ᠤᠷᠠᠨ ᠬᠠᠵᠢᠨ ᠳᠤ ᠣᠩᠰᠢᠬᠤ ᠤᠶᠠᠩ‍ᠭ᠎ᠠ

ᠪᠣᠳᠠᠩᠳᠤ ᠬᠤᠷᠸ᠎ᠠ ᠳᠤ ᠡᠷᠡᠭ᠍ᠳᠡᠢ᠌ᠴᠦᠦᠯ ᠭᠢᠭᠡᠳ ᠡᠮᠡᠭ᠍ᠳᠡᠢ᠌ᠴᠦᠦᠯ ᠭᠠᠢ᠌ᠬᠠᠮᠰᠢᠭᠳᠤ ᠰᠤᠨᠢᠨ ᠬᠤᠪᠢ ᠳᠠᠪᠢᠯᠠᠩ ᠤᠨ ᠬᠤᠯᠪᠣᠭ᠎ᠠ ᠪᠠᠷᠢᠯᠳᠤᠯᠭ᠎ᠠ ᠪᠠᠷ ᠣᠷᠠᠨ ᠬᠠᠵᠢᠨ ᠤ ᠥᠯᠢᠭᠡᠷ ᠢ ᠠᠰᠢᠳᠠᠢ᠌ᠬᠠᠨ ᠳᠤᠭᠯᠠᠵᠤ ᠪᠠᠢ᠌ᠳᠠᠭ᠃ ᠳᠠᠳᠠᠨᠠᠷ ᠬᠤᠪᠢ ᠳᠠᠪᠢᠯᠠᠩ ᠤᠨ ᠢᠷᠦᠭᠡᠯ ᠳᠤᠭᠳᠠᠯᠴᠠᠭ᠎ᠠ ᠪᠠᠷ ᠦᠯᠦ ᠳᠠᠨᠢᠯᠴᠠᠬᠤ ᠪᠠᠢ᠌ᠭᠰᠠᠨ ᠡᠴᠡ ᠪᠠᠨ ᠶ‍ᠢᠷᠳᠢᠠᠴᠤ ᠶᠢᠨ ᠣᠯᠠᠭᠠᠨ ᠳᠤᠭᠤᠰᠤᠨ᠎ᠠ ᠣᠴᠠᠷᠠᠨ ᠵᠤᠯᠭᠠᠯᠳᠤᠵᠤ᠂ ᠳᠠᠨᠢᠯᠴᠠᠨ ᠣᠢ᠌ᠯᠠᠭᠠᠯᠴᠠᠵᠤ᠂ ᠢᠨᠠᠭᠯᠠᠵᠤ ᠠᠮᠠᠷᠠᠭᠯᠠᠨ᠂ ᠰᠡᠳᠭᠢᠯ ᠰᠡᠳᠭᠢᠯ ᠶᠢᠡᠷ ᠶᠢᠡᠨ ᠮᠠᠳᠠᠯᠴᠠᠨ᠂ ᠵᠢᠷᠦᠭᠡ ᠵᠢᠷᠦᠭᠡ ᠪᠠᠷ ᠶᠢᠡᠨ ᠬᠤᠯᠪᠣᠯᠳᠤᠨ᠂ ᠣᠰᠤᠨ ᠤ ᠬᠤᠶᠠᠷ ᠠᠩᠭᠢᠷ ᠰᠢᠭ ᠴᠢᠯᠦᠭᠡ ᠲᠡᠶ᠂ ᠪᠠᠶᠠᠷ ᠲᠡᠶ ᠥᠶᠡᠷᠭᠡᠨ᠂ ᠪᠦᠮᠪᠦᠷᠴᠡᠭ᠌ ᠤᠨ ᠳᠤᠷᠭᠠᠨ ᠡᠯᠢᠭᠡᠨ ᠳᠤ ᠦᠨᠡᠠᠴᠢ ᠴᠢᠭᠡᠴᠢ ᠬᠠᠢ᠌ᠷ᠎ᠠ ᠵᠢᠷᠤᠮ᠂ ᠰᠠᠨᠠᠯ ᠡᠯᠪᠠᠷᠢᠯ ᠶᠢᠡᠷ ᠭᠦᠮᠤᠨ ᠤ ᠬᠤᠷᠸ᠎ᠠ ᠶᠢᠨ ᠪᠣᠯᠪᠠᠰᠤᠨ ᠤ ᠤᠶᠠᠩ‍ᠭ᠎ᠠ ᠨᠤᠲ᠋ ᠢ ᠴᠢᠪᠬᠠᠳᠠᠨ᠂ ᠳᠤᠭᠤᠰᠤᠳᠤ ᠬᠤᠷᠸ᠎ᠠ ᠳᠤ ᠵᠠᠶᠠᠭ᠎ᠠ ᠪᠠᠨ ᠬᠤᠯᠪᠣᠵᠤ᠂ ᠳᠤᠭᠤᠨᠤᠳᠤ ᠭᠡᠷ ᠲᠤ ᠳᠠᠪᠢᠯᠠᠩ ᠶᠢᠡᠨ ᠨᠢᠭᠡᠳᠭᠡᠨ᠂ ᠠᠮᠢᠳᠤᠷᠠᠯ ᠤᠨ ᠳᠤᠯᠭ᠎ᠠ ᠪᠣᠰᠬᠠᠵᠤ᠂ ᠠᠮᠢᠳᠤᠷᠠᠵᠤ ᠳᠡᠭ᠍ᠵᠢᠭᠦ ᠶᠢᠨ ᠤᠶᠠᠩ‍ᠭ᠎ᠠ ᠭᠦᠭ᠌ ᠢ ᠠᠯᠠᠭᠬᠠᠨ ᠬᠤᠷᠸ᠎ᠠ ᠶᠢᠨ ᠠᠮᠢᠳᠤᠷᠠᠯ ᠤᠨ ᠠᠶᠠᠨ ᠤ ᠣᠷᠳᠤ ᠵᠠᠮ ᠳᠠᠭᠠᠨ ᠠᠶᠠᠯᠭᠤᠯᠤᠨ ᠭᠦᠭ᠍ᠵᠢᠮᠳᠡᠵᠤ᠂ ᠣᠭᠰᠠᠭ᠎ᠠ ᠦᠨᠳᠦᠰᠦ ᠪᠠᠨ ᠵᠠᠯᠭᠠᠨ᠂ ᠦᠷ᠎ᠡ ᠶᠢᠨ ᠰᠠᠢ᠌ᠬᠠᠨ ᠢ ᠦᠵᠡᠵᠤ᠂ ᠵᠠᠵᠢᠨ ᠦᠰᠦ ᠪᠠᠨ ᠴᠠᠢ᠌ᠳᠠᠯ᠎ᠠ ᠥᠶᠡᠷᠭᠡᠵᠤ᠂ ᠵᠠᠭᠠᠯ ᠪᠣᠯᠳᠠᠯ᠎ᠠ ᠪᠠᠨ ᠵᠢᠷᠭᠠᠵᠤ ᠰᠠᠨᠠᠭ᠎ᠠ ᠴᠠᠳᠬᠤᠯᠠᠩ᠂ ᠰᠡᠳᠭᠢᠯ ᠥᠶ‍ᠦᠭ᠌ ᠶᠠᠪᠣᠳᠠᠭ ᠰᠠᠨ᠃

ᠭᠡᠷ ᠪᠦᠯᠢ ᠪᠠᠢ᠌ᠭᠤᠯᠤᠯᠴᠠᠵᠤ᠂ ᠭᠤᠯᠤᠮᠳᠠ ᠠᠮᠢᠳᠤᠷᠠᠯ ᠶᠢᠡᠨ ᠥᠭᠡᠳᠡ ᠳᠠᠳᠠᠵᠤ ᠶᠠᠪᠣᠬᠤ ᠳᠠᠭᠠᠨ ᠠᠵᠢᠯ ᠠᠯᠪᠠ ᠪᠠᠷ ᠭᠠᠳᠠᠭᠰᠢ ᠭᠠᠷᠤᠭᠰᠠᠨ ᠨᠢᠭᠡ ᠪᠠᠨ ᠥᠭᠡᠢ᠌ᠯᠡᠨ ᠳᠤᠷᠠᠰᠴᠤ ᠦᠨᠦᠴᠢᠨ ᠡᠯᠢᠭᠡ ᠨᠢ ᠥᠡᠳᠡᠯᠵᠡᠳᠡᠭ᠌ ᠰᠠᠨ᠃ ᠬᠠᠯᠠᠭᠤᠨ ᠭᠦᠢᠳᠡᠨ ᠢ ᠨᠢ ᠠᠰᠠᠭᠤᠨ ᠰᠤᠷᠠᠵᠤ᠂ ᠠᠩᠬᠠᠷᠴᠤ ᠵᠢᠷᠤᠮᠯᠠᠬᠤ ᠵᠣᠢ᠌ᠯ ᠢ ᠨᠢ ᠵᠠᠭᠤᠠᠳᠠ ᠰᠠᠨᠠᠭᠤᠯᠵᠤ᠂ ᠮᠢᠩᠭ᠋ᠠᠠᠳᠠ ᠵᠠᠭᠢᠨ ᠰᠡᠷᠡᠮᠵᠢᠯᠡᠭᠦᠯᠵᠤ ᠯᠠ ᠪᠠᠢ᠌ᠳᠠᠭ᠃ ᠠᠮᠠᠷᠠᠭ ᠶᠢᠡᠨ ᠭᠡᠰᠡᠨ ᠳᠡᠷᠡᠭᠦ ᠬᠠᠢ᠌ᠷ᠎ᠠ ᠶᠢᠨ ᠥᠭᠡᠢ᠌ᠯᠡᠯ ᠨᠢ ᠶ‍ᠢᠷᠳᠢᠠᠴᠤ ᠶᠢᠨ ᠭᠦᠮᠤᠨ ᠪᠦᠭᠦᠨ ᠢ ᠳᠤᠭᠳᠤᠯᠤᠭᠤᠯᠤᠮᠠᠷ᠂ ᠢᠨᠠᠭ ᠶᠢᠡᠨ ᠭᠡᠰᠡᠨ ᠳᠡᠷᠡᠭᠦ ᠰᠡᠳᠭᠢᠯ ᠤᠨ ᠳᠤᠷᠠᠰᠤᠯ ᠨᠢ ᠬᠤᠷᠸ᠎ᠠ ᠶᠢᠨ ᠠᠮᠢᠳᠠᠨ ᠪᠦᠭᠦᠨ ᠢ ᠢᠭ᠍ᠳᠦᠯᠦᠭᠦᠯᠦᠮᠡᠷ ᠳᠠᠢ᠌ᠮᠤ ᠯᠠ ᠡᠯᠢᠭᠡᠰᠡᠭ᠌ ᠳᠤᠳᠤᠨᠤ ᠪᠠᠢ᠌ᠵᠤ᠂ ᠭᠡᠷ ᠪᠦᠯᠢ ᠶᠢᠨ ᠳᠤᠯᠠᠭᠠᠨ ᠪᠦᠯᠢᠶᠡᠨ᠂ ᠡᠶ᠎ᠡ ᠨᠠᠢ᠌ᠷᠠᠮᠳᠠᠭᠤ ᠶᠢ ᠰᠡᠳᠭᠢᠯ ᠳᠤ ᠨᠢ ᠪᠠᠭᠤᠯᠭᠠᠵᠤ᠂ ᠰᠠᠠᠨᠠᠭᠠᠨ ᠳᠤ ᠨᠢ ᠳᠤᠳᠤᠷᠠᠭᠤᠯᠤᠭᠠᠤᠨ ᠪᠠᠢ᠌ᠭ᠎ᠠ ᠶᠢ ᠶᠠᠭᠠᠭᠢᠨᠠᠮ ᠪᠢᠯᠠ ︖

ᠡᠷᠡᠭ᠍ᠳᠡᠢ᠌ᠴᠦᠦᠯ ᠡᠮᠡᠭ᠍ᠳᠡᠢ᠌ᠴᠦᠦᠯ ᠤᠨ ᠨᠢᠳᠤᠨ ᠳᠤ ᠪᠣᠰᠤᠭ᠎ᠠ ᠭᠡᠢ ᠮᠤᠷᠢ ᠲᠡᠶ ᠬᠠᠨᠠᠢ᠌ᠵᠤ ᠪᠠᠢ᠌ᠳᠠᠭ ᠪᠦᠭᠡᠳ ᠨᠢᠭᠡ ᠨᠠᠰᠤᠨ ᠤ ᠭᠢᠨᠢ ᠰᠡᠳᠭᠢᠯ ᠤᠨ ᠪᠠᠳᠤ ᠳᠦᠰᠢᠭ᠌ ᠨᠠᠢ᠌ᠳᠠᠪᠣᠷᠢ ᠨᠢ ᠪᠣᠯᠵᠤ ᠪᠠᠢ᠌ᠳᠠᠭ᠃ ᠭᠦᠴᠢᠷ ᠵᠤᠪᠠᠯᠠᠩ ᠲᠡᠶ ᠦᠶᠡᠰ ᠡᠷᠡᠭ᠍ᠳᠡᠢ᠌ᠴᠦᠦᠯ ᠨᠢ ᠡᠮᠡᠭ᠍ᠳᠡᠢ᠌ᠴᠦᠦᠯ ᠳᠤ ᠬᠠᠨᠠᠭᠠᠷ ᠰᠦᠷᠯᠢᠭ᠌ ᠬᠠᠳᠠᠨ ᠪᠠᠭᠢ ᠳᠦᠰᠢᠯᠭᠡ ᠪᠣᠯᠵᠤ᠂ ᠢᠳᠡᠭᠡᠯ ᠵᠤᠷᠢᠭ ᠢ ᠨᠢ ᠨᠡᠮᠡᠭ᠍ᠳᠡᠭᠦᠯᠤᠨ᠂ ᠢᠯᠠᠬᠤ ᠶᠢᠨ ᠡᠷᠴᠢ ᠶᠢ ᠨᠢ ᠭᠦᠪᠴᠢᠯᠡᠭᠦᠯᠦᠭᠡᠳ᠂ ᠶᠠᠠᠳᠠᠰᠢ ᠦᠭᠡᠶ ᠶᠡᠭᠡ ᠭᠦᠴᠤᠨ ᠵᠤᠷᠢᠭ ᠤᠨ ᠡᠭᠢ ᠣᠠᠳᠤᠷᠤᠯ ᠪᠣᠯᠳᠠᠭ ᠠᠵᠠᠢ᠃ ᠡᠷᠡᠭ᠍ᠳᠡᠢ᠌ᠴᠦᠦᠯ ᠨᠢ ᠡᠮᠡᠭ᠍ᠳᠡᠢ᠌ᠴᠦᠦᠯ ᠤᠨ ᠨᠢᠳᠤᠨ ᠳᠤ ᠣᠴᠢᠷ ᠶᠠᠪᠣᠳᠠᠯ ᠳᠤ ᠳᠤᠯᠭᠠᠮᠳᠠᠨ ᠰᠠᠠᠳᠤᠷᠬᠤ ᠦᠭᠡᠶ᠂ ᠪᠠᠭᠢ ᠰᠠᠢ᠌ᠬᠠᠨ ᠳᠠᠰᠪᠣᠷᠢ ᠳᠠᠪᠴᠢᠶᠠᠷᠢ ᠲᠡᠶ ᠪᠠᠢ᠌ᠵᠤ᠂ ᠳᠠᠷᠢᠭᠢᠨ ᠤ ᠭᠦᠨ ᠳᠡᠭᠡᠨ ᠣᠴᠢᠷ ᠶᠠᠪᠣᠳᠠᠯ ᠤᠨ ᠡᠭᠢ ᠡᠭᠦᠰᠦᠯ ᠦᠨᠳᠦᠰᠦ ᠭᠤᠭᠴᠤᠭ᠎ᠠ ᠶᠢ ᠳᠤᠩᠭ᠋ᠠᠨ ᠪᠣᠳᠤᠵᠤ᠂ ᠣᠬᠠᠪᠣᠷᠢᠯᠠᠨ ᠰᠢ᠌ᠳᠪᠦᠷᠢᠯᠡᠭᠦ ᠠᠷᠭ᠎ᠠ ᠰᠠᠮᠪᠠᠭ᠎ᠠ ᠶᠢ ᠰᠥᠪᠠᠭ᠍ᠴᠢᠯᠡᠨ ᠳᠤᠭᠳᠠᠭᠠᠵᠤ᠂ ᠬᠤᠯᠠ ᠶᠢᠨ ᠬᠠᠷᠠᠴᠠ ᠪᠠᠷ ᠭᠢᠨᠠᠭᠤᠷ ᠯᠠᠪᠳᠠᠭᠤᠨ ᠬᠠᠪᠣᠳᠠᠢ ᠰᠠᠢ᠌ᠬᠠᠨ ᠰᠢ᠌ᠤᠠᠪᠣᠷᠢᠯᠠᠵᠤ᠂ ᠣᠶᠤᠨ ᠪᠢᠯᠢᠭ᠌᠂ ᠴᠢᠳᠠᠯ ᠴᠢᠳᠠᠪᠣᠷᠢ ᠶᠢᠨ ᠬᠤᠤᠰᠯᠠᠯ ᠤᠨ ᠭᠡᠷᠡᠯ ᠭᠢᠯᠪᠠᠭ᠎ᠠ ᠪᠠᠨ ᠰᠠᠴᠤᠷᠠᠭᠤᠯᠵᠤ ᠪᠠᠢ᠌ᠳᠠᠭ ᠡ ︕ ᠡᠢ᠌ᠮᠤ ᠡᠷᠡᠭ᠍ᠳᠡᠢ᠌ᠴᠦᠦᠯ ᠨᠢ ᠡᠷᠡᠭ᠍ᠳᠡᠢ᠌ᠴᠦᠦᠯ ᠤᠨ ᠳᠤᠳᠤᠷᠠᠭᠢ ᠰᠢᠯᠢᠳᠡᠭ᠌ ᠰᠤᠳᠤᠨ ᠨᠢ ᠪᠠᠢ᠌ᠵᠤ᠂ ᠡᠮᠡᠭ᠍ᠳᠡᠢ᠌ᠴᠦᠦᠯ ᠤᠨ ᠬᠠᠢ᠌ᠷ᠎ᠠ ᠪᠠᠬᠠᠷᠬᠠᠯ ᠢ ᠶᠠᠭᠠᠭᠢᠬᠤ ᠶᠢᠨ ᠠᠷᠭ᠎ᠠ ᠦᠭᠡᠶ ᠰᠤᠷᠢᠠᠵᠢᠨ ᠰᠢᠭ ᠳᠠᠳᠠᠳᠠᠭ ᠪᠢᠯᠠ᠃ ᠡᠢ᠌ᠮᠤ ᠡᠷᠡᠭ᠍ᠳᠡᠢ᠌ᠴᠦᠦᠯ ᠨᠢ ᠬᠠᠢ᠌ᠷ᠎ᠠ ᠶᠢᠨ ᠬᠠᠯᠠᠭᠤᠨ ᠡᠯᠴᠢ ᠪᠠᠢ᠌ᠵᠤ᠂ ᠡᠮᠡᠭ᠍ᠳᠡᠢ ᠭᠦᠮᠤᠨ ᠢ ᠬᠠᠯᠠᠮᠵᠢᠯᠠᠨ ᠡᠨᠡᠷᠢᠵᠤ᠂ ᠬᠠᠢ᠌ᠷᠠᠯᠠᠨ ᠳᠤᠳᠤᠨᠤᠴᠢᠯᠠᠵᠤ᠂ ᠳᠤᠬᠤᠨᠢᠭᠤᠯᠤᠨ ᠪᠣᠯᠭᠤᠭᠠᠵᠤ᠂ ᠣᠷᠠᠨ ᠥᠭᠡ ᠪᠠᠷ ᠶᠢᠡᠨ ᠪᠢᠰᠢ ᠦᠨᠡᠠᠴᠢ ᠬᠠᠢ᠌ᠷ᠎ᠠ ᠪᠠᠷ ᠶᠢᠡᠨ᠂ ᠣᠷᠠᠨ ᠬᠤᠩᠰᠢᠶᠠᠷ ᠶᠢᠡᠷ ᠶᠢᠡᠨ ᠪᠢᠰᠢ ᠣᠢ᠌ᠯᠠ ᠠᠵᠢᠯᠯᠠᠭ᠎ᠠ ᠪᠠᠷ ᠶᠢᠡᠨ ᠡᠮᠡᠭ᠍ᠳᠡᠢ ᠭᠦᠮᠤᠨ ᠢ ᠦᠷᠤ ᠵᠢᠷᠦᠭᠡᠨ ᠤ ᠭᠤᠤᠯ ᠡᠴᠡ ᠨᠢ ᠪᠠᠶᠠᠷᠯᠠᠭᠤᠯᠤᠨ ᠵᠢᠷᠭᠠᠭᠤᠯᠵᠤ ᠴᠢᠳᠠᠳᠠᠭ ᠪᠦᠭᠡᠳ ᠡᠮᠡᠭ᠍ᠳᠡᠢ ᠭᠦᠮᠤᠨ ᠳᠤ ᠰᠡᠳᠭᠢᠯ ᠤᠨ ᠭᠢᠨᠢ ᠳᠤᠯᠠᠭᠠᠨ ᠨᠠᠷᠠ ᠪᠣᠯᠵᠤ ᠳᠤᠯᠠᠢ᠌ᠨ᠂ ᠳᠡᠭ᠍ᠷᠢ ᠰᠢᠭ᠌ ᠪᠣᠰᠤᠭ᠎ᠠ ᠭᠡᠢ ᠮᠤᠷᠢ ᠵᠢᠪᠬᠤᠭ᠎ᠠ ᠲᠡᠶ ᠪᠠᠷ ᠡᠮᠡᠭ᠍ᠳᠡᠢ ᠭᠦᠮᠤᠨ ᠤ ᠰᠡᠳᠭᠢᠯ ᠳᠤ ᠮᠠᠷᠳᠠᠬᠤ ᠶᠢᠨ ᠠᠷᠭ᠎ᠠ ᠦᠭᠡᠶ ᠵᠠᠢ ᠡᠵᠡᠯᠡᠨ ᠬᠠᠨᠠᠢ᠌ᠨ ᠰᠦᠨᠳᠠᠷᠯᠠᠵᠤ ᠪᠠᠢ᠌ᠳᠠᠭ᠃ ᠠᠰᠠᠭᠠᠬᠤ ᠳᠤ ᠳᠤᠯᠠᠯᠵᠠᠨ ᠭᠡᠷᠡᠯᠳᠦᠭᠦ ᠳ᠋ᠸᠩ ᠪᠠᠢ᠌ᠵᠤ᠂ ᠡᠮᠡᠭ᠍ᠳᠡᠢ᠌ᠴᠦᠦᠯ ᠤᠨ ᠰᠡᠳᠭᠢᠯ ᠢ ᠣᠢ᠌ᠯᠭᠠᠨ ᠭᠡᠷᠡᠯᠳᠦᠭᠦᠯᠳᠡᠭ᠌᠃ ᠠᠮᠳᠠᠯᠠᠬᠤ ᠳᠤ ᠦᠨᠦᠷ ᠰᠤᠷᠭᠤᠭ ᠨᠤᠭᠤᠭ᠎ᠠ ᠪᠠᠢ᠌ᠵᠤ᠂ ᠡᠮᠡᠭ᠍ᠳᠡᠢ᠌ᠴᠦᠦᠯ ᠤᠨ ᠬᠤᠭᠤᠯᠠᠯᠠᠬᠤ ᠳᠤᠷᠠᠰᠢᠯ ᠢ ᠦᠪᠡᠷ ᠤᠨ ᠡᠷᠭᠡ ᠦᠭᠡᠶ ᠬᠤᠷᠣᠢ᠌ᠯᠠᠨ ᠳᠠᠳᠠᠵᠤ᠂ ᠠᠮᠳᠠᠯᠠᠵᠤ ᠬᠠᠨᠤᠰᠢ ᠦᠭᠡᠶ ᠰᠠᠭᠤᠭᠳᠠᠯ ᠥᠭ᠍ᠳᠡᠭ᠌ ᠪᠢᠯᠠ᠃ ᠢᠨᠠᠭᠯᠠᠵᠤ ᠠᠮᠠᠷᠠᠭᠯᠠᠬᠤ ᠳᠤ ᠶᠦᠮᠦᠷᠯᠢᠭ᠌ ᠱᠤᠭ ᠤᠨ ᠣᠭᠤᠳᠠ ᠪᠠᠢ᠌ᠵᠤ᠂ ᠬᠤᠩᠭ᠋ᠤᠷ ᠨᠠᠢ᠌ᠵᠠ ᠶᠢᠨ ᠶᠢᠡᠨ ᠰᠡᠳᠭᠢᠯ ᠢ ᠨᠢ ᠪᠠᠶᠠᠰᠬᠠᠵᠤ᠂ ᠰᠠᠨᠠᠭ᠎ᠠ ᠶᠢ ᠨᠢ ᠰᠡᠷᠭᠦᠭᠡᠵᠤ᠂ ᠠᠮᠠᠷᠠᠭ ᠨᠥᠭᠦᠷ ᠲᠤ ᠪᠠᠨ ᠦᠨᠢ ᠡᠭᠦᠷᠢ ᠪᠠᠶᠠᠷ ᠪᠠᠶᠠᠰᠬᠤᠯᠠᠩ ᠢ ᠣᠷᠢᠨ ᠢᠪᠠᠭᠡᠭ᠍ᠴᠢ ᠰᠢᠭ᠌ ᠰᠠᠨᠠᠭᠳᠠᠭᠤᠯᠳᠠᠭ ᠢ ᠶᠠᠭᠠᠭᠢᠨᠠᠮ ᠪᠢᠯᠠ ︖ ᠠᠵᠢᠯ ᠣᠢ᠌ᠯᠠᠰ ᠲᠡᠭᠡᠨ ᠠᠷᠠᠯ ᠤᠨ ᠱᠠᠷ ᠰᠢᠭ ᠵᠢᠳᠭᠦᠵᠤ᠂ ᠠᠮᠵᠢᠯᠳᠠ ᠶᠢᠨ ᠵᠢᠮᠢᠰ ᠳᠡᠭᠦᠵᠢᠩᠨᠡᠭᠦᠯᠤᠨ᠂ ᠠᠮᠠᠷᠠᠭ ᠬᠤᠩᠭ᠋ᠤᠷ ᠤᠨ ᠶᠢᠡᠨ ᠦᠷᠤ ᠵᠢᠷᠦᠭᠡᠨ ᠤ ᠭᠦᠨ ᠳᠤ ᠠᠵᠢᠯᠰᠠᠭ᠂ ᠣᠢ᠌ᠯᠠᠰᠴᠢ᠂ ᠢᠳᠡᠭᠡᠯ ᠪᠦᠳᠦᠮᠵᠢᠳᠡᠢ ᠳᠦᠷᠭᠦ ᠪᠠᠷ ᠬᠠᠨᠠᠢ᠌ᠵᠤ ᠪᠠᠢ᠌ᠳᠠᠭ᠃ ᠪᠣᠰᠤᠳ ᠲᠡᠶ ᠬᠠᠷᠢᠯᠴᠠᠵᠤ᠂ ᠭᠦᠮᠤᠨ ᠲᠡᠶ ᠶᠠᠪᠣᠯᠴᠠᠬᠤ ᠳᠠᠭᠠᠨ ᠦᠨᠡᠠᠴᠢ ᠢᠳᠡᠭᠡᠮᠵᠢ ᠲᠡᠶ᠂ ᠨᠥᠭᠦᠷᠰᠡᠭ᠌ ᠳᠤᠳᠤᠨᠤ ᠪᠠᠢ᠌ᠵᠤ᠂ ᠢᠨᠠᠭ ᠠᠮᠠᠷᠠᠭ ᠤᠨ ᠶᠢᠡᠨ ᠰᠡᠳᠭᠢᠯ ᠳᠤ ᠦᠨᠡᠠᠴᠢ ᠭᠢᠨᠠᠭᠤᠷ᠂ ᠠᠭᠤᠵᠢᠭᠤ ᠪᠠᠭᠳᠠᠭᠠᠮᠵᠢᠳᠠᠢ᠂ ᠰᠡᠳᠭᠢᠯ ᠳᠠᠯᠪᠢᠭᠤ ᠳᠦᠷᠢ ᠪᠠᠷ ᠳᠤᠳᠤᠷᠠᠵᠤ ᠪᠠᠢ᠌ᠳᠠᠭ ᠡ ︕

ᠡᠮᠡᠭ᠍ᠳᠡᠢ᠌ᠴᠦᠦᠯ ᠨᠢ ᠢᠷᠭᠤᠢ ᠰᠢᠭ ᠰᠤᠷᠭᠤᠭᠬᠠᠨ ᠠᠩᠭᠢᠯᠤᠮ᠎ᠠ ᠪᠠᠢ᠌ᠵᠤ᠂ ᠭᠡᠳᠥᠢᠪᠠᠷ ᠣᠯᠤᠰ ᠢ ᠭᠤᠳᠤᠭᠠᠮᠠᠷ ᠭᠤᠶᠤ ᠥᠩᠭᠡ ᠦᠭᠡᠶ ᠴᠤ ᠣᠬᠠᠭᠠᠨ ᠰᠠᠨᠠᠭᠠᠯᠢᠭ᠂ ᠣᠶᠠᠬᠠᠨ ᠨᠠᠮᠪᠠᠭᠠᠯᠢᠭ᠂ ᠣᠰᠤᠨ ᠪᠣᠯᠤᠷᠯᠢᠭ᠂ ᠦᠷᠤᠪᠴᠢ ᠠᠵᠢᠯᠰᠠᠭ ᠪᠠᠢ᠌ᠵᠤ᠂ ᠥᠩᠭᠡᠳᠤ ᠬᠤᠷᠸ᠎ᠠ ᠶᠢᠨ ᠭᠦᠮᠦᠰ ᠤᠨ ᠳᠠᠭᠠᠰᠢᠶᠠᠯ ᠪᠠᠬᠠᠷᠬᠠᠯ ᠢ ᠭᠡᠵᠢᠭᠡᠯᠡᠨ ᠭᠤᠬᠠᠳᠠᠵᠤ ᠱᠠᠠᠰᠢᠨ ᠮᠠᠭᠳᠠᠭᠳᠠᠭ᠂ ᠰᠢᠳᠤᠨ ᠭᠦᠭᠡᠭᠡᠴᠡᠯᠳᠦᠭᠦᠯᠳᠡᠭ᠌᠃ ᠡᠮᠡᠭ᠍ᠳᠡᠢ᠌ᠴᠦᠦᠯ ᠭᠡᠭ᠍ᠴᠢ ᠡᠷᠡᠭ᠍ᠳᠡᠢ᠌ᠴᠦᠦᠯ ᠤᠨ ᠳᠦᠷᠤᠯᠭᠢ ᠵᠠᠰᠠᠷᠠᠭᠤᠯᠤᠭᠴᠢ ᠪᠠᠢ᠌ᠳᠠᠭ᠃ ᠡᠷᠡᠭ᠍ᠳᠡᠢ᠌ᠴᠦᠦᠯ ᠡᠮᠡᠭ᠍ᠳᠡᠢ᠌ᠴᠦᠦᠯ ᠲᠡᠶ ᠣᠴᠠᠷᠠᠬᠤ ᠡᠴᠡ ᠡᠮᠤᠨ᠎ᠡ ᠰᠠᠬᠠᠯ ᠬᠤᠤᠵᠠ ᠳᠠᠯᠪᠢᠵᠤ ᠨᠠᠮᠢᠷᠠᠭᠤᠯᠤᠨ᠂ ᠰᠠᠢ᠌ᠬᠠᠨ ᠴᠡᠮᠴᠡᠭᠡᠷ ᠬᠤᠪᠴᠠᠰᠤ ᠪᠠᠨ ᠣᠭᠢᠶᠠᠯ ᠦᠭᠡᠶ ᠊ᠭ᠍‍ᠬᠢᠷᠳᠦᠭᠦᠯᠤᠨ ᠶᠠᠪᠣᠵᠤ ᠡᠳᠦᠷ ᠥᠩᠭᠡᠷᠡᠭᠡᠨ᠂ ᠴᠠᠭ ᠨᠥᠭ᠍ᠴᠢᠭᠡᠵᠤ ᠠᠯᠠᠩ ᠰᠠᠯᠠᠩ ᠶᠠᠪᠣᠵᠤ ᠪᠠᠢ᠌ᠳᠠᠭ᠃ ᠭᠡᠳᠡᠯ᠎ᠡ ᠡᠷᠡᠭ᠍ᠳᠡᠢ᠌ᠴᠦᠦᠯ ᠡᠮᠡᠭ᠍ᠳᠡᠢ᠌ᠴᠦᠦᠯ ᠲᠡᠶ ᠳᠠᠨᠢᠯᠴᠠᠵᠤ ᠬᠠᠨᠢᠯᠠᠭᠰᠠᠨ ᠤ ᠳᠠᠷᠠᠭ᠎ᠠ ᠡᠮᠡᠭ᠍ᠳᠡᠢ ᠭᠦᠮᠤᠨ ᠤ ᠵᠠᠰᠠᠯᠭ᠎ᠠ ᠳᠤᠳᠤᠮᠳᠠᠯᠭ᠎ᠠ ᠳᠤᠤᠷ᠎ᠠ ᠴᠠᠪᠠᠷ ᠴᠡᠮᠴᠡᠭᠡᠷ ᠢ ᠡᠷᠭᠢᠮᠯᠡᠨ᠂ ᠰᠠᠬᠠᠯ ᠬᠤᠤᠵᠠ ᠪᠠᠨ ᠠᠪᠴᠤ᠂ ᠰᠠᠢ᠌ᠬᠠᠨ ᠬᠤᠪᠴᠠᠰᠤ ᠪᠠᠨ ᠭᠡᠳᠦᠷᠴᠤ᠂ ᠰᠠᠷᠠ ᠰᠢᠭ ᠭᠡᠷᠡᠯᠳᠦᠮ᠎ᠡ᠂ ᠨᠠᠷᠠ ᠰᠢᠭ ᠳᠤᠯᠠᠢ᠌ᠮ᠎ᠠ ᠶᠠᠪᠣᠵᠤ ᠰᠠᠭᠤᠨ᠂ ᠪᠣᠵᠠᠷ ᠥᠭᠡ ᠴᠤᠪᠣᠷᠠᠭᠤᠯᠬᠤ ᠪᠠᠨ ᠪᠠᠢ᠌ᠵᠤ᠂ ᠪᠣᠯᠪᠠᠰᠤᠨ ᠶᠤᠰᠤᠷᠬᠠᠭ ᠶᠠᠪᠣᠬᠤ ᠪᠣᠯᠵᠠᠢ᠃ ᠬᠤᠠᠳᠠᠭ᠎ᠠ ᠰᠠᠯᠭᠠᠯ ᠦᠭᠡᠶ ᠠᠷᠢᠭᠢᠨ ᠳᠤ ᠰᠢᠨᠤᠬᠤ ᠪᠠᠨ ᠪᠣᠯᠢᠵᠤ᠂ ᠬᠤᠨᠤᠭ ᠡᠳᠦᠷ ᠡᠭᠡᠯᠵᠢᠯᠡᠨ ᠨᠠᠭᠠᠳᠤᠮ ᠳᠤ ᠰᠢᠨᠤᠬᠤ ᠪᠠᠨ ᠪᠣᠯᠢᠵᠤ᠂ ᠠᠵᠢᠯ ᠳᠠᠭᠠᠨ ᠡᠷᠡᠮᠡᠭᠡᠢ᠌ᠯᠡᠨ᠂ ᠠᠮᠢᠳᠤᠷᠠᠯ ᠳᠠᠭᠠᠨ ᠰᠢᠭᠤᠷᠬᠠᠢ᠌ᠯᠠᠬᠤ ᠪᠣᠯᠵᠠᠢ ᠳ᠋ᠠ ︕ ᠭᠡᠷᠡᠭᠦᠯ ᠵᠤᠳᠤᠭᠠᠨ ᠡᠴᠡ ᠬᠤᠯᠠᠳᠴᠤ᠂ ᠭᠡᠨ ᠨᠢᠭᠡ ᠨᠢ ᠳᠠᠷᠤᠯᠠᠭᠳᠠᠪᠠᠯ ᠭᠡᠭᠦᠳᠡᠭ᠌ ᠳᠡᠨᠡᠢ᠌ᠯᠭᠡᠨ ᠬᠠᠠᠴᠤᠢ ᠰᠢᠮᠠᠯᠠᠨ ᠳᠤᠰᠠᠯᠠᠳᠠᠭ ᠪᠣᠯᠵᠠᠢ᠃

ᠣᠶᠠᠬᠠᠨ ᠨᠠᠮᠤᠬᠠᠨ ᠦᠶ᠎ᠡ ᠳᠤ ᠪᠠᠨ ᠡᠮᠡᠭ᠍ᠳᠡᠢ᠌ᠴᠦᠦᠯ ᠳᠠᠯᠪᠢ ᠪᠠᠨ ᠵᠠᠳᠠᠯᠤᠭᠰᠠᠨ ᠰᠤᠷᠭᠤᠭ ᠰᠠᠩ᠌ᠬᠠᠨ ᠴᠡᠴᠡᠭ᠌ ᠪᠠᠢ᠌ᠵᠤ᠂ ᠡᠷᠭᠢᠮᠰᠦᠭ᠌ ᠭᠡᠭᠡᠡᠴᠢᠷ ᠪᠠᠢ᠌ᠵᠤ᠂ ᠬᠠᠮᠠᠷ ᠴᠤᠷᠭᠢᠮ᠎ᠠ ᠬᠠᠩᠭᠢᠯᠤᠮ᠎ᠠ ᠦᠨᠦᠷ ᠶᠢᠡᠨ ᠦᠷᠦᠭᠡ ᠳᠦᠭᠦᠷᠡᠩ ᠠᠩᠭᠢᠯᠤᠭᠤᠯᠵᠤ᠂ ᠡᠷᠡᠭ᠍ᠳᠡᠢ᠌ᠴᠦᠦᠯ ᠰᠤᠷᠭᠤᠭ ᠰᠠᠢ᠌ᠬᠠᠨ ᠦᠨᠦᠷ ᠲᠤ ᠨᠢ ᠰᠤᠭᠳᠤᠭᠤᠷᠠᠨ ᠰᠤᠭᠳᠤᠭᠤᠷᠠᠵᠤ ᠰᠡᠳᠭᠢᠯ ᠵᠢᠷᠦᠭᠡ ᠪᠠᠷ ᠶᠢᠡᠨ ᠡᠷᠭᠢᠮᠨᠡᠨ ᠬᠠᠮᠠᠭᠠᠯᠠᠳᠠᠭ᠃ ᠬᠤᠷᠤᠰᠤᠨ ᠵᠠᠨᠤᠬᠤ ᠦᠶ᠎ᠡ ᠳᠤ ᠡᠮᠡᠭ᠍ᠳᠡᠢ᠌ᠴᠦᠦᠯ ᠦᠷᠭᠡᠰᠤ ᠳᠦᠭᠦᠷᠡᠩ ᠰᠠᠷᠭᠠᠢ ᠴᠡᠴᠡᠭ᠌ ᠪᠠᠢ᠌ᠵᠤ᠂ ᠭᠡᠳᠥᠢᠪᠠᠷ ᠬᠠᠷᠠᠭ᠎ᠠ ᠪᠣᠯᠢᠶᠠᠮ᠎ᠠ ᠰᠤᠷᠭᠤᠭᠬᠠᠨ ᠪᠣᠯᠪᠠᠴᠤ ᠬᠠᠯᠳᠠᠭᠰᠠᠨ ᠪᠣᠯᠭᠠᠨ ᠢ ᠬᠠᠳᠬᠤᠵᠤ᠂ ᠡᠷᠡᠭ᠍ᠳᠡᠢ᠌ᠴᠦᠦᠯ ᠤᠨ ᠵᠢᠷᠦᠭᠡ ᠶᠢ ᠨᠢ ᠴᠢᠴᠢᠨ᠂ ᠰᠡᠳᠭᠢᠯ ᠢ ᠨᠢ ᠰᠢᠨᠠᠯᠭᠠᠵᠤ ᠡᠷᠡᠭ᠍ᠳᠡᠢ᠌ᠴᠦᠦᠯ ᠳᠤ ᠰᠠᠷᠠᠮᠵᠢ ᠥᠭ᠍ᠳᠡᠭ᠌᠄ ᠦᠷᠭᠡᠰᠦᠳᠤ ᠰᠠᠷᠭᠠᠢ ᠴᠡᠴᠡᠭ᠌ ᠲᠡᠶ ᠥᠶᠡᠷᠭᠡᠨ ᠬᠠᠯᠳᠠᠵᠤ ᠠᠭᠤᠷᠯᠠᠭᠤᠯᠵᠤ ᠪᠣᠯᠬᠤ ᠦᠭᠡᠶ᠂ ᠡᠰᠡ ᠳᠡᠭᠡᠪᠠᠯ ᠴᠢᠨᠤ ᠭᠠᠰᠢᠭᠤᠨ ᠵᠥᠳᠡᠭᠦᠷᠢ ᠣᠳᠤ ᠡᠴᠡ ᠡᠭᠢᠯᠡᠵᠤ᠂ ᠵᠤᠯ ᠵᠢᠷᠭᠠᠯ ᠴᠢᠨᠢ ᠰᠡᠪᠳᠦᠳᠦᠭ᠌ ᠶᠤᠮ ᠡ ︕

ᠡᠷᠡᠭ᠍ᠳᠡᠢ᠌ᠴᠦᠦᠯ ᠭᠢᠭᠡᠳ ᠡᠮᠡᠭ᠍ᠳᠡᠢ᠌ᠴᠦᠦᠯ ᠬᠤᠪᠢ ᠳᠠᠪᠢᠯᠠᠩ ᠤᠨ ᠳᠤᠭᠢᠷᠠᠭᠤᠯᠤᠯᠭ᠎ᠠ ᠪᠠᠷ ᠬᠠᠮᠳᠤ ᠥᠶᠡᠷᠭᠡᠨ ᠢᠨᠠᠭᠰᠢᠵᠤ᠂ ᠦᠷ᠎ᠡ ᠦᠨᠳᠦᠰᠦ ᠵᠠᠯᠭᠠᠨ᠂ ᠭᠦᠯᠵᠢᠵᠤ ᠲᠦᠯᠵᠢᠭᠦ ᠭᠦᠮᠤᠨ ᠤ ᠬᠤᠷᠸ᠎ᠠ ᠶᠢᠨ ᠵᠢᠮ᠎ᠠ ᠪᠠᠷ ᠵᠢᠷᠭᠠᠬᠤ ᠳᠠᠭᠠᠨ ᠬᠠᠮᠳᠤ ᠪᠠᠶᠠᠰᠴᠤ᠂ ᠢᠭ᠍ᠳᠦᠯᠭᠦ ᠳᠡᠭᠡᠨ ᠬᠠᠮᠳᠤ ᠣᠶᠠᠰᠴᠤ᠂ ᠵᠤᠪᠠᠬᠤ ᠳᠠᠭᠠᠨ ᠬᠠᠮᠳᠤ ᠳᠠᠰᠪᠣᠷᠢᠵᠢᠨ ᠭᠦᠴᠤ ᠬᠠᠮᠳᠤᠷᠠᠨ ᠭᠦᠮᠤᠨ ᠪᠣᠯᠤᠭᠰᠠᠨ ᠤ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠵᠤ ᠶᠠᠪᠣᠳᠠᠭ ᠶᠤᠮ ᠡ ︕

ᠡᠷᠡᠭ᠍ᠳᠡᠢ᠌ᠴᠦᠦᠯ ᠪᠣᠯ ᠠᠭᠤᠯᠠ᠂ ᠡᠮᠡᠭ᠍ᠳᠡᠢ᠌ᠴᠦᠦᠯ ᠪᠣᠯ ᠣᠰᠤ᠃ ᠠᠭᠤᠯᠠ ᠣᠰᠤᠨ ᠬᠠᠷᠢᠯᠴᠠᠨ ᠲᠦᠰᠢᠯᠴᠠᠨ ᠣᠷᠤᠰᠢᠯᠴᠠᠵᠤ᠂ ᠣᠷᠴᠢᠯᠠᠩ ᠬᠤᠷᠸ᠎ᠠ ᠶᠢᠨ ᠭᠤᠶᠤ ᠰᠠᠢ᠌ᠬᠠᠨ ᠠᠮᠢ ᠠᠮᠢᠵᠢᠷᠠᠯ ᠤᠨ ᠳᠤᠰᠤᠨ ᠪᠣᠳᠤᠭ ᠪᠣᠯᠵᠤ ᠳᠡᠯᠭᠡᠭ᠍ᠳᠡᠨ᠎ᠡ᠃ ᠡᠷᠡᠭ᠍ᠳᠡᠢ᠌ᠴᠦᠦᠯ ᠡᠮᠡᠭ᠍ᠳᠡᠢ᠌ᠴᠦᠦᠯ ᠬᠤᠪᠢ ᠵᠠᠶᠠᠭ᠎ᠠ ᠪᠠᠨ ᠬᠠᠮᠳᠤᠳᠬᠠᠨ᠂ ᠰᠡᠳᠭᠢᠯ ᠰᠡᠳᠭᠢᠯ ᠶᠢᠡᠷ ᠶᠢᠡᠨ ᠬᠤᠯᠪᠣᠯᠳᠤᠨ ᠳᠤᠭᠤᠰᠤᠳᠤ ᠬᠤᠷᠸ᠎ᠠ ᠳᠤ ᠭᠤᠨᠢᠵᠤ ᠪᠠᠶᠠᠷᠯᠠᠨ᠂ ᠣᠷᠠᠨ ᠬᠠᠵᠢᠨ ᠤ ᠪᠠᠶᠠᠰᠴᠤ ᠵᠢᠷᠭᠠᠬᠤ ᠶᠢᠨ ᠤᠶᠠᠩ‍ᠭ᠎ᠠ ᠨᠤᠲ᠋ ᠢ ᠬᠠᠮᠳᠤ ᠪᠠᠷ ᠴᠢᠪᠬᠠᠳᠠᠨ᠎ᠠ ᠳ᠋ᠠ ︕

2011᠂ 12᠂ 22


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠲ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 13693
ᠴᠠᠭ᠄ 2012 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ