ᠤᠨᠠᠭᠠᠨ ᠨᠠᠰᠤᠨ ᠤ ᠳᠤᠷᠠᠳᠬᠠᠯ

ᠥᠵᠦᠭᠦᠷ ᠭᠦᠪᠠᠭᠡ ᠨᠢ ᠬᠠᠷᠠᠭᠳᠠᠰᠢ ᠦᠭᠡᠶ ᠦᠶᠡᠯᠵᠠᠨ ᠦᠷᠭᠦᠯᠵᠢᠯᠡᠭ᠍ᠰᠡᠨ ᠭᠦᠯᠢᠭᠡᠷ ᠮᠠᠩᠬᠠᠨ ᠤ ᠳᠤᠮᠳᠠ ᠰᠠᠭᠯᠠᠭᠠᠷ ᠬᠠᠢ᠌ᠯᠠᠰᠤ ᠪᠠᠷ ᠡᠮᠵᠢᠶᠡᠭ᠍ᠳᠡᠭ᠍ᠰᠡᠨ ᠮᠦᠷ ᠮᠦᠷ ᠨᠠᠪᠳᠠᠭᠠᠷ ᠪᠠᠢ᠌ᠰᠢᠩ ᠤᠳ ᠵᠢᠭ᠍ᠳᠡᠷᠡᠨ ᠬᠠᠷᠠᠭᠳᠠᠨ᠎ᠠ᠃ ᠡᠨᠡ ᠪᠣᠯ ᠮᠢᠨᠤ ᠡᠭᠡ ᠨᠤᠳᠤᠭ ᠊᠊᠊᠊᠊᠊᠊᠊᠊᠊᠊᠊᠊᠊᠊ ᠵᠢᠷᠢᠮ ᠤᠨ ᠴᠢᠭᠤᠯᠭᠠᠨ ᠤ ᠳᠠᠷᠬᠠᠨ ᠬᠤᠰᠢᠭᠤ ᠶᠢᠨ ᠬᠤᠸᠠᠬᠤᠰᠢᠭᠤ ᠰᠤᠮᠤ ᠶᠢᠨ ᠳ᠋ᠠ ᠾᠥᠸᠧ ᠹᠠᠩ ᠭᠠᠴᠠᠭ᠎ᠠ ᠶᠤᠮ ᠡ᠃ ᠡᠪᠦᠭᠡᠴᠦᠦᠯ ᠤᠨ ᠭᠡᠯᠡᠭᠦ ᠪᠠᠷ ᠣᠵᠤᠭᠤᠷ ᠡᠷᠳᠡ ᠡ᠊ᠨᠳᠡ ᠳᠠᠷᠬᠠᠨ ᠸᠠᠩ ᠤᠨ ᠬᠠᠷᠢᠶᠠᠨ ᠭᠠᠵᠠᠷ ᠪᠠᠢ᠌ᠭᠰᠠᠨ ᠪᠦᠭᠡᠳ ᠭᠦᠯᠦᠰᠤᠨ ᠳᠠᠷᠢᠶᠠᠴᠢᠳ ᠲᠤ ᠪᠠᠨ ᠭᠦᠨᠡᠰᠤ ᠬᠤᠭᠤᠯᠠ ᠳᠦᠭᠦᠭᠡᠷᠴᠤ ᠪᠠᠵᠠᠭᠠᠳᠠᠭ ᠳᠤᠭᠤᠭᠠᠨ ᠭᠡᠷ ᠤᠨ ᠴᠢᠭ᠌ ᠪᠠᠢ᠌ᠭᠰᠠᠨ ᠡᠴᠠ ᠣᠳᠤ ᠪᠣᠯᠳᠠᠯ᠎ᠠ ᠳᠡᠭᠡᠵᠤ ᠭᠠᠢ᠌ᠬᠠᠯᠳᠠᠢ ᠴᠤᠯᠠ ᠶᠢ ᠭᠦᠷᠳᠡᠭ᠍ᠰᠡᠨ ᠭᠡᠨ᠎ᠡ᠃

ᠮᠠᠨ ᠤ ᠭᠢᠨ ᠭᠡᠵᠤ ᠬᠠᠷᠠᠨᠤᠳ ᠣᠪᠣᠭᠳᠠᠨ᠂ ᠡᠨᠡ ᠨᠤᠳᠤᠭ ᠤᠨ ᠬᠠᠭᠤᠴᠢᠨ ᠰᠠᠭᠤᠭᠠᠯᠢ ᠮᠦᠷᠳᠡᠭᠡᠨ ᠭᠡᠷ ᠪᠦᠯᠢ ᠣᠯᠠᠨ ᠠᠢ᠌ᠯ᠃ ᠠᠪᠣ ᠮᠢᠨᠢ ᠨᠠᠰᠤ ᠪᠠᠷ ᠶᠢᠡᠨ ᠰᠤᠷᠭᠠᠨ ᠭᠦᠮᠦᠵᠢᠯ ᠳᠤ ᠵᠢᠳᠭᠦᠨ᠂ ᠨᠤᠳᠤᠭ ᠣᠰᠤᠨ ᠤ ᠪᠠᠨ ᠰᠤᠶᠤᠯ ᠭᠡᠭᠡᠷᠡᠯ ᠳᠤ ᠨᠠᠮᠠᠷᠢ ᠬᠠᠠᠳᠢᠪ ᠶᠢᠡᠨ ᠡᠷᠭᠦᠵᠤ ᠳᠡᠭᠡᠳᠦᠯᠡᠭ᠍ᠰᠡᠨ ᠭᠠᠪᠢᠶᠠᠳᠤ ᠪᠠᠭᠰᠢ ᠶᠤᠮ ᠡ᠃ ᠡᠵᠢ ᠮᠢᠨᠢ ᠭᠢᠩᠭ᠋ᠠᠨ ᠨᠤᠳᠤᠭ ᠲᠡᠶ᠂ ᠪᠢᠴᠢᠭ᠌ ᠰᠤᠶᠤᠯ ᠬᠦᠷᠳᠡᠭᠡ ᠦᠭᠡᠶ ᠭᠦᠳᠡᠭᠡ ᠶᠢᠨ ᠨᠢᠭᠡᠨ ᠦᠷᠤ ᠵᠥᠭᠡᠯᠡᠨ ᠪᠦᠰᠡᠭᠦᠢ᠂ ᠭᠡᠶ᠎ᠡ ᠡᠵᠢ ᠶᠢᠨ ᠮᠢᠨᠢ ᠶᠠᠷᠢᠭᠠᠤᠨ ᠥᠭ᠍ᠳᠡᠭ᠌ ᠰᠤᠨᠤᠰᠤᠭᠠᠤᠨ ᠬᠠᠨᠤᠰᠢ ᠦᠭᠡᠶ ᠬᠤᠪᠣᠷᠬᠠᠨ ᠭᠣᠢ᠌ᠳᠠ ᠥᠯᠢᠭᠡᠷ ᠤᠳ ᠨᠢ ᠨᠢᠯᠬ᠎ᠠ ᠪᠠᠭ᠎ᠠ ᠶᠢᠨ ᠭᠦᠰᠡᠯ ᠪᠣᠳᠤᠯ ᠢ ᠬᠤᠯᠠ ᠶᠢᠨ ᠬᠤᠯᠠ ᠳᠤ ᠳᠡᠷᠪᠠᠭᠦᠯᠳᠡᠭ᠌ ᠪᠠᠢ᠌ᠭᠰᠠᠨ᠃


ᠵᠤᠭ᠎ᠠ ᠲᠡᠶ 《ᠳᠤᠭᠯᠠᠭᠠᠮ》


ᠨᠠᠳᠠ ᠶᠢ ᠳᠤᠮᠤᠭ᠎ᠠ ᠣᠷᠤᠬᠤ ᠦᠶ᠎ᠡ ᠳᠤ ᠮᠠᠨ ᠤ ᠭᠡᠷ ᠰᠤᠷᠭᠠᠭᠤᠯᠢ ᠶᠢᠨ ᠪᠠᠭᠰᠢ ᠨᠡᠷ ᠤᠨ ᠨᠠᠢ᠌ᠳᠠ ᠶᠢᠨ ᠪᠠᠢ᠌ᠷᠢᠨ ᠳᠤ ᠪᠠᠢ᠌ᠵᠠᠢ᠃ ᠭᠡᠷ ᠭᠡᠵᠤ ᠬᠤᠶᠠᠷᠬᠠᠨ ᠳᠠᠰᠤᠯᠭ᠎ᠠ ᠰᠢᠪᠠᠷ ᠪᠠᠢ᠌ᠰᠢᠩ᠂ ᠭᠡᠶ᠎ᠡ ᠳᠠᠠᠳᠠ ᠮᠢᠨᠤ ᠠᠯᠢ ᠣᠯᠠᠨ ᠣᠨᠠᠭᠠᠨ ᠳᠤᠷᠠᠳᠬᠠᠯ᠂ ᠣᠯᠠ ᠮᠦᠷ ᠦᠯᠠᠳᠠᠵᠤ ᠬᠤᠴᠤᠷᠤᠭᠰᠠᠨ ᠶᠤᠮᠰᠠᠨ᠃ ᠰᠤᠷᠭᠠᠭᠤᠯᠢ ᠶᠢᠨ ᠪᠠᠭᠰᠢ ᠨᠡᠷ ᠤᠨ ᠣᠯᠩᠭᠢ ᠨᠢ ᠪᠢᠳᠠᠨ ᠲᠡᠶ ᠭᠦᠷᠰᠢ ᠰᠠᠭᠤᠳᠠᠭ ᠡᠴᠠ ᠦᠶ᠎ᠡ ᠬᠤᠷᠠᠭ ᠤᠨ ᠬᠡᠦᠬᠡᠳ᠂ ᠥᠶᠡᠷᠭᠡᠵᠤ ᠳᠤᠭᠯᠠᠳᠠᠭ ᠣᠯᠠᠨ ᠴᠤ ᠨᠠᠢ᠌ᠵᠠ ᠲᠡᠶ ᠪᠠᠢ᠌ᠭᠰᠠᠨ ᠪᠢᠯᠠ᠃ ᠪᠢᠳᠠ ᠮᠠᠩᠬᠠᠨ ᠬᠤᠳᠤᠭᠤᠷ ᠡᠴᠠ ᠥᠡᠳᠡᠭᠡᠨ ᠴᠢᠯᠠᠭᠤ ᠳᠡᠭᠦᠵᠤ᠂ 《ᠬᠤᠨᠢ》 ᠬᠠᠷᠢᠭᠤᠯᠵᠤ ᠳᠤᠭᠯᠠᠨ᠎ᠠ᠂ ᠡᠯᠳᠡᠪ ᠥᠩᠭᠡ ᠶᠢᠨ ᠠᠶᠠᠭᠠᠨ ᠬᠠᠭᠠᠷᠬᠠᠢ ᠳᠡᠭᠦᠵᠤ᠂ 《ᠠᠢ᠌ᠯ》 ᠪᠣᠯᠵᠤ ᠨᠠᠭᠠᠳᠤᠨ᠎ᠠ᠂ ᠣᠳᠠ ᠶᠢᠨ ᠰᠠᠯᠠᠭᠠᠨ ᠳᠤ ᠡᠯᠭᠦᠭ᠍ᠳᠡᠨ ᠨᠠᠷᠢᠨ ᠰᠠᠯᠠᠭ᠎ᠠ ᠶᠢ ᠨᠢ ᠮᠤᠰᠭᠢᠵᠤ᠂ 《ᠪᠦᠷᠢᠶ᠎ᠡ》 ᠦᠯᠢᠶᠠᠵᠤ ᠭᠦᠭ᠍ᠰᠡᠨ᠎ᠡ᠂ ᠵᠤ᠋ ᠶᠢᠨ ᠪᠣᠷᠭᠠᠰᠤ ᠶᠢ ᠭᠦᠷᠤᠨ ᠳᠤᠯᠤᠭᠠᠢ ᠳᠤ ᠪᠠᠨ ᠵᠡᠭᠦᠭᠡᠳ 《ᠪᠠᠢ᠌ᠯᠳᠤᠭᠠᠨ》 ᠭᠢᠵᠤ ᠭᠦᠭᠡᠷᠦᠯᠳᠤᠨ᠎ᠡ᠁ ᠶᠠᠭᠤ ᠪᠦᠭᠦᠨ ᠢ ᠣᠳᠤ ᠪᠣᠳᠤᠬᠤ ᠳᠤ ᠢᠨᠢᠶᠠᠳᠤ ᠭᠦᠷᠦᠮᠡᠷ ᠪᠣᠯᠪᠠᠴᠤ ᠳᠠᠷᠠ ᠦᠶ᠎ᠡ ᠳᠤ ᠪᠠᠨ ᠪᠢᠳᠠᠨ ᠳᠤ ᠠᠪᠴᠤ ᠭᠡᠯᠡᠪᠠᠯ ᠳᠡᠭ᠍ᠷᠢ ᠶᠢᠨ ᠳᠤᠤᠷ᠎ᠠ ᠳᠡᠭᠦᠨ ᠡᠴᠠ ᠰᠠᠢ᠌ᠬᠠᠨ ᠴᠡᠩᠭᠡᠯ ᠭᠡᠵᠤ ᠠᠯᠠᠭ᠎ᠠ ᠪᠠᠢ᠌ᠵᠠᠢ᠃ ᠡᠵᠢ ᠶᠢᠨ ᠮᠢᠨᠢ ᠭᠠᠷ ᠶᠢᠡᠨ ᠴᠢᠯᠠᠳᠠᠯ᠎ᠠ ᠣᠶᠤᠭᠠᠤᠨ ᠦᠭ‍ᠭᠦᠭ᠍ᠰᠡᠨ ᠪᠦᠰ ᠭᠤᠳᠤᠯ ᠨᠢ ᠭᠡᠳᠤ ᠬᠤᠨᠤᠬᠤ ᠳᠤ ᠯᠠ ᠬᠠᠠᠵᠠᠷᠠᠵᠤ ᠪᠠᠢ᠌ᠭᠰᠠᠨ᠂ ᠳᠠᠷᠠ ᠦᠶᠡᠰ ᠡᠵᠢ ᠮᠢᠨᠢ ᠮᠠᠨ ᠤ ᠲᠦᠯᠦᠭᠡ ᠳᠤᠬᠠᠢ ᠶᠢᠨ ᠦᠶ᠎ᠡ ᠶᠢᠨ ᠬᠠᠳᠠᠭᠤ ᠴᠠᠭ ᠲᠤ ᠶᠠᠭᠠᠭᠢᠨ ᠵᠦᠳᠠᠷᠠᠵᠤ ᠵᠤᠪᠠᠵᠤ ᠶᠠᠪᠣᠯ᠎ᠠ ᠳ᠋ᠠ ᠭᠡᠵᠤ ᠣᠳᠤ ᠰᠠᠨᠠᠬᠤ ᠳᠤ ᠡᠯᠢᠭᠡ ᠡᠮᠳᠡᠷᠡᠨ᠂ ᠳᠤᠮᠤᠭ᠎ᠠ ᠥᠭᠡᠢ ᠳᠠᠩᠭᠢᠯ ᠶᠠᠪᠣᠭᠰᠠᠨ ᠳᠤ ᠪᠠᠨ ᠳᠠᠩᠴᠢ ᠬᠠᠷᠠᠮᠰᠠᠮᠠᠷ ᠶᠤᠮᠰᠠᠨ᠃

ᠳᠤᠭᠤᠯ ᠬᠠᠷᠢᠭᠤᠯᠵᠤ ᠶᠠᠪᠣᠬᠤ ᠭᠡᠳᠡᠭ᠌ ᠪᠠᠰᠠ ᠴᠤ ᠨᠢᠭᠡ ᠵᠤᠭ᠎ᠠ ᠲᠡᠶ ᠠᠵᠢᠯ ᠶᠤᠮ ᠡ᠃ ᠳᠠᠷᠠ ᠦᠶ᠎ᠡ ᠳᠤ ᠡᠪᠦᠭᠡ ᠮᠢᠨᠢ ᠪᠢᠳᠠᠨ ᠳᠤ ᠰᠥ᠋ ᠰᠠᠭᠠᠯᠢ ᠲᠡᠶ ᠶᠠᠪᠣᠭ ᠭᠡᠵᠤ ᠬᠤᠶᠠᠷ ᠦᠨᠢᠶ᠎ᠡ ᠦᠭ‍ᠭᠦᠭ᠍ᠰᠡᠨ ᠨᠢ ᠮᠠᠨ ᠤ ᠠᠮᠢᠳᠤᠷᠠᠯ ᠳᠤ ᠠᠪᠴᠤ ᠭᠡᠯᠡᠪᠠᠯ ᠣᠪᠣᠭ᠎ᠠ ᠭᠦᠷᠦᠩᠭᠡ ᠪᠣᠯᠤᠭᠰᠠᠨ᠃ ᠠᠷᠤ ᠶᠢᠨ ᠵᠤ᠋ ᠶᠢᠨ ᠬᠤᠳᠤᠭᠤᠷ ᠲᠤ ᠳᠤᠩᠭ᠋ᠠᠯᠠᠭ ᠪᠦᠷᠢᠳᠤ ᠶᠢᠨ ᠭᠦᠪᠠᠭᠡ ᠪᠠᠷ ᠳᠤᠭᠤᠯ ᠶᠢᠡᠨ ᠪᠠᠯᠴᠢᠭᠡᠭᠡᠳ ᠪᠢᠳᠠ ᠭᠡᠳᠦᠭᠦᠯᠡ ᠮᠠᠩᠬ᠎ᠠ ᠪᠠᠷ ᠳᠤᠭᠤᠷᠢᠨ 《ᠳᠡᠮᠡᠭᠡᠨ ᠭᠦᠭᠦ》᠂ 《ᠢᠮᠠᠭᠠᠨ ᠡᠪᠠᠷ》 ᠳᠡᠭᠦᠳᠡᠭ᠌᠃ ᠬᠠᠶᠠ ᠪᠠᠰᠠ ᠠᠯᠠᠭᠳᠠᠭ᠎ᠠ ᠶᠢᠨ ᠨᠥᠭᠡ ᠶᠢ ᠮᠠᠯᠳᠠᠬᠤ ᠪᠠ ᠪᠦᠵᠦᠩ ᠭᠦᠭᠡᠭᠡᠭᠡᠳ ᠭᠦᠶ‍ᠦᠳᠡᠭ᠌᠃ ᠳᠤᠭᠯᠠᠭᠠᠤᠨ ᠶᠠᠳᠠᠷᠠᠪᠠᠯ ᠮᠠᠩᠬᠠᠨ ᠣᠷᠤᠢ ᠳᠤ ᠨᠠᠷᠠᠯᠠᠨ ᠭᠡᠪᠳᠡᠭᠡᠳ ᠥᠭᠡᠭᠦᠨ ᠴᠠᠭᠠᠨ ᠡᠭᠦᠯᠡ᠂ ᠥᠩᠭᠡᠷᠡᠨ ᠵᠢᠷᠪᠢᠯᠵᠡᠭᠦ ᠵᠡᠷᠭᠡᠯᠭᠡ ᠶᠢ ᠪᠠᠬᠠᠳᠤᠨ᠂ ᠥᠩᠭᠡᠯᠢᠭ᠌ ᠪᠠᠢ᠌ᠭᠠᠯᠢ᠂ ᠥᠯᠢᠭᠡᠷ ᠤᠨ ᠶ‍ᠢᠷᠳᠢᠠᠴᠤ ᠪᠠᠷ ᠪᠣᠳᠤᠯ ᠮᠢᠨᠢ ᠵᠤᠭᠠᠯᠠᠳᠠᠭ ᠪᠠᠢ᠌ᠭᠰᠠᠨ᠃ ᠬᠠᠩᠰᠢ ᠥᠩᠭᠡᠷᠡᠭᠦ ᠦᠶ᠎ᠡ ᠪᠠᠷ ᠪᠢᠳᠠ ᠭᠢᠩᠭ᠋ᠠᠯ ᠨᠠᠭᠤᠷ ᠪᠠ ᠬᠤᠵᠢᠷᠳᠤ ᠨᠠᠭᠤᠷ ᠤᠨ ᠭᠦᠪᠠᠭᠡ ᠪᠠᠷ ᠰᠢᠪᠠᠭᠤᠨ ᠥᠡᠳᠡᠭᠡ ᠳᠡᠭᠦᠭᠦ ᠪᠠᠷ ᠣᠴᠢᠳᠠᠭ᠃ ᠳᠠᠷᠠ ᠦᠶ᠎ᠡ ᠳᠤ ᠮᠠᠨ ᠤ ᠨᠤᠳᠤᠭ ᠲᠤ ᠪᠠᠢ᠌ᠭᠠᠯᠢ ᠭᠡᠵᠤ ᠳᠠᠷᠠᠭᠨ ᠭᠡᠪ ᠶᠢᠡᠷ ᠶᠢᠡᠨ᠂ ᠳᠤᠯᠢ ᠰᠢᠭ ᠳᠤᠩᠭ᠋ᠠᠯᠠᠭ ᠨᠠᠭᠤᠷ ᠤᠨ ᠡᠷᠭᠢᠨ ᠳᠤ ᠡᠪᠦᠳᠦᠭ᠌ ᠳᠠᠪᠠᠮ᠎ᠠ ᠬᠤᠯᠤᠰᠤ ᠵᠡᠭᠡᠰᠤᠨ ᠤ ᠳᠤᠮᠳᠠᠭᠤᠷ ᠣᠰᠤᠨ ᠰᠢᠪᠠᠭᠤᠳ ᠤᠨ ᠡᠭᠦᠷ ᠬᠨ ᠶᠠ ᠦᠭᠡᠶ ᠵᠥᠩᠳᠡᠭᠡᠨ ᠪᠠᠢ᠌ᠳᠠᠭ᠃ ᠥᠡᠳᠦᠷᠭᠡᠨ ᠡᠪᠠᠰᠤ ᠶᠢ ᠨᠢ ᠠᠶᠠᠷᠬᠠᠨ ᠢᠷᠠᠵᠤ᠂ ᠨᠠᠷᠢᠨ ᠠᠵᠢᠭᠯᠠᠳᠠᠭ ᠯᠠ ᠶᠤᠮ ᠪᠣᠯ ᠨᠤᠭᠤᠰᠤ ᠭᠠᠯᠠᠭᠤ ᠪᠣᠶᠤ ᠶᠠᠩᠰᠢᠯᠳᠠᠢ ᠶᠢᠨ ᠥᠡᠳᠡᠭᠡ ᠳᠠᠪᠣ ᠠᠷᠪᠠ ᠪᠠᠷ ᠴᠠᠢ᠌ᠯᠵᠠᠨ ᠬᠠᠷᠠᠭᠳᠠᠨ᠎ᠠ᠃ ᠳᠡᠭᠡᠭᠦ ᠳᠤ ᠪᠢᠳᠠ ᠳᠠᠪᠠᠯ ᠤᠨ ᠬᠤᠷᠮᠤᠢ ᠪᠠᠨ ᠳᠦᠭᠦᠷᠳᠡᠯ᠎ᠡ ᠳᠡᠭᠦᠭᠡᠳ ᠣᠯᠵᠠ ᠣᠮᠤᠭ ᠲᠡᠶ ᠬᠠᠷᠢᠬᠤ ᠦᠶ᠎ᠡ ᠳᠤ ᠪᠠᠢ᠌ᠳᠠᠭ ᠶᠠᠳᠠᠷᠠᠯ ᠮᠢᠨᠢ ᠣᠷᠤ ᠦᠭᠡᠶ ᠠᠷᠢᠯᠴᠢᠬᠠᠳᠠᠭ ᠪᠠᠢ᠌ᠭᠰᠠᠨ ᠡ᠃ ᠭᠡᠪᠠᠴᠤ ᠳᠠᠷᠠ ᠣᠯᠵᠠ ᠮᠢᠨᠢ ᠣᠩᠭ᠋ᠤᠨ ᠪᠠᠢ᠌ᠭᠠᠯᠢ ᠳᠤ ᠪᠠᠨ ᠶᠠᠮᠠᠷ ᠴᠤ ᠶᠡᠭᠡ ᠭᠠᠮᠰᠢᠭ ᠪᠣᠯᠵᠤ ᠪᠠᠢ᠌ᠭᠰᠠᠨ ᠢ ᠵᠡᠭᠦᠳᠦᠯᠡᠭᠡ ᠴᠤ ᠦᠭᠡᠶ ᠪᠠᠢ᠌ᠭᠰᠠᠨ ᠮᠢᠨᠢ ᠬᠠᠷᠠᠮᠰᠠᠯᠳᠠᠢ᠃

ᠵᠤᠨ ᠤ ᠳᠤᠮᠳᠠ ᠰᠠᠷ᠎ᠠ ᠪᠣᠯᠬᠤ ᠳᠤ ᠪᠣᠯᠵᠤᠮᠤᠷ ᠪᠠᠷᠢᠬᠤ ᠬᠠᠮᠤᠭ ᠰᠠᠢ᠌ᠬᠠᠨ ᠴᠠᠭ ᠢᠷᠡᠳᠡᠭ᠌᠃ ᠠᠬ᠎ᠠ ᠮᠢᠨᠢ ᠨᠠᠰᠤ ᠪᠠᠷ ᠨᠠᠳᠠ ᠡᠴᠠ ᠭᠡᠳᠦᠭᠡᠨ ᠠᠬ᠎ᠠ ᠴᠤ ᠶᠤᠰᠤᠳᠠᠢ ᠭᠠᠷ ᠣᠷᠠᠨ᠂ ᠠᠪᠬᠠᠯᠵᠢ ᠲᠡᠶ ᠬᠡᠦᠬᠡᠳ ᠶᠤᠮ᠃ ᠨᠠᠷᠢᠨ ᠳᠠᠮᠤᠷ ᠣᠳᠠᠰᠤ ᠪᠣᠶᠤ ᠭᠢᠯᠭᠠᠰᠤ ᠪᠠᠷ ᠵᠣᠢ᠌ᠯ ᠪᠦᠷᠢ ᠶᠢᠨ ᠬᠠᠪᠬ᠎ᠠ ᠪᠠ ᠣᠷᠬ᠎ᠠ ᠭᠢᠵᠤ ᠴᠢᠳᠠᠳᠠᠭ᠃ ᠪᠢᠳᠠ ᠬᠤᠶᠠᠭᠤᠯᠠ ᠨᠠᠷᠠ ᠪᠢᠳᠡᠭᠦᠤ ᠪᠠᠷ ᠪᠣᠰᠤᠭᠠᠤᠨ᠂ ᠠᠢ᠌ᠯ ᠤᠨ ᠡᠮᠦᠨᠡᠭᠢ ᠬᠠᠢ᠌ᠯᠠᠰᠤᠨ ᠰᠢᠭᠤᠢ ᠳᠤ ᠣᠷᠬ᠎ᠠ ᠪᠠᠨ ᠳᠤᠭᠢᠳᠠᠢ ᠳᠠᠯᠪᠢᠭᠠᠤᠨ᠂ ᠪᠣᠳᠠ ᠶᠢᠨ ᠳᠠᠯᠳᠠ ᠴᠢᠮᠡᠭᠡ ᠦᠭᠡᠶ ᠳᠤᠮᠪᠣᠢ᠌ᠵᠤ ᠰᠠᠭᠤᠳᠠᠭ᠃ ᠳᠠᠮᠠᠢ ᠴᠤ ᠣᠳᠠᠯ ᠦᠭᠡᠶ 《ᠣᠯᠠᠭᠠᠨ ᠭᠦᠵᠦᠭᠦᠳᠤ》᠂ 《ᠶᠠᠭᠠᠨ ᠭᠦᠵᠦᠭᠦᠳᠤ》᠂ 《ᠠᠯᠠᠭ ᠰᠡᠭᠦᠯᠳᠤ》 ᠵᠡᠷᠭᠡ ᠵᠣᠢ᠌ᠯ ᠪᠦᠷᠢ ᠶᠢᠨ ᠭᠦᠭᠡᠷᠦᠭᠦᠨ ᠪᠣᠯᠵᠤᠮᠤᠷ ᠤᠳ ᠢ ᠭᠡᠳᠤ ᠭᠡᠳᠤ ᠪᠠᠷ ᠪᠠᠷᠢᠵᠤ ᠴᠢᠳᠠᠳᠠᠭ᠃ ᠪᠢᠳᠠ ᠪᠣᠯᠵᠤᠮᠤᠷ ᠶᠢᠡᠨ ᠭᠡᠵᠢᠶᠡᠳᠡ ᠠᠯᠠᠵᠤ ᠨᠢᠳᠦᠯᠳᠡᠭ᠌ ᠦᠭᠡᠶ ᠭᠡᠰᠡᠭ᠌ ᠬᠤᠨᠤᠭ ᠳᠡᠵᠢᠭᠡᠭᠡᠳ ᠯᠠ ᠰᠢᠭᠤᠢ ᠳᠤ ᠨᠢ ᠳᠠᠯᠪᠢᠨ ᠶᠠᠪᠣᠭᠤᠯᠳᠠᠭ᠃ ᠵᠠᠷᠢᠮ ᠰᠢᠷᠬ᠎ᠠ ᠲᠡᠶ ᠪᠣᠯᠵᠤᠮᠤᠷ ᠲᠤ ᠬᠤᠷᠳᠤᠨ ᠴᠠᠭᠠᠨ ᠡᠮ ᠳᠦᠷᠭᠢᠨ᠂ ᠢᠯᠠᠷᠢ ᠪᠣᠯᠬᠤ ᠪᠠᠷ ᠨᠢ ᠰᠢᠩᠭᠡᠯᠢᠭ᠌ ᠡᠴᠠ ᠨᠢ ᠭᠠᠷᠭᠠᠨ ᠳᠠᠯᠪᠢᠨ ᠶᠠᠪᠣᠭᠤᠯᠳᠠᠭ᠃ ᠠᠬ᠎ᠠ ᠶᠢᠨ ᠭᠡᠯᠡᠭᠦ ᠪᠠᠷ ᠳᠡᠳᠡᠭᠡᠷ ᠰᠢᠪᠠᠭᠤᠳ ᠮᠢᠨᠢ ᠣᠳᠠᠯ ᠦᠭᠡᠶ ᠪᠢᠳᠠ ᠬᠤᠶᠠᠷ ᠲᠤ ᠠᠴᠢ ᠬᠠᠷᠢᠭᠤᠯᠬᠤ ᠪᠠᠷ ᠡᠮᠤᠨ᠎ᠡ ᠭᠠᠵᠠᠷ ᠡᠴᠠ ᠠᠯᠳᠠᠨ ᠪᠣᠷᠴᠠᠭ ᠠᠪᠴᠢᠷᠠᠵᠤ ᠦᠭ‍ᠭᠦᠨ᠎ᠡ ᠭᠡᠨ᠎ᠡ᠃ ᠳᠠᠷᠠ ᠥᠭᠡ ᠶᠢ ᠨᠢ ᠪᠢ ᠰᠡᠵᠢᠭ᠌ ᠦᠭᠡᠶ ᠢᠳᠡᠭᠡᠵᠤ᠂ ᠡᠳᠦᠷ ᠪᠦᠷᠢ ᠨᠠᠮᠤᠷ ᠪᠣᠯᠬᠤ ᠶᠢ ᠳᠠᠰᠴᠤ ᠶᠠᠳᠠᠨ ᠭᠦᠯᠢᠶᠡᠳᠡᠭ᠌ ᠪᠠᠢ᠌ᠭᠰᠠᠨ᠂ ᠳᠠᠷᠠ ᠪᠣᠳᠤᠯ ᠮᠢᠨᠢ ᠶᠠᠮᠠᠷ ᠴᠤ ᠴᠠᠢ᠌ᠯᠭᠠᠨ ᠪᠠᠢ᠌ᠭᠰᠠᠨ ᠪᠢᠯᠠ ︖


ᠴᠡᠩᠭᠡᠯᠳᠤ ᠴᠠᠭᠠᠨ ᠰᠠᠷ᠎ᠠ


ᠪᠢᠳᠠ ᠴᠠᠭᠠᠨ ᠰᠠᠷ᠎ᠠ ᠪᠣᠯᠬᠤ ᠶᠢ ᠡᠳᠦᠷ ᠳᠤᠭᠠᠯᠠᠨ ᠭᠦᠯᠢᠶᠡᠳᠡᠭ᠌᠃ ᠴᠠᠭᠠᠨ ᠰᠠᠷ᠎ᠠ ᠪᠣᠯᠬᠤ ᠪᠦᠷᠢ ᠪᠢᠳᠠᠨ ᠤ ᠪᠠᠶᠠᠷ ᠪᠣᠯᠳᠠᠭ᠃ ᠪᠢᠳᠡᠭᠦᠨ ᠡᠴᠠ ᠡᠮᠤᠨ᠎ᠡ ᠪᠢᠳᠠ ᠳ᠋ᠧᠩᠯᠦ ᠭᠢᠳᠡᠭ᠌᠃ ᠠᠷᠢᠭᠢᠨ ᠯᠤᠩᠬᠤ ᠶᠢᠨ ᠳᠤᠮᠳᠠᠭᠤᠷ ᠨᠢ ᠣᠳᠠᠰᠤ ᠪᠠᠷ ᠣᠷᠢᠶᠠᠭᠠᠤᠨ ᠳ᠋ᠸᠩ ᠤᠨ ᠳᠤᠰᠤ ᠳᠦᠷᠭᠢᠨ ᠰᠢᠳᠠᠭᠠᠨ᠎ᠠ᠂ ᠭᠠᠯ ᠨᠢ ᠣᠠᠳᠠᠷᠠᠬᠤ ᠦᠶ᠎ᠡ ᠪᠠᠷ ᠱᠠᠯᠠᠪᠳᠠᠨ ᠭᠦᠢᠳᠡᠨ ᠣᠰᠤᠨ ᠳᠤ ᠳᠦᠷᠤᠪᠠᠯ ᠯᠤᠩᠬᠤᠨ ᠢᠷᠤᠭᠠᠷ ᠨᠢ ᠦᠪᠡᠷ ᠶᠢᠡᠨ ᠰᠠᠯᠵᠤ ᠣᠨᠠᠨ᠎ᠠ᠃ ᠯᠤᠩᠬᠤᠨ ᠳᠤᠤᠷ᠎ᠠ ᠨᠢ ᠨᠢᠮᠭᠡᠨ ᠬᠠᠪᠳᠠᠰᠤ ᠪᠠᠷ ᠪᠢᠳᠡᠭᠦᠮᠵᠢᠯᠡᠭᠡᠳ᠂ ᠳᠤᠮᠳᠠ ᠨᠢ ᠯᠠ ᠪᠠᠨ ᠨᠤᠴᠤᠭᠠᠨ ᠡᠯᠭᠦᠭᠡᠳ ᠭᠠᠷᠪᠠᠯ 《ᠳ᠋ᠧᠩᠯᠦ》 ᠪᠣᠯᠴᠢᠬᠠᠳᠠᠭ᠃ ᠪᠢᠳᠡᠭᠦᠨ ᠤ ᠰᠦᠨᠢ ᠪᠢᠳᠠ ᠳ᠋ᠧᠩᠯᠦ ᠪᠠᠨ ᠳᠡᠭᠦᠵᠢᠯᠡᠭᠡᠳ ᠰᠦᠨᠢᠵᠢᠨ ᠫᠣᠤᠵᠢᠩ ᠳᠠᠯᠪᠢᠵᠤ ᠳᠤᠭᠯᠠᠳᠠᠭ᠃

ᠰᠢᠨ᠎ᠡ ᠶᠢᠨ ᠨᠢᠭᠡᠨ ᠤ ᠦᠷᠯᠦᠭᠡ ᠪᠢᠳᠠ ᠡᠵᠢ ᠶᠢᠨ ᠶᠢᠡᠨ ᠰᠦᠨᠢᠵᠢᠨ ᠨᠥᠭᠦᠭ᠍ᠰᠡᠨ ᠴᠡᠪᠠᠷᠭᠡᠨ ᠬᠤᠪᠴᠠᠰᠤ ᠪᠠᠷ ᠭᠤᠶᠤᠭᠠᠤᠨ᠂ ᠴᠠᠭᠠᠯᠠᠬᠤ ᠪᠠᠷ ᠭᠠᠷᠳᠠᠭ᠃ ᠬᠡᠦᠬᠡᠳ ᠣᠯᠠᠨ ᠲᠡᠶ ᠠᠢ᠌ᠯ ᠳᠤ ᠴᠠᠭᠠᠨ ᠰᠠᠷ᠎ᠠ ᠪᠣᠯᠬᠤ ᠨᠢ ᠦᠷ᠎ᠡ ᠳᠤ ᠨᠢ ᠵᠢᠷᠭᠠᠯ ᠲᠡᠶ ᠪᠠᠢ᠌ᠭᠰᠠᠨ ᠴᠤ ᠡᠭᠡ ᠭᠦᠮᠤᠨ ᠳᠤ ᠬᠠᠷᠢᠨ ᠵᠤᠪᠠᠯᠠᠩ ᠪᠣᠯᠳᠠᠭ ᠪᠠᠢ᠌ᠵᠠᠢ᠃ ᠠᠪᠣ ᠶᠢᠨ ᠮᠢᠨᠢ ᠰᠠᠷ᠎ᠠ ᠳᠤ ᠪᠠᠨ ᠳᠤᠰᠳᠠᠭ ᠭᠡᠳᠤᠨ ᠠᠷᠪᠠᠬᠠᠨ ᠳᠦᠭᠦᠷᠢᠭ᠌ ᠤᠨ ᠴᠠᠯᠢᠩ ᠨᠢ ᠪᠦᠭᠦ ᠭᠡᠷ ᠤᠨ ᠠᠷᠰᠠᠷ ᠵᠠᠷᠤᠳᠠᠯ ᠳᠤ ᠴᠤ ᠭᠦᠷᠭᠦ ᠦᠭᠡᠶ ᠶᠤᠮ ᠴᠢᠨᠢ ᠬᠠᠮᠢᠭ᠎ᠠ ᠡᠴᠠ ᠪᠢᠳᠠᠨ ᠳᠤ ᠰᠢᠨ᠎ᠡ ᠬᠤᠪᠴᠠᠰᠤ ᠭᠢᠵᠤ ᠭᠦᠢᠴᠡᠭᠦ ᠪᠢᠯᠠ ︖ ᠭᠡᠶ᠎ᠡ ᠡᠵᠢ ᠮᠢᠨᠢ ᠭᠠᠷ ᠣᠷᠠᠨ ᠭᠦᠮᠤᠨ᠂ ᠪᠢᠳᠡᠭᠦᠨ ᠡᠴᠠ ᠡᠮᠤᠨ᠎ᠡ ᠡᠳᠦᠷᠵᠢᠨ ᠰᠦᠨᠢᠵᠢᠨ ᠣᠶᠤᠵᠤ ᠳᠤᠪᠭᠢᠭᠰᠠᠭᠠᠷ ᠭᠡᠳᠤᠨ ᠬᠡᠦᠬᠡᠳ ᠶᠢᠡᠨ ᠨᠥᠭᠦᠭᠡᠰᠤ ᠲᠡᠶ ᠴᠤ ᠴᠡᠪᠠᠷᠭᠡᠨ ᠬᠤᠪᠴᠠᠰᠤ ᠲᠡᠶ ᠰᠢᠨᠡᠯᠡᠭᠦᠯᠳᠡᠭ᠌ ᠪᠠᠢ᠌ᠵᠠᠢ᠃ ᠠᠬ᠎ᠠ ᠨᠡᠷ ᠤᠨ ᠭᠢᠨᠢ ᠣᠭᠳᠤᠷᠳᠠᠭᠰᠠᠨ ᠳᠠᠪᠠᠯ ᠬᠤᠪᠴᠠᠰᠤ ᠶᠢ ᠡᠪᠯᠢᠭ᠌ ᠵᠠᠰᠠᠵᠤ ᠣᠶᠤᠭᠠᠤᠨ ᠴᠠᠪ ᠴᠡᠪᠠᠷᠭᠡᠨ ᠣᠭᠢᠶᠠᠵᠤ ᠳᠡᠭᠦᠤ ᠨᠡᠷ ᠲᠤ ᠨᠢ ᠡᠮᠦᠰᠭᠡᠳᠡᠭ᠌᠃ ᠳᠠᠷᠠ ᠨᠢ ᠪᠢᠳᠠᠨ ᠳᠤ ᠪᠠᠨ ᠰᠠᠷ᠎ᠠ ᠰᠢᠨ᠎ᠡ ᠶᠢᠨ ᠵᠠᠰᠠᠯ ᠤᠨ ᠬᠤᠪᠴᠠᠰᠤ ᠪᠣᠯᠵᠤ ᠪᠠᠶᠠᠰᠴᠤ ᠪᠠᠢ᠌ᠭᠰᠠᠨ᠃ ᠮᠠᠨ ᠤ ᠭᠡᠳᠦᠭᠦᠯᠡ ᠭᠦᠷᠰᠢ ᠵᠡᠷᠭᠡᠯᠡᠳᠡᠭᠡ ᠠᠢ᠌ᠯ ᠪᠣᠯᠭᠠᠨ ᠶᠢᠡᠷ ᠣᠴᠠᠷᠠᠨ ᠵᠤᠯᠭᠠᠳᠠᠭ᠃ ᠵᠤᠴᠢᠠᠰᠠᠭ ᠵᠠᠩ ᠲᠡᠶ ᠠᠢ᠌ᠯ ᠤᠨ ᠨᠠᠰᠤᠳᠠᠤᠨ ᠮᠢᠨᠢ ᠪᠢᠳᠠᠨ ᠢ ᠥᠭᠦᠭᠡᠷᠳᠡᠨ ᠦᠨᠦᠰᠴᠤ᠂ ᠪᠠᠢ᠌ᠳᠠᠭ ᠵᠢᠭᠠᠬᠠᠨ ᠰᠢᠭᠢᠷ ᠴᠢᠪᠠᠭ᠎ᠠ ᠪᠠᠨ ᠬᠠᠷᠮᠠᠨ ᠳᠤ ᠮᠢᠨᠢ ᠳᠦᠭᠦᠷᠳᠡᠯ᠎ᠡ ᠴᠢᠭᠢᠵᠤ ᠥᠭ᠍ᠳᠡᠭ᠌᠃ ᠦᠨᠡᠨ ᠢ ᠭᠡᠯᠡᠭᠦ ᠳᠤ ᠮᠠᠨ ᠤ ᠭᠡᠳᠦᠭᠦᠯᠡ ᠶᠢᠨ ᠠᠢ᠌ᠯ ᠳᠤ ᠮᠦᠷᠭᠦᠵᠤ ᠵᠤᠯᠭᠠᠬᠤ ᠶᠢᠨ ᠭᠠᠭᠴᠠᠬᠠᠨ ᠵᠤᠷᠢᠯᠭ᠎ᠠ ᠨᠢ ᠳᠠᠷᠠ ᠵᠢᠭᠠᠬᠠᠨ ᠪᠠᠯᠡᠭ᠌ ᠢ ᠳᠤᠰᠬᠤ ᠶᠢ ᠯᠠ ᠭᠤᠷᠢᠳᠠᠵᠤ ᠪᠠᠢ᠌ᠭᠰᠠᠨ ᠨᠢ ᠣᠳᠤ ᠪᠣᠳᠤᠬᠤ ᠳᠤ ᠶᠠᠭᠠᠭᠢᠭᠰᠠᠨ ᠢᠨᠢᠶᠠᠯᠳᠠᠢ ᠪᠦᠭᠡᠳ ᠭᠦᠭᠡᠷᠦᠭᠦᠢᠯᠡᠯᠳᠡᠢ ᠪᠠᠢ᠌ᠭᠰᠠᠨ ᠪᠢᠯᠠ᠃ ᠪᠢᠳᠡᠭᠦᠨ ᠤ ᠰᠦᠨᠢ ᠠᠪᠣ ᠮᠢᠨᠢ ᠭᠡᠳᠤᠨ ᠬᠡᠦᠬᠡᠳ ᠶᠢᠡᠨ ᠳᠠᠭᠠᠭᠤᠯᠤᠨ ᠠᠢ᠌ᠯ ᠤᠨ ᠠᠷᠤ ᠳᠤ ᠳᠡᠭᠡᠳᠦᠰ ᠲᠤ ᠪᠠᠨ ᠲᠦᠯᠠᠰᠢ ᠳᠤᠶ‍ᠢᠩ ᠡᠷᠭᠦᠭᠦ ᠪᠠᠷ ᠣᠴᠢᠳᠠᠭ᠃ 《ᠵᠤᠭᠤᠰ》 ᠲᠡᠶ ᠴᠠᠭᠠᠰᠤ ᠪᠠ ᠢᠳᠡᠭᠡᠨ ᠶᠢᠡᠨ ᠡᠷᠭᠦᠵᠤ᠂ ᠠᠷᠢᠭᠢ ᠪᠠᠨ ᠳᠤᠰᠤᠭᠠᠨ ᠪᠢᠳᠠᠨ ᠢ ᠮᠦᠷᠭᠦᠭᠦᠯᠳᠡᠭ᠌᠃ ᠣᠯᠠᠯᠵᠠᠨ ᠳᠦᠷᠡᠯᠵᠡᠭᠦ ᠭᠠᠯ᠂ ᠣᠷᠭᠢᠯᠤᠨ ᠪᠠᠭᠠᠭᠢᠬᠤ ᠣᠳᠤᠭ᠎ᠠ ᠶᠢ ᠨᠢ ᠬᠠᠷᠠᠬᠤ ᠳᠤ ᠪᠠᠨ ᠪᠢ ᠥᠭᠡᠳᠡ ᠪᠣᠯᠤᠭᠰᠠᠨ ᠳᠡᠭᠡᠳᠦᠰ ᠮᠢᠨᠢ ᠠᠮᠳᠠ ᠶᠢᠨ ᠳᠡᠭᠡᠵᠢ ᠶᠢ ᠥᠨᠡᠭᠡᠷ ᠣᠯᠵᠤ ᠵᠤᠭᠤᠭᠯᠠᠳᠠᠭ ᠪᠣᠯ ᠦᠦ ᠭᠡᠵᠤ ᠪᠣᠳᠤᠳᠠᠭ ᠪᠠᠢ᠌ᠭᠰᠠᠨ᠃ ᠳᠠᠷᠠ ᠪᠦᠭᠦᠨ ᠨᠢ ᠦᠨᠡᠨ ᠳᠤ ᠪᠠᠨ ᠮᠤᠩᠭ᠋ᠤᠯᠴᠤᠳ ᠤᠨ ᠮᠢᠨᠢ ᠪᠠᠶᠠᠷ ᠳᠤᠷᠠᠰᠬᠠᠯᠳᠤ ᠡᠳᠦᠷ ᠨᠥᠭ᠍ᠴᠢᠭ᠍ᠰᠡᠨ ᠬᠠᠢ᠌ᠷᠠᠳᠤ ᠭᠦᠮᠦᠰ ᠶᠢᠡᠨ ᠮᠦᠷᠦᠭᠡᠳᠤᠨ ᠳᠤᠷᠠᠰᠬᠠᠳᠠᠭ ᠠᠷᠢᠭᠤᠨ ᠵᠠᠩᠰᠢᠯ ᠪᠣᠯᠬᠤ ᠶᠢ ᠪᠢ ᠳᠤᠮᠤ ᠪᠣᠯᠤᠭᠠᠤᠨ ᠯᠠ ᠣᠬᠠᠭᠠᠷᠠᠭᠰᠠᠨ ᠪᠢᠯᠠ᠃

ᠪᠠᠯᠴᠢᠷᠬᠠᠨ ᠪᠠᠭ᠎ᠠ ᠨᠠᠰᠤ ᠮᠢᠨᠢ᠂ ᠪᠣᠳᠠ ᠲᠡᠶ ᠴᠠᠢ᠌ᠳᠠᠮ᠂ ᠪᠣᠷᠭᠠᠰᠤ ᠲᠡᠶ ᠬᠤᠩᠬᠤᠷ᠂ ᠪᠦᠭᠡᠮ ᠴᠤ ᠣᠯᠠᠨ ᠥᠯᠢᠭᠡᠷ ᠲᠡᠶ ᠮᠢᠨᠢ ᠬᠠᠮᠳᠤ ᠢᠨᠢᠶᠠᠳᠤ ᠲᠡᠶ ᠨᠢᠯᠪᠣᠰᠤ ᠲᠡᠶ ᠣᠷᠤᠰᠤᠨ ᠣᠷᠤᠰᠤᠭᠰᠠᠭᠠᠷ ᠁


《ᠨᠤᠮ ᠤᠨ ᠬᠤᠷᠤᠬᠠᠢ》


ᠨᠢ᠋ᠮᠠᠨ ᠨᠠᠰᠤᠨ ᠤ ᠳᠠᠷᠠ ᠨᠠᠮᠤᠷ ᠪᠢ ᠡᠵᠢ ᠶᠢᠨ ᠣᠶᠤᠭᠰᠠᠨ ᠡᠷᠢᠶᠡᠨ ᠪᠣᠭᠴᠤ ᠶᠢ ᠡᠭᠦᠷᠤᠨ᠂ ᠨᠤᠳᠤᠭ ᠤᠨ ᠰᠤᠷᠭᠠᠭᠤᠯᠢ ᠶᠢᠨ ᠠᠯᠳᠠᠨ ᠪᠣᠱᠤᠭ᠎ᠠ ᠶᠢ ᠠᠯᠬᠤᠨ ᠣᠷᠤᠯ᠎ᠠ᠃ ᠰᠤᠷᠭᠠᠭᠤᠯᠢ ᠮᠢᠨᠢ ᠳᠠᠷᠠ ᠦᠶ᠎ᠡ ᠳᠤ ᠭᠡᠳᠤᠨ ᠵᠠᠭᠤᠨ ᠬᠡᠦᠬᠡᠳ ᠲᠡᠶ᠂ ᠬᠤᠰᠢᠭᠤ ᠨᠤᠳᠤᠭ ᠲᠤ ᠪᠠᠨ ᠠᠯᠳᠠᠷ ᠲᠡᠶ ᠮᠤᠩᠭ᠋ᠤᠯ ᠰᠤᠷᠭᠠᠭᠤᠯᠢ ᠪᠠᠢ᠌ᠭᠰᠠᠨ ᠶᠤᠮ᠃ ᠠᠩᠭᠢ ᠶᠢᠨ ᠪᠠᠭᠰᠢ ᠠᠭᠤᠯᠠ ᠭᠡᠳᠡᠭ᠌ ᠨᠠᠷ᠎ᠠ ᠲᠡᠶ᠂ ᠨᠠᠮᠬᠠᠨ ᠪᠠᠶ᠎ᠠ ᠲᠡᠶ᠂ ᠡᠶᠡᠯᠳᠡᠭ᠌ ᠵᠠᠩ ᠲᠡᠶ᠂ ᠬᠤᠷᠢᠭᠠᠤᠨ ᠨᠠᠰᠤᠨ ᠤ ᠵᠠᠯᠠᠭᠤ ᠪᠠᠢ᠌ᠵᠠᠢ᠃ ᠪᠠᠭᠰᠢ ᠮᠢᠨᠢ ᠪᠢᠳᠠᠨ ᠳᠤ ᠭᠡᠯᠡ ᠪᠢᠴᠢᠭ᠌ ᠵᠢᠭᠠᠳᠠᠭ᠃ ᠭᠢᠴᠢᠶᠠᠯ ᠶᠢᠡᠨ ᠳᠠᠭᠤᠰᠬᠠᠪᠠᠯ ᠪᠢᠳᠠᠨ ᠳᠤ ᠣᠩᠰᠢᠭᠰᠠᠨ ᠨᠤᠮ ᠡᠴᠠ ᠪᠠᠨ 《ᠡᠷᠭᠦᠯᠳᠡᠢ ᠭᠦᠤ ᠶᠢᠨ ᠥᠯᠢᠭᠡᠷ》 《ᠡᠷᠡᠭᠡᠢ ᠮᠡᠷᠭᠡᠨ ᠤ ᠥᠯᠢᠭᠡᠷ》 《ᠭᠦᠭᠡ ᠰᠤᠳᠤᠷ ᠤᠨ ᠥᠯᠢᠭᠡᠷ》 ᠵᠡᠷᠭᠡ ᠰᠤᠨᠢᠨ ᠭᠠᠢ᠌ᠬᠠᠯᠳᠠᠢ ᠥᠯᠢᠭᠡᠷ ᠳᠤᠮᠤᠭ ᠡᠴᠠ ᠶᠠᠷᠢᠵᠤ ᠥᠭ᠍ᠳᠡᠭ᠌ ᠪᠣᠯᠬᠤᠷ ᠪᠢ ᠭᠡᠯᠡ ᠪᠢᠴᠢᠭ᠌ ᠤᠨ ᠭᠢᠴᠢᠶᠠᠯ ᠢ ᠬᠠᠮᠤᠭ ᠡᠴᠠ ᠰᠤᠷᠬᠤ ᠳᠤᠷ᠎ᠠ ᠲᠡᠶ ᠪᠠᠢ᠌ᠵᠠᠢ᠃ ᠪᠠᠭᠰᠢ ᠶᠢᠨ ᠨᠥᠯᠦᠭᠡ ᠡᠴᠠ ᠪᠣᠯᠤᠭᠰᠠᠨ ᠪᠠᠢ᠌ᠬ᠎ᠠ᠂ ᠪᠢ ᠳᠠᠷᠠ ᠴᠠᠭ ᠡᠴᠠ ᠯᠠ ᠨᠤᠮ ᠵᠤᠬᠢᠶᠠᠯ ᠳᠤ ᠠᠷᠭ᠎ᠠ ᠦᠭᠡᠶ ᠪᠠᠬᠠᠳᠠᠢ ᠪᠠᠢ᠌ᠵᠤ᠂ 《ᠨᠤᠮ ᠤᠨ ᠬᠤᠷᠤᠬᠠᠢ》 ᠴᠤᠯᠠ ᠲᠡᠶ ᠶᠠᠪᠣᠭᠰᠠᠨ ᠪᠢᠯᠠ᠃

ᠨᠤᠮ ᠣᠩᠰᠢᠬᠤ ᠭᠡᠵᠤ ᠮᠢᠨᠤ ᠪᠠᠭ᠎ᠠ ᠨᠠᠰᠤᠨ ᠳ᠋ᠠᠭᠢ ᠬᠠᠮᠤᠭ ᠡᠴᠠ ᠵᠢᠷᠭᠠᠯᠳᠠᠢ ᠶᠠᠪᠣᠳᠠᠯ ᠪᠠᠢ᠌ᠭᠰᠠᠨ᠃ ᠡᠭᠢᠨ ᠳᠤ ᠪᠠᠨ ᠬᠡᠦᠬᠡᠳ ᠤᠨ ᠵᠢᠷᠤᠭᠳᠤ ᠨᠤᠮ ᠰᠤᠨᠢᠷᠬᠠᠵᠤ ᠪᠠᠢ᠌ᠭᠰᠠᠨ ᠡᠴᠠ ᠪᠠᠨ ᠦᠰᠦᠭ᠌ ᠨᠢᠳᠤᠯᠠᠵᠤ ᠴᠢᠳᠠᠬᠤ ᠦᠶ᠎ᠡ ᠡᠴᠠ ᠨᠤᠮ ᠡᠷᠢᠭᠡᠳ ᠦᠰᠦᠭ᠍ᠴᠢᠯᠡᠵᠤ ᠣᠩᠰᠢᠳᠠᠭ ᠪᠣᠯᠵᠠᠢ᠃ ᠳᠠᠷᠠ ᠦᠶ᠎ᠡ ᠳᠤ ᠮᠠᠨ ᠤ ᠨᠤᠳᠤᠭ ᠲᠤ ᠬᠠᠮᠢᠭ᠎ᠠ ᠡᠴᠠ ᠳᠠᠢ᠌ᠮᠤ ᠣᠯᠠᠨ ᠮᠤᠩᠭ᠋ᠤᠯ ᠨᠤᠮ ᠣᠯᠳᠠᠬᠤ ᠪᠢᠯᠠ ︖ ᠠᠪᠣ ᠶᠢᠨ ᠭᠡᠴᠢᠨᠡᠨ ᠵᠢᠯ ᠴᠤᠭᠯᠠᠭᠤᠯᠵᠤ ᠢᠷᠡᠭ᠍ᠰᠡᠨ ᠭᠡᠳᠤᠨ ᠠᠷᠪᠠᠨ ᠳᠠᠪᠳᠠᠷ ᠢ ᠣᠩᠰᠢᠨ ᠳᠠᠭᠤᠰᠬᠠᠭᠠᠤᠨ᠂ ᠬᠤᠵᠢᠮ ᠨᠢ ᠨᠤᠮ ᠣᠯᠳᠠᠬᠤ ᠦᠭᠡᠶ ᠭᠠᠴᠢᠭᠳᠠᠵᠤ ᠶᠠᠪᠣᠭᠰᠠᠨ ᠪᠢᠯᠠ᠃ ᠰᠡᠭᠦᠯᠡᠷ ᠨᠢ ᠰᠤᠷᠭᠠᠭᠤᠯᠢ ᠳᠤ ᠨᠤᠮ ᠤᠨ ᠦᠷᠦᠭᠡ ᠲᠡᠶ ᠪᠣᠯᠤᠭᠰᠠᠨ ᠡᠴᠠ 《ᠮᠤᠷᠢᠳᠤ ᠴᠡᠷᠢᠭ᠌ ᠤᠨ ᠳᠠᠭᠤᠯᠠᠯ》 《ᠠᠭᠤᠯᠠ ᠳᠤᠰᠬᠤᠨ ᠤ ᠫᠣᠤ ᠶᠢᠨ ᠳᠠᠭᠤᠨ》 《ᠳᠠᠯ᠎ᠠ ᠨᠤᠳᠤᠭ ᠤᠨ ᠭᠢᠯᠢᠩ ᠤᠨ ᠭᠠᠯ》 ᠵᠡᠷᠭᠡ ᠳᠤᠮᠤ ᠭᠦᠮᠤᠨ ᠪᠠ ᠬᠡᠦᠬᠡᠳ ᠤᠨ ᠨᠤᠮ ᠡᠴᠠ ᠠᠮᠳᠠᠷᠬᠠᠨ ᠰᠤᠨᠢᠷᠬᠠᠬᠤ ᠪᠣᠯᠵᠠᠢ᠃ ᠠᠪᠣ ᠮᠢᠨᠢ ᠮᠢᠨᠤ ᠨᠤᠮ ᠳᠤ ᠪᠠᠬᠠᠳᠠᠢ ᠶᠢ ᠬᠠᠷᠠᠭᠠᠤᠨ᠂ ᠢᠳᠡᠭᠦ ᠡᠮᠦᠰᠭᠦ ᠪᠠᠨ ᠠᠷᠪᠢᠯᠠᠨ ᠪᠠᠢ᠌ᠵᠤ᠂ 《ᠦᠨᠢᠷ ᠴᠡᠴᠡᠭ᠌》 《ᠵᠢᠷᠢᠮ ᠤᠨ ᠣᠷᠠᠨ ᠵᠤᠬᠢᠶᠠᠯ》 ᠵᠡᠷᠭᠡ ᠮᠤᠩᠭ᠋ᠤᠯ ᠰᠡᠳᠭᠦᠯ ᠢ ᠵᠠᠭᠢᠶᠠᠯᠠᠵᠤ ᠥᠭ᠍ᠴᠤ ᠪᠠᠢ᠌ᠭᠰᠠᠨ᠃ ᠵᠠᠷᠢᠮ ᠳᠤ ᠪᠠᠨ ᠭᠡᠷ ᠲᠤ ᠵᠤᠴᠢᠨ ᠢᠷᠠᠪᠠᠯ ᠠᠪᠣ ᠮᠢᠨᠢ ᠨᠠᠳᠠ ᠪᠠᠷ ᠣᠩᠰᠢᠭᠰᠠᠨ ᠨᠤᠮ ᠤᠨ ᠥᠯᠢᠭᠡᠷ ᠡᠴᠠ ᠶᠠᠷᠢᠭᠤᠯᠳᠠᠭ ᠪᠠᠢ᠌ᠵᠠᠢ᠃

ᠠᠪᠣ ᠮᠢᠨᠢ ᠵᠠᠭᠢᠷᠤᠯ ᠪᠣᠯᠤᠭᠰᠠᠨ ᠤ ᠳᠠᠷᠠᠭ᠎ᠠ ᠬᠤᠷᠠᠯ ᠬᠤᠢ ᠭᠡᠵᠤ ᠪᠠᠢ᠌ᠨ ᠪᠠᠢ᠌ᠨ ᠠᠢ᠌ᠮᠠᠭ ᠬᠤᠳᠠ ᠳᠤ ᠶᠠᠪᠣᠳᠠᠭ ᠪᠣᠯᠵᠠᠢ᠃ ᠶᠠᠪᠣᠬᠤ ᠪᠦᠷᠢ ᠪᠢ ᠠᠪᠣ ᠶᠢ ᠪᠣᠷᠪᠢᠳᠠᠨ᠂ ᠰᠢᠨ᠎ᠡ ᠨᠤᠮ ᠠᠪᠴᠢᠷᠠᠵᠤ ᠦᠭ‍ᠭᠦ ᠶᠢ ᠭᠤᠶᠤᠨ᠎ᠠ᠃ ᠠᠪᠣ ᠮᠢᠨᠢ ᠠᠯᠢ ᠴᠢᠳᠠᠬᠤ ᠪᠠᠷ ᠭᠦᠰᠡᠯ ᠢ ᠮᠢᠨᠢ ᠬᠠᠩᠭ᠋ᠠᠵᠤ᠂ ᠣᠳᠠᠭ᠎ᠠ ᠪᠦᠷᠢ ᠨᠠᠳᠠ ᠳᠤ ᠨᠤᠮ ᠤᠨ ᠪᠠᠯᠡᠭ᠌ ᠲᠡᠶ ᠢᠷᠡᠳᠡᠭ᠌ ᠪᠣᠯᠬᠤᠷ ᠪᠢ ᠠᠪᠣ ᠶᠢᠨ ᠶᠢᠠᠨ ᠪᠣᠴᠠᠵᠤ ᠢᠷᠡᠭᠦ ᠶᠢ ᠳᠠᠰᠴᠤ ᠶᠠᠳᠠᠨ ᠭᠦᠯᠢᠶᠡᠳᠡᠭ᠌᠂ ᠠᠪᠣ ᠮᠢᠨᠢ ᠬᠠᠷᠢᠵᠤ ᠢᠷᠡᠭᠦ ᠪᠦᠷᠢ ᠮᠢᠨᠤ ᠨᠠᠷᠠ ᠭᠠᠷᠤᠨ᠎ᠠ᠃ 《ᠭᠦᠭᠡ ᠰᠤᠳᠤᠷ》 《ᠭᠤᠷᠪᠠᠨ ᠣᠯᠤᠰ ᠤᠨ ᠥᠯᠢᠭᠡᠷ》 《ᠨᠢᠭᠡᠨ ᠳᠠᠪᠬᠤᠷ ᠠᠰᠠᠷ》 ᠵᠡᠷᠭᠡ ᠡᠷᠳᠡᠨ ᠤ ᠨᠤᠮ ᠢ ᠳᠠᠷᠠ ᠦᠶ᠎ᠡ ᠳᠤ ᠪᠦᠷ ᠣᠩᠰᠢᠨ ᠳᠤᠭᠤᠯᠤᠭᠰᠠᠨ ᠪᠢᠯᠠ᠃ ᠮᠦᠨ ᠴᠤ ᠣᠩᠰᠢᠭᠰᠠᠨ ᠨᠤᠮ ᠤᠨ ᠶᠢᠡᠨ ᠭᠤᠤᠯ ᠪᠠᠭᠠᠳᠤᠷ ᠤᠨ ᠬᠤᠪᠢ ᠵᠠᠶᠠᠭ᠎ᠠ᠂ ᠣᠴᠠᠷᠠᠯ ᠲᠤᠬᠢᠶᠠᠯ ᠳᠤ ᠣᠶᠠᠷᠠᠵᠤ ᠶᠠᠪᠣᠭᠰᠠᠨ᠂ ᠢᠨᠢᠶᠠᠵᠤ ᠶᠠᠪᠣᠭᠰᠠᠨ ᠨᠤᠮ ᠤᠨ ᠶ‍ᠢᠷᠳᠢᠠᠴᠤ ᠪᠠᠷ ᠳᠠᠨᠤᠵᠤ ᠶᠠᠪᠣᠭᠰᠠᠨ ᠮᠢᠨᠢ ᠦᠨᠡᠠᠳᠠᠢ᠃ ᠨᠤᠮ ᠵᠤᠬᠢᠶᠠᠯ ᠡᠴᠠ ᠠᠮᠢᠳᠤᠷᠠᠯ ᠤᠨ ᠵᠤᠭ᠎ᠠ ᠴᠡᠩᠭᠡᠯ ᠢ ᠭᠦᠷᠳᠡᠵᠤ᠂ ᠭᠦᠮᠤᠨ ᠤ ᠣᠷᠴᠢᠯᠠᠩ ᠤᠨ ᠨᠠᠢ᠌ᠷᠠᠯ ᠠᠶ᠎ᠠ ᠶᠢ ᠰᠤᠨᠤᠷᠳᠠᠵᠤ ᠢᠷᠡᠭ᠍ᠰᠡᠨ ᠪᠢᠯᠠ᠃

ᠳᠤᠷ᠎ᠠ ᠰᠤᠨᠢᠷᠬᠠᠯ᠂ ᠣᠷᠮ᠎ᠠ ᠪᠠᠬ᠎ᠠ ᠭᠡᠵᠤ ᠭᠦᠰᠡᠯ ᠭᠦᠭᠡᠭᠡᠴᠡᠯᠳᠦᠯ᠂ ᠠᠪᠢᠶᠠᠰ ᠪᠢᠯᠢᠭ᠌ ᠤᠨ ᠡᠭᠢ ᠪᠣᠯᠠᠭ ᠪᠠᠢ᠌ᠬ᠎ᠠ᠃ ᠮᠦᠨ ᠴᠤ ᠳᠠᠷᠠ ᠦᠶ᠎ᠡ ᠡᠴᠠ ᠡᠭᠢᠯᠡᠨ ᠪᠢ ᠤᠳᠬ᠎ᠠ ᠵᠤᠬᠢᠶᠠᠯ ᠤᠨ ᠦᠨᠦᠷ ᠠᠮᠳᠠ ᠶᠢ ᠠᠮᠳᠠᠷᠬᠠᠨ᠂ ᠵᠤᠬᠢᠶᠠᠨ ᠪᠢᠴᠢᠯᠭᠡ ᠶᠢᠨ ᠠᠩᠬᠠᠨ ᠤ ᠠᠯᠬᠤᠮ ᠶᠢᠡᠨ ᠭᠢᠰᠭᠢᠭ᠍ᠰᠡᠨ ᠶᠤᠮ ᠡ᠃

ᠣᠳᠠᠯ ᠦᠭᠡᠶ ᠪᠢ ᠪᠠᠭ᠎ᠠ ᠰᠤᠷᠭᠠᠭᠤᠯᠢ ᠪᠠᠨ ᠳᠡᠭᠦᠰᠤᠨ᠂ ᠡᠭᠡ ᠨᠤᠳᠤᠭ ᠡᠴᠠ ᠪᠠᠨ ᠠᠶᠠᠷᠯᠠᠨ᠂ ᠬᠤᠯᠠ ᠶᠢᠨ ᠬᠤᠯᠠ ᠳᠤ ᠠᠮᠢᠳᠤᠷᠠᠯ ᠰᠤᠶᠤᠯ ᠤᠨ ᠮᠦᠷ ᠢ ᠭᠦᠭᠡᠭᠡᠵᠤ ᠶᠠᠪᠣᠯ᠎ᠠ ᠁

ᠠᠢ ᠭᠦᠭᠡᠷᠦᠭᠦᠢ ᠪᠠᠭ᠎ᠠ ᠨᠠᠰᠤ ᠮᠢᠨᠢ᠂ ᠪᠠᠬᠠᠷᠤᠯ ᠢ ᠳᠠᠳᠠᠭᠰᠠᠨ ᠥᠯᠦᠭᠡᠢ ᠨᠤᠳᠤᠭ ᠮᠢᠨᠢ᠂ ᠦᠨᠢ ᠣᠷᠳᠤ ᠠᠮᠢᠳᠤᠷᠠᠯ ᠤᠨ ᠠᠶᠠᠨ ᠳᠤ ᠮᠢᠨᠢ ᠡᠷᠭᠢᠴᠡᠭᠦᠯᠭᠦ ᠳᠤ ᠭᠤᠶᠤᠬᠠᠨ ᠳᠤᠷᠠᠰᠤᠮᠵᠢ ᠪᠣᠯᠵᠤ ᠬᠤᠴᠤᠷᠤᠭᠰᠠᠨ ᠪᠢᠯᠠ᠃


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠤᠷᠳᠠᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 13928
ᠴᠠᠭ᠄ 2012 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ