ᠤᠬᠠᠭᠠᠷᠠᠯ
ᠵᠢᠷᠠᠨ ᠭᠡᠳᠦᠳᠡᠢ ᠨᠢᠭᠡᠨ ᠮᠠᠯᠴᠢᠨ ᠤ ᠶᠠᠷᠢᠶ᠎ᠠ ᠡᠴᠠ


ᠭᠤᠪᠢ ᠶᠢᠨ ᠪᠠᠯᠠᠷ

ᠭᠤᠷᠪᠠᠨ ᠳᠤᠯᠤᠭᠠᠢ ᠶᠢᠨ ᠰᠢᠯᠢ ᠪᠠᠨ

ᠣᠳᠤᠭ᠎ᠠ  ᠪᠠᠭᠠᠭᠢᠭᠤᠯᠳᠠᠭ ᠪᠠᠭ᠎ᠠ ᠳᠡᠷᠭᠡ

ᠣᠭᠳᠠᠢ ᠠᠰᠠᠷ ᠤᠨ ᠨᠢᠭᠡᠨ ᠦᠷᠦᠭᠡ ᠪᠠᠷ ᠰᠤᠯᠢᠵᠤ

ᠠᠷᠪᠠᠭᠠᠤᠨ ᠵᠢᠯ ᠥᠩᠭᠡᠷᠡᠯ᠎ᠡ᠃

ᠡᠪᠦᠷ ᠲᠤ ᠳᠡᠮᠳᠡᠷᠡᠭ᠍ᠳᠡᠭᠦ ᠨᠥᠭᠡᠴᠡ ᠮᠥᠩᠭᠦ

ᠣᠰᠤ ᠴᠡᠭᠢᠯᠭᠡᠨ ᠭᠡᠢ᠂ ᠲ᠋ᠦᠯᠡᠭᠡᠯᠠᠭ᠎ᠠ

ᠡᠮ ᠳᠡᠩ᠂  ᠵᠡᠭᠦᠤ ᠶᠡᠭᠦᠯᠡᠯᠭᠡ

ᠦᠷᠯᠦᠭᠡ ᠦᠳᠡᠰᠢ ᠶᠢᠨ ᠴᠠᠢ ᠬᠤᠭᠤᠯᠠ ᠭᠡᠳ

ᠡᠷᠭᠢ ᠳᠠᠯᠠᠩ ᠰᠢᠭ᠌ ᠡᠮᠳᠡᠷᠡᠵᠤ ᠳᠠᠭᠤᠰᠤᠯ᠎ᠠ᠃

ᠡᠴᠠᠵᠤ ᠳᠤᠷᠠᠭᠰᠠᠨ ᠭᠦᠭ᠍ᠰᠢᠨ ᠪᠠᠶ᠎ᠠ

ᠡᠵᠡᠭᠦᠢ ᠬᠤᠭᠤᠰᠤᠨ ᠠᠰᠠᠷ ᠤᠨ ᠮᠤᠬᠤᠷ ᠳᠤ

ᠡᠷᠭᠢᠨᠡᠭ᠌ ᠶᠢᠡᠨ ᠲᠦᠰᠢᠵᠤ ᠥᠨᠦᠴᠢᠷᠡᠭᠦ ᠳ᠋ᠤ

ᠡᠳᠦᠷ ᠤᠨ ᠪᠣᠳᠤᠯ

ᠰᠦᠨᠢ ᠶᠢᠨ ᠵᠡᠭᠦᠳᠤᠨ ᠳ᠋ᠡᠭᠡᠨ

ᠣᠩᠭ᠋ᠤᠨ ᠣᠷᠣᠢ᠌ᠤᠨ

ᠪᠣᠭᠤᠷᠤᠯ ᠳᠤᠯᠤᠭᠠᠢ᠌ᠳ

ᠣᠳᠤᠷ ᠤᠨ ᠵᠤᠰᠠᠯᠠᠩ

ᠥᠭᠡᠷ ᠤᠨ ᠡᠪᠦᠯᠵᠢᠶ᠎ᠡ ᠪᠠᠨ ᠰᠠᠨᠠᠨ ᠰᠠᠨᠠᠨ ᠳᠤᠷᠠᠰᠤᠯ᠎ᠠ᠃

ᠠᠮᠢᠳᠤ ᠰᠡᠷᠡᠭᠦᠨ ᠪᠠᠢ᠌ᠬᠤ ᠳ᠋ᠠᠭᠠᠨ

ᠠᠪᠣ ᠳᠡᠭᠡᠳᠤ ᠶᠢᠨ ᠨᠤᠳᠤᠭ ᠲᠤ ᠶᠠᠰᠤ ᠪᠠᠨ ᠲ᠋ᠠᠯᠪᠢᠬᠤ ᠶᠢ ᠪᠣᠳᠤᠯ᠎ᠠ᠂

ᠠᠬ᠎ᠠ ᠳᠡᠭᠦᠤ ᠡᠴᠠ ᠪᠠᠨ ᠵᠤᠭᠤᠰ ᠵᠢᠭᠡᠯᠡᠨ

ᠠᠯᠠᠭᠠᠨ ᠴᠢᠨᠡᠭᠡᠨ ᠭᠠᠵᠠᠷ ᠢ ᠴᠤ ᠡᠷᠭᠢᠭᠦᠯᠤᠨ ᠠᠪᠬᠤ ᠪᠠᠷ

ᠠᠢ᠌ᠮᠠᠭ ᠰᠠᠬᠠᠭᠠᠯᠳᠠ ᠪᠠᠷ ᠶᠢᠡᠨ ᠡᠪᠰᠡᠭᠦᠯᠭᠦ ᠳ᠋ᠤ

ᠬᠤᠳᠠ ᠶᠢᠨ ᠵᠤᠰᠠᠯᠠᠩ ᠡᠴᠠ ᠴᠤ ᠦᠨᠡᠳᠠᠢ ᠭᠡᠭᠦ ᠶᠢ ᠰᠤᠨᠤᠰᠤᠭᠠᠤᠨ

ᠬᠤᠷᠤᠮᠬᠠᠨ ᠵᠠᠭᠤᠷ᠎ᠠ ᠨᠢᠳᠤ ᠬᠠᠷᠠᠩᠭ᠋ᠣᠢ᠌ᠯᠠᠭᠠᠤᠨ ᠠᠮᠢᠰᠬᠤᠭ᠎ᠠ ᠪᠠᠷᠢᠭᠳᠠᠯ᠎ᠠ᠃

ᠵᠤᠭᠤᠰ ᠢ ᠵᠠᠷᠤᠭᠠᠤᠨ ᠪᠠᠷᠠᠳᠠᠭ

ᠨᠤᠳᠤᠭ ᠢ ᠡᠳ᠋ᠯᠡᠭᠡᠳ ᠪᠠᠷᠠᠳᠠᠭ ᠦᠭᠡᠶ ᠭᠡᠳᠡᠭ᠌ ᠢ

ᠵᠢᠷᠠ ᠭᠦᠷᠦᠭᠡᠳ ᠮᠠᠳᠠᠯ᠎ᠠ᠃

ᠦᠪᠡᠷ ᠤᠨ ᠭᠠᠵᠠᠷ ᠶᠠᠰᠤ ᠪᠠᠨ ᠭᠡᠳᠡᠭ᠌ ᠨᠢ

ᠦᠨᠡᠨ ᠶᠠᠭᠤᠮ᠎ᠠ ᠪᠠᠢ᠌ᠨ᠎ᠠ᠃

ᠦᠯᠪᠠᠷᠠᠵᠤ ᠥᠭᠦᠭ᠍ᠰᠡᠨ ᠴᠤ

ᠥᠯᠦᠭᠡᠢ ᠨᠤᠳᠤᠭ ᠶᠢᠠᠨ ᠪᠣᠤ ᠯᠠ ᠬᠤᠳᠠᠯᠳᠤ ᠭᠡᠵᠤ

ᠦᠷ᠎ᠡ ᠬᠣᠢ᠌ᠴᠠᠰ ᠲᠠᠭᠠᠨ ᠰᠠᠨᠠᠭᠤᠯᠤᠶ᠎ᠠ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12347
ᠴᠠᠭ᠄ 2012 ᠤᠨ ᠤ 01 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ