ᠤᠷᠮ᠎ᠠ

ᠣᠯᠠᠢ᠌ᠰᠴᠤ ᠨᠢᠵᠢᠭᠢᠨᠠᠳᠠᠯ᠎ᠠ ᠠᠯᠠᠭ᠎ᠠ ᠳᠠᠰᠢᠵᠤ

ᠣᠷᠮ᠎ᠠ ᠬᠠᠢ᠌ᠷᠠᠯᠠᠨ᠎ᠠ

ᠣᠳᠤᠷᠢᠳᠤᠯᠭ᠎ᠠ ᠶᠢᠨ ᠶᠠᠷᠢᠶ᠎ᠠ

ᠢᠳᠠ ᠣᠷᠤᠳᠠᠭ ᠴᠤ ᠶᠤᠮ ᠦᠦ


ᠣᠤᠬᠠᠢ᠌ᠯᠠᠨ ᠬᠠᠰᠭᠢᠷᠴᠤ ᠪᠠᠰᠠ ᠴᠡᠴᠡᠭ᠌ ᠭᠦᠷᠭᠡᠵᠤ

ᠣᠷᠮ᠎ᠠ ᠬᠠᠢ᠌ᠷᠠᠯᠠᠨ᠎ᠠ

ᠣᠷᠠᠯᠢᠭᠴᠢᠳ ᠤᠨ ᠠᠪᠢᠶᠠᠰ

ᠰᠢᠳᠢ ᠣᠷᠤᠰᠢᠳᠠᠭ ᠴᠤ ᠪᠣᠯ ᠦᠦ


ᠣᠭᠳᠤᠵᠤ ᠣᠴᠢᠭᠠᠤᠨ ᠶᠤᠰᠤᠯᠠᠬᠤ ᠡᠰᠡᠭᠦᠯ᠎ᠡ

ᠭᠠᠷ ᠢ ᠨᠢ ᠬᠠᠯᠠᠰᠳᠠᠯ᠎ᠠ ᠠᠳᠬᠤᠵᠤ

ᠣᠷᠮ᠎ᠠ ᠬᠠᠢ᠌ᠷᠠᠯᠠᠨ᠎ᠠ

ᠡᠷᠭᠢᠮ ᠤᠳ ᠨᠢ

ᠡᠷᠭᠢᠨ ᠡᠷᠭᠢᠨ ᠰᠠᠭᠠᠳᠠᠳᠠᠭ ᠴᠤ ᠪᠣᠯᠪᠠᠤ


ᠣᠤᠭᠤᠳᠠᠭ ᠰᠠᠷᠬᠤᠤᠨ ᠳᠠᠭᠤᠯᠠᠳᠠᠭ ᠳᠠᠭᠤᠤ ᠪᠠᠨ

ᠬᠠᠳᠠᠭ ᠲᠡᠶ ᠪᠠᠨ ᠡᠷᠭᠦᠵᠤ

ᠣᠷᠮ᠎ᠠ ᠬᠠᠢ᠌ᠷᠠᠯᠠᠨ᠎ᠠ

ᠲ᠋ᠡᠭ᠍ᠷᠢ ᠶᠢᠨ ᠭᠡᠰᠢᠭ᠌

ᠭᠠᠷ ᠶᠢᠡᠷ ᠨᠢ ᠳᠠᠮᠵᠢᠵᠤ ᠪᠠᠭᠤᠳᠠᠭ ᠴᠤ ᠪᠣᠯᠪᠠᠤ


ᠪᠣᠯᠠᠭ ᠣᠷᠭᠢᠯᠠᠬᠤ ᠮᠠᠳᠤ

ᠭᠦᠯᠦᠭ᠌ ᠳᠤᠪᠳᠤᠯᠭᠠᠬᠤ ᠴᠤ ᠰᠢᠭ

ᠣᠷᠮ᠎ᠠ ᠬᠠᠢ᠌ᠷᠠᠯᠠᠨ᠎ᠠ

ᠮᠠᠨ ᠤ ᠰᠡᠳᠭᠢᠯ

ᠬᠠᠢ᠌ᠷᠠᠯᠠᠵᠤ ᠬᠠᠩᠬᠤ ᠦᠭᠡᠶ ᠴᠤ ᠶᠤᠮ ᠦᠦ


ᠬᠠᠯᠭᠢᠯᠠᠨ ᠴᠠᠯᠭᠢᠯᠠᠳᠠᠯ᠎ᠠ ᠬᠠᠢ᠌ᠷᠠᠯᠠᠳᠠᠭ

ᠬᠠᠴᠠᠷ ᠭᠤᠸ᠎ᠠ ᠣᠷᠮ᠎ᠠ ᠴᠢᠨᠢ

ᠬᠠᠷᠢᠯᠠᠭᠰᠠᠨ ᠶᠤᠮ ᠰᠢᠭ ᠰᠠᠯᠵᠤ ᠣᠳᠤᠨ᠎ᠠ

ᠬᠠᠷᠢᠵᠤ ᠢᠷᠡᠳᠡᠭ᠌ ᠴᠤ ᠪᠣᠯ ᠦᠦ ︖

ᠬᠠᠷᠢᠨ ᠴᠤ ᠦᠭᠡᠶ ᠪᠣᠯᠪᠠ ᠦᠦ ︖


ᠵᠤᠬᠢᠶᠠᠭᠴᠢ ᠶᠢᠨ ᠬᠠ‍‌ᠶᠢᠭ ᠄ ᠣᠪᠣᠷ ᠮᠤᠩᠭ᠋ᠤᠯ᠂   ᠠᠷᠤ ᠬᠤᠷᠴᠢᠨ

ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12017
ᠴᠠᠭ᠄ 2012 ᠤᠨ ᠤ 02 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ