ᠴᠢ ᠮᠢᠨᠢ

ᠴᠢ ᠮᠢᠨᠢ

ᠰᠠᠷᠨᠠᠢ ᠴᠡᠴᠡᠭ᠌ ᠤᠨ ᠳᠡᠯᠪᠠᠭᠡᠨ ᠳᠡᠭᠡᠷ᠎ᠡ

ᠰᠠᠷᠠᠨ ᠪᠣᠯᠵᠤ ᠳᠡᠯᠭᠡᠷᠡᠭ᠍ᠰᠡᠨ ᠶᠤᠮ

ᠰᠠᠷᠠᠨ ᠳᠠᠭᠢᠨᠢ ᠶᠢᠨ ᠵᠢᠭᠦᠷ ᠶᠢᠡᠷ ᠳᠤᠭᠯᠠᠵᠤ

ᠰᠠᠨᠠᠭᠠᠨ ᠤ ᠭᠦᠨ ᠳᠤ ᠵᠢᠷᠭᠢᠭ᠍ᠰᠡᠨ ᠶᠤᠮ


ᠴᠢ ᠮᠢᠨᠢ

ᠰᠢᠭᠦᠳᠡᠷᠢ ᠰᠢᠭᠦᠳᠡᠷᠢ ᠶᠢᠨ ᠳᠡᠯᠪᠠᠭᠡᠨ ᠳᠡᠭᠡᠷ᠎ᠡ

ᠰᠢᠪᠠᠭᠤᠬᠠᠢ ᠪᠣᠯᠵᠤ ᠵᠢᠷᠭᠢᠭ᠍ᠰᠡᠨ ᠶᠤᠮ

ᠰᠢᠪᠠᠭᠤ ᠰᠢᠪᠠᠭᠤᠨ ᠤ ᠵᠢᠭᠦᠷ ᠶᠢᠡᠷ ᠳᠤᠭᠯᠠᠵᠤ

ᠰᠡᠳᠭᠢᠯ ᠤᠨ ᠭᠦᠨ ᠳᠤ ᠡᠷᠭᠡᠯᠡᠭ᠍ᠰᠡᠨ ᠶᠤᠮ


ᠴᠢ ᠮᠢᠨᠢ

ᠨᠠᠪᠴᠢᠰ ᠨᠠᠪᠴᠢᠰ ᠤᠨ ᠠᠯᠠᠭᠠᠨ ᠳᠡᠭᠡᠷ᠎ᠡ

ᠨᠠᠷᠠᠨ ᠪᠣᠯᠵᠤ ᠡᠷᠭᠡᠯᠡᠭ᠍ᠰᠡᠨ ᠶᠤᠮ

ᠨᠠᠷᠠᠨ ᠤ ᠵᠢᠭᠦᠷ ᠲᠡᠶ ᠠᠮᠢᠳᠤᠷᠠᠯ ᠶᠢᠡᠷ ᠴᠢᠮᠠᠵᠤ

ᠨᠠᠰᠤᠨ ᠤ ᠮᠢᠨᠢ ᠬᠠᠨᠢ ᠪᠣᠯᠵᠤ ᠵᠢᠷᠭᠠᠭᠰᠠᠨ ᠶᠤᠮ


ᠴᠢ ᠮᠢᠨᠢ ᠁


ᠵᠤᠬᠢᠶᠠᠭᠴᠢ ᠶᠢᠨ ᠬᠠ‍‌ᠶᠢᠭ ᠄ ᠭᠦᠯᠤᠨ  ᠪᠤᠢᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2489
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ