᠣᠨ ᠤ ᠨᠠᠭᠠᠯᠢᠩᠬᠠᠢ ᠲᠠᠭᠣᠨ

ᠰᠣᠷᠮᠣᠣᠰᠣᠨ ᠡᠴᠡ ᠣᠨᠠᠭᠠᠳᠣᠢ ᠪᠠᠶ᠋‍ᠢᠳᠠᠯ᠎ᠠ

ᠨᠠᠷᠠᠨ ᠤ ᠦᠨᠥᠷᠳᠡᠢ ᠮᠣᠩᠭ᠋ᠣᠯ ᠨᠣᠳᠣᠭ ᠤᠨ

ᠪᠦᠰᠠᠬᠥᠢ ᠰᠠᠷᠠᠨ ᠮᠥᠰᠢᠶᠡᠪᠡᠢ

ᠪᠣᠭᠣᠳᠠᠯ ᠲᠦᠬᠥᠷᠡᠨᠭ᠌ ᠡᠮᠣᠨᠠᠳᠣ ᠶᠢᠨ ᠪᠠᠷᠠᠭ᠎ᠠ

ᠰᠠᠳᠬᠢᠯ ᠲᠦᠬᠥᠷᠡᠨᠭ᠌ ᠮᠥᠷᠣᠬᠡᠳᠥᠯ

ᠪᠠᠶ᠎ᠠ ᠲᠦᠬᠥᠷᠡᠨᠭ᠌ ᠠᠶᠠᠨ ᠤ ᠶᠠᠳᠠᠷᠠᠯ

ᠱᠠᠳᠣ ᠲᠦᠬᠥᠷᠡᠨᠭ᠌ ᠶᠠᠭᠠᠷᠠᠯ

ᠣᠶᠠᠩᠭ᠎ᠠ ᠶᠢᠨ ᠮᠣᠳᠣᠨ ᠤ ᠨᠠᠷᠠᠨ ᠵᠢᠷᠬᠢᠷ᠎ᠠ

ᠬᠣᠷᠢᠨ ᠠᠩᠬᠢ ᠰᠢᠯᠥᠭ

ᠣᠰᠣᠨ ᠨᠣᠳᠣᠭ ᠤᠨ ᠵᠠᠬᠥᠳᠥᠨ ᠡᠴᠡ ᠭᠠᠷᠳᠠᠯ᠎ᠠ

ᠮᠣᠩᠭ᠋ᠣᠯ ᠢᠨᠢᠶᠠᠳᠣ ᠣᠯᠠᠯᠵᠠᠪᠠᠢ


2008.7.15︱ 7.22


ᠵᠠᠬᠥᠯᠳᠡ᠄

a ᠲᠡᠨᠭ᠌ ᠤᠨ ᠰᠢᠯᠥᠭᠴᠢ ᠵᠠᠡᠭ ᠵᠢᠢ ᠰᠦᠵᠧᠤ ᠬᠣᠳᠠ ᠶᠢᠨ ᠲᠡᠬᠥᠷᠬᠡ ᠹᠧᠨᠭ᠌ ᠴᠢᠶᠣᠤ ᠬᠦᠬᠥᠷᠬᠡ ᠶᠢᠨ ᠬᠠᠵᠠᠭᠣ ᠳᠤ ᠬᠣᠨᠣᠭᠯᠠᠵᠣ ᠨᠠᠷᠠᠳᠣ ᠰᠢᠯᠥᠭ 《 ᠹᠧᠨᠭ᠌ ᠴᠢᠶᠣᠤ ᠶᠢᠨ ᠰᠦᠨᠢ ᠶᠢᠨ ᠬᠣᠨᠣᠭᠯᠠᠯ 》 ᠢᠶᠡᠨ ᠪᠢᠴᠢᠵᠠᠢ᠃ ᠲᠠᠷᠠ ᠰᠢᠯᠥᠭ ᠲᠤ 《 ᠰᠠᠷᠠᠨ ᠲᠠᠰᠢᠵᠣ ᠬᠡᠷᠢᠶ᠎ᠡ ᠬᠠᠭᠰᠠᠨ ᠰᠠᠠᠰᠠᠷ ᠲᠤ ᠬᠢᠷᠠᠭᠣ ᠪᠠᠭᠣᠭᠠᠳ\\ ᠵᠢᠶᠡᠨᠭ᠌ ᠹᠧᠨᠭ᠌ ᠬᠦᠬᠥᠷᠬᠡ ᠶᠢᠨ ᠵᠢᠭᠠᠰᠣᠴᠢᠨ ᠤ ᠪᠠᠮᠪᠠᠷ ᠵᠤᠪᠠᠨᠢᠯᠳᠣ ᠰᠠᠳᠬᠢᠯ ᠢ ᠠᠰᠠᠭᠠᠮᠣᠢ \\ ᠬᠦ᠋ ᠰᠤ ᠬᠣᠳᠠ ᠶᠢᠨ ᠭᠠᠳᠠᠨ᠎ᠠ ᠲᠡᠬᠥᠷᠬᠡ ᠳ᠋ᠠᠬᠢ ᠬᠠᠨ ᠱᠠᠨ ᠰᠧ ᠰᠦᠮ᠎ᠡ\\ ᠬᠦᠨ ᠰᠦᠨᠢ ᠶᠢᠨ ᠵᠦᠡᠭ ᠤᠨ ᠲᠠᠭᠣᠨ ᠵᠤᠴᠢᠨ ᠤ ᠣᠩᠭ᠋ᠣᠴᠠᠨ᠎ᠠ ᠠᠨᠢᠷᠳᠣᠨᠠᠮ 》 ᠬᠡᠵᠦ ᠰᠢᠯᠣᠭ᠍ᠯᠠᠵᠠᠢ᠃

b ᠰᠦᠵᠧᠤ ᠬᠣᠳᠠ ᠪᠣᠯ ᠡᠷᠳᠠᠨ ᠤ ᠡᠤ ᠣᠯᠣᠰ ᠤᠨ ᠨᠠᠶ᠋‍ᠢᠰᠯᠠᠯ ᠪᠣᠯᠣᠨ᠎ᠠ᠃

c ᠯᠢᠶᠡᠨᠭ᠌ ᠱᠠᠨ ᠪᠦᠸᠧ᠂ ᠵᠣ ᠶᠢᠡᠭ ᠲᠡᠶ ᠶᠢᠨ ᠦᠯᠢᠬᠡᠷ ᠢ ᠶᠠᠷᠢᠵᠣ ᠪᠣᠢ᠃

d ᠴᠠᠭᠠᠨ ᠮᠣᠭᠠᠢ ᠬᠡᠣᠬᠡᠨ᠂ ᠪᠢᠴᠢᠭ᠍ᠳᠡᠨ ᠵᠠᠯᠠᠭᠣ ᠰᠢᠣᠢ ᠰᠢᠶᠠᠨ ᠲᠡᠶ ᠬᠣᠷᠢᠮᠯᠠᠭᠰᠠᠨ ᠦᠯᠢᠬᠡᠷ ᠢ ᠶᠠᠷᠢᠵᠣ ᠪᠣᠢ᠃

e ᠰᠤ ᠳ᠋ᠥᠨᠭ᠌ ᠫᠦᠸᠧ ᠶᠢᠨ ᠪᠠᠶ᠋‍ᠢᠭᠣᠯᠣᠭᠰᠠᠨ ᠲᠡᠯᠡᠨᠭ᠌ ᠢ ᠰᠤ ᠳ᠋‍ᠢ ᠬᠡᠳᠡᠭ᠃

f ᠪᠠᠢ ᠵᠢᠣᠢ ᠡᠢ ᠶᠢᠨ ᠰᠢᠯᠦᠭ᠍ᠯᠡᠭ᠍ᠰᠡᠨ ᠲᠡᠯᠡᠨᠭ᠌ ᠢ ᠪᠠᠢ ᠳ᠋‍ᠢ ᠬᠡᠳᠡᠭ᠃

g ᠡᠮᠣᠨᠠᠳᠣ ᠲᠥᠷᠤ ᠶᠢᠨ ᠦᠶ᠎ᠡ ᠶᠢᠨ ᠪᠦᠰᠠᠬᠥᠢ ᠰᠢᠯᠥᠭᠴᠢ᠃


ᠵᠤᠬᠢᠶᠠᠭᠴᠢ ᠶᠢᠨ ᠬᠠᠶ‍ᠢᠭ᠄ ᠦᠪᠥᠷ ᠮᠣᠩᠭ᠋ᠣᠯ ᠤᠨ ᠶᠡᠬᠡ ᠰᠣᠷᠭᠠᠭᠣᠯᠢ ᠶᠢᠨ ᠮᠣᠩᠭ᠋ᠣᠯ ᠰᠣᠳᠣᠯᠣᠯ ᠤᠨ ᠲᠡᠬᠡᠲᠦ ᠰᠣᠷᠭᠠᠭᠣᠯᠢ

ᠵᠤᠬᠢᠶᠠᠭᠴᠢ᠄ ᠬᠠᠢ᠌ᠷᠬᠠᠨ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 10251
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ