ᠮᠤᠩᠭ᠋ᠤᠯᠴᠤᠳ ᠤᠨ ᠣᠯᠠᠮᠵᠢᠯᠠᠯᠳᠤ ᠢᠳᠡᠭᠡᠨ ᠣᠮᠳᠠᠭᠠᠨ ᠤ ᠵᠤᠭᠢᠴᠠᠭᠤᠯᠤᠯ
ᠭᠤᠷᠢ ᠶᠢᠨ ᠪᠣᠵᠠᠷᠳᠤᠯ ᠤᠨ ᠰᠡᠷᠭᠡᠢ᠌ᠯᠡᠯ

ᠮᠤᠩᠭ᠋ᠤᠯᠴᠤᠳ ᠢᠳᠡᠭᠡᠨ ᠣᠮᠳᠠᠭᠠᠨ ᠡᠳ᠋ᠯᠡᠭᠦ ᠳᠤ ᠪᠠᠨ 《ᠪᠣᠵᠠᠷ ᠢᠳᠡᠭᠡᠨ》 ᠢᠳᠡᠭᠦ ᠡᠴᠡ ᠮᠠᠰᠢ ᠭᠢᠴᠢᠶᠡᠳᠡᠭ᠌᠃ ᠡᠪᠠᠳᠴᠢᠨ ᠳᠠᠬᠤ ᠳᠤ ᠨᠡᠷᠪᠠᠭ᠍ᠳᠡᠭᠦ ᠶᠡᠭᠡᠩᠭᠢ ᠰᠢᠯᠳᠠᠭᠠᠨ ᠨᠢ ᠪᠣᠵᠠᠷ ᠢᠳᠡᠭᠡᠨ ᠢᠳᠡᠭ᠍ᠰᠡᠨ ᠡᠴᠡ ᠪᠣᠯᠤᠨ᠎ᠠ ᠭᠡᠵᠤ ᠥᠵᠡᠳᠡᠭ᠌᠃ ᠮᠤᠩᠭ᠋ᠤᠯᠴᠤᠳ ᠤᠨ ᠭᠡᠯᠡᠳᠡᠭ᠌ ᠡᠪᠠᠳᠴᠢᠨ ᠡᠭᠦᠰᠭᠡᠳᠡᠭ᠌ 《ᠪᠣᠵᠠᠷ ᠢᠳᠡᠭᠡᠨ》 ᠳᠤ ᠨᠢᠳᠤᠨ ᠳᠤ ᠥᠵᠡᠭ᠍ᠳᠡᠭᠦ ᠪᠣᠵᠠᠷ ᠢᠳᠡᠭᠡᠨ ᠪᠠ ᠨᠢᠳᠤᠨ ᠳᠤ ᠦᠯᠦ ᠥᠵᠡᠭ᠍ᠳᠡᠭᠦ ᠪᠣᠵᠠᠷ ᠢᠳᠡᠭᠡᠨ ᠭᠡᠵᠤ ᠬᠤᠶᠠᠷ ᠵᠣᠢ᠌ᠯ ᠪᠠᠭᠳᠠᠨ᠎ᠠ᠃ ᠳᠤᠬᠠᠢ᠌ᠯᠠᠪᠠᠯ᠂ ᠭᠦᠮᠤᠨ ᠠᠮᠢᠳᠠᠨ ᠤ ᠪᠠᠶ᠎ᠠ ᠶᠢᠨ ᠭᠦᠳᠡᠯᠦᠯ ᠪᠠ ᠰᠠᠳᠭᠢᠯ ᠤᠨ ᠭᠦᠳᠡᠯᠭᠡᠭᠡᠨ ᠡᠴᠡ ᠳᠤᠰ ᠪᠦᠷᠢ ᠪᠣᠵᠠᠷᠳᠤᠨ᠎ᠠ ᠭᠡᠳᠡᠭ᠌᠃

ᠮᠤᠩᠭ᠋ᠤᠯ ᠣᠷᠤᠨ ᠳᠤ ᠣᠴᠢᠭᠰᠠᠨ ᠬᠠᠷᠢ ᠶᠢᠨ ᠵᠢᠭᠤᠯᠴᠢᠳ 《ᠮᠤᠩᠭ᠋ᠤᠯᠴᠤᠳ ᠶᠠᠷᠤ ᠨᠢ ᠳᠠᠨᠢᠬᠤ᠂ ᠡᠰᠡ ᠳᠠᠨᠢᠬᠤ ᠭᠦᠮᠤᠨ ᠳᠤ ᠬᠤᠭᠤᠯᠠ ᠣᠮᠳᠠᠭᠠᠨ ᠶᠢᠡᠨ ᠬᠠᠷᠠᠮ ᠦᠭᠡᠶ ᠥᠭ᠍ᠳᠡᠭ᠌》 ᠲᠤ ᠨᠢ ᠶᠡᠭᠡ ᠭᠠᠢ᠌ᠬᠠᠳᠠᠭ ᠶᠤᠮ᠃ ᠪᠣᠰᠤᠳ ᠭᠦᠮᠤᠨ ᠲᠡᠶ ᠬᠤᠭᠤᠯᠠ ᠣᠮᠳᠠᠭᠠᠨ ᠶᠢᠡᠨ ᠬᠤᠪᠢᠶᠠᠯᠴᠠᠨ ᠡᠳ᠋ᠯᠡᠭᠦ ᠶᠤᠰᠤᠨ ᠪᠣᠯ ᠮᠤᠩᠭ᠋ᠤᠯ ᠰᠤᠶᠤᠯ ᠤᠨ ᠨᠢᠭᠡᠨ ᠣᠠᠴᠠᠯᠢᠭ ᠪᠣᠯᠤᠨ᠎ᠠ᠃ ᠡᠨᠡ ᠪᠣᠯ ᠪᠠᠰᠠ ᠴᠤ ᠮᠤᠩᠭ᠋ᠤᠯᠴᠤᠳ ᠤᠨ ᠪᠠᠶ᠎ᠠ ᠶᠢᠨ ᠡᠷᠡᠭᠦᠯ ᠡᠩᠭᠡ ᠪᠠᠨ ᠬᠠᠮᠠᠭᠠᠯᠠᠬᠤ ᠣᠯᠠᠮᠵᠢᠯᠠᠯᠳᠤ ᠶᠤᠰᠤᠨ ᠤ ᠨᠢᠭᠡ ᠳᠤ ᠳᠤᠭᠠᠴᠠᠭᠳᠠᠨ᠎ᠠ᠃

ᠮᠤᠩᠭ᠋ᠤᠯ ᠠᠷᠠᠤᠨ ᠤᠨ ᠡᠷᠳᠡᠨ ᠤ ᠰᠤᠷᠭᠠᠯ ᠥᠭᠡᠨ ᠳᠤ᠄ 《ᠪᠣᠰᠤᠳ ᠭᠦᠮᠤᠨ ᠡᠴᠡ ᠬᠤᠭᠤᠯᠠ ᠪᠠᠨ ᠪᠣᠤ ᠬᠠᠷᠠᠮᠨᠠ᠂ ᠦᠪᠡᠷ ᠤᠨ ᠪᠠᠶ᠎ᠠ ᠡᠴᠡ ᠪᠠᠨ ᠬᠤᠪᠴᠠᠰᠤ ᠪᠠᠨ ᠪᠣᠤ ᠬᠠᠷᠠᠮᠨᠠ》 ᠭᠡᠵᠤ ᠪᠠᠢ᠌ᠳᠠᠭ᠂ ᠣᠴᠢᠷ ᠨᠢ ᠮᠤᠩᠭ᠋ᠤᠯᠴᠤᠳ ᠬᠠᠷᠠᠮᠨᠠᠭᠰᠠᠨ ᠬᠤᠭᠤᠯᠠ ᠪᠣᠳᠠᠭ᠎ᠠ 《ᠪᠣᠵᠠᠷᠳᠤᠨ᠎ᠠ》᠂ 《ᠪᠣᠵᠠᠷᠳᠤᠭᠰᠠᠨ ᠬᠤᠭᠤᠯᠠ》 ᠢᠳᠡᠭ᠍ᠰᠡᠨ ᠭᠦᠮᠤᠨ ᠳᠤ ᠡᠪᠠᠳᠴᠢᠨ ᠳᠤᠰᠤᠨ᠎ᠠ ᠭᠡᠳᠡᠭ᠌᠃ ᠰᠠᠳᠭᠢᠯ ᠤᠨ ᠪᠣᠵᠠᠷᠳᠤᠯ ᠰᠢᠩᠭᠡᠭ᠍ᠰᠡᠨ ᠬᠤᠭᠤᠯᠠ ᠪᠣᠳᠠᠭ᠎ᠠ ᠴᠤ ᠊ᠭ᠍‍ᠬᠢᠷ ᠳᠤᠭᠤᠰᠤ ᠰᠢᠩᠭᠡᠭ᠍ᠰᠡᠨ ᠬᠤᠭᠤᠯᠠ ᠪᠣᠳᠠᠭ᠎ᠠ ᠲᠡᠶ ᠠᠳᠠᠯᠢᠬᠠᠨ 《ᠪᠣᠵᠠᠷ ᠢᠳᠡᠭᠡᠨ》 ᠮᠦᠨ ᠭᠡᠵᠤ ᠥᠵᠡᠳᠡᠭ᠌᠃ ᠵᠠᠷᠢᠮ ᠦᠶ᠎ᠡ ᠳᠤ ᠰᠠᠳᠭᠢᠯ ᠤᠨ ᠪᠣᠵᠠᠷᠳᠤᠯ ᠰᠢᠩᠭᠡᠭ᠍ᠰᠡᠨ ᠬᠤᠭᠤᠯᠠ ᠨᠢ ᠡᠩ ᠤᠨ ᠊ᠭ᠍‍ᠬᠢᠷ ᠳᠤᠭᠤᠰᠤᠨ ᠳᠤ ᠪᠣᠯᠠᠭᠳᠠᠭᠰᠠᠨ ᠬᠤᠭᠤᠯᠠ ᠡᠴᠡ ᠨᠠᠩ ᠪᠣᠵᠠᠷ᠂ ᠨᠠᠩ ᠬᠤᠤᠷ ᠲᠡᠶ ᠪᠠᠢ᠌ᠳᠠᠭ ᠭᠡᠳᠡᠭ᠌᠃ ᠡᠢ᠌ᠮᠤ ᠡᠴᠡ ᠪᠣᠰᠤᠳ ᠡᠴᠡ ᠬᠤᠭᠤᠯᠠ ᠪᠠᠨ ᠬᠠᠷᠠᠮᠨᠠᠬᠤ ᠨᠢ ᠬᠤᠭᠤᠯᠠ ᠪᠠᠨ ᠪᠣᠵᠠᠷᠳᠤᠭᠤᠯᠵᠤ ᠪᠠᠢ᠌ᠭ᠎ᠠ ᠶᠠᠪᠣᠳᠠᠯ ᠳᠤᠯᠠ ᠬᠤᠭᠤᠯᠠ ᠶᠢ ᠪᠦᠷᠢᠯᠭᠡᠵᠤ ᠰᠥᠢᠳᠭᠡᠭᠦ ᠪᠠᠷ ᠪᠠᠷᠠᠬᠤ ᠦᠭᠡᠶ ᠪᠠᠶ᠎ᠠ ᠳᠤ ᠪᠠᠨ ᠴᠤ ᠡᠪᠠᠳᠴᠢᠨ ᠳᠠᠷᠢᠬᠤ ᠳᠤ ᠭᠦᠷᠳᠡᠭ᠌ ᠶᠤᠮ ᠭᠡᠳᠡᠭ᠌᠃

ᠬᠤᠭᠤᠯᠠ ᠪᠣᠳᠠᠭᠠᠨ ᠤ ᠰᠠᠳᠭᠢᠯ ᠤᠨ ᠪᠣᠵᠠᠷᠳᠤᠯ ᠨᠢ ᠬᠠᠷᠠᠮ ᠰᠠᠳᠭᠢᠯ ᠪᠠ ᠭᠤᠷᠢ ᠰᠠᠳᠭᠢᠯ ᠡᠴᠡ ᠢᠷᠡᠳᠡᠭ᠌᠃ ᠬᠠᠷᠠᠮ ᠰᠠᠳᠭᠢᠯ ᠪᠠ ᠭᠤᠷᠢ ᠰᠠᠳᠭᠢᠯ ᠴᠦᠮ ᠬᠤᠭᠤᠯᠠ ᠪᠣᠳᠠᠭ᠎ᠠ ᠶᠢ ᠪᠣᠵᠠᠷᠳᠤᠭᠤᠯᠤᠨ᠎ᠠ᠃ ᠪᠣᠰᠤᠳ ᠲᠤ ᠬᠤᠭᠤᠯᠠ ᠣᠮᠳᠠᠭᠠᠨ ᠪᠠᠷᠢᠬᠤ ᠨᠢ ᠬᠤᠭᠤᠯᠠ ᠣᠮᠳᠠᠭᠠᠨ ᠤ ᠠᠷᠢᠭᠤᠨ ᠴᠠᠪᠠᠷ ᠢ ᠬᠠᠮᠠᠭᠠᠯᠠᠵᠤ ᠪᠠᠢ᠌ᠭ᠎ᠠ ᠶᠢᠨ ᠨᠢᠭᠡ ᠢᠯᠠᠷᠠᠯ ᠪᠦᠭᠡᠤᠨ ᠦᠪᠡᠷ ᠤᠨ ᠬᠠᠷᠠᠮ ᠰᠠᠳᠭᠢᠯ ᠤᠨ ᠪᠣᠵᠠᠷᠳᠤᠯ ᠪᠠ ᠪᠣᠰᠤᠳ ᠤᠨ ᠭᠤᠷᠢ ᠰᠠᠳᠭᠢᠯ ᠤᠨ ᠪᠣᠵᠠᠷᠳᠤᠯ ᠡᠴᠡ ᠰᠡᠷᠭᠡᠢ᠌ᠯᠡᠵᠤ ᠪᠠᠢ᠌ᠭ᠎ᠠ ᠶᠢᠨ ᠨᠢᠭᠡ ᠵᠣᠢ᠌ᠯ ᠳᠤ ᠳᠤᠭᠠᠴᠠᠭᠳᠠᠨ᠎ᠠ᠃

ᠮᠤᠩᠭ᠋ᠤᠯᠴᠤᠳ 《ᠬᠠᠷᠠᠮᠨᠠᠭᠰᠠᠨ ᠢ ᠨᠢ ᠬᠠᠷ᠎ᠠ ᠨᠤᠬᠠᠢ ᠢᠳᠠᠨ᠎ᠠ》 ᠭᠡᠵᠤ ᠭᠡᠯᠡᠳᠡᠭ᠌᠃ ᠣᠴᠢᠷ ᠨᠢ ᠬᠠᠷᠠᠮᠨᠠᠭᠰᠠᠨ ᠢᠳᠡᠭᠡᠨ ᠪᠣᠵᠠᠷᠳᠤᠬᠤ ᠪᠣᠯᠬᠤᠷ ᠦᠪᠡᠷ ᠶᠢᠡᠨ ᠡᠳ᠋ᠯᠡᠭ᠍ᠰᠡᠨ ᠴᠤ᠂ ᠥᠷᠦᠭᠡᠯ ᠪᠣᠰᠤᠳ ᠢᠳᠡᠭ᠍ᠰᠡᠨ ᠴᠤ ᠴᠦᠮ ᠬᠤᠭᠤᠯᠠ ᠪᠢᠰᠢ ᠬᠤᠤᠷ ᠪᠣᠯᠵᠤ᠂ ᠬᠤᠳᠤᠭᠤᠳᠤ ᠭᠡᠳᠡᠰᠤ ᠶᠢ ᠭᠡᠮᠳᠦᠭᠡᠳᠡᠭ᠌᠃

ᠪᠣᠰᠤᠳ ᠭᠦᠮᠤᠨ ᠢ ᠳᠤᠷᠠᠯᠠᠭᠤᠯᠵᠤ ᠭᠤᠷᠢᠳᠠᠭᠤᠯᠤᠭᠰᠠᠨ ᠬᠤᠭᠤᠯᠠ ᠣᠮᠰᠠᠭᠠᠨ ᠴᠤ ᠡᠭᠡᠭᠡ ᠠᠳᠠᠯᠢᠬᠠᠨ ᠪᠣᠵᠠᠷᠳᠤᠨ᠎ᠠ᠃ ᠡᠢ᠌ᠮᠤ ᠡᠴᠡ ᠬᠤᠭᠤᠯᠠ ᠪᠣᠳᠠᠭᠠᠨ ᠳᠡᠭᠡᠷ᠎ᠡ ᠳᠠᠭᠠᠷᠠᠭᠰᠠᠨ ᠭᠦᠮᠤᠨ ᠳᠤ ᠶᠠᠷᠤ ᠨᠢ ᠬᠤᠭᠤᠯᠠ ᠣᠮᠳᠠᠭᠠᠨ ᠡᠴᠡ ᠪᠠᠨ ᠪᠠᠷᠢᠵᠤ ᠠᠮᠰᠠᠭᠤᠯᠤᠨ 《ᠭᠤᠷᠢ ᠶᠢ ᠨᠢ ᠳᠠᠷᠤᠵᠤ》 ᠪᠣᠵᠠᠷ ᠡᠴᠡ ᠰᠡᠷᠭᠡᠢ᠌ᠯᠡᠳᠡᠭ᠌᠃ ᠢᠯᠠᠩᠭ᠋ᠤᠶ᠎ᠠ ᠭᠡᠦᠭᠡᠳ ᠪᠠᠭᠠᠴᠤᠳ ᠲᠤ ᠮᠤᠩᠭ᠋ᠤᠯᠴᠤᠳ ᠵᠠᠪᠠᠯ ᠢᠳᠡᠭᠡᠨ ᠬᠤᠭᠤᠯᠠ ᠡᠴᠡ ᠢᠳᠡᠭᠦᠯᠵᠤ᠂ ᠰᠢᠭᠢᠷ ᠵᠢᠮᠢᠰ ᠥᠭ᠍ᠳᠡᠭ᠌᠃ ᠣᠴᠢᠷ ᠨᠢ ᠶᠡᠭᠡ ᠭᠦᠮᠤᠨ ᠡᠩ ᠤᠨ ᠪᠠᠢ᠌ᠳᠠᠯ ᠳᠤ ᠢᠳᠡᠭᠡᠨ ᠣᠮᠳᠠᠭᠠᠨ ᠳᠤ ᠳᠡᠭᠡᠵᠤ ᠶᠡᠭᠡ ᠪᠠᠷ ᠭᠤᠷᠢᠳᠠᠬᠤ ᠪᠠᠷ ᠦᠭᠡᠶ ᠶᠤᠮ᠂ ᠬᠠᠷᠢᠨ ᠭᠡᠦᠭᠡᠳ ᠪᠠᠭᠠᠴᠤᠳ ᠴᠠᠳᠬᠤᠯᠠᠩ ᠪᠠᠢ᠌ᠯ᠎ᠠ ᠴᠤ ᠭᠡᠰᠡᠨ ᠶᠠᠮᠠᠷ ᠨᠢᠭᠡᠨ ᠵᠣᠢ᠌ᠯ ᠤᠨ ᠰᠤᠨᠢᠨ ᠰᠠᠢ᠌ᠬᠠᠨ ᠢᠳᠡᠭᠡᠨ ᠣᠮᠳᠠᠭᠠᠨ ᠤ ᠦᠨᠦᠷ᠂ ᠠᠮᠳᠠ᠂ ᠥᠩᠭᠡ ᠪᠠᠢ᠌ᠳᠠᠯ ᠳᠤ ᠮᠠᠰᠢ ᠶᠡᠭᠡ ᠳᠤᠷᠠᠯᠠᠨ ᠭᠤᠷᠢᠳᠠᠳᠠᠭ᠃ ᠳᠠᠢ᠌ᠮᠤ ᠮᠥᠷᠳᠡᠭᠡᠨ ᠭᠡᠦᠭᠡᠳ ᠤᠨ ᠭᠤᠷᠢ ᠰᠠᠳᠭᠢᠯ ᠮᠠᠰᠢ ᠦᠨᠡᠠᠴᠢ᠂ ᠰᠢᠯᠤᠭᠤᠨ ᠴᠠᠭᠠᠨ ᠪᠣᠯᠬᠤᠷ ᠮᠠᠰᠢ ᠶᠡᠭᠡ ᠭᠦᠴᠤ ᠲᠡᠶ ᠶᠤᠮ᠃ ᠡᠢ᠌ᠮᠤ ᠡᠴᠡ ᠮᠤᠩᠭ᠋ᠤᠯᠴᠤᠳ ᠶᠠᠷᠤ ᠳᠤ ᠪᠠᠨ 《ᠬᠡᠦᠬᠡᠳ ᠤᠨ ᠨᠢᠳᠤ ᠳᠤᠰᠪᠠᠯ ᠮᠠᠭᠤ ᠢᠷᠸ᠎ᠠ》᠂ 《ᠬᠡᠦᠬᠡᠳ ᠤᠨ ᠨᠢᠳᠤ ᠪᠣᠷᠬᠠᠨ ᠲᠡᠶ》 ᠭᠡᠵᠤ ᠭᠡᠯᠡᠳᠡᠭ᠌᠃ ᠭᠡᠵᠢᠶ᠎ᠡ᠂ ᠬᠠᠮᠢᠭ᠎ᠠ᠂ ᠶᠠᠮᠠᠷ ᠪᠠᠢ᠌ᠳᠠᠯ ᠳᠤ ᠴᠤ ᠳᠠᠨᠢᠬᠤ᠂ ᠡᠰᠡ ᠳᠠᠨᠢᠬᠤ ᠭᠡᠦᠭᠡᠳ ᠲᠤ ᠢᠳᠡᠭᠡᠨ ᠣᠮᠳᠠᠭᠠᠨ ᠤ ᠵᠣᠢ᠌ᠯ ᠶᠢᠡᠨ ᠥᠴᠦᠭᠡᠨ ᠴᠤ ᠬᠠᠷᠠᠮ ᠦᠭᠡᠶ ᠪᠠᠷ ᠥᠭ᠍ᠳᠡᠭ᠌ ᠶᠤᠰᠤ ᠲᠡᠶ᠃ ᠳᠤᠷᠠᠯᠠᠭᠰᠠᠨ᠂ ᠭᠤᠷᠢᠳᠠᠭᠰᠠᠨ ᠢᠳᠡᠭᠡᠨ ᠶᠢᠡᠨ ᠢᠳᠡᠭᠦ ᠦᠶ᠎ᠡ ᠳᠤ ᠭᠡᠦᠭᠡᠳ ᠦᠨᠡᠨ ᠰᠠᠳᠭᠢᠯ ᠡᠴᠡ ᠪᠠᠨ ᠪᠠᠶᠠᠷᠯᠠᠳᠠᠭ᠃ ᠪᠠᠶᠠᠷᠯᠠᠵᠤ ᠡᠳ᠋ᠯᠡᠭ᠍ᠰᠡᠨ ᠢᠳᠡᠭᠡᠨ ᠣᠮᠳᠠᠭᠠᠨ ᠭᠦᠮᠤᠨ ᠤ ᠪᠠᠶ᠎ᠠ ᠳᠤ ᠰᠢᠮ᠎ᠠ ᠰᠠᠢ᠌ᠳᠠᠢ᠂ ᠰᠢᠩᠭᠡᠭᠦᠷᠢ ᠰᠠᠢ᠌ᠳᠠᠢ ᠪᠠᠢ᠌ᠳᠠᠭ᠃ ᠪᠠᠶᠠᠷᠯᠠᠬᠤ ᠰᠡᠳᠭᠢᠯ ᠤᠨ ᠭᠦᠴᠤᠨ ᠳᠤ ᠪᠠᠭ᠎ᠠ ᠰᠠᠭ᠎ᠠ ᠊ᠭ᠍‍ᠬᠢᠷ ᠳᠤᠭᠤᠰᠤ᠂ ᠪᠣᠭᠢᠷ ᠪᠣᠵᠠᠷ ᠴᠤ ᠠᠷᠢᠯᠤᠨ ᠵᠠᠢ᠌ᠯᠠᠨ᠎ᠠ ᠭᠡᠳᠡᠭ᠌᠃ ᠪᠣᠰᠤᠳ ᠤᠨ ᠬᠠᠷᠠᠮᠨᠠᠭᠰᠠᠨ ᠢᠳᠡᠭᠡᠨ᠂ ᠪᠣᠰᠤᠳ ᠤᠨ ᠭᠤᠷᠢᠳᠠᠭᠰᠠᠨ ᠢᠳᠡᠭᠡᠨ ᠢ ᠡᠳ᠋ᠯᠡᠭᠦ ᠭᠦᠮᠤᠨ ᠳᠤ ᠳᠠᠪᠠᠳᠠᠢ ᠰᠠᠢ᠌ᠬᠠᠨ ᠪᠠᠶᠠᠷ ᠤᠨ ᠰᠡᠳᠭᠢᠯ ᠳᠦᠷᠦᠭ᠍ᠳᠡᠭᠦ ᠦᠭᠡᠶ᠂ ᠬᠠᠷᠢᠨ ᠶᠠᠷᠤ ᠨᠢ ᠡᠪ ᠦᠭᠡᠶ᠂ ᠳᠠᠭᠠᠯᠠᠮᠵᠢ ᠮᠠᠭᠤᠳᠠᠢ ᠪᠠᠢ᠌ᠳᠠᠯ ᠢᠯᠡᠷᠡᠳᠡᠭ᠌᠃ ᠢᠩᠭᠢᠵᠤ ᠢᠳᠡᠭ᠍ᠰᠡᠨ ᠬᠤᠭᠤᠯᠠ ᠰᠢᠩᠭᠡᠭᠦᠷᠢ ᠮᠠᠭᠤᠳᠠᠢ᠂ ᠰᠢᠮ᠎ᠠ ᠮᠠᠭᠤᠳᠠᠢ ᠪᠠᠷ ᠪᠠᠷᠠᠬᠤ ᠦᠭᠡᠶ ᠬᠠᠯᠳᠤᠰᠭᠢᠪᠠᠯ ᠡᠯᠳᠡᠪ ᠡᠪᠠᠳᠴᠢᠨ ᠡᠭᠦᠰᠭᠡᠭᠦ ᠳᠤ ᠭᠦᠷᠦᠨ᠎ᠡ᠃ ᠡᠢ᠌ᠮᠤ ᠪᠣᠯᠬᠤᠷ ᠮᠤᠩᠭ᠋ᠤᠯᠴᠤᠳ 《ᠭᠤᠷᠢ ᠰᠢᠩᠭᠡᠭ᠍ᠰᠡᠨ ᠢᠳᠡᠭᠡᠨ》᠂ 《ᠬᠠᠷᠠᠮᠨᠠᠭᠰᠠᠨ ᠢᠳᠡᠭᠡᠨ》 ᠢᠳᠡᠭᠦ ᠡᠴᠡ ᠮᠠᠰᠢ ᠭᠢᠴᠢᠶᠡᠳᠡᠭ᠌ ᠵᠠᠩᠰᠢᠯ ᠲᠡᠶ ᠶᠤᠮ᠃

ᠪᠣᠰᠤᠳ ᠭᠦᠮᠤᠨ ᠡᠴᠡ ᠢᠳᠡᠭᠡᠨ ᠶᠢᠡᠨ ᠬᠠᠷᠠᠮᠨᠠᠪᠠᠯ ᠬᠠᠷᠠᠮ ᠰᠡᠳᠭᠢᠯ ᠤᠨ ᠊ᠭ᠍‍ᠬᠢᠷ ᠶᠢᠡᠷ ᠢᠳᠡᠭᠡᠨ ᠶᠢᠡᠨ ᠦᠪᠡᠷ ᠲᠤ ᠪᠠᠨ ᠪᠣᠵᠠᠷᠯᠠᠬᠤ ᠳᠤᠯᠠ ᠦᠪᠡᠷ ᠶᠢᠡᠨ ᠢᠳᠡᠭ᠍ᠰᠡᠨ ᠴᠤ 《ᠬᠤᠤᠷ》 ᠲᠡᠶ ᠪᠠᠢ᠌ᠳᠠᠭ᠃ ᠪᠣᠰᠤᠳ ᠢ ᠳᠤᠷᠠᠯᠠᠭᠤᠯᠤᠭᠰᠠᠨ ᠢᠳᠡᠭᠡᠨ ᠳᠤ ᠭᠦᠮᠤᠨ ᠤ ᠭᠤᠷᠢ ᠰᠢᠩᠭᠡᠵᠤ ᠪᠣᠵᠠᠷ ᠪᠣᠯᠳᠠᠭ᠃ ᠭᠤᠷᠢ ᠰᠢᠩᠭᠡᠭ᠍ᠰᠡᠨ ᠪᠣᠵᠠᠷ ᠢᠳᠡᠭᠡᠨ ᠢ ᠭᠡᠨ ᠢᠳᠡᠭ᠍ᠰᠡᠨ ᠴᠤ ᠬᠤᠤᠷ ᠲᠡᠶ ᠪᠣᠯᠳᠠᠭ ᠭᠡᠵᠦ ᠮᠤᠩᠭ᠋ᠤᠯᠴᠦᠳ ᠭᠡᠯᠡᠳᠡᠭ᠌᠃ ᠮᠤᠩᠭ᠋ᠤᠯᠴᠤᠳ 《ᠪᠣᠯᠤᠭᠰᠠᠨ ᠬᠤᠭᠤᠯᠠ ᠡᠴᠡ ᠪᠣᠤ ᠵᠠᠢ᠌ᠯᠠ᠂ ᠪᠣᠯᠤᠰᠢ ᠦᠭᠡᠶ ᠥᠭᠡᠨ ᠳᠤ ᠪᠣᠤ ᠣᠷᠤ》 ᠭᠡᠵᠤ ᠭᠡᠯᠡᠳᠡᠭ᠌ ᠨᠢ ᠴᠤ ᠡᠨᠡ ᠭᠦ ᠵᠠᠩᠰᠢᠯ ᠲᠡᠶ ᠰᠢᠭᠤᠳ ᠬᠤᠯᠪᠣᠭ᠎ᠠ ᠲᠡᠶ ᠶᠤᠮ᠃ ᠭᠡᠷᠪᠡ ᠨᠢᠭᠡᠨᠲᠡ ᠪᠠᠯᠡᠭᠡᠨ ᠪᠣᠯᠤᠭᠰᠠᠨ ᠬᠤᠭᠤᠯᠠ ᠣᠮᠳᠠᠭᠠᠨ ᠳᠤ ᠣᠭᠳᠤ ᠠᠮᠠ ᠭᠦᠷᠦᠯ ᠦᠭᠡᠶ ᠶᠠᠪᠣᠪᠠᠯ ᠪᠣᠰᠤᠳ ᠲᠤ ᠶᠠᠮᠠᠷ ᠨᠢᠭᠡᠨ ᠭᠡᠮᠵᠢᠶ᠎ᠡ ᠪᠠᠷ 《ᠭᠤᠷᠢ ᠰᠢᠩᠭᠡᠭ᠍ᠰᠡᠨ ᠬᠤᠭᠤᠯᠠ》 ᠢᠳᠡᠭᠦᠯᠵᠤ ᠮᠠᠳᠠᠨ᠎ᠠ᠃ ᠪᠣᠰᠤᠳ ᠤᠨ ᠠᠷᠢᠭᠤᠨ ᠰᠠᠢ᠌ᠬᠠᠨ ᠢᠳᠡᠭᠡᠨ ᠳᠤ ᠶᠠᠮᠠᠷ ᠨᠢᠭᠡ ᠭᠡᠮᠵᠢᠶ᠎ᠡ ᠪᠠᠷ ᠰᠡᠳᠭᠢᠯ ᠤᠨ ᠊ᠭ᠍‍ᠬᠢᠷ ᠭᠦᠷᠭᠡᠵᠤ ᠪᠣᠵᠠᠷᠳᠤᠭᠤᠯᠵᠤ ᠮᠡᠳᠡᠭᠦ ᠶᠤᠮ᠃ ᠣᠷᠤᠭᠤᠯ ᠠᠮᠠ ᠭᠦᠷᠪᠠᠯ ᠣᠬᠠᠭᠠᠨ ᠮᠠᠳᠠᠷᠠᠯ ᠳᠤ ᠰᠠᠭᠤᠭᠳᠠᠵᠤ᠂ ᠭᠤᠷᠢ ᠳᠠᠷᠤᠭᠳᠠᠵᠤ᠂ ᠪᠣᠵᠠᠷ ᠠᠷᠢᠯᠬᠤ ᠪᠣᠯᠤᠨ᠎ᠠ᠃ ᠡᠢ᠌ᠮᠤ ᠪᠣᠯᠬᠤᠷ ᠮᠤᠩᠭ᠋ᠤᠯᠴᠤᠳ ᠭᠡᠵᠢᠶ᠎ᠡ᠂ ᠬᠠᠮᠢᠭ᠎ᠠ ᠪᠣᠯᠤᠭᠰᠠᠨ ᠴᠤ ᠪᠣᠰᠤᠳ ᠤᠨ ᠪᠠᠷᠢᠭᠰᠠᠨ ᠴᠠᠢ᠂ ᠬᠤᠭᠤᠯᠠ᠂ ᠠᠷᠢᠭᠢ ᠶᠢ ᠳᠤᠰᠤᠨ ᠠᠪᠴᠤ ᠠᠮᠰᠠᠬᠤ ᠶᠤᠰᠤ ᠲᠡᠶ᠃ ᠡᠨᠡ ᠳᠡᠭᠡᠨ ᠭᠡᠳᠥᠢ᠌ᠪᠠᠷ ᠣᠷᠤᠭᠤᠯ ᠤᠨ ᠊ᠭ᠍‍ᠬᠢᠷ ᠭᠦᠷᠭᠡᠵᠤ ᠮᠡᠳᠡᠭᠦ ᠪᠣᠯᠪᠠᠴᠤ ᠰᠡᠳᠭᠢᠯ ᠤᠨ ᠊ᠭ᠍‍ᠬᠢᠷ ᠶᠢᠡᠨ ᠠᠷᠢᠭᠤᠤᠠᠬᠠᠨ ᠴᠠᠪᠠᠷᠯᠠᠵᠤ ᠪᠠᠢ᠌ᠭ᠎ᠠ ᠣᠴᠢᠷ ᠶᠤᠮ᠃

ᠢᠳᠡᠭᠡᠨ ᠣᠮᠰᠠᠭᠠᠨ ᠤ ᠳᠤᠳᠤᠷ᠎ᠠ ᠬᠠᠮᠤᠭ ᠡᠴᠡ ᠭᠤᠷᠢ ᠰᠢᠩᠭᠡᠭᠦ ᠳᠤᠷᠠᠳᠠᠢ ᠢᠳᠡᠭᠡᠨ ᠪᠣᠯ ᠣᠯᠠᠭᠠᠨ ᠢᠳᠡᠭᠡᠨ ᠭᠡᠳᠡᠭ᠌᠃ ᠣᠯᠠᠭᠠᠨ ᠢᠳᠡᠭᠡᠨ ᠪᠣᠯ ᠠᠯᠢ ᠡᠴᠡ ᠴᠤ ᠭᠢᠯᠪᠠᠷᠬᠠᠨ ᠪᠣᠵᠠᠷᠳᠤᠳᠠᠭ ᠢᠳᠡᠭᠡᠨ ᠭᠡᠳᠡᠭ᠌᠃ ᠡᠢ᠌ᠮᠤ ᠡᠴᠡ ᠮᠤᠩᠭ᠋ᠤᠯᠴᠤᠳ 《ᠣᠯᠠᠭᠠᠨ ᠢᠳᠡᠭᠡᠨ ᠣᠯᠳᠠᠨ᠎ᠠ᠂ ᠣᠯᠠᠢ᠌ᠬᠤ ᠨᠢᠭᠤᠷ ᠣᠯᠳᠠᠬᠤ ᠦᠭᠡᠶ》 ᠭᠡᠵᠤ ᠭᠡᠯᠡᠳᠡᠭ᠌᠃ ᠣᠯᠠᠭᠠᠨ ᠢᠳᠡᠭᠡᠨ ᠭᠦᠮᠦᠰ ᠲᠤ ᠨᠠᠩ ᠭᠢᠯᠪᠠᠷᠬᠠᠨ ᠬᠠᠷᠠᠮ ᠰᠡᠳᠭᠢᠯ᠂ ᠭᠤᠷᠢ ᠰᠡᠳᠭᠢᠯ ᠡᠭᠦᠰᠭᠡᠵᠤ ᠭᠦᠮᠤᠨ ᠢ ᠳᠠᠭᠠᠯᠠᠮᠵᠢ ᠮᠠᠭᠤᠳᠠᠢ ᠪᠠᠢ᠌ᠳᠠᠯ ᠳᠤ ᠣᠷᠤᠭᠤᠯᠤᠨ᠂ ᠴᠢᠷᠠᠢ ᠨᠢᠭᠤᠷ ᠲᠤ 《ᠣᠯᠠᠭᠠᠨ ᠥᠩᠭᠡ》 ᠡᠭᠦᠰᠭᠡᠳᠡᠭ᠌᠃ ᠣᠯᠠᠭᠠᠨ ᠢᠳᠡᠭᠡᠨ ᠪᠠ ᠭᠦᠮᠤᠨ ᠤ ᠰᠡᠳᠭᠢᠯ ᠢ ᠬᠠᠷᠢᠴᠠᠭᠤᠯᠤᠨ ᠥᠵᠡᠭᠦ ᠳᠤ ᠰᠡᠳᠭᠢᠯ ᠤᠨ ᠬᠤᠪᠢ ᠶᠢᠨ ᠵᠢᠩ ᠬᠠᠷᠢᠴᠠᠯᠠᠰᠢ ᠦᠭᠡᠶ ᠭᠦᠡᠳᠤ ᠶᠤᠮ᠃ ᠭᠡᠰᠡᠭ᠌ ᠣᠯᠠᠭᠠᠨ ᠢᠳᠡᠭᠡᠨ ᠢ ᠭᠡᠨ ᠭᠦᠮᠤᠨ ᠭᠡᠤᠨ ᠭᠡᠵᠢᠶ᠎ᠡ᠂ ᠬᠠᠮᠢᠭ᠎ᠠ ᠡᠴᠡ ᠴᠤ ᠣᠯᠵᠤ ᠪᠣᠯᠤᠨ᠎ᠠ᠃ ᠬᠠᠷᠢᠨ ᠨᠢᠭᠤᠷ ᠴᠢᠷᠠᠢ ᠳᠤ 《ᠣᠯᠠᠭᠠᠨ》 ᠪᠠᠭᠤᠯᠭᠠᠭᠰᠠᠨ ᠰᠡᠳᠭᠢᠯ ᠤᠨ ᠊ᠭ᠍‍ᠬᠢᠷ ᠢ ᠣᠭᠢᠶᠠᠨ ᠴᠡᠪᠠᠷᠯᠡᠭᠦᠶ᠎ᠡ ᠶᠡᠭᠡ ᠪᠠᠷᠭᠡ ᠲᠡᠶ ᠶᠤᠮ᠃

ᠮᠤᠩᠭ᠋ᠤᠯᠴᠤᠳ ᠠᠯᠢ ᠡᠷᠳᠡᠨ ᠡᠴᠡ ᠪᠠᠨ ᠠᠪᠣᠭᠠᠤᠨ ᠠᠩ ᠤᠨ ᠭᠠᠠᠵᠤᠭ᠎ᠠ ᠪᠠᠨ᠂ ᠰᠢᠨ᠎ᠠ ᠱᠦᠯᠦ ᠪᠠᠨ ᠬᠤᠪᠢᠶᠠᠯᠴᠠᠬᠤ ᠵᠠᠩᠰᠢᠯ ᠲᠡᠶ ᠪᠦᠭᠡᠤᠨ ᠣᠳᠤ ᠴᠤ ᠭᠡᠰᠡᠨ ᠡᠨᠡ ᠭᠦ ᠶᠤᠰᠤ ᠵᠠᠩᠰᠢᠯ ᠶᠢᠡᠨ ᠪᠠᠷᠢᠮᠳᠠᠯᠠᠭᠰᠠᠭᠠᠷ ᠪᠠᠢ᠌ᠨ᠎ᠠ᠃ ᠠᠩ ᠳᠤ ᠭᠠᠷᠤᠭᠠᠤᠨ ᠣᠯᠵᠠ ᠲᠡᠶ ᠢᠷᠠᠪᠠᠯ ᠵᠡᠷᠭᠡᠯᠡᠳᠡᠭᠡ ᠠᠢ᠌ᠯ ᠤᠨ ᠭᠢᠨ ᠳᠤ ᠪᠠᠨ ᠡᠷᠦᠭᠡ ᠳᠠᠷᠠᠭᠠᠯᠠᠨ 《ᠠᠩ ᠤᠨ ᠬᠤᠪᠢ》 ᠭᠦᠷᠭᠡᠨ᠎ᠡ᠃ ᠱᠤᠷᠤ ᠮᠤᠳᠤᠨ ᠳᠤ ᠬᠠᠳᠬᠤᠵᠤ ᠰᠢᠷᠠᠵᠤ ᠢᠳᠡᠭᠦ ᠳᠡᠳᠥᠢᠭᠡᠨ ᠴᠤ ᠭᠡᠰᠡᠨ ᠵᠠᠪᠠᠯ 《ᠱᠤᠷᠤᠯᠭ᠎ᠠ》 ᠶᠢᠨ ᠬᠤᠪᠢ ᠭᠦᠷᠭᠡᠭᠦ ᠶᠤᠰᠤ ᠲᠡᠶ᠃᠂ ᠠᠩ ᠤᠨ ᠣᠯᠵᠠ ᠳᠤ ᠨᠢᠳᠤ ᠪᠠᠨ ᠪᠠᠯᠴᠢᠭᠡᠭ᠍ᠰᠡᠨ ᠭᠦᠮᠤᠨ ᠪᠦᠭᠦᠨ ᠠᠮᠠ ᠭᠦᠷᠭᠦ ᠶᠤᠰᠤ ᠲᠡᠶ᠃ ᠳᠠᠷᠠᠴᠢᠯᠠᠨ ᠮᠠᠯᠴᠢᠳ ᠬᠤᠨᠢ ᠮᠠᠯ ᠭᠠᠷᠭᠠᠵᠤ ᠰᠢᠨ᠎ᠠ ᠱᠦᠯᠦ ᠪᠡᠯᠡᠳᠭᠡᠭᠦ ᠪᠦᠷᠢ ᠬᠠᠪᠢ ᠣᠢ᠌ᠷ᠎ᠠ ᠶᠢᠨ ᠠᠢ᠌ᠯ ᠪᠦᠭᠦᠨ ᠳᠤ ᠪᠠᠨ 《ᠬᠤᠪᠢ ᠭᠦᠷᠭᠡᠭᠦ》 ᠶᠤᠰᠤ ᠲᠡᠶ᠃ ᠰᠢᠨ᠎ᠠ ᠱᠦᠯᠦ ᠭᠠᠷᠭᠠᠬᠤ ᠶᠢ ᠬᠠᠷᠠᠭᠰᠠᠨ᠂ ᠰᠤᠨᠤᠰᠤᠭᠰᠠᠨ ᠭᠦᠮᠤᠨ ᠪᠦᠭᠦᠨ ᠳᠤ ᠣᠯᠠᠭᠠᠨ ᠢᠳᠡᠭᠡᠨ ᠠᠮᠰᠠᠭᠤᠯᠤᠨ 《ᠭᠡᠢ ᠳᠠᠷᠤᠬᠤ》 ᠶᠤᠰᠤ ᠲᠡᠶ᠃ ᠡᠨᠡ ᠭᠦ ᠶᠤᠰᠤ ᠵᠠᠩᠰᠢᠯ ᠣᠳᠤ ᠴᠤ ᠭᠡᠰᠡᠨ ᠮᠠᠯᠵᠢᠬᠤ ᠣᠷᠤᠨ ᠳᠤ ᠮᠠᠰᠢ ᠵᠥᠩᠳᠡᠭᠡᠨ ᠬᠠᠷᠠᠭᠳᠠᠨ᠎ᠠ᠃ ᠵᠥᠪᠭᠡᠨ ᠣᠯᠠᠭᠠᠨ ᠢᠳᠡᠭᠡᠨ ᠳᠠᠳᠤᠢ ᠪᠢᠰᠢ᠂ ᠭᠡᠨ ᠭᠦᠮᠤᠨ ᠭᠡᠷᠪᠡ ᠠᠯᠤᠰ ᠬᠤᠳᠠ ᠳᠤ ᠶᠠᠪᠣᠭᠠᠤᠨ ᠬᠠᠷᠢᠵᠤ ᠢᠷᠠᠪᠠᠯ ᠣᠢ᠌ᠷ᠎ᠠ ᠬᠠᠪᠢ ᠶᠢᠨ ᠠᠢ᠌ᠯ ᠤᠨ ᠬᠡᠦᠬᠡᠳ ᠪᠦᠷᠢ ᠳᠤ ᠪᠣᠤᠪᠣ ᠰᠢᠭᠢᠷ ᠤᠨ 《ᠬᠤᠪᠢ》 ᠭᠦᠷᠳᠡᠭᠡᠭᠦ ᠶᠤᠰᠤ ᠲᠡᠶ᠃

ᠢᠷᠡᠯᠲᠡ᠄ 《ᠮᠤᠩᠭ᠋ᠤᠯᠴᠤᠳ ᠤᠨ ᠡᠷᠡᠭᠦᠯ ᠠᠮᠢᠳᠤᠷᠠᠬᠤᠢ ᠣᠯᠠᠮᠵᠢᠯᠠᠯᠳᠤ ᠰᠤᠶᠤᠯ》 ᠨᠤᠮ ᠡᠴᠡ
ᠬᠠᠷᠢᠶ᠎ᠠ᠄ ᠵᠠᠩ ᠤᠢ᠌ᠯᠠ
ᠳᠠᠷᠤᠮ᠄ 6997
ᠴᠠᠭ᠄ 2008 ᠤᠨ ᠤ 10 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ