ᠤᠷᠠᠩᠬᠠᠢ ᠳᠠᠪᠠᠯ

ᠪᠣᠷᠤᠭᠠᠨ᠂ ᠴᠠᠰᠤ ᠪᠣᠯᠵᠤ ᠯᠠᠪᠰᠠᠨ᠎ᠠ

ᠪᠣᠳᠤᠯ᠂ ᠳᠡᠭᠦᠨ ᠢ ᠳᠠᠭᠠᠵᠤ ᠴᠠᠷᠴᠢᠨ᠎ᠠ

ᠪᠣᠴᠠᠬᠤ ᠭᠠᠯᠠᠭᠤᠳ ᠤᠨ ᠣᠶᠠᠷᠭᠤᠨ ᠭᠠᠩᠭ᠋ᠠᠨᠠᠭ᠎ᠠ ᠳ᠋ᠤ

ᠪᠠᠭᠤᠳᠠᠯ ᠠᠯᠳᠠᠭᠰᠠᠨ ᠣᠳᠤᠷ

ᠳᠤᠷᠠᠰᠤᠯ ᠠᠯᠳᠠᠮ᠎ᠠ ᠵᠢᠵᠢᠭ᠍ᠷᠡᠨ᠎ᠡ

ᠪᠣᠭᠤᠷᠤᠯ ᠣᠷᠤᠭᠰᠠᠨ ᠨᠠᠪᠴᠢᠰ

ᠰᠠᠯᠭᠢ ᠡᠡᠭ᠍ᠰᠡᠷᠡᠳᠡᠯ᠎ᠡ ᠡᠰᠭᠡᠭᠦ ᠳ᠋ᠤ

ᠰᠠᠭᠤᠳᠠᠯ ᠠᠯᠳᠠᠭᠰᠠᠨ ᠨᠠᠰᠤᠳᠠᠨ

ᠰᠠᠨᠠᠭ᠎ᠠ ᠠᠯᠳᠠᠮ᠎ᠠ ᠳᠠᠪᠵᠢᠶᠠᠷᠠᠨ᠎ᠡ

ᠨᠠᠰᠤ ᠳᠠᠷᠤᠭᠰᠠᠨ ᠭᠦᠮᠤᠨ ᠤ ᠰᠡᠳᠭᠢᠯ ᠢ

ᠴᠠᠰᠤ ᠳᠠᠷᠤᠨ᠎ᠠ ᠭᠡᠳᠡᠭ᠌

ᠨᠠᠮᠤᠷ ᠤᠨ ᠰᠡᠭᠦᠯᠴᠢ ᠶᠢᠨ ᠴᠠᠰᠤᠨ ᠳᠤᠤᠷᠠᠭᠢ

ᠨᠠᠪᠴᠢ ᠶᠢᠨ ᠨᠤᠭᠤᠭᠠᠨ ᠭᠤᠨᠢᠯ ᠪᠢᠯᠠ ᠤᠤ


ᠵᠤᠬᠢᠶᠠᠭᠴᠢ ᠶᠢᠨ ᠬᠠ‍‌ᠶᠢᠭ ᠄ ᠬᠤᠤᠯᠢᠨ

ᠵᠤᠬᠢᠶᠠᠭᠴᠢ᠄ ᠭᠡᠭᠡᠪᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12235
ᠴᠠᠭ᠄ 2011 ᠤᠨ ᠤ 10 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ