ᠣᠢ᠌ᠷᠠᠳ ᠤᠨ ᠠᠬᠠᠮᠠᠤᠨ ᠵᠤᠬᠢᠶᠠᠯᠴᠢ ᠳ · ᠨᠠᠮᠵᠢᠯ ᠤᠨ ᠵᠤᠬᠢᠶᠠᠯ ᠪᠦᠳᠦᠭᠡᠯ ᠤᠨ ᠰᠤᠳᠤᠯᠤᠨ ᠶ‍ᠠᠷᠢᠯᠴᠠᠬᠤ ᠬᠤᠷᠠᠯ

ᠣᠢ᠌ᠷᠠᠤᠨ ᠤᠨ ᠠᠬᠠᠮᠠᠤᠨ ᠵᠤᠬᠢᠶᠠᠯᠴᠢ᠂ ᠷᠤᠮᠠᠠᠴᠢ ᠳ · ᠨᠠᠮᠵᠢᠯ ᠤᠨ ᠵᠤᠬᠢᠶᠠᠯ ᠪᠦᠳᠦᠭᠡᠯ ᠤᠨ ᠰᠤᠳᠤᠯᠤᠨ ᠶᠠᠷᠢᠯᠴᠠᠬᠤ ᠬᠤᠷᠠᠯ ᠬᠤᠪᠣᠭᠰᠠᠢ᠌ᠷᠢ ᠳᠤ ᠠᠮᠵᠢᠯᠳᠡ ᠳᠡᠢ ᠶᠡᠪᠤᠬᠳᠡᠪᠡ ᠃

ᠳᠤᠰ ᠣᠳᠠᠭᠠᠨ ᠤ 《  ᠳ ·  ᠨᠠᠮᠵᠢᠯ ᠤᠨ ᠵᠤᠬᠢᠶᠠᠯ ᠪᠦᠳᠦᠭᠡᠯ ᠊ᠤᠨ ᠰᠤᠳᠤᠯᠤᠨ ᠶᠠᠷᠢᠯᠴᠠᠬᠤ ᠬᠤᠷᠠᠯ》 ᠢ ᠰᠢᠠᠵᠢᠶᠠᠩ ᠤᠨ ᠣᠤᠠᠬ᠎ᠠ ᠣᠷᠠᠯᠢᠭ ᠤᠨ ᠭᠢᠨᠢ ᠬᠤᠯᠪᠣᠭ᠎ᠠ ᠭᠢᠭᠡᠤᠨ《ᠦᠤᠷ ᠤᠨ ᠴᠤᠯᠮᠤᠨ》 ᠰᠡᠦᠡᠭᠦᠯ᠂ ᠰᠢᠠᠵᠢᠶᠠᠩ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠦᠨᠳᠦᠰᠦᠳᠠᠨ ᠤ ᠣᠤᠠᠬ᠎ᠠ ᠵᠤᠬᠢᠶᠠᠯ ᠰᠤᠳᠤᠯᠬᠤ ᠭᠠᠵᠠᠷ ᠭᠤᠤᠯᠯᠠᠨ ᠡᠷᠭᠢᠯᠡᠵᠤ᠂ ᠬᠤᠪᠣᠭᠰᠠᠢ᠌ᠷᠢ ᠰᠢᠶᠠᠨ ᠤ ᠵᠠᠰᠠᠭ ᠤᠨ ᠣᠷᠳᠤᠨ ᠳᠠᠭᠠᠭᠠᠨ ᠡᠷᠬᠢᠯᠡᠵᠡᠢ᠃ ᠰᠤᠳᠤᠯᠤᠨ ᠶᠠᠷᠢᠯᠴᠠᠬᠤ ᠬᠤᠷᠠᠯ ᠳᠤ᠂ ᠰᠢᠠᠵᠢᠶᠠᠩ ᠤᠨ ᠡᠯ᠎ᠡ ᠭᠠᠵᠠᠷ ᠣᠷᠤᠨ ᠡᠴᠠ ᠳᠠᠪᠢᠭᠠᠤᠨ ᠡᠷᠳᠡᠮᠳᠡᠨ ᠵᠤᠬᠢᠶᠠᠯᠴᠢ᠂ ᠰᠢᠭᠦᠮᠵᠢᠯᠡᠭ᠍ᠴᠢ ᠣᠷᠤᠯᠴᠠᠭᠰᠠᠨ ᠪᠥᠬᠡᠳ ᠭᠤᠴᠢᠭᠠᠤᠨ ᠥᠭᠦᠯᠡᠯ ᠢ ᠬᠤᠷᠠᠯ ᠳᠤ ᠳᠡᠪᠰᠢᠭᠦᠯᠵᠤ᠂ ᠣᠩᠰᠢᠨ ᠮᠠᠷᠭᠤᠯᠳᠤᠭᠰᠠᠨ ᠪᠠᠢ᠌ᠨ᠎ᠠ᠃

ᠳ · ᠨᠠᠮᠵᠢᠯ ᠨᠥᠭᠦᠷ 1960 ᠣᠨ ᠳᠤ《 ᠪᠠᠭᠠᠳᠤᠷᠴᠤᠳ ᠤᠨ ᠵᠠᠮ 》ᠭᠡᠭᠦ ᠥᠭᠦᠯᠡᠯᠭᠡ ᠪᠠᠨ 《ᠦᠤᠷ ᠤᠨ ᠴᠤᠯᠮᠤᠨ》ᠰᠡᠦᠡᠭᠦᠯ ᠤᠨ 6 ᠳ᠋ᠤᠭᠠᠷ ᠬᠤᠭᠤᠴᠠᠭ᠎ᠠ ᠳᠡᠭᠡᠷ᠎ᠡ ᠂ 1961 ᠣᠨ ᠳᠤ 《ᠬᠠᠷᠠᠰᠢᠷ᠎ᠠ ᠶᠢᠨ ᠪᠦᠷᠭᠦᠤᠨ》ᠭᠡᠭᠦ ᠨᠠᠢ᠌ᠷᠠᠭᠤᠯᠤᠯ ᠶᠢᠡᠨ ᠣᠢ᠌ᠭᠤᠷ ᠰᠡᠦᠡᠭᠦᠯ ᠳᠡᠭᠡᠷ᠎ᠡ ᠨᠡᠢ᠌ᠳᠡᠯᠡᠭ᠍ᠰᠡᠨ ᠡᠴᠠ ᠡᠭᠢᠯᠡᠭᠡᠤᠨ ᠣᠳᠤ ᠭᠦᠷᠳᠡᠯ᠎ᠡ《ᠵᠤᠩᠭ᠋ᠤᠷᠤᠪ ᠪᠠᠭᠠᠳᠤᠷ》 ( ᠷᠤᠮᠠᠨ ) ᠂ 《ᠡᠷᠭᠢᠴᠡᠵᠤ ᠪᠠᠢ᠌ᠬᠤ ᠡᠴᠡᠳᠡᠭ᠌ ᠦᠭᠡᠶ ᠬᠤᠷᠸ᠎ᠠ》 ( ᠲᠤᠭᠤᠵᠢ ) ᠂ 《ᠬᠤᠪᠣᠭᠰᠠᠢ᠌ᠷᠢ ᠶᠢᠨ ᠭᠦᠪᠠᠭᠦᠨ 》 ( ᠥᠭᠦᠯᠡᠯᠭᠡ ) ᠂ 《ᠬᠠᠢ᠌ᠷ᠎ᠠ ᠶᠢᠨ ᠬᠠᠳᠠᠭᠤ ᠰᠢᠦᠡᠭᠡᠯ 》 ( ᠥᠭᠦᠯᠡᠯᠭᠡ ) ᠂ 《ᠢᠵᠢᠯ ᠡᠳᠦᠷ ᠤᠨ ᠠᠳᠠᠯᠢ ᠪᠣᠰᠤ ᠣᠴᠠᠷᠠᠯ》 ( ᠥᠭᠦᠯᠡᠯᠭᠡ ) ᠂ 《ᠰᠢᠨ᠎ᠡ ᠱᠥᠵᠢ 》 ( ᠥᠭᠦᠯᠡᠯᠭᠡ ) ᠂ 《ᠳᠤᠰᠬᠤᠨ ᠤ ᠱᠦᠵᠢ》 (ᠨᠠᠢ᠌ᠷᠠᠭᠤᠯᠤᠯ) ᠂ 《ᠡᠵᠢ ᠶᠢᠨ ᠡᠨᠡᠷᠢᠩᠭᠦᠢ ᠰᠠᠤᠠᠭᠢᠯ 》 (ᠨᠠᠢ᠌ᠷᠠᠭᠤᠯᠤᠯ) ᠂ 《ᠬᠤᠪᠣᠭ ᠤᠨ ᠭᠤᠤᠯ 》 ( ᠨᠠᠢ᠌ᠷᠠᠭᠤᠯᠤᠯ ) ᠂《ᠬᠤᠷᠠᠭᠠᠯᠠᠭᠰᠠᠨ ᠬᠤᠴᠠ᠂ ᠬᠤᠰᠠᠷᠠᠭᠰᠠᠨ ᠬᠤᠨᠢ ᠨᠤᠭᠤᠳ 》 ( ᠱᠤᠭ ᠶᠠᠷᠢᠶ᠎ᠠ ) ᠵᠡᠷᠭᠡ ᠳᠤᠭᠤᠵᠢᠰ ᠤᠨ ᠵᠤᠬᠢᠶᠠᠯ ; 《ᠨᠠᠮ》᠂《ᠬᠤᠪᠣᠭᠰᠠᠢ᠌ᠷᠢ》᠂《 ᠭᠦᠢᠰᠤᠨ ᠬᠤᠯᠪᠣᠭ᠎ᠠ ᠲᠡᠶ ᠳᠤᠷᠭᠤᠳ ᠨᠤᠳᠤᠭ》᠂《ᠰᠠᠤᠠᠭᠢᠯ ᠳᠤ ᠰᠥᠡᠳᠡᠷᠯᠡᠭ᠍ᠰᠡᠨ ᠳᠦᠷᠢ》᠂《ᠰᠢᠭᠦᠭᠦ ᠳᠢᠩᠭᠢᠮ ᠳᠠᠭᠢ ᠳᠦᠷᠦᠭ᠍ᠳᠡᠯ 》᠂《ᠴᠠᠭᠠᠨ ᠰᠠᠷ᠎ᠠ》᠂《ᠥᠷᠯᠦᠭ᠌ ᠪᠠᠭᠠᠳᠤᠷ ᠤᠨ ᠳᠠᠭᠤᠯᠠᠯ》᠂《ᠮᠠᠨ ᠤ ᠠᠢ᠌ᠯ ᠤᠨ ᠮᠢᠬᠠᠨ ᠳᠤᠯᠤᠭᠠᠢ》᠂《ᠠᠷᠤᠳᠠᠭᠢ ᠠᠢ᠌ᠯ ᠤᠨ ᠪᠠᠷᠢᠶᠠᠴᠤᠳ》᠂《ᠳᠠᠮᠪᠠ ᠳᠠᠷᠤᠭ᠎ᠠ》᠂《ᠪᠠᠶᠠᠷ ᠤᠨ ᠡᠳᠦᠷ》᠂《ᠴᠡᠷᠢᠭ᠌ ᠡᠷ᠎ᠡ ᠶᠢᠨ ᠳᠠᠭᠤᠯᠠᠯ 》᠂《ᠳᠠᠷᠭᠤᠯᠠᠭᠰᠠᠨ ᠳᠠᠪᠤᠨ ᠳᠦᠭᠦᠷᠢᠭ᠌》᠂《ᠶᠠᠭᠠᠭᠢᠭᠰᠠᠨ ᠭᠦᠴᠦᠳᠡᠢ ᠪᠠᠭᠠᠪᠠᠭᠠᠢ ᠪᠣᠢ ︖》᠂《 ᠦ᠊ ᠳᠠᠷᠤᠭ᠎ᠠ 》ᠵᠡᠷᠭᠡ ᠭᠤᠴᠢ ᠢᠯᠡᠭᠦᠤ ᠢᠷᠠᠭᠤ ᠨᠠᠢ᠌ᠷᠠᠭ᠂ ᠬᠤᠱᠤᠩ ᠰᠢᠯᠦᠭ᠌;《ᠪᠠᠷᠳᠠᠨᠢᠭ ᠪᠠᠭᠠᠳᠤᠷ ᠤᠨ ᠳᠤᠬᠠᠢ ᠳᠤᠷᠰᠢᠨ ᠥᠭᠦᠯᠡᠭᠦ ᠨᠢ》᠂《ᠣᠤᠠᠬ᠎ᠠ ᠵᠤᠬᠢᠶᠠᠯ ᠤᠨ ᠦᠨᠳᠦᠷ ᠣᠷᠭᠢᠯ ᠵᠥᠭ᠌ ᠠᠪᠠᠷᠢᠶ᠎ᠠ》᠂《ᠰᠠᠤᠠᠭᠢᠯ ᠳᠤ ᠰᠥᠡᠳᠡᠷᠯᠡᠭ᠍ᠰᠡᠨ ᠳᠦᠷᠢ ᠶᠢᠨ ᠳᠤᠬᠠᠢ》᠂《ᠠᠷᠠᠤᠨ ᠤᠨ ᠳᠠᠭᠤᠨ ᠤ ᠳᠤᠬᠠᠢ ᠳᠤᠷᠰᠢᠨ ᠥᠭᠦᠯᠡᠭᠦ ᠨᠢ》᠂《ᠬᠤᠪᠣᠭᠰᠠᠢ᠌ᠷᠢ ᠶᠢᠨ ᠮᠠᠠᠳᠤ ᠶᠢᠨ ᠶᠠᠰᠤᠨ ᠤ ᠳᠤᠬᠠᠢ》ᠵᠡᠷᠭᠡ ᠥᠭᠦᠯᠡᠯ ᠰᠢᠭᠦᠮᠵᠢ ᠨᠡᠢ᠌ᠳᠡᠯᠡᠬᠦᠯᠥᠭ᠍ᠰᠡᠨ ᠪᠠᠢ᠌ᠨ᠎ᠠ᠃

《ᠵᠤᠩᠭ᠋ᠤᠷᠤᠪ ᠪᠠᠭᠠᠳᠤᠷ》 ᠪᠣᠯ ᠳ · ᠨᠠᠮᠵᠢᠯ ᠤᠨ ᠣᠤᠭᠠᠨ ᠷᠤᠮᠠᠨ ᠪᠣᠯᠬᠤ ᠪᠦᠭᠡᠤᠨ ᠮᠠᠨ ᠤ ᠰᠢᠠᠵᠢᠶᠠᠩ ᠤᠨ ᠮᠤᠩᠭ᠋ᠤᠯ ᠣᠷᠠᠨ ᠵᠤᠬᠢᠶᠠᠯ ᠤᠨ ᠲᠠᠪᠴᠠᠩ ᠳ᠋ᠠᠭᠢ ᠯᠠ᠊ · ᠪᠠᠳᠤᠸᠴᠢᠷ ᠤᠨ《ᠭᠤᠪᠢ ᠶᠢᠨ ᠱᠤᠩᠬᠤᠷ》᠂ ᠡ᠊ · ᠭᠡᠡᠵᠡᠢ ᠶᠢᠨ《ᠥᠤᠷ ᠤᠨ ᠡᠮᠦᠨ᠎ᠡ》᠂ ᠠ᠊ ·ᠳᠠᠢ᠌ᠪᠠᠢ ᠶᠢᠨ《ᠪᠠᠭᠠᠳᠤᠷ ᠬᠤᠩ ᠳᠠᠢ᠌ᠵᠢ 》᠂ ᠬᠣ᠊ · ᠪᠠᠳᠠᠢ ᠶᠢᠨ《ᠠᠮᠠᠳᠠᠢ᠌ᠪᠣᠷᠤ》᠂《ᠳᠤᠯᠭᠢᠶᠠᠠᠳᠤ ᠬᠠᠢ᠌ᠳᠠᠭ》᠂ ᠦ᠊ · ᠭᠡᠡᠳᠡᠡᠵᠡᠪ ᠤᠨ《ᠬᠤᠯᠤᠰᠤᠳᠠᠢ ᠶᠢᠨ ᠰᠠᠯᠭᠢᠨ 》᠂ ᠭᠠ᠊ · ᠭᠤᠮᠪᠠ ᠶᠢᠨ《ᠭᠤᠷᠤᠬ᠎ᠠ 》᠂《ᠪᠠᠭ᠍ᠵᠡᠳᠤ ᠠᠭᠤᠯᠠ ᠶᠢᠨ ᠪᠦᠷᠭᠦᠤᠨ 》᠂ ᠪᠠ᠊ · ᠪᠠᠶᠠᠠᠵᠢᠷᠭᠠᠯ ᠤᠨ《ᠪᠠᠭᠠᠳᠤᠷ ᠵᠤᠩᠭ᠋ᠤᠷᠤᠪ 》᠂ ᠬᠣ᠊ · ᠪᠠᠳᠠᠢ ᠶᠢᠨ《ᠴᠢᠳᠠᠯᠳᠤ 》 ᠵᠢᠨ ᠳᠠᠷᠠᠭ᠎ᠠ ᠣᠩᠰᠢᠭᠴᠢᠤᠨ ᠲᠡᠶ ᠨᠢᠭᠤᠷ ᠵᠤᠯᠭᠠᠭᠰᠠᠨ ᠠᠷᠪᠠᠨ ᠨᠢᠭᠡᠳᠦᠭᠡᠷ ᠷᠤᠮᠠᠨ ᠶᠤᠮ᠃ ᠡᠳᠡᠭᠡᠷ ᠠᠷᠪᠠᠨ ᠨᠢᠭᠡᠨ ᠷᠤᠮᠠᠨ ᠤ ᠳᠤᠳᠤᠷ᠎ᠠ ᠳᠤᠰ ᠷᠤᠮᠠᠨ ᠪᠣᠯ ᠵᠤᠩᠭ᠋ᠤᠷᠤᠪ ᠪᠠᠭᠠᠳᠤᠷ ᠤᠨ ᠳᠡᠦᠭᠡᠳᠤ ᠣᠢ᠌ᠯᠠ ᠠᠮᠢᠳᠤᠷᠠᠯ ᠶᠢᠡᠷ ᠰᠡᠳᠦᠪᠯᠡᠭ᠍ᠰᠡᠨ ᠭᠤᠷᠪᠠᠳᠤᠭᠠᠷ ᠷᠤᠮᠠᠨ ᠪᠣᠯᠤᠨ᠎ᠠ᠃ ᠪᠣᠳᠠᠳᠠᠢ ᠪᠠᠷ ᠭᠡᠯᠡᠪᠠᠯ ᠯᠠ᠊ · ᠪᠠᠳᠤᠸᠴᠢᠷ ᠤᠨ《ᠭᠤᠪᠢ ᠶᠢᠨ ᠱᠤᠩᠬᠤᠷ 》᠂ ᠪᠠ᠊ · ᠪᠠᠶᠠᠠᠵᠢᠷᠭᠠᠯ ᠤᠨ《ᠪᠠᠭᠠᠳᠤᠷ ᠵᠤᠩᠭ᠋ᠤᠷᠤᠪ 》 ᠤᠨ ᠳᠠᠷᠠᠭ᠎ᠠ ᠨᠡᠢ᠌ᠳᠡᠯᠡᠭ᠍ᠳᠡᠭ᠍ᠰᠡᠨ ᠷᠤᠮᠠᠨ ᠶᠤᠮ ᠃ ᠳᠤᠰ ᠷᠤᠮᠠᠨ ᠬᠠᠮᠤᠭ ᠠᠡᠭᠬ᠎ᠠ《ᠦᠤᠷ ᠤᠨ ᠴᠤᠯᠮᠤᠨ》ᠰᠡᠦᠡᠭᠦᠯ ᠤᠨ 2005 ᠣᠨ ᠤ 2 ︱ 5 ᠳ᠋ᠤᠭᠠᠷ ᠬᠤᠭᠤᠴᠠᠭ᠎ᠠ ᠳᠡᠭᠡᠷ᠎ᠡ ᠨᠡᠢ᠌ᠳᠡᠯᠡᠵᠤ ᠂ ᠳᠠᠷᠠᠭ᠎ᠠ ᠨᠢ 2009 ᠣᠨ ᠤ 8 ᠰᠠᠷ᠎ᠠ ᠳᠤ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ ᠡᠴᠠ ᠳᠤᠰᠬᠠᠢ ᠨᠤᠮ ᠪᠣᠯᠭᠠᠨ ᠭᠡᠪᠯᠡᠨ ᠳᠠᠷᠬᠠᠭᠠᠭᠰᠠᠨ ᠪᠠᠢ᠌ᠨ᠎ᠠ ᠃

ᠬᠤᠪᠣᠭᠰᠠᠢ᠌ᠷᠢ ᠪᠣᠯ ᠬᠤᠯᠠ ᠣᠢ᠌ᠷ᠎ᠠ ᠳᠡᠭᠠᠨ ᠠᠯᠳᠠᠷᠰᠢᠭᠰᠠᠨ ᠰᠤᠶᠤᠯ ᠳᠡᠦᠭᠡ ᠶᠢᠨ ᠰᠤᠳᠤᠨ ᠥᠯᠦᠭᠡᠢ ᠪᠤᠯᠤᠨ᠎ᠡ᠃ ᠡᠷᠳᠡᠨ ᠡᠴᠠ ᠠᠪᠣᠭᠠᠤᠨ ᠡᠨᠡ ᠨᠤᠳᠤᠭ ᠤᠨ ᠳᠤᠷᠭᠠᠨ ᠰᠢᠷᠤᠢ ᠳᠡᠭᠡᠷ᠎ᠡ ᠲᠦᠷᠦᠵᠤ ᠳᠦᠯᠵᠢᠭ᠍ᠰᠡᠨ ᠭᠦᠮᠤᠨ ᠠᠷᠠᠤᠨ ᠳᠤᠤᠯᠢ ᠵᠠᠩᠭ᠋ᠠᠷ ᠶᠢᠡᠷ ᠠᠬᠠᠯᠠᠭᠰᠠᠨ ᠳᠤᠩ ᠶᠡᠭᠡ ᠣᠯᠠᠨ ᠠᠷᠠᠤᠨ ᠤᠨ ᠠᠮᠠᠨ ᠪᠢᠯᠢᠭ᠌ ᠤᠨ ᠡᠯᠪᠠᠭ᠌ ᠰᠠᠩ ᠢ ᠡᠭᠦᠳᠡᠨ ᠪᠦᠳᠦᠭᠡᠭ᠍ᠰᠡᠨ ᠪᠢᠯᠠ᠃ ᠮᠠᠨ ᠤ ᠨᠤᠳᠤᠭ ᠡᠴᠠ ᠵᠠᠩᠭ᠋ᠠᠷᠴᠢ ᠠᠷᠢᠮᠫᠢᠯ ᠂ ᠵᠠ᠊ · ᠵᠤᠤᠨᠠᠢ ᠂ ᠢᠷᠦᠭᠡᠯᠴᠢ ᠰᠤᠮᠢᠶᠠᠨ ᠂ ᠨᠠ᠊ · ᠪᠣᠸ᠎ᠠ ᠂ ᠫᠠ᠊ · ᠨᠡᠢ᠌ᠭᠡᠢ ᠂ ᠠᠷᠠᠤᠨ ᠤᠨ ᠳᠠᠭᠤᠴᠢᠨ ᠨᠢ᠊ · ᠨᠠᠮᠵᠠᠪ ᠂ ᠴᠥ᠊ · ᠪᠦᠭᠡᠯᠵᠡᠢ ᠂ ᠳᠤᠪᠰᠢᠭᠤᠷᠴᠢ ᠳ᠋ᠤᠯᠤᠮᠵᠠᠢ ᠂ ᠴᠠᠮᠪᠠ ᠵᠡᠷᠭᠡ ᠠᠯᠳᠠᠷ ᠴᠤᠤ ᠲᠡᠶ ᠠᠷᠠᠤᠨ ᠤᠨ ᠣᠷᠠᠯᠢᠭᠴᠢᠤᠨ ᠭᠠᠷᠤᠭᠰᠠᠨ ᠮᠥᠷᠳᠡᠭᠡᠨ ᠪᠠᠰᠠ ᠪᠢᠴᠢᠭ᠌ ᠤᠨ ᠵᠤᠬᠢᠶᠠᠯ ᠳᠡᠭᠡᠷ᠎ᠡ ᠂ ᠲᠦᠷᠦ ᠶᠢᠨ ᠱᠠᠩᠨᠠᠯᠳᠤ ᠵᠠ᠊ · ᠪᠠᠳᠤᠨᠠᠰᠤᠨ ᠶᠢᠡᠷ ᠠᠬᠠᠯᠠᠭᠰᠠᠨ ᠭᠦᠭ᠍ᠰᠢᠨ ᠂ ᠢᠳᠠᠷ ᠂ ᠵᠠᠯᠠᠭᠤ ᠂ ᠪᠠᠯᠴᠢᠷ ᠳᠦᠷᠪᠡᠨ ᠦᠶ᠎ᠡ ᠶᠢᠨ ᠵᠤᠬᠢᠶᠠᠭᠴᠢᠤᠨ ᠤᠨ ᠡᠩᠨᠡᠭᠡ ᠪᠦᠷᠢᠯᠳᠤᠵᠤ᠂ ᠮᠤᠩᠭ᠋ᠤᠯ ᠤᠨ ᠣᠤᠠᠬ᠎ᠠ ᠵᠤᠬᠢᠶᠠᠯ ᠤᠨ ᠭᠦᠷᠢᠶᠡᠯᠡᠩ ᠳᠤ ᠦᠪᠡᠷ ᠤᠨ ᠭᠡᠰᠡᠨ ᠦᠪᠡᠷᠮᠢᠴᠠ ᠣᠠᠴᠠᠯᠢᠭ ᠢ ᠪᠥᠷᠢᠯᠳᠥᠬᠦᠯᠥᠭᠰᠡᠨ ᠶᠤᠮ ᠃ ᠳ · ᠨᠠᠮᠵᠢᠯ ᠨᠠᠰᠤᠳᠠᠨ ᠪᠣᠯ ᠬᠤᠪᠣᠭᠰᠠᠢ᠌ᠷᠢ ᠨᠤᠳᠤᠭ ᠡᠴᠠ ᠴᠤᠯᠭᠤᠷᠠᠨ ᠭᠠᠷᠤᠭᠰᠠᠨ ᠠᠯᠳᠡᠷᠳᠤ ᠵᠤᠬᠢᠶᠠᠯᠴᠢ ᠶᠢᠨ ᠨᠢᠭᠡ ᠨᠢ ᠪᠤᠯᠤᠨ᠎ᠡ᠃


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠬᠤᠪᠣᠭᠰᠠᠢ᠌ᠷᠢ ᠰᠢᠶᠠᠨ ᠤ ᠪᠠᠭᠰᠢ ᠶᠢᠨ ᠳᠠᠪᠳᠠᠨ ᠪᠣᠯᠪᠠᠰᠤᠷᠠᠬᠤ ᠰᠤᠷᠭᠠᠭᠤᠯᠢ

ᠵᠤᠬᠢᠶᠠᠭᠴᠢ᠄ ᠪᠤᠯᠤᠳᠪᠠᠲᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 57265
ᠴᠠᠭ᠄ 2015 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ