ᠤᠠᠳᠠᠩᠬᠠᠢ ᠠᠩᠴᠢᠨ

ᠣᠠᠳᠠᠩᠬᠠᠢ  ᠠᠩᠴᠢᠨ


ᠣᠷᠭ᠎ᠠ ᠪᠠᠨ ᠰᠠᠭᠢᠭᠠᠤᠨ ᠣᠠᠳᠠᠳᠠᠭ ᠪᠠᠢ᠌ᠵᠠᠢ

ᠣᠠᠳᠠᠵᠤ ᠰᠡᠷᠡᠭᠡᠳ ᠠᠭᠤᠷᠯᠠᠳᠠᠭ ᠪᠠᠢ᠌ᠵᠠᠢ

ᠣᠨᠠᠬᠤ ᠨᠠᠷᠠ ᠣᠷᠬᠠᠨ ᠳᠤ ᠨᠢ ᠣᠷᠤᠭᠠᠤᠨ ᠳᠡᠯᠴᠢᠯᠡᠳᠡᠭ᠌ ᠪᠠᠢ᠌ᠵᠠᠢ

ᠠᠭᠤᠯᠠᠨ ᠪᠦᠷᠦᠢ ᠳᠡᠷᠡᠭᠡᠨ ᠵᠠᠭᠤᠷ᠎ᠠ ᠴᠢᠰᠤᠨ ᠥᠩᠭᠡ ᠪᠠᠷ ᠪᠢᠯᠳᠠᠭᠳᠠᠳᠠᠭ ᠪᠠᠢ᠌ᠵᠠᠢ


ᠪᠣᠷᠤᠭᠠᠯᠠᠬᠤ ᠡᠴᠡ ᠡᠮᠤᠨ᠎ᠡ ᠪᠦᠰᠡᠭᠦᠢ ᠭᠦᠮᠤᠨ ᠶᠠᠭᠠᠷᠠᠳᠠᠭ


ᠡᠭᠦᠯᠡᠰ ᠤᠨ ᠳᠤᠯᠤᠭᠠᠢ ᠦᠨᠳᠠᠢ᠌ᠨ

ᠴᠢᠭᠢᠭ᠌ ᠤᠨ ᠦᠨᠦᠷ ᠦᠣᠡᠭᠡᠷᠡᠨ᠎ᠡ

ᠠᠯᠤᠰ ᠲᠤ ᠠᠶᠤᠩᠭ᠎ᠠ ᠴᠠᠭᠢᠯᠤᠨ᠎ᠠ

ᠬᠤᠳᠠᠴᠢ ᠨᠤᠬᠠᠤᠨ ᠪᠣᠷᠭᠤᠨ᠎ᠠ

ᠬᠠᠷᠢᠶᠠᠴᠠᠢ ᠳᠤᠤᠭᠤᠷ ᠨᠢᠰᠤᠨ

ᠬᠠᠪᠣᠷ ᠤᠨ ᠪᠣᠷᠤᠭ᠎ᠠ ᠢᠷᠡᠭᠦ ᠶᠢ ᠮᠡᠳᠡᠭᠡᠯᠡᠨ᠎ᠡ

ᠬᠠᠢ᠌ᠷᠠᠳᠠᠢ ᠪᠦᠰᠡᠭᠦᠢ ᠬᠤᠢ ᠰᠢᠭ ᠡᠷᠭᠢᠯᠳᠦᠵᠤ ᠶᠠᠭᠠᠷᠠᠨ᠎ᠠ

ᠣᠰᠤᠩᠨᠠᠵᠤ ᠪᠠᠢ᠌ᠭᠰᠠᠨ ᠣᠰᠤᠨ ᠭᠠᠩ ᠶᠢᠡᠨ ᠭᠡᠳᠤᠨ ᠳᠠᠮᠨᠠᠭᠤᠷ ᠵᠢᠠᠷ  ᠪᠢᠯᠬᠠᠭᠤᠯᠤᠨ᠎ᠠ

ᠳᠡᠯᠭᠡᠵᠤ ᠬᠠᠳᠠᠭᠠᠭᠰᠠᠨ ᠬᠤᠷᠤᠳ ᠳᠡᠭᠡᠪᠦᠷ ᠳᠡᠭᠡᠷ᠎ᠡ ᠡᠯᠭᠦᠭ᠍ᠳᠡᠨ᠎ᠡ

ᠳᠠᠯᠠᠩᠨᠠᠭᠰᠠᠨ ᠠᠷᠭᠠᠯ ᠶᠢᠡᠨ ᠬᠤᠷᠮᠣᠢ᠌ᠯᠠᠵᠤ ᠣᠷᠤᠭᠤᠯᠤᠨ᠎ᠠ

ᠬᠠᠶᠠ ᠨᠤᠷᠪᠠᠯ ᠳᠠᠭᠠᠳᠠᠢ ᠰᠢᠤ ᠬᠤᠩᠭ᠋ᠤᠷ ᠮᠢᠨᠢ ᠭᠡᠵᠤ ᠲᠦᠳᠦᠨᠡᠨ

ᠬᠠᠭᠤᠷᠢ ᠬᠤᠪᠴᠠᠰᠤ ᠪᠠᠨ ᠪᠡᠯᠡᠳᠭᠡᠵᠤ ᠦᠭ‍ᠭᠦᠨ᠎ᠡ

ᠬᠤᠳᠬᠤᠭᠰᠠᠨ ᠦᠷᠤᠮ᠎ᠠ ᠬᠤᠶᠠᠷ ᠯᠠᠩ ᠠᠷᠢᠭᠢ ᠭᠡᠳ

ᠬᠤᠷᠭᠤ ᠠᠪᠳᠠᠷ᠎ᠠ ᠳᠦᠷᠴᠢᠭᠢᠨᠡᠭᠦᠯᠵᠤ ᠭᠠᠷᠤᠨ᠎ᠠ

ᠣᠳᠠᠯ ᠦᠭᠡᠶ ᠬᠤᠨᠢᠨ ᠤ ᠭᠦᠮᠤᠨ ᠨᠢ

ᠣᠶᠠᠭᠠᠨ ᠳᠡᠭᠡᠷ᠎ᠡ ᠣᠷᠳᠤ ᠶᠢᠨ ᠳᠠᠭᠤᠤ ᠲᠡᠶ ᠪᠠᠭᠤᠬᠤ ᠳ᠋ᠤ

ᠣᠶᠠᠬᠠᠨ ᠪᠦᠰᠡᠭᠦᠢ ᠣᠯᠠᠭᠠᠨ ᠰᠠᠷᠠᠯᠠᠩ ᠰᠢᠭ ᠮᠦᠰᠢᠶᠠᠨ ᠣᠭᠳᠤᠨ᠎ᠠ


ᠵᠤᠬᠢᠶᠠᠭᠴᠢ ᠶᠢᠨ ᠬᠠ‍‌ᠶᠢᠭ ᠄ ᠳᠤᠮᠳᠠᠳᠤ ᠬᠤᠰᠢᠭᠤᠨ ᠤ ᠣᠤᠠᠬ᠎ᠠ ᠣᠷᠠᠯᠢᠭ ᠤᠨ ᠬᠤᠯᠪᠣᠭ᠎ᠠ

ᠵᠤᠬᠢᠶᠠᠭᠴᠢ᠄ ᠢ᠊·ᠴᠡᠩᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11934
ᠴᠠᠭ᠄ 2011 ᠤᠨ ᠤ 07 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ