ᠠᠮᠠᠷᠠᠭ ᠤᠨ ᠮᠢᠨᠤ ᠨᠢᠳᠤ

ᠥᠭᠡ ᠭᠡᠯᠡᠵᠤ ᠴᠢᠳᠠᠬᠤ ᠭᠡᠮᠡᠷᠭᠡᠨ ᠬᠤᠩᠭ᠋ᠤᠷᠬᠠᠨ

ᠥᠰᠦᠭ᠌ ᠢᠯᠡᠳᠭᠡᠵᠤ ᠳᠡᠢ᠌ᠯᠭᠦ ᠭᠡᠮᠡᠷᠭᠡᠨ ᠭᠣᠢ᠌ᠪᠠᠷᠬᠠᠨ  

ᠣᠰᠬᠠᠯ ᠶᠢᠡᠷ ᠳᠤᠷᠮᠤᠯᠵᠠᠭᠰᠠᠨ ᠮᠢᠨᠤ ᠠᠮᠠᠷᠠᠭ ᠤᠨ ᠨᠢᠳᠤ

ᠣᠶᠠᠬᠠᠨ ᠬᠠᠢ᠌ᠷ᠎ᠠ ᠪᠠᠷ ᠶᠢᠡᠨ ᠨᠠᠮ᠎ᠠ ᠪᠠᠨ ᠳᠤᠯᠠᠭᠠᠯᠳᠠᠭ ᠡ ︕


ᠪᠦᠯᠢᠶᠡᠨ ᠬᠠᠷᠠᠴᠠ ᠲᠡᠶ ᠴᠢᠨᠤ ᠬᠠᠢ᠌ᠷ᠎ᠠ ᠳᠤ

ᠪᠦᠮᠪᠦᠷᠴᠡᠭ᠌ ᠭᠦᠷᠳᠡᠯ᠎ᠡ ᠪᠦᠯᠢᠶᠡᠰᠤᠨ ᠬᠠᠢ᠌ᠯᠠᠭᠠᠤᠨ

ᠪᠦᠰᠡᠭᠦᠢ ᠴᠢᠨᠢ ᠪᠣᠯᠤᠭᠰᠠᠨ ᠮᠢᠨᠤ ᠵᠠᠶᠠᠭ᠎ᠠ

ᠪᠦᠭᠦ ᠳᠡᠯᠡᠭᠡᠢ ᠳᠤ ᠬᠠᠮᠤᠭ ᠵᠢᠷᠭᠠᠯᠳᠠᠢ ᠭᠡᠵᠤ ᠬᠠᠰᠭᠢᠷᠬᠤ ᠶᠤᠮᠰᠠᠨ


ᠠᠮᠢᠳᠤᠷᠠᠯ ᠤᠨ ᠡᠷᠢᠶᠡᠨ ᠵᠠᠢ ᠳᠤ

ᠣᠢ᠌ᠯᠭᠠᠯᠳᠠ ᠶᠢᠨ ᠳᠡᠯᠡᠭᠡᠢ ᠪᠣᠯᠤᠭᠰᠠᠨ ᠴᠢᠨᠤ ᠨᠢᠳᠤ

ᠥᠭᠦᠭᠡᠷᠳᠤᠨ ᠰᠠᠨᠠᠭᠰᠠᠨ ᠬᠠᠷᠠᠴᠠ ᠪᠠᠷ

ᠡᠩᠭᠦᠷᠡᠢ᠌ᠯᠡᠨ ᠨᠠᠮ᠎ᠠ ᠪᠠᠨ ᠬᠠᠷᠠᠬᠤ ᠳᠤ

ᠬᠠᠷᠴᠠᠨ ᠳᠤ ᠴᠢᠨᠢ ᠬᠠᠢ᠌ᠯ ᠪᠣᠯᠤᠨ ᠭᠤᠷᠴᠢᠭᠢᠨᠠᠨ᠎ᠠ

ᠴᠡᠴᠡᠭ᠌ ᠪᠣᠯᠤᠨ ᠮᠦᠰᠢᠶᠠᠨ᠎ᠠ

ᠨᠠᠷᠠ ᠪᠣᠯᠤᠨ ᠳᠤᠯᠠᠢ᠌ᠨ᠎ᠠ

ᠨᠠᠷᠠᠰᠤ ᠪᠣᠯᠤᠨ ᠨᠤᠭᠤᠭᠠᠷᠠᠨ᠎ᠠ

ᠬᠠᠢ᠌ᠷ᠎ᠠ ᠪᠣᠯᠤᠨ ᠬᠠᠪᠳᠠᠭᠠᠢ᠌ᠷᠠᠨ᠎ᠠ

ᠬᠠᠨᠢ ᠪᠣᠯᠤᠨ ᠲᠦᠰᠢᠯᠴᠠᠨ᠎ᠠ


ᠥᠵᠡᠰᠭᠦᠯᠡᠭ᠌ ᠭᠤᠶᠤᠬᠠᠨ ᠠᠮᠠᠷᠠᠭ ᠤᠨ ᠶᠢᠡᠨ ᠨᠢᠳᠤ ᠶᠢ ᠪᠢ

ᠦᠷᠯᠦᠭᠡ ᠪᠦᠷᠢ ᠰᠢᠷᠳᠡᠭᠦ ᠪᠣᠯᠤᠭᠠᠰᠠᠢ

ᠦᠳᠡᠰᠢ ᠪᠦᠷᠢ ᠳᠠᠭᠠᠯᠠᠬᠤ ᠪᠣᠯᠤᠭᠠᠰᠠᠢ

ᠣᠶᠠᠩᠭ᠋᠎ᠠ ᠰᠢᠯᠦᠭ᠌ ᠲᠤ ᠪᠠᠨ ᠠᠭᠤᠰᠬᠠᠬᠤ ᠪᠣᠯᠤᠭᠠᠰᠠᠢ

ᠦᠨᠦᠰᠴᠤ ᠪᠠᠢ᠌ᠭᠠᠤᠨ ᠥᠳᠡᠯᠭᠦ ᠪᠣᠯᠤᠭᠠᠰᠠᠢ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠭᠦᠡᠳᠡᠯᠡᠨ ᠠᠵᠢᠯᠯᠠᠬᠤ ᠭᠠᠵᠠᠷ

ᠵᠤᠬᠢᠶᠠᠭᠴᠢ᠄ ᠯᠢ ᠬᠤᠧᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2580
ᠴᠠᠭ᠄ 2011 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ