ᠱᠤᠩᠬᠤᠷ ᠤᠨ ᠠᠭᠤᠯᠠ

ᠠᠭᠤᠤ ᠴᠢᠩᠭᠢᠰ ᠬᠠᠪᠣᠳᠤ ᠬᠠᠰᠠᠷ ᠤᠨ ᠨᠢᠭᠤᠴᠠ ᠪᠢᠯᠢᠭ᠌ ᠣᠷᠤᠰᠢᠭᠰᠠᠨ

ᠠᠷᠢᠭᠤᠨ ᠮᠤᠩᠭ᠋ᠤᠯ ᠣᠭᠰᠠᠭᠠᠨ ᠤ ᠰᠥᠵᠢᠭ᠌ ᠤᠨ ᠠᠯᠳᠠᠨ ᠰᠦᠮᠪᠦᠷ

ᠠᠷᠠᠤᠨ ᠬᠤᠷᠴᠢᠨ ᠤ ᠵᠢᠷᠦᠭᠡᠨ ᠤ ᠴᠠᠪᠠᠷ ᠰᠥᠵᠢᠭ᠌ ᠶᠢᠡᠷ ᠰᠥᠮᠪᠦᠷᠯᠡᠭ᠍ᠰᠡᠨ

ᠠᠯᠳᠠᠨ ᠳᠡᠯᠡᠭᠡᠢ ᠶᠢᠨ ᠪᠣᠰᠤᠭ᠎ᠠ ᠣᠬᠠᠭᠠᠨ ᠤ ᠳᠡᠭ᠍ᠷᠢᠯᠢᠭ᠌ ᠰᠦᠯᠳᠡ

ᠭᠦᠮᠤᠨ ᠪᠠᠢ᠌ᠭᠠᠯᠢ ᠶᠢᠨ ᠲᠦᠮᠡᠨ ᠣᠨ ᠤ ᠳᠡᠦᠭᠡ ᠶᠢ ᠬᠠᠳᠠᠭᠠᠯᠠᠭᠰᠠᠨ

ᠭᠦᠭᠡ ᠮᠤᠩᠭ᠋ᠤᠯ ᠤᠨ ᠨᠠᠷᠠ ᠰᠠᠷᠠᠨ ᠤ ᠢᠯᠠ ᠴᠢᠯᠠᠭᠤᠨ ᠪᠢᠴᠢᠭ᠌

ᠭᠦᠷᠦᠰᠦᠳᠤ ᠳᠡᠯᠡᠭᠡᠢ ᠶᠢ ᠭᠦᠯᠦᠭ᠌ ᠤᠨ ᠳᠤᠭᠤᠷᠠᠢ ᠪᠠᠷ ᠳᠤᠷᠭᠢᠭᠤᠯᠤᠭᠰᠠᠨ

ᠭᠦᠴᠦᠷᠭᠡᠭ᠌ ᠶᠡᠭᠡ ᠮᠤᠩᠭ᠋ᠤᠯ ᠴᠢᠰᠤᠳᠠᠨ ᠤ ᠨᠢᠭᠤᠴᠠ ᠠᠯᠳᠠᠨ ᠰᠤᠳᠤᠷ

ᠦᠨᠳᠦᠷ ᠲᠤ ᠵᠤᠭᠰᠤᠵᠤ ᠬᠤᠯᠠ ᠬᠠᠷᠠᠳᠠᠭ ᠮᠤᠩᠭ᠋ᠤᠯᠴᠤᠳ ᠤᠨ

ᠥᠭ᠍ᠰᠦᠵᠤ ᠥᠭᠡᠳᠡ ᠠᠪᠠᠷᠢᠬᠤ ᠵᠤᠷᠢᠭ ᠤᠨ ᠦᠨᠳᠦᠷ ᠣᠷᠭᠢᠯ

ᠦᠨᠢᠳᠠ ᠴᠤᠴᠠᠷᠠᠰᠢ ᠦᠭᠡᠶ ᠪᠠᠭᠠᠳᠤᠷᠯᠢᠭ ᠬᠤᠷᠴᠢᠠᠴᠤᠳ ᠤᠨ

ᠦᠯᠢᠭᠡᠷᠯᠡᠵᠤ ᠣᠳᠤᠮᠯᠠᠬᠤ ᠣᠶᠤᠨ ᠤ ᠪᠣᠶᠠᠨ ᠰᠤᠪᠢᠩᠳᠤ ᠬᠠᠢ᠌ᠷᠬᠠᠨ

ᠬᠤᠷᠸ᠎ᠠ ᠳᠤ ᠮᠤᠩᠭ᠋ᠤᠯ ᠲᠡᠶ ᠪᠠᠨ ᠬᠠᠮᠳᠤ ᠠᠯᠳᠠᠷᠰᠢᠬᠤ

ᠬᠤᠤᠰ ᠦᠭᠡᠶ ᠭᠠᠢ᠌ᠬᠠᠮᠰᠢᠭᠳᠤ ᠳᠠᠷᠬᠠᠨ ᠣᠪᠣᠭ᠎ᠠ

ᠬᠤᠪᠣᠷᠬᠠᠨ ᠦᠵᠡᠮᠵᠢ ᠰᠤᠨᠢᠬᠠᠨ ᠳᠤᠮᠤᠭ ᠲᠡᠶ ᠵᠢᠷᠭᠠᠬᠤ

ᠬᠤᠪᠢ ᠶᠢᠨ ᠭᠠᠳᠠᠨ᠎ᠠ ᠭᠤᠶᠤᠬᠠᠨ ᠮᠢᠨᠤ ᠨᠤᠳᠤᠭ ᠤᠨ ᠱᠤᠩᠬᠤᠷ ᠤᠨ ᠠᠭᠤᠯᠠ


ᠵᠤᠬᠢᠶᠠᠭᠴᠢ ᠶᠢᠨ ᠬᠠᠶ‍ᠢᠭ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ ᠠᠭᠤᠯᠠ ᠪᠠᠯᠭᠠᠰᠤ ᠵᠡᠭᠦᠨ ᠳᠤᠤᠷᠠᠰᠤ ᠭᠠᠴᠠᠭ᠎ᠠ

ᠵᠤᠬᠢᠶᠠᠭᠴᠢ᠄ ᠳᠤᠷᠤᠨᠠᠴᠤᠤᠷᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11005
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ