ᠨᠢᠭᠤᠴᠠᠬᠠᠨ

ᠬᠠᠯᠭᠢᠰ ᠬᠠᠪᠣᠷ ᠤᠨ ᠬᠤᠨ ᠤ ᠭᠠᠩᠭ᠋ᠠᠨᠠᠭ᠎ᠠ

      ᠨᠠᠭᠤᠷ ᠶᠢᠡᠨ ᠡᠷᠭᠢᠭᠦ ᠨᠢ

           ᠮᠦᠷᠦᠭᠡᠰᠭᠦᠢ ᠶᠢᠨ ᠨᠢᠭᠤᠴᠠᠬᠠᠨ

ᠬᠠᠨ ᠠᠭᠤᠯᠠ ᠶᠢᠨ ᠠᠯᠳᠠᠩᠬᠤᠸ᠎ᠠ ᠴᠡᠴᠡᠭ᠌

      ᠵᠡᠭᠦᠳᠦᠨ ᠳᠤ ᠳᠡᠯᠭᠡᠷᠡᠭᠦ ᠨᠢ

           ᠳᠤᠷᠠᠯᠠᠬᠤᠢ ᠶᠢᠨ ᠨᠢᠭᠤᠴᠠᠬᠠᠨ

ᠬᠠᠩᠭᠢᠨᠠᠰ ᠠᠶᠠᠯᠭᠤᠨ ᠤ ᠢᠷᠠᠭᠤ ᠰᠤᠨᠤᠰᠬᠤᠯᠠᠩ

      ᠴᠢᠭᠢᠨ ᠳᠤ ᠠᠨᠢᠷᠳᠤᠬᠤ ᠨᠢ

           ᠴᠢᠪᠬᠠᠳᠠᠬᠤ ᠶᠢᠨ ᠨᠢᠭᠤᠴᠠᠬᠠᠨ

ᠴᠠᠭᠢᠯᠤᠰ ᠬᠠᠷᠪᠣᠭᠰᠠᠨ ᠵᠤᠷᠪᠣᠰ ᠭᠡᠷᠡᠯ

      ᠵᠢᠷᠦᠭᠡ ᠨᠡᠪᠳᠡᠯᠭᠦ ᠨᠢ

           ᠮᠢᠨᠤ ᠨᠢᠭᠤᠴᠠᠬᠠᠨ

                  2011.4.20


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2580
ᠴᠠᠭ᠄ 2011 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ