ᠥᠪ
᠊᠊᠊᠊᠊᠊᠊᠊᠊᠊᠊᠊᠊᠊᠊ ᠵᠢᠷ ᠤᠨ ᠨᠢᠭᠡᠨ ᠨᠠᠰᠤᠳᠠᠨ ᠤ ᠣᠢ᠌ᠯᠠ ᠠᠵᠢᠯᠯᠠᠭ᠎ᠠ ᠡᠴᠡ

2008 ᠣᠨ ᠤ 5 ᠰᠠᠷ᠎ᠠ ᠶᠢᠨ 12 ᠊ᠤᠨ ᠸᠸᠠᠴᠤᠸᠠᠨ ᠤ ᠶᠡᠭᠡ ᠭᠠᠵᠠᠷ ᠭᠦᠳᠡᠯᠦᠯᠳᠡ ᠊᠊᠊᠊᠊᠊᠊᠊᠊᠊᠊᠊᠊᠊᠊ ᠳᠤᠮᠳᠠᠳᠤ ᠶᠢᠨ ᠭᠦᠮᠤᠨ ᠤ ᠡᠮᠦᠨ᠎ᠡ ᠳᠠᠯᠪᠢᠭᠳᠠᠭᠰᠠᠨ ᠪᠠᠢ᠌ᠭᠠᠯᠢ ᠡᠭᠡ ᠶᠢᠨ ᠪᠠᠰᠠ ᠨᠢᠭᠡ ᠬᠠᠳᠠᠭᠤ ᠰᠢᠯᠭᠠᠯᠳᠠ᠂ ᠳᠠᠪᠠᠵᠤ ᠭᠠᠷᠬᠤ ᠡᠴᠡ ᠪᠢᠰᠢ ᠳᠠᠯᠳᠢᠷᠠᠬᠤ (ᠵᠠᠢ᠌ᠯᠠᠬᠤ) ᠶ᠋ᠢᠨ ᠠᠷᠭ᠎ᠠ ᠦᠭᠡᠶ ᠪᠣᠯᠤᠭᠰᠠᠨ ᠭᠠᠵᠠᠷ ᠤᠨ ᠬᠠᠷ᠎ᠠ ᠠᠶᠤᠯ ︕ ᠠᠪᠣ ᠡᠵᠢ᠂ ᠬᠠᠢ᠌ᠷᠠᠳᠤ ᠦᠷ᠎ᠡ᠂ ᠳᠤᠳᠤᠨᠤ ᠭᠦᠮᠤᠨ ᠡᠴᠡ ᠪᠠᠨ ᠬᠠᠭᠠᠴᠠᠵᠤ ᠣᠷᠤᠬᠤ ᠭᠡᠷ᠂ ᠣᠭᠤᠴᠢᠬᠤ ᠠᠶᠠᠭ᠎ᠠ ᠦᠭᠡᠶ ᠪᠣᠯᠤᠭᠰᠠᠨ ᠭᠡᠳᠤᠨ ᠮᠢᠩᠭ᠋ᠠᠨ ᠭᠦᠮᠤᠨ ᠨᠢᠯᠪᠣᠰᠤᠨ ᠳᠤ ᠴᠠᠴᠠᠨ ᠴᠢᠰᠤᠨ ᠳᠤ ᠬᠠᠬᠠᠵᠤ᠂ ᠳᠦᠷᠪᠠᠨ ᠵᠥᠭ᠌ ᠨᠢ᠋ᠮᠠᠨ ᠵᠤᠪᠭᠢᠰ ᠡᠴᠡ ᠳᠤᠰᠠᠯᠠᠮᠵᠢ ᠭᠦᠰᠡᠯ᠎ᠡ ᠁

ᠨᠠᠮ ᠵᠠᠰᠠᠭ ᠤᠨ ᠣᠷᠢᠶᠠᠯᠭ᠎ᠠ ᠪᠠᠷ ᠪᠦᠭᠦ ᠣᠯᠤᠰ ᠳᠠᠶᠠᠭᠠᠷ ᠲᠤ ᠭᠠᠮᠰᠢᠭᠳᠠᠭᠰᠠᠨ ᠣᠷᠤᠨ ᠵᠥᠭ᠌ ᠳᠤᠰᠠᠯᠠᠮᠵᠢ ᠶᠢᠨ ᠬᠠᠯᠠᠭᠤᠨ ᠭᠠᠷ ᠶᠢᠡᠨ ᠰᠤᠩᠭ᠋ᠠᠵᠠᠭᠠᠵᠤ᠂ ᠬᠠᠢ᠌ᠷ᠎ᠠ ᠶᠢᠨ ᠰᠡᠳᠭᠢᠯ᠂ ᠬᠠᠠᠳᠢᠪ ᠨᠠᠮᠠᠷᠢ ᠪᠠᠨ ᠡᠷᠭᠦᠭᠦ ᠠᠷᠢᠭᠤᠨ ᠣᠢ᠌ᠯᠠ ᠭᠠᠵᠠᠷ ᠪᠦᠭᠦᠨ ᠳᠤ ᠭᠠᠯ ᠠᠪᠤᠨ ᠦᠷᠨᠢᠵᠤ ᠪᠠᠢ᠌ᠬᠤ ᠦᠶ᠎ᠡ ᠳᠤ ᠡᠩ ᠤᠨ ᠨᠢᠭᠡ ᠨᠠᠮ ᠤᠨ ᠭᠡᠰᠢᠭᠦᠨ᠂ ᠡᠭᠡᠯ ᠪᠣᠷᠤᠭᠵᠢᠭᠤᠨ ᠭᠦᠳᠡᠭᠡ ᠶᠢᠨ ᠭᠦᠤ ᠊᠊᠊᠊᠊᠊᠊᠊᠊᠊᠊᠊᠊᠊᠊ ᠴᠢᠠᠳᠠᠷ ᠨᠠᠰᠤᠳᠠᠨ ᠶᠠᠭ ᠡᠮᠨᠡᠯᠭᠡ ᠶᠢᠨ ᠬᠤᠷᠢᠶᠠᠨ ᠳᠤ ᠡᠪᠠᠦᠡᠴᠢᠳᠡᠨ ᠤ ᠣᠷᠤᠨ ᠳᠡᠭᠡᠷ᠎ᠡ ᠵᠥᠳᠡᠭᠦᠭᠡᠨ ᠠᠮᠢᠰᠬᠤᠭ᠎ᠠ ᠲᠡᠶ ᠭᠡᠪᠳᠡᠵᠤ ᠪᠠᠢ᠌ᠯ᠎ᠠ᠃ ᠭᠡᠳᠥᠢᠪᠠᠷ ᠨᠠᠰᠤᠨ ᠤ ᠳᠡᠭᠡᠷᠮ᠎ᠡ ᠳᠤ ᠭᠤᠯᠢᠷ ᠪᠣᠯᠳᠠᠯ᠎ᠠ ᠵᠥᠭᠡᠯᠡᠷᠡᠭ᠍ᠰᠡᠨ ᠥᠳᠡᠯᠦᠭᠡ ᠪᠠᠶ᠎ᠠ ᠨᠢ ᠡᠪᠡᠳᠴᠢᠨ ᠤ ᠳᠠᠷᠴᠢᠯᠭᠠᠯ ᠳᠤ ᠰᠢᠨᠠᠯᠤᠨ ᠦᠶ᠎ᠡ ᠦᠶ᠎ᠡ ᠣᠬᠠᠭᠠᠨ ᠰᠠᠨᠠᠭ᠎ᠠ ᠨᠢ ᠪᠠᠯᠠᠷᠠᠨ ᠪᠠᠢ᠌ᠭᠰᠠᠨ ᠴᠤ ᠴᠠᠭ ᠠᠯᠳᠠᠯ ᠦᠭᠡᠶ ᠨᠠᠮ ᠠᠷᠠᠤᠨ ᠤᠨ ᠶᠢᠡᠨ ᠲᠦᠯᠦᠭᠡ ᠠᠷᠠᠯ ᠤᠨ ᠱᠠᠷ ᠰᠢᠭ ᠵᠢᠳᠭᠦᠵᠤ ᠴᠤᠭᠢᠯᠠᠵᠤ ᠶᠠᠪᠣᠭᠰᠠᠨ ᠠᠷᠢᠭᠤᠨ ᠭᠦᠷᠡᠩ ᠵᠢᠷᠦᠭᠡ ᠨᠢ ᠡᠷᠡᠭᠦᠯ ᠭᠡᠪ ᠶᠢᠡᠷ ᠶᠢᠡᠨ᠂ ᠭᠡᠵᠢᠶ᠎ᠡ ᠴᠤ ᠳᠤᠠᠳᠠᠷᠠᠵᠤ ᠰᠢᠷᠭᠢᠵᠤ ᠥᠵᠡᠭᠡ ᠦᠭᠡᠶ ᠥᠭ᠍‍ᠭᠢᠶᠡᠮᠦᠷ ᠰᠡᠳᠭᠢᠯ᠂ ᠨᠠᠠᠳᠢᠨ ᠰᠤᠷᠳᠠᠯ ᠤᠨ ᠭᠢᠨᠢ ᠠᠯᠳᠠᠨ ᠭᠦᠮᠦᠷᠭᠡ ᠳᠦᠭᠦᠷᠡᠩ ᠶᠠᠩᠵᠤ ᠪᠠᠷ ᠶᠢᠡᠨ ᠪᠠᠢ᠌ᠵᠤ ᠪᠢᠯᠠ ︕

ᠠᠮᠢ ᠨᠠᠰᠤᠨ ᠤ ᠠᠶᠤᠯ ᠳᠤ ᠣᠴᠠᠷᠠᠭ᠎ᠠ ᠭᠦᠡᠳᠤ ᠡᠪᠡᠳᠴᠢᠨ ᠲᠡᠶ ᠨᠠᠰᠤᠳᠠᠨ ᠤ ᠳᠡᠷᠭᠡᠳᠡ ᠡᠴᠡ ᠳᠦᠭᠡ ᠰᠠᠯᠤᠯ ᠦᠭᠡᠶ ᠠᠰᠠᠷᠠᠨ ᠬᠠᠷᠠᠭᠠᠯᠵᠠᠵᠤ᠂ ᠰᠡᠳᠭᠢᠯ ᠶᠢᠡᠷ ᠣᠨᠠᠨ ᠪᠠᠢ᠌ᠭᠰᠠᠨ ᠬᠠᠯᠠᠮᠵᠢᠳᠤ ᠪᠦᠰᠡᠭᠦᠢ᠂ ᠬᠠᠢ᠌ᠷᠠᠳᠤ ᠬᠡᠦᠬᠡᠳ ᠨᠢ ᠬᠤᠭᠤᠷᠤᠠᠳᠤ ᠪᠠᠨ ᠸᠸᠠᠴᠤᠸᠠᠨ ᠤ ᠭᠠᠵᠠᠷ ᠭᠦᠳᠡᠯᠦᠯᠳᠡ ᠪᠣᠯᠤᠨ ᠶᠠᠭ ᠢᠳᠠ ᠦᠷᠨᠢᠵᠤ ᠪᠠᠢ᠌ᠭ᠎ᠠ ᠣᠠᠴᠠᠭᠠᠢ ᠨᠠᠮ ᠤᠨ ᠰᠥᠢᠳᠭᠡᠯ ᠤᠨ ᠳᠤᠬᠠᠢ ᠰᠢᠪᠠᠨᠠᠨ ᠭᠡᠯᠡᠯᠴᠡᠵᠤ ᠪᠠᠢ᠌ᠭᠰᠠᠨ ᠢ ᠮᠤᠤᠬᠠᠨ ᠣᠬᠠᠭᠠᠨ ᠲᠡᠶ ᠪᠠᠢ᠌ᠭᠰᠠᠨ ᠨᠠᠰᠤᠳᠠᠨ ᠣᠯᠤᠭᠠᠤᠨ ᠰᠤᠨᠤᠰᠴᠢᠬᠠᠵᠠᠢ᠃

ᠡᠪᠡᠳᠴᠢᠨ ᠳᠤ ᠳᠠᠮᠤᠯᠠᠭᠳᠠᠨ ᠪᠠᠢ᠌ᠭᠰᠠᠭᠠᠷ ᠠᠷᠠᠰᠤ ᠶᠠᠰᠤ ᠪᠣᠯᠤᠭᠰᠠᠨ ᠬᠠᠷᠢᠭᠤ ᠦᠭᠡᠶ ᠪᠠᠶ᠎ᠠ ᠪᠠᠨ ᠦᠴᠦᠭᠡᠨ ᠭᠦᠳᠡᠯᠭᠡᠵᠤ᠂ ᠭᠠᠯ ᠨᠢ ᠬᠠᠷᠢᠭᠰᠠᠨ ᠨᠢᠳᠤ ᠪᠠᠨ ᠠᠯᠭᠤᠷ ᠨᠡᠭᠡᠭᠡᠭᠡᠳ ᠄

᠊᠊᠊᠊᠊᠊᠊᠊᠊᠊᠊᠊᠊᠊᠊ ᠳᠠᠨᠤᠰ ᠶᠠᠭᠤ ᠭᠡᠯᠡᠯᠴᠡᠭᠡᠳ ᠪᠠᠢ᠌ᠨ᠎ᠠ ︖ ᠬᠠᠮᠢᠭ᠎ᠠ ᠶᠠᠮᠠᠷ ᠭᠠᠮᠰᠢᠭ ᠭᠠᠷᠴᠢᠬᠠᠯ᠎ᠠ ᠭᠡᠨ᠎ᠡ ᠭᠡᠳ ᠬᠠᠷᠢᠭᠤ ᠭᠦᠰᠡᠭ᠍ᠰᠡᠨ ᠵᠥᠭᠡᠯᠡᠨ ᠬᠠᠷᠠᠴᠠ ᠪᠠᠷ ᠬᠠᠵᠠᠭᠤᠳᠠᠭᠢ ᠭᠦᠮᠦᠰ ᠶᠢᠡᠨ ᠡᠭᠡᠯᠵᠢᠯᠡᠨ ᠰᠢᠷᠳᠠᠯ᠎ᠠ᠃

ᠡᠷᠡᠭᠦᠯ ᠰᠠᠷᠠᠭᠤᠯ ᠪᠠᠢ᠌ᠬᠤ ᠳᠠᠭᠠᠨ ᠦᠷᠭᠦᠯᠵᠢ ᠰᠤᠨᠢᠨ ᠰᠡᠳᠭᠦᠯ ᠣᠩᠰᠢᠵᠤ᠂   ᠲ᠋ᠸᠯᠸᠢᠰ ᠦᠵᠡᠨ ᠴᠠᠭ ᠤᠨ ᠪᠠᠢ᠌ᠳᠠᠯ ᠢ ᠳᠤᠤᠷ᠎ᠠ ᠨᠢ ᠮᠠᠳᠠᠵᠤ ᠪᠠᠢ᠌ᠳᠠᠭ ᠨᠠᠰᠤᠳᠠᠨ ᠡᠪᠡᠳᠴᠢᠨ ᠤ ᠳᠠᠮᠤᠯᠠᠯ ᠳᠤ ᠣᠨᠠᠨ ᠥᠡᠳᠡᠢ᠌ᠭᠦ ᠴᠢᠳᠠᠯ ᠦᠭᠡᠶ ᠪᠣᠯᠤᠭ᠎ᠠ ᠴᠤ ᠭᠠᠳᠠᠨᠠᠭᠢ ᠶ‍ᠢᠷᠳᠢᠠᠴᠤ ᠶᠢᠨ ᠳᠤᠬᠠᠢ ᠳᠤᠷ᠎ᠠ ᠰᠤᠨᠢᠷᠬᠠᠯ ᠨᠢ ᠪᠠᠭᠤᠷᠠᠭ᠎ᠠ ᠦᠭᠡᠶ ᠪᠠᠢ᠌ᠵᠠᠢ᠃

ᠡᠪᠡᠳᠴᠢᠨ ᠳᠤ ᠨᠢ ᠰᠠᠨᠠᠭ᠎ᠠ ᠪᠣᠯᠤᠨ ᠵᠤᠪᠠᠵᠠᠭᠠᠵᠤ ᠪᠠᠢ᠌ᠭᠰᠠᠨ ᠴᠤ ᠭᠦᠡᠳᠦᠳᠤ ᠨᠠᠰᠤᠳᠠᠨ ᠤ ᠪᠠᠨ ᠭᠦᠰᠡᠯ ᠢ ᠭᠦᠰᠡᠷᠳᠡᠭᠦᠯᠭᠦ ᠦᠭᠡᠶ ᠶᠢᠨ ᠲᠦᠯᠦᠭᠡ ᠬᠡᠦᠬᠡᠳ ᠤᠳ ᠨᠢ ᠸᠸᠠᠴᠤᠸᠠᠨ ᠤ ᠭᠠᠵᠠᠷ ᠭᠦᠳᠡᠯᠦᠯᠳᠡ ᠶᠢᠨ ᠳᠤᠬᠠᠢ᠂ ᠪᠦᠭᠦ ᠣᠯᠤᠰ ᠶᠢᠡᠷ ᠶᠢᠡᠨ ᠭᠦᠳᠡᠯᠦᠯᠴᠡᠨ ᠨᠠᠮ ᠤᠨ ᠭᠡᠰᠢᠭᠦᠨ ᠪᠦᠷᠢ ᠣᠠᠴᠠᠭᠠᠢ ᠨᠠᠮ ᠤᠨ ᠰᠥᠢᠳᠭᠡᠯ ᠳᠤᠰᠢᠶᠠᠬᠤ ᠭᠡᠯᠪᠠᠷᠢ ᠪᠠᠷ ᠭᠠᠮᠰᠢᠭᠳᠠᠭᠰᠠᠨ ᠣᠷᠤᠨ ᠤ ᠠᠬ᠎ᠠ ᠳᠡᠭᠦᠤ ᠶᠢ ᠳᠤᠰᠠᠯᠠᠨ ᠳᠠᠮᠵᠢᠵᠤ ᠪᠠᠢ᠌ᠭ᠎ᠠ ᠪᠠᠢ᠌ᠳᠠᠯ ᠢ ᠭᠡᠯᠡᠵᠤ ᠦᠭ‍ᠭᠦᠯ᠎ᠡ᠃

ᠡᠳᠦᠷ ᠶᠢᠡᠨ ᠭᠦᠯᠢᠶᠡᠭᠡ ᠦᠨᠳᠦᠷ ᠨᠠᠰᠤᠳᠠᠨ ᠦᠪᠡᠷ ᠤᠨ ᠶᠢᠡᠨ ᠲᠦᠯᠦᠭᠡ ᠦᠨᠦᠴᠢᠨ ᠰᠡᠭᠦᠷᠡᠰᠤ ᠠᠯᠳᠠᠭ᠎ᠠ ᠦᠭᠡᠶ᠃ ᠬᠠᠷᠢᠨ ᠭᠠᠮᠰᠢᠭ ᠲᠤ ᠳᠠᠭᠠᠷᠢᠭᠳᠠᠵᠤ᠂ ᠭᠠᠰᠠᠯᠤᠨ ᠵᠤᠪᠠᠭ᠎ᠠ ᠠᠷᠠᠤᠨ ᠣᠯᠠᠨ ᠤ ᠪᠠᠨ ᠡᠮᠦᠨ᠎ᠡ ᠡᠴᠡ ᠡᠪᠡᠳᠴᠢᠨ ᠲᠡᠶ ᠪᠠᠶ᠎ᠠ ᠪᠠᠨ ᠬᠠᠳᠠᠭᠠᠵᠤ᠂ ᠡᠷᠡᠭᠦᠯ ᠵᠢᠷᠦᠭᠡ ᠪᠠᠨ ᠰᠡᠪᠳᠦᠭᠡᠵᠡᠢ᠃

ᠣᠯᠠᠨ ᠠᠷᠠᠤᠨ ᠭᠠᠮᠰᠢᠭ ᠲᠤ ᠳᠠᠭᠠᠷᠢᠭᠳᠠᠯ᠎ᠠ ᠭᠡᠰᠡᠨ ᠢ ᠰᠤᠨᠤᠰᠤᠭᠠᠤᠨ ᠨᠠᠰᠤᠳᠠᠨ ᠬᠡᠦᠬᠡᠳ ᠶᠢᠡᠨ ᠳᠤᠯᠤᠭᠠᠢ ᠳᠡᠭᠡᠷ᠎ᠡ ᠪᠠᠨ ᠳᠠᠭᠤᠳᠠᠨ ᠢᠷᠡᠭᠦᠯᠵᠤ᠂ ᠰᠤᠯᠠᠬᠠᠨ ᠳᠤᠤᠷ᠎ᠠ ᠳᠠᠭᠤᠨ ᠶᠢᠡᠷ᠄

᠊᠊᠊᠊᠊᠊᠊᠊᠊᠊᠊᠊᠊᠊᠊ ᠠᠷᠠᠤᠨ ᠣᠯᠠᠨ ᠠᠶᠤᠯ ᠵᠤᠪᠠᠯᠠᠩ ᠳᠤ ᠣᠴᠠᠷᠠᠭᠠᠤᠨ ᠪᠠᠢ᠌ᠬᠤ ᠳᠤ ᠨᠢᠭᠡᠨ ᠨᠠᠮ ᠤᠨ ᠭᠡᠰᠢᠭᠦᠨ ᠪᠣᠯᠤᠭᠰᠠᠨ ᠭᠦᠮᠤᠨ᠂ ᠡᠪᠡᠳᠴᠢᠨ ᠲᠡᠶ ᠭᠡᠳ ᠣᠠᠴᠠᠭᠠᠢ᠌ᠷᠠᠵᠤ ᠭᠡᠪᠳᠡᠭᠦ ᠨᠢ ᠵᠤᠭᠢᠰ ᠦᠭᠡᠶ᠃ ᠪᠢ ᠴᠤ ᠣᠠᠴᠠᠭᠠᠢ ᠨᠠᠮ ᠤᠨ ᠰᠥᠢᠳᠭᠡᠯ ᠳᠤᠰᠢᠶᠠᠪᠠᠯ ᠳᠠᠭᠠᠷᠠᠨ᠎ᠠ᠃ ᠳᠠᠨᠤᠰ ᠮᠢᠨᠤ ᠴᠠᠯᠢᠩ ᠡᠴᠡ 500 ᠳᠦᠭᠦᠷᠢᠭ᠌ ᠠᠪᠣᠭᠠᠤᠨ ᠭᠠᠮᠰᠢᠭᠳᠠᠭᠰᠠᠨ ᠣᠷᠤᠨ ᠳᠤ ᠶᠠᠪᠣᠭᠤᠯᠵᠤ ᠥᠵᠡᠭᠡᠷᠡᠢ ︕ ᠮᠢᠨᠤ ᠰᠡᠭᠦᠯᠴᠢ ᠶᠢᠨ ᠣᠳᠠᠭ᠎ᠠ ᠨᠠᠮ ᠠᠷᠠᠤᠨ ᠲᠠᠭᠠᠨ ᠭᠦᠷᠭᠡᠵᠤ ᠪᠠᠢ᠌ᠭ᠎ᠠ ᠵᠢᠭᠠᠬᠠᠨ ᠳᠡᠮᠵᠢᠯᠭᠡ᠂ ᠦᠴᠦᠭᠡᠨ ᠳᠤᠰᠠ ᠭᠡᠴᠢᠭᠡᠭᠡᠳ ᠪᠠᠰᠠ ᠰᠠᠨᠠᠭ᠎ᠠ ᠣᠬᠠᠭᠠᠨ ᠨᠢ ᠪᠠᠯᠠᠷᠠᠭᠠᠤᠨ ᠶᠠᠪᠣᠴᠢᠬᠠᠯ᠎ᠠ᠃

ᠨᠠᠰᠤ ᠪᠠᠷᠠᠭᠰᠠᠨ ᠴᠤ ᠨᠠᠮ ᠳᠠᠭᠠᠨ ᠦᠨᠡᠠᠴᠢ ᠰᠡᠳᠭᠢᠯ ᠶᠢᠡᠨ ᠭᠦᠢᠴᠡᠭᠡᠵᠤ᠂ ᠠᠮᠢᠳᠤ ᠶᠢᠨ ᠵᠢᠷᠭᠠᠯ ᠢ ᠠᠷᠤ ᠳᠤ ᠥᠯᠡᠳᠡᠭᠡ ᠠᠷᠠᠤᠨ ᠣᠯᠠᠨ ᠳᠠᠭᠠᠨ ᠡᠳ᠋ᠯᠡᠭᠦᠯᠭᠦ ᠭᠡᠰᠡᠨ ᠰᠠᠢ᠌ᠬᠠᠨ ᠰᠠᠨᠠᠭ᠎ᠠ ᠪᠠᠢ᠌ᠵᠤ ᠳ᠋ᠠ᠃ ᠠᠰᠢᠭ ᠰᠠᠨᠠᠵᠤ᠂ ᠠᠯᠳᠠᠷ ᠵᠡᠭᠦᠭᠦ ᠶᠢᠨ ᠲᠦᠯᠦᠭᠡ ᠨᠠᠮ ᠳᠤ ᠣᠷᠤᠭ᠎ᠠ ᠦᠭᠡᠶ ᠭᠡᠳᠡᠭ᠌ ᠶᠢᠡᠨ ᠨᠠᠰᠤᠳᠠᠨ ᠢᠩᠭᠢᠵᠤ ᠠᠷᠢᠭᠤᠨ ᠣᠯᠠᠭᠠᠨ ᠵᠢᠷᠦᠭᠡ ᠪᠠᠷ ᠶᠢᠡᠨ ᠭᠡᠷᠡᠴᠢᠯᠡᠵᠡᠢ᠃

ᠬᠡᠦᠬᠡᠳ ᠤᠳ ᠨᠢ ᠡᠳᠦᠷ ᠡᠴᠡ ᠡᠳᠦᠷ ᠭᠦᠡᠳᠦᠷᠡᠨ ᠪᠠᠢ᠌ᠭ᠎ᠠ ᠡᠪᠡᠳᠴᠢᠨ ᠲᠡᠶ ᠠᠪᠣ ᠶᠢᠨ ᠶᠢᠡᠨ ᠡ᠊ᠨᠳᠡ ᠳᠠᠠᠳᠠ ᠭᠠᠷᠵᠠᠭᠠᠨ ᠭᠦᠯ ᠪᠣᠯᠵᠤ ᠪᠠᠢ᠌ᠭᠠᠤᠨ ᠵᠢᠭᠠᠬᠠᠨ ᠵᠠᠪ ᠣᠯᠵᠤ᠂ ᠨᠠᠰᠤᠳᠠᠨ ᠤ ᠵᠠᠭᠢᠭᠰᠠᠨ ᠶᠤᠰᠤᠭᠠᠷ ᠦᠭ‍ᠭᠦ ᠭᠡᠰᠡᠨ ᠮᠦᠩᠭᠦ ᠶᠢ ᠨᠢ ᠵᠤᠬᠢᠶᠠᠨ ᠪᠠᠢ᠌ᠭᠤᠯᠤᠯᠳᠠ ᠪᠠᠷ ᠳᠠᠮᠵᠢᠭᠤᠯᠤᠨ ᠭᠠᠮᠰᠢᠭᠳᠠᠭᠰᠠᠨ ᠣᠷᠤᠨ ᠳᠤ ᠶᠠᠪᠣᠭᠤᠯᠤᠯ᠎ᠠ᠃ ᠨᠠᠰᠤᠳᠠᠨ ᠤ ᠡᠪᠡᠳᠴᠢᠨ ᠤ ᠪᠠᠢ᠌ᠳᠠᠯ᠂ ᠣᠢ᠌ᠯᠠ ᠠᠵᠢᠯᠯᠠᠭ᠎ᠠ ᠶᠢ ᠰᠤᠨᠤᠰᠤᠭᠠᠤᠨ ᠵᠤᠬᠢᠶᠠᠨ ᠪᠠᠢ᠌ᠭᠤᠯᠤᠯᠳᠠ ᠡᠴᠡ ᠳᠡᠭᠡᠳᠤ ᠭᠡᠮᠵᠢᠶ᠎ᠡ ᠪᠠᠷ ᠭᠦᠡᠳᠦᠳᠭᠡᠨ ᠳᠤᠰᠬᠠᠢ ᠰᠤᠷᠪᠣᠯᠵᠢᠯᠠᠭᠴᠢ ᠳᠤᠮᠢᠯᠠᠨ ᠢᠷᠡᠭᠦᠯᠵᠤ᠂ ᠡᠷᠭᠢᠮ ᠳᠡᠭᠡᠳᠤ ᠣᠢ᠌ᠯᠠ ᠠᠵᠢᠯᠯᠠᠭ᠎ᠠ ᠶᠢ ᠨᠢ ᠮᠦᠨ ᠳᠤᠤᠷ᠎ᠠ ᠨᠢ ᠣᠬᠠᠭᠠᠭᠤᠯᠤᠨ ᠳᠠᠷᠬᠠᠭᠠᠭᠠᠤᠨ ᠭᠦᠡᠳᠦᠳᠤ ᠪᠣᠭᠤᠷᠤᠯ ᠤᠨ ᠭᠡᠭᠡᠨ ᠳᠦᠷᠢ ᠶᠢ ᠳᠸᠯᠸᠢᠰ ᠤᠨ ᠴᠡᠭᠡᠨ ᠭᠦᠰᠢᠭᠡᠨ᠎ᠡ ᠰᠡᠭᠦᠳᠡᠷᠯᠡᠨ ᠥᠵᠡᠭᠦᠯᠵᠡᠢ᠃

ᠭᠢᠭᠦ ᠶᠤᠰᠤᠳᠠᠢ ᠠᠵᠢᠯ ᠶᠢᠡᠨ ᠭᠢᠵᠤ᠂ ᠪᠦᠳᠦᠭᠡᠭᠦ ᠣᠴᠢᠷᠳᠠᠢ ᠵᠣᠢ᠌ᠯ ᠶᠢᠡᠨ ᠪᠦᠳᠦᠭᠡᠭ᠍ᠰᠡᠨ ᠳᠡᠭᠡᠨ ᠰᠠᠨᠠᠭ᠎ᠠ ᠰᠡᠳᠭᠢᠯ ᠨᠢ ᠠᠮᠤᠷᠵᠢᠭ᠎ᠠ ᠪᠢᠵᠠ᠃ ᠨᠠᠰᠤᠳᠠᠨ ᠤ ᠡᠴᠡᠵᠤ ᠶᠠᠳᠠᠷᠠᠭᠰᠠᠨ ᠴᠢᠷᠠᠢ ᠳᠤ ᠪᠠᠶᠠᠷ ᠤᠨ ᠳᠤᠶᠠᠭ᠎ᠠ ᠬᠠᠷᠪᠤᠨ ᠡᠪᠠᠦᠡᠴᠢᠳᠡᠨ ᠤ ᠣᠷᠤᠨ ᠳᠡᠭᠡᠷ᠎ᠡ ᠠᠮᠤᠭᠤᠯᠠᠩ ᠳᠠᠢ᠌ᠪᠣᠩ ᠦᠷᠭᠡᠯᠡᠵᠤ ᠪᠠᠢ᠌ᠯ᠎ᠠ᠃ ᠭᠦᠡᠳᠤ ᠡᠪᠠᠦᠡᠴᠢᠳᠡᠢ ᠭᠦᠮᠤᠨ ᠤ ᠰᠠᠨᠠᠭᠠᠨ ᠳᠤ ᠭᠡᠷᠡᠭ᠌ ᠦᠭᠡᠶ᠂ ᠡᠷᠡᠭᠦᠯ ᠭᠦᠮᠤᠨ ᠤ ᠰᠠᠨᠠᠭᠠᠨ ᠳᠤ ᠢᠷᠠᠰᠢ ᠦᠭᠡᠶ ᠠᠷᠢᠭᠤᠨ ᠣᠢ᠌ᠯᠠ ᠶᠢ ᠰᠠᠨᠠᠨ ᠣᠯᠤᠭᠰᠠᠨ ᠨᠠᠰᠤᠳᠠᠨ ᠤ ᠵᠢᠱᠢᠶᠠᠴᠢ ᠠᠵᠢᠯᠯᠠᠭ᠎ᠠ ᠣᠯᠠᠨ ᠣᠯᠠᠨ ᠭᠦᠮᠦᠰ ᠤᠨ ᠰᠡᠳᠭᠢᠯ ᠤᠨ ᠬᠠᠯᠭᠢᠶ᠎ᠠ ᠶᠢ ᠳᠡᠪᠠᠷᠡᠭᠦᠯᠤᠨ ᠨᠢᠳᠤᠨ ᠨᠢᠯᠪᠣᠰᠤ ᠶᠢ ᠣᠨᠠᠭᠠᠵᠤ᠂ ᠶᠠᠭᠤ ᠨᠢᠭᠡ ᠶᠢ ᠪᠣᠳᠤᠭᠳᠠᠭᠤᠯᠪᠠ᠃

ᠭᠦᠰᠡᠯ ᠶᠢᠡᠨ ᠪᠠᠶᠡᠯᠡᠭᠦᠯᠵᠤ᠂ ᠰᠠᠨᠠᠭᠠᠨ ᠳᠠᠭᠠᠨ ᠭᠦᠷᠦᠭ᠍ᠰᠡᠨ ᠭᠦᠡᠳᠦᠳᠤ ᠨᠠᠰᠤᠳᠠᠨ ᠣᠳᠤ ᠪᠣᠯᠤᠯ᠎ᠠ ᠭᠡᠭᠦ ᠰᠢᠭ᠌ ᠰᠡᠳᠭᠢᠯ ᠬᠠᠩᠭ᠋ᠠᠯᠤᠭᠤᠨ ᠪᠠᠢ᠌ᠵᠤ ᠪᠠᠢ᠌ᠭᠠᠤᠨ ᠳᠠᠷᠠ ᠣᠷᠤᠢ ᠳᠠᠭᠠᠨ ᠳᠡᠭ᠍ᠷᠢ ᠳᠤ ᠬᠠᠯᠢᠴᠢᠬᠠᠯ᠎ᠠ᠃ ᠪᠠᠷᠤᠭ ᠬᠠᠭᠠᠰ ᠨᠠᠰᠤ ᠪᠠᠷ ᠣᠯᠤᠰ ᠤᠨ ᠠᠵᠢᠯ ᠭᠢᠴᠢᠭᠡᠭᠡᠳ ᠠᠷᠢᠭᠤᠨ ᠣᠷᠤᠨ ᠳᠤ ᠠᠶᠠᠷᠯᠠᠬᠤ ᠳᠠᠭᠠᠨ ᠨᠠᠰᠤᠳᠠᠨ ᠠᠷᠤ ᠳᠤ ᠥᠯᠡᠳᠡᠭᠡ ᠬᠠᠯᠠᠮᠵᠢᠳᠤ ᠪᠦᠰᠡᠭᠦᠢ᠂ ᠬᠠᠢ᠌ᠷᠠᠳᠤ ᠬᠡᠦᠬᠡᠳ ᠲᠡᠭᠡᠨ ᠥᠯᠡᠳᠡᠭᠡᠵᠤ ᠬᠤᠴᠤᠷᠭᠠᠭᠰᠠᠨ ᠦᠨ᠎ᠡ ᠪᠠᠨ᠎ᠠ ᠲᠡᠶ ᠡᠳ᠋ ᠬᠤᠭᠰᠢᠯ ᠭᠡᠵᠤ ᠪᠠᠢ᠌ᠭ᠎ᠠ ᠦᠭᠡᠶ᠃ ᠵᠥᠪᠭᠡᠨ ᠠᠮᠢᠳᠤ ᠰᠡᠷᠡᠭᠦᠨ ᠪᠠᠢ᠌ᠬᠤ ᠳᠠᠭᠠᠨ 《ᠮᠢᠨᠤ ᠪᠠᠭᠰᠢ》 ᠭᠡᠮᠡᠨ ᠠᠮᠢ ᠲᠡᠶ ᠪᠠᠨ ᠬᠤᠯᠪᠤᠨ ᠬᠠᠳᠠᠭᠠᠯᠠᠵᠤ ᠰᠠᠭᠤᠳᠠᠭ ᠮᠤᠩᠭ᠋ᠤᠯ᠂ ᠲᠦᠪᠡᠳ᠂ ᠭᠢᠳᠠᠤᠨ ᠭᠡᠯᠡᠨ ᠤ ᠳᠤᠯᠢ ᠪᠢᠴᠢᠭ᠌ ᠪᠣᠯᠤᠨ ᠨᠤᠮ ᠤᠳ᠂ ᠣᠷᠠᠭᠳᠠᠵᠤ ᠰᠠᠮᠠᠷᠠᠨ ᠳᠤᠰᠤ ᠪᠣᠯᠤᠭᠰᠠᠨ ᠭᠠᠷ ᠳᠡᠮᠳᠡᠭᠯᠡᠯ ᠤᠨ ᠳᠠᠪᠳᠠᠷ ᠯᠠ ᠡᠵᠡᠨ ᠶᠢᠡᠨ ᠥᠭᠡᠢ᠌ᠯᠡᠭᠡ ᠶᠤᠮ ᠰᠢᠭ ᠥᠩᠭᠡ ᠪᠠᠨ ᠠᠯᠳᠠᠨ ᠦᠯᠠᠳᠠᠵᠠᠢ᠃ ᠨᠠᠰᠤᠳᠠᠨ ᠢᠩᠭᠡᠭᠡᠳ ᠶᠠᠪᠣᠴᠢᠬᠠᠯ᠎ᠠ᠃ ᠭᠡᠯᠡᠵᠤ ᠭᠢᠵᠤ᠂ ᠵᠠᠭᠢᠵᠤ ᠭᠦᠰᠡᠵᠤ ᠪᠠᠢ᠌ᠭᠰᠠᠨ ᠨᠢ ᠪᠠᠢ᠌ᠨ ᠪᠠᠢ᠌ᠨ ᠪᠣᠳᠤᠭᠳᠠᠨ ᠦᠷ᠎ᠡ ᠬᠣᠢ᠌ᠴᠢᠰ᠂ ᠭᠦᠮᠤᠨ ᠠᠷᠠᠤᠨ ᠤᠨ ᠰᠡᠳᠭᠢᠯ ᠳᠤ ᠦᠨᠢᠳᠠ ᠬᠤᠨᠤᠭᠰᠢᠵᠤ᠂ ᠭᠡᠵᠢᠶ᠎ᠡ ᠴᠤ ᠭᠡᠷᠡᠭᠯᠡᠭᠡᠳ ᠪᠠᠷᠠᠰᠢ ᠦᠭᠡᠶ ᠣᠶᠤᠨ ᠤ ᠨᠠᠠᠳᠢᠨ ᠭᠦᠨᠡᠰᠤ ᠪᠣᠯᠤᠨ ᠬᠤᠴᠤᠷᠴᠠᠢ᠃ ᠬᠡᠦᠬᠡᠳ ᠤᠳ ᠨᠢ 《ᠡᠪᠡᠳᠴᠢᠨ ᠵᠤᠪᠠᠯᠠᠩ ᠡᠴᠡ ᠪᠣᠯᠵᠤ᠂ 85 ᠨᠠᠰᠤᠨ ᠤ ᠭᠢᠨᠢ ᠵᠢᠯ ᠳᠡᠭᠡᠷ᠎ᠡ ᠳᠦᠷᠦᠭ᠍ᠰᠡᠨ ᠡᠳᠦᠷ ᠢ ᠨᠢ ᠪᠠᠯᠭᠡᠯᠡᠵᠤ ᠴᠢᠳᠠᠯ ᠦᠭᠡᠶ ᠠᠯᠳᠠᠴᠢᠬᠠᠯ᠎ᠠ》 ᠭᠡᠳ ᠬᠠᠷᠠᠮᠰᠠᠨ ᠭᠤᠮᠤᠳᠠᠨ᠎ᠠ᠃ ᠭᠡᠳᠡᠯ᠎ᠡ ᠶᠠᠭᠠᠭᠢᠬᠤ ᠪᠢᠯᠠ ⁈ ᠭᠦᠮᠤᠨ ᠤ ᠨᠢᠭᠡ ᠨᠠᠰᠤ ᠭᠡᠭ᠍ᠴᠢ ᠭᠦᠵᠢ ᠶᠢᠨ ᠭᠤᠤᠯ ᠠᠳᠠᠯᠢ ᠳᠠᠩᠴᠤ ᠪᠣᠭᠤᠨᠢᠬᠠᠨ ᠪᠠᠢ᠌ᠳᠠᠭ ᠬᠣᠢ᠌ᠨ᠎ᠠ ᠳ᠋ᠠ ︕ ᠁

ᠨᠢᠭᠡ

ᠬᠤᠷᠢᠳᠤᠭᠠᠷ ᠵᠠᠭᠤᠨ ᠤ ᠬᠤᠷᠢᠭᠠᠤᠨ ᠣᠨ ᠤ ᠡᠭᠢᠨ ᠤ ᠨᠢᠭᠡᠨ ᠡᠳᠦᠷ ᠬᠦᠬᠡ‍ᠨᠠᠭᠤᠷ ᠳᠡᠭᠡᠳᠤ ᠮᠤᠩᠭ᠋ᠤᠯ ᠤᠨ ᠭᠦᠷᠯᠦᠭ᠌ ᠬᠤᠰᠢᠭᠤᠨ ᠤ ᠳᠤᠰᠤᠨ ᠬᠤᠷᠮᠣᠢ᠌ᠳᠤ ᠭᠤᠪᠢ ᠶᠢᠨ ᠬᠠᠷᠠᠴᠤ ᠶᠠᠳᠠᠭᠤ ᠠᠷᠠᠤᠨ ᠳ᠋ᠠᠷᠮ᠎ᠠ ᠶᠢᠨ ᠢᠰᠡᠭᠡᠢ ᠪᠣᠷᠤ ᠭᠡᠷ ᠲᠤ ᠨᠢᠯᠬ᠎ᠠ ᠶᠢᠨ ᠳᠠᠭᠤ ᠪᠠᠨ ᠬᠠᠩᠭᠢᠨᠠᠭᠤᠯᠤᠨ ᠵᠤᠯᠠᠢ ᠬᠠᠭᠠᠷᠬᠠᠢ᠂ ᠪᠢᠯᠢᠭ᠌ ᠴᠤᠭᠤᠷᠤᠬᠠᠢ ᠪᠢᠴᠢᠬᠠᠨ ᠦᠷ᠎ᠡ ᠵᠠᠶᠠᠭᠠᠭᠰᠠᠨ ᠨᠢ ᠴᠢᠠᠳᠠᠷ (ᠪᠦᠭᠦᠯᠢ ᠨᠠᠷ᠎ᠠ ᠨᠢ ᠵᠠᠮᠢᠶᠠᠩᠳᠤᠷᠵᠢᠴᠢᠠᠳᠠᠷ᠂ ᠬᠤᠵᠢᠮ ᠨᠢ ᠳᠦᠭᠦᠮᠴᠢᠯᠡᠭᠡᠳ ᠵᠥᠪᠭᠡᠨ ᠴᠢᠠᠳᠠᠷ ᠭᠡᠮᠡᠨ ᠳᠠᠭᠤᠳᠠᠨ ᠵᠠᠩᠰᠢᠵᠠᠢ᠃) ᠨᠠᠰᠤᠳᠠᠨ ᠪᠠᠢ᠌ᠵᠤ ᠪᠢᠯᠠ᠃ ᠳᠤᠬᠠᠢ ᠶᠢᠨ ᠦᠶ᠎ᠡ ᠶᠢᠨ ᠬᠠᠷᠠᠩᠭ᠋ᠤᠢ ᠬᠠᠭᠤᠴᠢᠨ ᠨᠡᠢ᠌ᠭᠡᠮ ᠤᠨ ᠨᠥᠯᠦᠭᠡᠨ ᠡᠴᠡ ᠪᠣᠯᠤᠭᠠᠤᠨ ᠴᠢᠠᠳᠠᠷ ᠨᠠᠰᠤᠳᠠᠨ ᠳᠦᠷᠦᠮᠡᠭ᠍ᠴᠡ ᠳᠤᠷᠭᠠᠨ ᠳᠡᠭᠡᠷ᠎ᠡ ᠭᠦᠯᠪᠠᠷᠢᠵᠤ᠂ ᠳᠤᠰᠤᠨ ᠳᠡᠭᠡᠭᠦᠷ ᠥᠩᠭᠦᠷᠢᠭᠡᠳ ᠦᠭᠡᠶ᠃ ᠬᠠᠷᠢᠨ ᠬᠠᠭᠠᠰ ᠨᠢᠴᠦᠭᠦᠨ᠂ ᠬᠠᠭᠠᠰ ᠥᠯᠦᠰᠭᠦᠯᠡᠩ ᠶᠠᠳᠠᠭᠤᠬᠠᠨ ᠠᠮᠢᠳᠤᠷᠠᠯ ᠤᠨ ᠣᠷᠴᠢᠨ ᠳᠤ ᠳᠠᠮᠤᠷ ᠰᠢᠭ᠌ ᠳᠠᠪᠳᠠᠭᠳᠠᠨ ᠦᠰᠴᠠᠢ᠃    ᠠᠪᠣ ᠡᠵᠢ ᠨᠢ ᠭᠦᠷᠯᠦᠭ᠌ ᠨᠤᠶᠠᠨ ᠤ ᠭᠡᠷ ᠲᠤ ᠵᠠᠷᠤᠭᠳᠠᠨ ᠭᠡᠳᠡᠰᠤ ᠡᠭᠡᠮ ᠶᠢᠡᠨ ᠠᠷᠭᠠᠯᠠᠵᠤ᠂ ᠦᠷ᠎ᠡ ᠬᠡᠦᠬᠡᠳ ᠶᠢᠡᠨ ᠥᠰᠭᠡᠵᠤ ᠪᠠᠢ᠌ᠭᠰᠠᠨ ᠪᠣᠯᠬᠤᠷ ᠴᠢᠠᠳᠠᠷ ᠨᠠᠰᠤᠳᠠᠨ ᠴᠤ ᠬᠠᠷ᠎ᠠ ᠪᠠᠭ᠎ᠠ ᠡᠴᠡ ᠪᠠᠨ ᠠᠳᠤᠭᠤ ᠰᠠᠭᠠᠬᠤ᠂ ᠠᠷᠠᠰᠤ ᠨᠡᠭᠡᠢ ᠡᠯᠳᠡᠭᠦ᠂ ᠠᠷᠢᠭᠢ ᠨᠡᠷᠡᠭᠦ᠂ ᠠᠷᠭᠠᠯ ᠲᠦᠯᠡᠭᠡ ᠳᠡᠭᠦᠭᠦ ᠮᠠᠳᠤ ᠶᠢᠨ ᠬᠠᠳᠠᠭᠤ ᠵᠥᠭᠡᠯᠡᠨ ᠠᠵᠢᠯ ᠳᠤ ᠭᠠᠷ ᠤᠨ ᠰᠢᠭᠦᠰᠤ ᠪᠠᠨ ᠬᠠᠳᠠᠭᠠᠵᠤ ᠶᠠᠪᠣᠯ᠎ᠠ᠃ ᠭᠡᠪᠠᠴᠤ ᠪᠢᠴᠢᠬᠠᠨ ᠵᠠᠮᠢᠶᠠᠩᠳᠤᠷᠵᠢᠴᠢᠠᠳᠠᠷ ᠬᠠᠯᠠ ᠲᠡᠶ ᠠᠮᠢᠳᠤᠷᠠᠯ ᠤᠨ ᠴᠢᠯᠠᠭᠤᠨ ᠳᠤ ᠨᠤᠭᠤ ᠳᠠᠷᠤᠭᠳᠠᠭ᠎ᠠ ᠦᠭᠡᠶ᠂ ᠦᠰᠦᠨ ᠡᠴᠡ ᠣᠯᠠᠨ ᠬᠠᠷ᠎ᠠ ᠪᠣᠷᠤ ᠠᠵᠢᠯ ᠤᠨ ᠴᠢᠯᠦᠭᠡ ᠵᠠᠪ ᠶᠢᠡᠷ ᠠᠪᠣ ᠡᠴᠡ ᠪᠠᠨ ᠲᠦᠪᠡᠳ ᠴᠠᠭᠠᠨ ᠳᠤᠯᠤᠭᠠᠢ ᠨᠢᠳᠤᠯᠠᠵᠤ (ᠰᠤᠷᠴᠤ) ᠡᠭᠢᠯᠡᠭ᠍ᠰᠡᠨ ᠪᠠᠢ᠌ᠯ᠎ᠠ᠃

ᠴᠢᠠᠳᠠᠷ ᠨᠠᠰᠤᠳᠠᠨ ᠠᠷᠪᠠᠨ ᠭᠡᠳᠦᠢ ᠲᠡᠶ ᠡᠴᠡ ᠪᠠᠨ ᠡᠭᠢᠯᠡᠨ ᠨᠤᠶᠠᠨ ᠤ ᠠᠳᠤᠭᠤ ᠬᠠᠷᠢᠭᠤᠯᠵᠤ᠂ ᠠᠯᠤᠰ ᠬᠠᠷᠢ ᠶᠢᠨ ᠨᠤᠳᠤᠭ ᠶᠢᠡᠷ ᠣᠳᠤᠷᠯᠠᠨ ᠶᠠᠪᠣᠵᠠᠢ᠃ ᠶᠠᠭᠤᠮ᠎ᠠ ᠰᠤᠷᠴᠤ᠂ ᠨᠢᠳᠤ ᠨᠡᠭᠡᠭᠡᠭᠦ ᠭᠡᠳᠡᠭ᠌ ᠬᠤᠯᠠ ᠶᠢᠨ ᠪᠣᠳᠤᠯ ᠡᠨᠡ ᠦᠶ᠎ᠡ ᠡᠴᠡ ᠡᠭᠢᠯᠡᠨ ᠣᠷᠭᠤᠭᠰᠠᠨ ᠪᠠᠢ᠌ᠵᠤ ᠮᠡᠳᠡᠭᠦ ᠶ‍ᠦᠮ᠃ ᠭᠡᠭᠡᠷ᠎ᠡ ᠭᠦᠳᠡᠭᠡ ᠬᠤᠨᠤᠵᠤ᠂ ᠭᠡᠴᠡ (ᠥᠡᠳᠦᠷᠭᠡᠨ ᠭᠠᠵᠠᠷ) ᠳᠠᠷᠠᠯᠠᠨ ᠶᠠᠪᠣᠬᠤ ᠳᠠᠭᠠᠨ ᠳᠠᠷᠠ ᠠᠪᠣ ᠡᠴᠡ ᠪᠠᠨ ᠰᠤᠷᠤᠭᠰᠠᠨ ᠲᠦᠪᠡᠳ ᠴᠠᠭᠠᠨ ᠳᠤᠯᠤᠭᠠᠢ ᠪᠠᠨ ᠮᠠᠷᠳᠠᠯ ᠦᠭᠡᠶ ᠪᠠᠳᠤᠳᠬᠠᠨ ᠴᠡᠭᠡᠵᠢᠯᠡᠵᠤ᠂ ᠬᠠᠵᠠᠭᠤ ᠪᠠᠷ ᠨᠢ ᠣᠢ᠌ᠯᠠ ᠣᠶᠤᠬᠤ᠂ ᠳᠡᠭᠡᠰᠤ ᠰᠢᠳᠠᠮᠰᠤ ᠳᠤᠮᠤᠬᠤ ᠡᠯᠳᠡᠪ ᠤᠨ ᠨᠠᠷᠢᠨ ᠠᠵᠢᠯ ᠳᠤ ᠪᠣᠯᠪᠠᠰᠤᠷᠠᠨ ᠴᠠᠭᠠᠷᠠᠵᠠᠢ᠃ ᠶᠠᠭᠤᠮ᠎ᠠ ᠶᠠᠭᠤᠮᠠᠨ ᠳᠤ ᠬᠠᠴᠢᠨ ᠰᠤᠨᠢᠷᠬᠠᠯ ᠲᠡᠶ ᠪᠠᠷ ᠪᠠᠷᠠᠬᠤ ᠦᠭᠡᠶ᠂ ᠳᠡᠭᠦᠨ ᠤ ᠴᠠᠭᠠᠳᠤᠭᠢ ᠣᠴᠢᠷ ᠶᠤᠰᠤᠨ ᠳᠤ ᠨᠡᠪᠳᠡᠷᠡᠭᠦ ᠭᠡᠮᠡᠨ ᠵᠢᠳᠭᠦᠳᠡᠭ᠌ ᠨᠢ ᠳᠡᠭᠦᠨ ᠤ ᠪᠠᠭ᠎ᠠ ᠶᠢᠨ ᠵᠠᠩ ᠪᠠᠢ᠌ᠯ᠎ᠠ᠃ ᠳᠡᠭᠡᠭᠡᠳ ᠬᠤᠷᠸ᠎ᠠ ᠶ‍ᠢᠷᠳᠢᠠᠴᠤ ᠶᠢᠨ ᠣᠢ᠌ᠯᠠ ᠭᠡᠷᠡᠭ᠌ ᠢ ᠣᠬᠠᠪᠣᠷᠢᠯᠠᠨ ᠳᠠᠨᠢᠬᠤ ᠳᠤ ᠵᠥᠪᠭᠡᠨ ᠭᠡᠷ ᠤᠨ ᠪᠢᠴᠢᠭ᠌ ᠲᠤ ᠳᠦᠰᠢᠭᠯᠡᠭᠡᠳ ᠪᠣᠯᠬᠤ ᠦᠭᠡᠶ ᠭᠡᠳᠡᠭ᠌ ᠢ ᠠᠭᠠᠵᠢᠮ ᠶᠢᠡᠷ ᠣᠬᠠᠭᠠᠷᠠᠵᠠᠢ᠃  ᠢᠳᠠ ᠣᠬᠠᠭᠠᠨ ᠪᠦᠷᠢᠳᠦᠭ᠍ᠰᠡᠨ 25 ᠨᠠᠰᠤᠨ ᠳᠠᠭᠠᠨ ᠴᠢᠠᠳᠠᠷ ᠨᠠᠰᠤᠳᠠᠨ ᠭᠡᠷ ᠤᠨ ᠭᠠᠭᠴᠠ ᠱᠠᠷ ᠶᠢᠡᠨ ᠬᠤᠳᠠᠯᠳᠤᠴᠢᠬᠠᠭᠠᠤᠨ ᠭᠦᠮᠪᠦᠨ ᠭᠡᠢ᠌ᠤᠨ ᠲᠤ ᠭᠦᠷᠴᠤ ᠨᠤᠮ ᠤᠨ ᠮᠦᠷ ᠭᠦᠭᠡᠭᠡᠭ᠍ᠰᠡᠨ ᠪᠠᠢ᠌ᠨ᠎ᠠ᠃ ᠳᠠᠷᠠ ᠴᠠᠭ ᠲᠤ ᠠᠮᠢᠳᠤᠷᠠᠯ ᠶᠠᠳᠠᠭᠤ ᠭᠦᠮᠦᠰ ᠲᠤ ᠬᠠᠮᠢᠭ᠎ᠠ ᠪᠠᠢ᠌ᠭᠰᠠᠨ ᠠᠩᠭ᠋ᠠᠢ᠌ᠵᠤ ᠢᠳᠡᠭᠡᠳ ᠠᠯᠴᠠᠢ᠌ᠵᠤ ᠰᠤᠷᠤᠯᠴᠠᠬᠤ ᠪᠠᠯᠠᠨ ᠵᠢᠷᠭᠠᠯ ᠪᠠᠢ᠌ᠬᠤ ᠪᠢᠯᠠ ⁈ ᠴᠢᠠᠳᠠᠷ ᠨᠠᠰᠤᠳᠠᠨ ᠭᠡᠢ᠌ᠤᠨ ᠲᠤ ᠣᠰᠤ ᠲᠦᠯᠡᠭᠡ ᠡᠭᠦᠷᠭᠦ᠂ ᠭᠡᠷ ᠭᠦᠷᠢᠶ᠎ᠡ ᠱᠥᠭᠦᠷᠳᠡᠭᠦ᠂ ᠴᠠᠰᠤ ᠮᠦᠰᠤ ᠠᠷᠢᠯᠭᠠᠬᠤ ᠡᠴᠡ ᠠᠪᠣᠭᠠᠤᠨ ᠭᠦᠡᠳᠤ ᠭᠡᠴᠡᠭᠦᠤ ᠠᠵᠢᠯ ᠢ ᠴᠥᠭᠦᠷᠡᠩ ᠶᠢᠡᠨ ᠪᠠᠷᠠᠳᠠᠯ᠎ᠠ ᠭᠢᠵᠤ ᠪᠠᠢ᠌ᠭᠠᠤᠨ ᠨᠤᠮ ᠵᠢᠭᠠᠯᠭᠠᠵᠠᠢ᠃ ᠭᠡᠪᠠᠴᠤ ᠣᠢ᠌ᠯᠠ ᠶᠢᠨ ᠪᠠᠷᠭᠡ᠂ ᠨᠤᠮ ᠤᠨ ᠬᠠᠳᠠᠭᠤ ᠡᠴᠡ ᠴᠢᠠᠳᠠᠷ ᠨᠠᠰᠤᠳᠠᠨ ᠵᠢᠭᠠᠬᠠᠨ ᠴᠤ ᠬᠠᠯᠠᠰᠢᠷᠠᠭ᠎ᠠ ᠦᠭᠡᠶ᠃ ᠪᠠᠭᠰᠢ ᠵᠢᠨ ᠵᠢᠭᠠᠭᠰᠠᠨ ᠨᠤᠮ ᠢ ᠴᠢᠯᠠᠭᠤ ᠰᠢᠭᠡᠳᠭᠡᠭ᠍ᠰᠡᠨ ᠱᠠᠯᠠᠨ ᠳᠡᠭᠡᠷ᠎ᠡ ᠭᠦᠯᠦᠰᠤ ᠣᠷᠤᠰᠳᠠᠯ᠎ᠠ ᠰᠠᠭᠤᠵᠤ ᠪᠠᠢ᠌ᠭᠠᠤᠨ ᠨᠠᠷᠢᠨ ᠴᠡᠭᠡᠵᠢᠯᠡᠵᠡᠢ᠃ ᠡᠳᠦᠷ ᠪᠣᠰᠤᠨ ᠨᠢᠴᠦᠭᠦᠨ ᠬᠠᠳᠠᠭᠤ ᠭᠠᠵᠠᠷ ᠳᠡᠭᠡᠷ᠎ᠡ ᠵᠠᠪᠢᠯᠠᠵᠤ ᠰᠠᠭᠤᠭᠰᠠᠭᠠᠷ ᠪᠠᠢ᠌ᠳᠠᠯ᠎ᠠ ᠠᠷᠠᠰᠤ ᠨᠢ ᠬᠠᠭᠤᠷᠠᠨ ᠮᠢᠬ᠎ᠠ ᠨᠢ ᠰᠢᠯᠪᠣᠷᠠᠵᠤ᠂ ᠭᠦᠯ ᠭᠠᠷ ᠨᠢ ᠳᠠᠩᠬᠠᠭ (ᠣᠭᠤᠳᠠ) ᠪᠣᠯᠳᠠᠯ᠎ᠠ ᠪᠠᠨ ᠬᠠᠪᠣᠤᠠᠴᠤ ᠭᠦᠭᠡᠷᠡᠭᠡᠳ ᠪᠠᠢ᠌ᠭᠰᠠᠨ ᠴᠤ ᠨᠤᠮ ᠶᠢᠡᠨ ᠰᠤᠷᠬᠤ ᠶᠢ ᠭᠠᠭᠴᠠ ᠮᠢᠨᠦ᠋ᠲ ᠳᠠᠰᠤᠯᠤᠭ᠎ᠠ ᠦᠭᠡᠶ᠃ ᠢᠩᠭᠢᠵᠤ ᠪᠠᠶ᠎ᠠ ᠪᠠᠨ ᠵᠤᠷᠢᠭ ᠶᠢᠡᠷ ᠳᠤᠯᠤᠨ᠂ ᠣᠬᠠᠭᠠᠨ ᠶᠢᠡᠨ ᠨᠤᠮ ᠶᠢᠡᠷ ᠳᠡᠵᠢᠭᠡᠨ ᠬᠠᠳᠠᠭᠤᠵᠢᠯᠳᠠᠢ ᠰᠤᠷᠤᠯᠴᠠᠭᠰᠠᠨ ᠡᠴᠡ ᠶᠠᠷᠤ ᠶᠢᠨ ᠭᠦᠮᠤᠨ ᠤ ᠳᠠᠪᠤᠨ ᠵᠢᠯ ᠰᠤᠷᠳᠠᠭ ᠨᠤᠮ ᠢ ᠴᠢᠠᠳᠠᠷ ᠨᠠᠰᠤᠳᠠᠨ ᠨᠢᠭᠡᠭᠡᠨ ᠵᠢᠯ ᠳᠤ ᠰᠤᠷᠤᠭᠠᠤᠨ ᠪᠠᠷᠠᠵᠠᠢ᠃ ᠪᠠᠭᠰᠢ ᠡᠴᠡ ᠪᠠᠨ ᠭᠡᠪᠰᠢ ᠰᠠᠭᠢᠯ ᠭᠦᠷᠳᠡᠴᠢᠭᠡᠭᠡᠳ ᠭᠦᠮᠪᠦᠨ ᠭᠡᠢ᠌ᠤᠨ ᠡᠴᠡ ᠰᠡᠳᠭᠢᠯ ᠪᠠᠷᠳᠠᠮ ᠪᠣᠴᠠᠬᠤ ᠦᠶ᠎ᠡ ᠳᠤ ᠴᠢᠠᠳᠠᠷ ᠨᠠᠰᠤᠳᠠᠨ ᠱᠠᠰᠢᠨ ᠤ ᠣᠬᠠᠭᠠᠨ᠂ ᠳᠤᠭᠠᠨ ᠤ ᠣᠬᠠᠭᠠᠨ᠂ ᠵᠢᠷᠤᠬᠠᠢ ᠶᠢᠨ ᠣᠬᠠᠭᠠᠨ ᠳᠤ ᠳᠡᠭ᠍ᠰᠢᠭᠡᠨ ᠨᠡᠪᠳᠡᠷᠡᠭᠡᠳ ᠪᠠᠢ᠌ᠯ᠎ᠠ᠃

ᠴᠢᠠᠳᠠᠷ ᠨᠠᠰᠤᠳᠠᠨ ᠭᠡᠷ ᠲᠡᠭᠡᠨ ᠪᠣᠴᠠᠵᠤ ᠢᠷᠡᠭᠡᠳ ᠰᠤᠷᠤᠭᠰᠠᠨ ᠵᠣᠢ᠌ᠯ ᠶᠢᠡᠨ ᠳᠠᠭ ᠬᠠᠶᠠᠴᠢᠬᠠᠭᠰᠠᠨ ᠦᠭᠡᠶ᠃ ᠬᠠᠷᠢᠨ ᠱᠠᠰᠢᠨ ᠤ ᠣᠬᠠᠭᠠᠨ ᠤ ᠨᠤᠮ ᠵᠤᠬᠢᠶᠠᠯ ᠢ ᠣᠯᠳᠠᠭᠰᠠᠨ ᠭᠢᠷᠢ ᠪᠠᠷ ᠨᠢ ᠣᠩᠰᠢᠵᠤ᠂ ᠣᠯᠠᠮ ᠴᠢᠨᠠᠭᠰᠢ ᠨᠢ ᠨᠢᠭᠳᠠᠯᠠᠨ ᠰᠤᠳᠤᠯᠤᠭᠠᠤᠨ ᠡᠭᠡᠳᠡᠷᠡᠭᠡ ᠲᠡᠶ ᠵᠣᠢ᠌ᠯ ᠶᠢᠡᠨ ᠳᠡᠢ᠌ᠯᠬᠤ  ᠭᠡᠮᠡᠨ ᠣᠬᠠᠭᠠᠨ ᠳᠠᠮᠢᠷ ᠶᠢᠡᠨ ᠰᠢᠪᠬᠠᠳᠠᠭ ᠪᠠᠢ᠌ᠯ᠎ᠠ᠃ ᠬᠠᠵᠠᠭᠤ ᠪᠠᠷ ᠨᠢ ᠶᠠᠮᠠᠷᠴᠤ ᠡᠷᠳᠡᠮ ᠭᠦᠮᠤᠨ ᠳᠤ ᠢᠯᠡᠭᠦᠳᠡᠳᠡᠭ᠌ ᠦᠭᠡᠶ ᠭᠡᠳ ᠮᠤᠩᠭ᠋ᠤᠯ ᠪᠢᠴᠢᠭ᠌ ᠶᠢᠡᠨ ᠦᠪᠡᠷ ᠶᠢᠡᠨ ᠰᠤᠷᠴᠤ ᠡᠭᠢᠯᠡᠭ᠍ᠰᠡᠨ ᠪᠠᠢ᠌ᠵᠠᠢ᠃ ᠶᠠᠭᠠᠷᠠᠵᠤ ᠪᠣᠳᠤᠯᠢᠨ ᠠᠶᠠᠭ᠎ᠠ ᠶᠢᠨ ᠠᠮᠠ ᠵᠠᠭᠤᠬᠤ ᠴᠢᠯᠦᠭᠡ ᠪᠣᠯᠳᠠᠭ ᠦᠭᠡᠶ ᠮᠠᠯᠴᠢᠨ ᠭᠦᠮᠤᠨ ᠳᠤ ᠬᠠᠮᠢᠭ᠎ᠠ ᠪᠠᠢ᠌ᠭᠰᠠᠨ ᠰᠤᠷᠤᠯᠴᠠᠬᠤ ᠵᠠᠪ ᠭᠠᠷᠬᠤ ᠪᠢᠯᠠ ⁈ ᠭᠡᠪᠠᠴᠤ ᠴᠢᠠᠳᠠᠷ ᠨᠠᠰᠤᠳᠠᠨ ᠶᠠᠯᠢᠮ ᠦᠭᠡᠶ ᠠᠬᠠᠷᠬᠠᠨ (ᠣᠬᠤᠷᠬᠠᠨ) ᠴᠠᠭ ᠶᠢᠡᠨ ᠴᠤ ᠳᠠᠯᠠᠭᠠᠷ ᠦᠷᠡᠳᠡᠭ᠌ ᠦᠭᠡᠶ ᠪᠣᠯᠬᠤᠷ ᠰᠤᠷᠬᠤ ᠴᠠᠭ ᠦᠪᠡᠷ ᠶᠢᠡᠨ ᠰᠢᠬᠠᠭᠳᠠᠨ ᠭᠠᠷᠤᠭᠠᠤᠨ ᠪᠠᠢ᠌ᠳᠠᠭ ᠪᠠᠢ᠌ᠭᠰᠠᠨ᠃ ᠨᠤᠮ ᠤᠨ ᠣᠬᠠᠭᠠᠨ ᠳᠤ ᠨᠡᠪᠳᠡᠷᠡᠭ᠍ᠰᠡᠨ ᠭᠦᠮᠤᠨ ᠰᠤᠷᠤᠯᠴᠠᠬᠤ ᠶᠢᠨ ᠠᠮᠳᠠᠨ ᠳᠤ ᠵᠦᠩᠳᠡᠭᠡᠨ ᠣᠷᠤᠳᠠᠭ ᠪᠠᠢ᠌ᠵᠤ ᠯᠠ ᠳ᠋ᠠ ︕

ᠬᠤᠶᠠᠷ

ᠴᠢᠯᠦᠭᠡᠯᠡᠭ᠍ᠳᠡᠭ᠍ᠰᠡᠨ ᠤ ᠳᠠᠷᠠᠭ᠎ᠠ ᠬᠦᠬᠡ‍ᠨᠠᠭᠤᠷ ᠳᠡᠭᠡᠳᠤ ᠮᠤᠩᠭ᠋ᠤᠯᠴᠤᠳ ᠤᠨ ᠳᠤᠮᠳᠠ ᠪᠢᠴᠢᠭ᠌ ᠰᠤᠶᠤᠯ ᠲᠡᠶ ᠭᠦᠮᠤᠨ ᠳᠤᠩ ᠬᠤᠪᠣᠷ ᠪᠠᠢ᠌ᠭᠰᠠᠨ ᠪᠣᠯᠬᠤᠷ 1954 ᠣᠨ ᠳᠤ ᠵᠤᠬᠢᠶᠠᠨ ᠪᠠᠢ᠌ᠭᠤᠯᠤᠯᠳᠠ ᠡᠴᠡ ᠴᠢᠠᠳᠠᠷ ᠨᠠᠰᠤᠳᠠᠨ ᠢ ᠳᠤᠮᠢᠯᠠᠨ ᠣᠳᠤ ᠶᠢᠨ ᠬᠦᠬᠡ‍ᠨᠠᠭᠤᠷ ᠮᠤᠵᠢ ᠶᠢᠨ ᠳᠡᠯᠡᠭᠡᠢ ᠬᠤᠳᠠ ᠶᠢᠨ ᠵᠡᠭᠦᠡᠠᠭᠤᠯᠠ ᠰᠤᠮᠤᠨ (ᠳᠤᠬᠠᠢ ᠶᠢᠨ ᠦᠶ᠎ᠡ ᠳᠤ ᠣᠯᠠᠭᠠᠨ ᠰᠢᠶᠠᠨ ᠳᠤ ᠬᠠᠷᠢᠶᠠᠯᠠᠭᠳᠠᠵᠤ ᠪᠠᠢ᠌ᠵᠠᠢ) ᠊ᠤ ᠬᠠᠩᠭ᠋ᠠᠨ ᠪᠣᠷᠤᠯᠠᠭᠤᠯᠬᠤ ᠬᠤᠷᠰᠢᠶᠠᠨ ᠳᠤ ᠠᠵᠢᠯᠯᠠᠭᠤᠯᠵᠠᠢ᠃ ᠡᠭᠦᠨ ᠡᠴᠡ ᠡᠭᠢᠯᠡᠨ ᠴᠢᠠᠳᠠᠷ ᠨᠠᠰᠤᠳᠠᠨ ᠡᠩ ᠤᠨ ᠨᠢᠭᠡ ᠮᠠᠯᠴᠢᠨ ᠪᠠᠢ᠌ᠭᠰᠠᠨ ᠡᠴᠡ ᠪᠠᠨ ᠣᠯᠤᠰ ᠤᠨ ᠠᠵᠢᠯᠳᠠᠨ ᠪᠣᠯᠵᠤ᠂ ᠦᠪᠡᠷ ᠤᠨ ᠰᠤᠷᠤᠭᠰᠠᠨ ᠡᠷᠳᠡᠮ ᠶᠢᠡᠨ ᠭᠡᠷᠡᠭᠯᠡᠨ ᠨᠠᠮ ᠣᠯᠤᠰ ᠤᠨ ᠶᠢᠡᠨ ᠠᠵᠢᠯ ᠳᠤ ᠬᠣᠢ᠌ᠰᠢ ᠰᠠᠭᠤᠯ ᠦᠭᠡᠶ ᠵᠢᠳᠭᠦᠵᠤ ᠶᠠᠪᠣᠯ᠎ᠠ᠃ 1956 ᠣᠨ ᠳᠤ ᠳᠡᠭᠦᠨ ᠳᠤ ᠪᠠᠰᠠ ᠰᠤᠮᠤᠨ ᠤ ᠵᠠᠰᠠᠭ ᠤᠨ ᠣᠷᠳᠤᠨ ᠤ ᠨᠠᠷᠢᠨ ᠪᠢᠴᠢᠭᠡᠴᠢ ᠶᠢᠨ ᠠᠵᠢᠯ ᠥᠭ᠍ᠴᠡᠢ᠃ ᠶᠠᠮᠠᠷ ᠠᠵᠢᠯ ᠭᠢᠭ᠍ᠰᠡᠨ ᠴᠤ ᠳᠡᠭᠦᠨ ᠳᠡᠭᠡᠨ ᠮᠠᠰᠢ ᠳᠦᠷᠭᠡᠨ ᠢᠳᠡᠭᠡᠰᠢᠨ ᠠᠪᠳᠠᠭ ᠨᠢ ᠴᠢᠠᠳᠠᠷ ᠨᠠᠰᠤᠳᠠᠨ ᠤ ᠣᠷ᠎ᠠ ᠡᠷᠳᠡᠮ᠂ ᠠᠪᠢᠶᠠᠰ ᠪᠢᠯᠢᠭ᠌ ᠨᠢ ᠪᠠᠢ᠌ᠯ᠎ᠠ᠃ ᠭᠦᠮᠤᠨ ᠭᠡᠵᠤ ᠥᠵᠡᠭᠡᠳ ᠭᠦᠡᠳᠦᠳᠭᠡᠨ ᠭᠡᠷᠡᠭᠯᠡᠭ᠍ᠰᠡᠨ ᠠᠴᠢᠳᠤ ᠨᠠᠮ ᠳᠠᠭᠠᠨ ᠠᠷᠢᠭᠤᠨ ᠵᠢᠷᠤᠮ ᠶᠢᠡᠷ ᠣᠢ᠌ᠯᠠᠴᠢᠯᠠᠨ᠎ᠠ ᠭᠡᠮᠡᠨ ᠴᠢᠠᠳᠠᠷ ᠨᠠᠰᠤᠳᠠᠨ ᠰᠡᠳᠭᠢᠯ ᠳᠡᠭᠡᠨ ᠳᠠᠩᠭ᠋ᠠᠷᠢᠭᠯᠠᠵᠤ᠂ ᠬᠤᠪᠢᠳᠠᠵᠤ ᠣᠯᠤᠭᠰᠠᠨ ᠠᠵᠢᠯ ᠶᠢᠡᠨ ᠭᠢᠯᠠᠯᠵᠠᠳᠠᠯ᠎ᠠ ᠪᠠᠶᠡᠯᠡᠭᠦᠯᠭᠦ ᠶᠢ ᠭᠢᠴᠢᠶᠡᠭᠦ ᠪᠣᠯᠪᠠ᠃

ᠴᠢᠠᠳᠠᠷ ᠨᠠᠰᠤᠳᠠᠨ ᠬᠠᠮᠳᠤ ᠶᠢᠨ ᠠᠵᠢᠯ᠂ ᠨᠠᠢ᠌ᠳᠠ ᠶᠢᠨ ᠣᠢ᠌ᠯᠠ ᠭᠡᠳ ᠶᠠᠭᠠᠭᠢᠵᠤ ᠶᠠᠭᠠᠷᠠᠵᠤ ᠪᠠᠢ᠌ᠭᠰᠠᠨ ᠴᠤ ᠰᠤᠷᠤᠯᠴᠠᠯᠭ᠎ᠠ ᠪᠠᠨ ᠨᠢᠭᠡ ᠡᠳᠦᠷ ᠴᠤ ᠬᠠᠶᠠᠭ᠎ᠠ ᠦᠭᠡᠶ᠃ ᠳᠤᠬᠠᠢ᠌ᠯᠠᠭᠰᠠᠨ ᠠᠵᠢᠯ ᠤᠨ ᠴᠢᠳᠠᠪᠣᠷᠢ ᠪᠠᠨ ᠳᠡᠭᠡᠭ᠍ᠰᠢᠯᠡᠭᠦᠯᠭᠦ ᠭᠡᠵᠤ ᠭᠡᠷᠡᠭ᠍ᠴᠢᠭᠡ ᠭᠦᠷᠭᠦ ᠪᠦᠭᠦᠨ ᠶᠢᠡᠨ ᠨᠠᠰᠤᠳᠠᠨ ᠭᠡᠨ ᠵᠢᠠᠷ ᠴᠤ ᠵᠢᠭᠠᠯᠭᠠᠯ ᠦᠭᠡᠶ ᠥᠪᠠᠷᠳᠡᠭᠡᠨ ᠰᠢᠮᠳᠠᠨ ᠰᠤᠷᠴᠠᠢ᠃ 1961 ᠣᠨ ᠳᠤ ᠴᠢᠠᠳᠠᠷ ᠨᠠᠰᠤᠳᠠᠨ ᠬᠦᠬᠡ‍ᠨᠠᠭᠤᠷ ᠮᠤᠵᠢ ᠶᠢᠨ ᠠᠩᠬᠠᠳᠠᠭᠴᠢ ᠲᠦᠯᠦᠭᠡᠯᠡᠭ᠍ᠴᠢᠳ ᠤᠨ ᠪᠦᠯᠭᠦᠮ ᠲᠡᠶ ᠬᠠᠮᠳᠤ ᠰᠢᠠᠵᠢᠶᠠᠩ ᠶᠢᠡᠷ ᠳᠤᠭᠤᠷᠢᠨ ᠪᠠᠢ᠌ᠴᠠᠭᠠᠵᠤ ᠶᠠᠪᠣᠯ᠎ᠠ᠃ ᠭᠠᠵᠠᠷ ᠣᠰᠤ ᠦᠵᠡᠵᠤ᠂ ᠨᠡᠢ᠌ᠭᠡᠮ ᠤᠨ ᠠᠮᠢᠳᠤᠷᠠᠯ ᠳᠤ ᠭᠦᠡᠵᠡᠢ᠌ᠭᠡᠷᠡᠨ ᠶᠠᠪᠣᠬᠤ ᠳᠠᠭᠠᠨ ᠨᠠᠰᠤᠳᠠᠨ ᠦᠪᠡᠷ ᠤᠨ ᠮᠡᠳᠡᠯᠭᠡ ᠳᠠᠩᠴᠤ ᠨᠢᠮᠭᠡᠨ ᠪᠠᠢ᠌ᠬᠤ ᠪᠠᠨ ᠳᠠᠨᠢᠵᠤ᠂ ᠭᠢᠳᠠᠤᠨ ᠪᠢᠴᠢᠭ᠌ ᠰᠤᠷᠬᠤ ᠪᠠᠷ ᠵᠤᠷᠢᠭ ᠰᠢᠭᠤᠳᠴᠠᠢ᠃ ᠵᠤᠷᠢᠭ ᠴᠢᠷᠮᠠᠢ᠌ᠯᠭ᠎ᠠ ᠲᠡᠶ ᠭᠦᠮᠤᠨ ᠢ ᠠᠮᠢᠳᠤᠷᠠᠯ ᠭᠤᠮᠤᠳᠠᠭᠠᠳᠠᠭ ᠦᠭᠡᠶ᠃ ᠭᠡᠳᠤᠨ ᠵᠢᠯ ᠤᠨ ᠴᠢᠷᠮᠠᠢ᠌ᠯᠭ᠎ᠠ ᠪᠠᠷ ᠳᠠᠮᠵᠢᠨ ᠨᠠᠰᠤᠳᠠᠨ ᠮᠤᠩᠭ᠋ᠤᠯ᠂ ᠲᠦᠪᠡᠳ᠂ ᠭᠢᠳᠠᠤᠨ ᠭᠤᠷᠪᠠᠨ ᠵᠣᠢ᠌ᠯ ᠤᠨ ᠪᠢᠴᠢᠭ᠌ ᠮᠡᠳᠡᠳᠡᠭ᠌ ᠣᠷᠤᠨ ᠨᠤᠳᠤᠭ ᠲᠠᠭᠠᠨ ᠬᠤᠪᠣᠷᠬᠠᠨ ᠪᠢᠴᠢᠭ᠌ ᠲᠡᠶ ᠭᠦᠮᠤᠨ ᠤ ᠨᠢᠭᠡ ᠪᠣᠯᠵᠠᠢ᠃ ᠳᠠᠢ᠌ᠮᠤ ᠪᠣᠯᠪᠠᠴᠤ ᠨᠠᠰᠤᠳᠠᠨ ᠦᠪᠡᠷ ᠤᠨ ᠰᠤᠷᠤᠭᠰᠠᠨ ᠪᠢᠴᠢᠭ᠌ ᠲᠡᠭᠡᠨ ᠭᠡᠵᠢᠶ᠎ᠡ ᠴᠤ ᠰᠡᠳᠭᠢᠯ ᠬᠠᠨᠤᠵᠤ ᠥᠵᠡᠭᠡ ᠦᠭᠡᠶ᠃ ᠭᠢᠳᠠᠤᠨ ᠳᠤᠯᠢ ᠪᠢᠴᠢᠭ᠌ ᠶᠢᠡᠨ ᠦᠷᠭᠦᠯᠵᠢ ᠪᠠᠶ᠎ᠠ ᠳᠡᠭᠡᠨ ᠠᠪᠴᠤ ᠶᠠᠪᠤᠨ ᠵᠢᠭᠠᠬᠠᠨ ᠵᠠᠪ ᠭᠠᠷᠤᠭᠰᠠᠭᠠᠷ ᠯᠠ ᠳᠡᠭᠦᠨ ᠶᠢᠡᠨ ᠪᠠᠷᠢᠵᠤ ᠰᠠᠭᠤᠳᠠᠭ ᠪᠢᠯᠠ᠃    ᠳᠤᠬᠠᠢ ᠶᠢᠨ ᠦᠶ᠎ᠡ ᠳᠤ ᠣᠯᠤᠰ ᠭᠡᠷ ᠭᠠᠴᠢᠭᠳᠠᠯ ᠭᠦᠴᠢᠷᠳᠡᠯ ᠳᠤ ᠳᠤᠯᠭᠠᠷᠠᠵᠤ᠂ ᠥᠯᠦᠰᠭᠦᠯᠡᠩ ᠵᠤᠪᠠᠯᠠᠩ ᠳᠤ ᠠᠪᠳᠠᠵᠤ ᠪᠠᠢ᠌ᠭᠰᠠᠨ ᠴᠤ ᠴᠢᠠᠳᠠᠷ ᠨᠠᠰᠤᠳᠠᠨ ᠣᠶᠤᠨ ᠣᠬᠠᠭᠠᠨ ᠶᠢᠡᠨ ᠥᠯᠦᠰᠭᠡᠵᠤ ᠰᠠᠭᠤᠭ᠎ᠠ ᠦᠭᠡᠶ᠃ ᠨᠤᠮ ᠲᠡᠶ ᠨᠥᠭᠦᠷᠯᠡᠨ ᠨᠣᠢ᠌ᠷ ᠬᠤᠭᠤᠯᠠ ᠪᠠᠨ ᠮᠠᠷᠳᠠᠵᠤ᠂ ᠥᠯᠦᠰᠭᠦᠯᠡᠩ ᠳᠤ ᠪᠠᠷᠢᠭᠳᠠᠭᠰᠠᠨ ᠡᠳᠦᠷ ᠬᠤᠨᠤᠭ ᠢ ᠰᠡᠳᠭᠢᠯ ᠴᠠᠳᠬᠤᠯᠠᠩ ᠳᠤᠭᠤᠯᠵᠤ ᠭᠠᠷᠴᠠᠢ᠃ 1964 ᠣᠨ ᠳᠤ ᠴᠢᠠᠳᠠᠷ ᠨᠠᠰᠤᠳᠠᠨ ᠢ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠳᠤ ᠰᠢᠯᠵᠢᠭᠦᠯᠤᠨ ᠠᠪᠴᠢᠷᠠᠵᠤ᠂ ᠬᠤᠶᠠᠷ ᠵᠢᠯ ᠭᠠᠷᠤᠢ ᠨᠢᠭᠳᠠᠯᠠᠨ ᠪᠣᠳᠤᠭᠴᠢ ᠶᠢᠨ ᠪᠣᠯᠪᠠᠰᠤᠷᠠᠯ ᠤᠨ ᠠᠩᠭᠢ ᠳᠤ ᠪᠠᠭᠰᠢᠯᠠᠭᠤᠯᠤᠭᠰᠠᠨ ᠪᠠᠢ᠌ᠨ᠎ᠠ᠃ ᠴᠠᠭ ᠨᠢ ᠣᠬᠤᠷᠬᠠᠨ ᠴᠤ ᠴᠢᠠᠳᠠᠷ ᠨᠠᠰᠤᠳᠠᠨ ᠦᠪᠡᠷ ᠤᠨ ᠮᠡᠳᠡᠳᠡᠭ᠌ ᠵᠢᠭᠠᠬᠠᠨ ᠡᠷᠳᠡᠮ ᠶᠢᠡᠨ ᠨᠤᠳᠤᠭ ᠤᠨ ᠳᠡᠭᠦᠤ ᠨᠡᠷ ᠲᠡᠭᠡᠨ ᠬᠠᠷᠠᠮ ᠬᠠᠢ᠌ᠷ᠎ᠠ ᠦᠭᠡᠶ ᠣᠯᠠᠮᠵᠢᠯᠠᠨ ᠥᠭ᠍ᠴᠤ᠂ ᠣᠷᠤᠨ ᠨᠤᠳᠤᠭ ᠲᠠᠭᠠᠨ ᠨᠢᠭᠡ ᠪᠦᠯᠦᠭ᠌ ᠮᠡᠳᠡᠯᠭᠡ ᠴᠢᠳᠠᠪᠣᠷᠢ ᠬᠤᠤᠰᠯᠠᠭᠰᠠᠨ ᠨᠢᠭᠳᠠᠯᠠᠨ ᠪᠣᠳᠤᠭᠴᠢ ᠶᠢ ᠭᠦᠮᠦᠵᠢᠭᠦᠯᠭᠦ ᠳᠤ ᠳᠤᠰᠤᠯ ᠭᠦᠴᠤ᠂ ᠠᠷᠢᠭᠤᠨ ᠭᠦᠯᠦᠰᠤ ᠪᠠᠨ ᠠᠰᠬᠠᠭᠰᠠᠨ ᠶᠤᠮ᠃

ᠳᠠᠷᠠ ᠴᠠᠭ ᠤᠨ ᠣᠯᠤᠰ ᠤᠨ ᠠᠵᠢᠯ ᠭᠡᠭ᠍ᠴᠢ ᠣᠳᠤᠭᠢ ᠰᠢᠭ ᠭᠠᠭᠴᠠ ᠭᠠᠵᠠᠷ ᠶᠢᠡᠨ ᠪᠠᠯᠠᠨ ᠢ ᠢᠳᠠᠨ ᠭᠡᠪᠳᠡᠭᠡᠳ ᠪᠠᠢ᠌ᠬᠤ ᠪᠢᠰᠢ᠂ ᠬᠠᠷᠢᠨ ᠬᠠᠮᠢᠭ᠎ᠠ ᠭᠡᠷᠡᠭ᠍ᠴᠡᠭᠡ ᠲᠡᠶ ᠭᠡᠪᠠᠯ ᠳᠠᠰᠢ ᠪᠠᠨ ᠥᠭᠡ ᠳᠠᠭᠤ ᠦᠭᠡᠶ ᠭᠦᠡᠵᠢᠯᠡ ᠳᠡᠪᠢᠰᠭᠡᠷ ᠶᠢᠡᠨ ᠡᠭᠦᠷᠦᠭᠡᠳ ᠳᠡᠨᠦᠳᠡᠭ᠌ ᠪᠠᠢ᠌ᠭᠰᠠᠨ᠃ ᠳᠡᠭᠡᠭᠡᠳ ᠠᠯᠢᠪᠠ ᠠᠵᠢᠯ ᠢ ᠬᠤᠭᠤᠰᠤᠨ ᠡᠴᠡ ᠡᠭᠢᠯᠡᠨ ᠭᠢᠨ᠎ᠠ᠃ ᠭᠡᠷ ᠪᠦᠯᠢ᠂ ᠦᠷ᠎ᠡ ᠬᠡᠦᠬᠡᠳ ᠶᠢᠡᠨ ᠬᠠᠪᠰᠤᠷᠬᠤ ᠬᠠᠷᠠᠭᠠᠯᠵᠠᠬᠤ ᠴᠢᠯᠦᠭᠡ ᠴᠤ ᠪᠠᠢ᠌ᠳᠠᠭ ᠦᠭᠡᠶ᠃ ᠠᠷᠤ ᠭᠡᠷ᠂ ᠠᠩᠭ᠎ᠠ ᠦᠷ᠎ᠡ ᠨᠢ ᠠᠯᠤᠰ ᠵᠠᠢ᠌ᠳᠠᠢ ᠵᠡᠭᠦᠡᠠᠭᠤᠯᠠ ᠰᠤᠮᠤᠨ ᠳᠤ ᠪᠠᠢ᠌ᠭ᠎ᠠ ᠴᠤ ᠠᠵᠢᠯ ᠤᠨ ᠭᠡᠷᠡᠭ᠍ᠴᠢᠭᠡ ᠪᠠᠷ ᠴᠢᠠᠳᠠᠷ ᠨᠠᠰᠤᠳᠠᠨ ᠨᠠᠰᠢ ᠴᠠᠰᠢ ᠰᠢᠯᠵᠢᠨ ᠶᠠᠪᠣᠬᠤ ᠳᠠᠭᠠᠨ ᠨᠠᠮ ᠵᠠᠰᠠᠭ ᠲᠠᠭᠠᠨ ᠭᠢᠯᠭᠠᠰᠤᠨ ᠴᠢᠨᠡᠭᠡᠨ ᠴᠤ ᠰᠢᠯᠳᠠᠭ ᠭᠡᠯᠡᠵᠤ᠂ ᠰᠠᠨᠠᠯ ᠳᠠᠯᠪᠢᠵᠤ ᠥᠩᠭᠡᠷᠡᠭᠡ ᠦᠭᠡᠶ᠃ ᠶᠠᠪᠣ ᠭᠡᠰᠡᠨ ᠭᠠᠵᠠᠷ ᠨᠢ ᠶᠠᠪᠣᠵᠤ᠂ ᠭᠢ ᠭᠡᠰᠡᠨ ᠠᠵᠢᠯ ᠢ ᠨᠢ ᠭᠢᠵᠤ ᠢᠷᠠᠵᠠᠢ᠃ 1966 ᠣᠨ ᠤ 3 ᠰᠠᠷ᠎ᠠ ᠳᠤ ᠴᠢᠠᠳᠠᠷ ᠨᠠᠰᠤᠳᠠᠨ ᠢ ᠣᠯᠠᠭᠠᠨ ᠰᠢᠶᠠᠨ ᠤ ᠪᠠᠶᠠᠨ ᠰᠤᠮᠤᠨ ᠳᠤ ᠰᠢᠯᠵᠢᠭᠦᠯᠤᠨ ᠭᠦᠷᠭᠡᠵᠤ᠂ ᠨᠢᠭᠳᠠᠯᠠᠨ ᠪᠣᠳᠤᠭᠴᠢ ᠶᠢ ᠬᠠᠪᠰᠤᠷᠤᠨ ᠳᠠᠩᠰᠠ ᠬᠠᠷ᠎ᠠ ᠴᠡᠪᠠᠷᠯᠡᠭᠦ ᠠᠵᠢᠯ ᠳᠤ ᠣᠷᠤᠯᠴᠠᠭᠤᠯᠤᠭᠰᠠᠨ ᠶᠤᠮ᠃ ᠬᠠᠮᠳᠤ ᠶᠢᠨ ᠠᠵᠢᠯ ᠳᠤ ᠶᠠᠭᠠᠷᠠᠵᠤ ᠪᠠᠢ᠌ᠬᠤ ᠳᠠᠭᠠᠨ ᠴᠢᠠᠳᠠᠷ ᠨᠠᠰᠤᠳᠠᠨ ᠠᠮᠢ ᠬᠤᠪᠢ ᠶᠢᠨ ᠶᠠᠪᠣᠳᠠᠯ ᠶᠢᠡᠨ ᠶᠠᠷᠤ ᠶᠠᠭᠤᠮᠠᠨ ᠳᠤ ᠪᠣᠳᠤᠳᠠᠭ ᠦᠭᠡᠶ᠃ ᠭᠡᠷ ᠭᠦᠷᠢᠶ᠎ᠡ ᠪᠠᠨ ᠥᠭᠡᠳᠡ ᠳᠠᠳᠠᠬᠤ᠂ ᠬᠡᠦᠬᠡᠳ ᠪᠠᠯᠴᠢᠷ ᠶᠢᠡᠨ ᠥᠰᠭᠡᠭᠦ ᠠᠯᠢᠪᠠ ᠣᠢ᠌ᠯᠠ ᠶᠢ ᠭᠠᠭᠴᠠᠬᠠᠨ ᠪᠦᠰᠡᠭᠦᠢ ᠳᠡᠭᠡᠨ ᠨᠠᠢ᠌ᠳᠠᠴᠢᠬᠠᠭᠠᠤᠨ ᠦᠪᠡᠷ ᠶᠢᠡᠨ ᠣᠯᠤᠰ ᠤᠨ ᠠᠵᠢᠯ ᠳᠤ ᠭᠠᠭᠴᠠ ᠰᠡᠳᠭᠢᠯ ᠶᠢᠡᠷ ᠵᠢᠳᠭᠦᠵᠤ ᠶᠠᠪᠣᠵᠠᠢ᠃ ᠨᠠᠭᠠᠳᠤ ᠵᠠᠬ᠎ᠠ ᠳᠠᠭᠠᠨ ᠪᠦᠰᠡᠭᠦᠢ ᠨᠢ ᠭᠦᠩᠭᠡᠵᠢᠭᠦ ᠳᠤ ᠴᠤ ᠬᠠᠨᠢ ᠶᠢᠨ ᠶᠤᠰᠤ ᠪᠠᠷ ᠬᠠᠵᠠᠭᠤ ᠳᠤ ᠨᠢ ᠪᠠᠢ᠌ᠭ᠎ᠠ ᠦᠭᠡᠶ᠃ ᠬᠠᠷᠢ ᠶᠢᠨ ᠭᠠᠵᠠᠷ᠂ ᠬᠠᠮᠳᠤ ᠶᠢᠨ ᠠᠵᠢᠯ ᠭᠡᠳ ᠬᠠᠨᠢᠶᠠᠳᠤ ᠳᠠᠭᠰᠢᠭᠤᠷ ᠶᠢᠡᠨ ᠴᠤ ᠥᠵᠡᠭᠦᠯᠭᠦ ᠵᠠᠪ ᠦᠭᠡᠶ ᠭᠦᠶ‍ᠦᠵᠤ ᠪᠠᠢ᠌ᠯ᠎ᠠ᠃ ᠪᠠᠷᠤᠭ ᠤᠨ ᠡᠪᠡᠳᠴᠢᠨ ᠳᠤ ᠨᠠᠰᠤᠳᠠᠨ ᠴᠢᠯᠦᠭᠡ ᠰᠤᠷᠳᠠᠭ ᠦᠭᠡᠶ᠃ ᠪᠠᠭ᠎ᠠ ᠰᠠᠭ᠎ᠠ ᠡᠮ ᠳᠠᠩ ᠣᠤᠭᠤᠭᠠᠤᠨ ᠠᠵᠢᠯ ᠳᠠᠭᠠᠨ ᠣᠷᠤᠳᠠᠭ ᠪᠠᠢ᠌ᠭᠰᠠᠨ᠃ ᠨᠢᠭᠡ ᠣᠳᠠᠭ᠎ᠠ ᠨᠠᠰᠤᠳᠠᠨ ᠰᠢᠶᠠᠨ ᠤ ᠡᠮᠨᠡᠯᠭᠡ ᠶᠢᠨ ᠬᠤᠷᠢᠶᠠᠨ ᠳᠤ ᠢᠷᠠᠵᠤ᠂ ᠡᠪᠡᠳᠴᠢᠨ ᠶᠢᠡᠨ ᠥᠵᠡᠭᠦᠯᠦᠭᠡᠳ ᠡᠮᠴᠢ ᠶᠢᠨ ᠰᠠᠨᠠᠭᠤᠯᠭ᠎ᠠ ᠪᠠᠷ ᠡᠮᠨᠡᠯᠭᠡ ᠳᠤ ᠰᠠᠭᠤᠨ ᠵᠡᠭᠦᠤ ᠳᠡᠭᠦᠵᠢᠯᠡᠭᠦᠯᠦᠯ ᠦᠭᠡᠶ ᠪᠠᠷ ᠵᠥᠪᠭᠡᠨ ᠡᠮ ᠠᠪᠣᠭᠠᠤᠨ ᠭᠡᠳᠡᠷᠭᠦ ᠪᠣᠴᠠᠭᠰᠠᠨ ᠬᠣᠢ᠌ᠨ᠎ᠠ ᠵᠤᠬᠢᠶᠠᠨ ᠪᠠᠢ᠌ᠭᠤᠯᠤᠯᠳᠠ ᠡᠴᠡ ᠨᠢ ᠭᠡᠷ ᠲᠡᠭᠡᠨ ᠬᠠᠷᠢᠴᠢᠬᠠᠵᠤ ᠭᠡᠳ ᠬᠠᠢ᠌ᠵᠤ ᠭᠦᠯ ᠪᠣᠯᠵᠤ ᠪᠠᠢ᠌ᠯ᠎ᠠ ᠭᠡᠳᠡᠭ᠌᠃ ᠭᠡᠳᠡᠯ᠎ᠡ ᠴᠢᠠᠳᠠᠷ ᠨᠠᠰᠤᠳᠠᠨ ᠴᠢᠯᠡᠭᠡ ᠲᠡᠶ ᠪᠠᠶ᠎ᠠ ᠪᠠᠨ ᠮᠤᠷᠢᠨ ᠨᠢᠷᠤᠭᠤᠨ ᠳᠡᠭᠡᠷ᠎ᠡ ᠬᠠᠳᠠᠭᠠᠵᠤ᠂ ᠮᠠᠯᠴᠢᠳ ᠤᠨ ᠭᠡᠷ ᠶᠢᠡᠷ ᠠᠮᠢᠳᠤᠷᠠᠯ ᠳᠤ ᠭᠦᠡᠵᠡᠭᠡᠢ᠌ᠷᠡᠵᠤ ᠶᠠᠪᠣᠭ᠎ᠠ ᠶᠢ ᠭᠡᠨ ᠰᠠᠨᠠᠨ ᠣᠯᠬᠤ ᠪᠢᠯᠠ ⁈

1968 ᠊᠊᠊᠊᠊᠊᠊᠊᠊᠊᠊᠊᠊᠊᠊ 1973 ᠣᠨ ᠪᠣᠯᠳᠠᠯ᠎ᠠ ᠴᠢᠠᠳᠠᠷ ᠨᠠᠰᠤᠳᠠᠨ ᠪᠠᠶᠠᠨ ᠰᠤᠮᠤᠨ ᠤ ᠨᠢᠭᠳᠠᠯᠠᠨ ᠪᠣᠳᠤᠭᠴᠢ᠂ ᠮᠠᠯ ᠠᠵᠤ ᠠᠬᠤᠢ ᠶᠢᠨ ᠠᠵᠢᠯ ᠤᠨ ᠳᠤᠰᠠᠯᠠᠭᠴᠢ ᠪᠠᠷ ᠠᠵᠢᠯᠯᠠᠵᠠᠢ᠃ ᠣᠢ᠌ᠯᠠ ᠳᠡᠭᠡᠨ ᠨᠠᠷᠢᠨ᠂ ᠣᠢ᠌ᠯᠠᠰ ᠲᠡᠭᠡᠨ ᠦᠨᠡᠠᠴᠢ ᠪᠠᠢ᠌ᠬᠤ ᠪᠣᠯ ᠳᠡᠭᠦᠨ ᠤ ᠦᠷᠭᠦᠯᠵᠢ ᠪᠠᠷᠢᠮᠳᠠᠯᠠᠳᠠᠭ ᠠᠵᠢᠯ ᠤᠨ ᠣᠪᠣᠷ᠂ ᠠᠮᠢᠳᠤᠷᠠᠯ ᠤᠨ ᠵᠢᠯᠤᠭᠤ ᠪᠢᠯᠠ᠃ ᠢᠯᠠᠩᠭ᠋ᠤᠶ᠎ᠠ ᠳᠤᠭ᠎ᠠ ᠳᠠᠩᠰᠠᠨ ᠤ ᠠᠵᠢᠯ ᠳᠠᠭᠠᠨ ᠲᠤᠢ᠌ᠯ ᠤᠨ ᠭᠢᠨᠠᠮᠠᠭᠠᠢ ᠪᠠᠢ᠌ᠵᠤ᠂ ᠭᠠᠭᠴᠠᠬᠠᠨ ᠮᠦᠩᠭᠦᠨ ᠤ ᠵᠦᠷᠢᠶ᠎ᠠ ᠭᠠᠷᠪᠠᠴᠤ ᠣᠢ᠌ᠯᠠ ᠪᠠᠨ ᠪᠠᠷᠠᠳᠠᠯ᠎ᠠ ᠰᠠᠭᠤᠵᠤ ᠪᠠᠢ᠌ᠭᠠᠤᠨ ᠣᠴᠢᠷ ᠢ ᠨᠢ ᠣᠯᠬᠤ ᠡᠴᠡ ᠨᠠᠰᠢ ᠣᠷᠭᠢᠳᠠᠭ ᠦᠭᠡᠶ᠃ ᠨᠢᠭᠳᠠᠯᠠᠨ ᠪᠣᠳᠤᠭᠴᠢ ᠶᠢᠨ ᠠᠵᠢᠯ ᠤᠨ ᠳᠠᠯ᠎ᠠ ᠪᠠᠷ ᠳᠠᠷᠠ ᠶᠠᠮᠠᠷᠴᠤ ᠮᠡᠷᠭᠡᠵᠢᠯ ᠪᠣᠯᠪᠠᠰᠤᠷᠠᠯ ᠭᠦᠷᠳᠡᠵᠤ ᠥᠩᠭᠡᠷᠡᠭᠡ ᠦᠭᠡᠶ᠃ ᠵᠥᠪᠭᠡᠨ ᠭᠦᠮᠪᠦᠨ ᠭᠡᠢ᠌ᠤᠨ ᠲᠤ ᠱᠠᠪᠢᠯᠠᠨ ᠰᠠᠭᠤᠵᠤ ᠪᠠᠢ᠌ᠬᠤ ᠳᠠᠭᠠᠨ ᠰᠤᠷᠤᠭᠰᠠᠨ ᠡᠷᠳᠡᠮ ᠳᠡᠭᠡᠨ ᠳᠦᠰᠢᠭᠯᠡᠨ ᠪᠣᠳᠠᠳᠤ ᠠᠵᠢᠯ ᠳᠤ ᠪᠠᠶᠠᠴᠢᠯᠠᠨ ᠣᠷᠤᠯᠴᠠᠵᠤ᠂ ᠥᠢᠯᠡᠳᠦᠯᠭᠡ ᠶᠢᠨ ᠳᠤᠮᠳᠠ ᠦᠪᠡᠷ ᠶᠢᠡᠨ ᠰᠤᠷᠤᠯᠴᠠᠨ ᠪᠣᠯᠪᠠᠰᠤᠷᠠᠵᠠᠢ᠃ ᠨᠠᠰᠤᠳᠠᠨ ᠭᠤᠸᠠᠢ ᠣᠳᠠᠭᠠᠨ ᠵᠢᠯ ᠨᠢᠭᠳᠠᠯᠠᠨ ᠪᠣᠳᠤᠭᠴᠢ ᠶᠢᠨ ᠠᠵᠢᠯ ᠲᠡᠶ ᠣᠷᠢᠶᠠᠯᠳᠤᠵᠤ ᠶᠠᠪᠣᠬᠤ ᠳᠠᠭᠠᠨ ᠲᠦᠪ ᠴᠢᠭᠡᠴᠢ ᠮᠦᠷᠳᠡᠭᠡᠨ ᠢᠯᠠ ᠴᠠᠭᠠᠨ᠂ ᠶᠤᠰᠤ ᠶᠢ ᠪᠠᠷᠢᠮᠳᠠᠯᠠᠳᠠᠭ ᠠᠵᠢᠯ ᠤᠨ ᠠᠷᠢᠭᠤᠨ ᠰᠤᠷᠳᠠᠯ ᠢ ᠪᠠᠶ᠎ᠠ ᠳᠡᠭᠡᠨ ᠪᠦᠷᠢᠳᠦᠭᠦᠯᠵᠤ ᠴᠢᠳᠠᠭᠰᠠᠨ ᠪᠠᠢ᠌ᠨ᠎ᠠ᠃ ᠵᠤᠭᠤᠰ ᠮᠦᠩᠭᠦᠨ ᠤ ᠠᠰᠠᠭᠤᠳᠠᠯ ᠳᠡᠭᠡᠷ᠎ᠡ ᠳᠠᠷᠠ ᠳᠠᠷᠤᠭ᠎ᠠ ᠨᠤᠶᠠᠤᠨ ᠲᠡᠶ ᠪᠠᠨ ᠳᠤᠯᠵᠤ ᠪᠠᠢ᠌ᠭᠠᠤᠨ ᠭᠡᠷᠡᠭᠯᠡᠭᠦ ᠶᠤᠰᠤᠳᠠᠢ ᠭᠠᠵᠠᠷ ᠨᠢ ᠭᠡᠷᠡᠭᠯᠡᠵᠤ᠂ ᠵᠠᠷᠤᠪᠠᠯ ᠵᠤᠭᠢᠰᠳᠠᠢ ᠭᠠᠵᠠᠷ ᠨᠢ ᠵᠠᠷᠤᠬᠤ ᠡᠴᠡ ᠪᠢᠰᠢ ᠬᠠᠮᠢᠶ᠎ᠠ ᠨᠠᠮᠢᠶ᠎ᠠ ᠦᠭᠡᠶ ᠢᠳᠠᠵᠤ ᠣᠤᠭᠤᠨ ᠪᠦᠷᠢᠯᠭᠡᠵᠤ ᠰᠥᠢᠳᠭᠡᠭᠦ ᠶᠢ ᠲᠤᠢ᠌ᠯ ᠶᠢᠡᠷ ᠴᠡᠭᠡᠷᠯᠡᠳᠡᠭ᠌ ᠪᠠᠢ᠌ᠭᠰᠠᠨ ᠶᠤᠮ᠃

ᠬᠠᠨᠢ ᠦᠷ᠎ᠡ ᠡᠴᠡ ᠪᠠᠨ ᠬᠤᠯᠠ ᠬᠠᠷᠢ ᠶᠢᠨ ᠨᠤᠳᠤᠭ ᠲᠤ ᠭᠠᠭᠴᠠ ᠪᠠᠶ᠎ᠠ ᠪᠠᠷ ᠠᠵᠢᠯᠯᠠᠵᠤ ᠠᠮᠢᠳᠤᠷᠠᠵᠤ ᠶᠠᠪᠣᠬᠤ ᠳᠠᠭᠠᠨ ᠴᠢᠠᠳᠠᠷ ᠨᠠᠰᠤᠳᠠᠨ ᠠᠵᠢᠯ ᠡᠴᠡ ᠪᠠᠨ ᠬᠠᠯᠠᠰᠢᠷᠠᠵᠤ᠂ ᠣᠢ᠌ᠯᠠᠰ ᠡᠴᠡ ᠪᠠᠨ ᠣᠢ᠌ᠳᠤᠭ᠎ᠠ ᠦᠭᠡᠶ᠃ ᠭᠡᠳᠥᠢᠪᠠᠷ ᠦᠷ᠎ᠡ ᠬᠡᠦᠬᠡᠳ ᠶᠢᠡᠨ ᠰᠠᠨᠠᠵᠤ᠂ ᠡᠪᠡᠳᠴᠢᠨ ᠡᠮᠭᠡᠭ᠌ ᠲᠤ ᠪᠠᠷᠢᠭᠳᠠᠬᠤ ᠣᠳᠠᠭ᠎ᠠ ᠪᠠᠢ᠌ᠳᠠᠭ ᠴᠤ ᠰᠢᠳᠤ ᠵᠠᠭᠤᠨ ᠠᠵᠢᠯ ᠤᠨ ᠪᠠᠢ᠌ᠷᠢ ᠪᠠᠨ ᠰᠠᠭᠢᠳᠠᠭ ᠪᠠᠢ᠌ᠯ᠎ᠠ᠃ ᠪᠠᠶᠠᠨ ᠰᠤᠮᠤᠨ ᠳᠤ ᠠᠵᠢᠯᠯᠠᠵᠤ ᠪᠠᠢ᠌ᠬᠤ ᠬᠤᠭᠤᠴᠠᠭᠠᠨ ᠳᠠᠭᠠᠨ ᠪᠦᠳᠤᠨ ᠵᠢᠯ ᠶᠢᠡᠷ ᠭᠡᠳᠡᠰᠤ ᠨᠢ ᠡᠪᠠᠳᠤᠨ ᠭᠦᠶ‍ᠦᠯᠭᠡᠵᠤ᠂ ᠬᠤᠭᠤᠯᠠ ᠪᠣᠳᠠᠭ᠎ᠠ ᠪᠠᠨ ᠭᠢᠵᠤ ᠴᠢᠳᠠᠬᠤ ᠦᠭᠡᠶ ᠭᠡᠮᠵᠢᠶᠡᠨ ᠳᠤ ᠭᠦᠷᠦᠭᠡ ᠴᠤ ᠴᠢᠯᠦᠭᠡ ᠭᠤᠶᠤᠵᠤ ᠠᠵᠢᠯ ᠶᠢᠡᠨ ᠬᠠᠶᠠᠭ᠎ᠠ ᠦᠭᠡᠶ ᠪᠢᠯᠠ᠃

ᠭᠤᠷᠪᠠ

ᠨᠠᠢ᠌ᠳᠠ ᠶᠢᠨ ᠠᠵᠢᠯ ᠤᠨ ᠲᠦᠯᠦᠭᠡ ᠨᠢᠭᠡᠨ ᠰᠡᠳᠭᠢᠯ ᠶᠢᠡᠷ ᠵᠢᠳᠭᠦᠵᠤ᠂   ᠬᠠᠯᠠᠭᠤᠨ ᠭᠦᠯᠦᠰᠤ ᠪᠠᠨ ᠣᠷᠤᠰᠬᠠᠵᠤ ᠶᠠᠪᠣᠭᠰᠠᠨ ᠴᠢᠠᠳᠠᠷ ᠨᠠᠰᠤᠳᠠᠨ ᠢ ᠨᠠᠮ ᠵᠠᠰᠠᠭ ᠨᠢ ᠮᠠᠷᠳᠠᠭ᠎ᠠ ᠦᠭᠡᠶ᠃ 1973 ᠣᠨ ᠳᠤ ᠳᠡᠭᠡᠳᠤ ᠱᠠᠳᠤᠨ ᠡᠴᠡ ᠳᠡᠭᠦᠨ ᠳᠤ ᠬᠠᠷᠠᠭᠠᠯᠵᠠᠯ ᠥᠵᠡᠭᠦᠯᠤᠨ ᠭᠡᠷ ᠪᠦᠯᠢ ᠶᠢ ᠨᠢ ᠵᠡᠭᠦᠡᠠᠭᠤᠯᠠ ᠰᠤᠮᠤᠨ ᠡᠴᠡ ᠨᠡᠭᠦᠯᠭᠡᠨ ᠢᠷᠠᠵᠤ᠂ ᠣᠯᠠᠭᠠᠨ ᠰᠢᠶᠠᠨ ᠳᠡᠭᠡᠷ᠎ᠡ ᠠᠵᠢᠯᠯᠠᠭᠤᠯᠬᠤ ᠭᠡᠰᠡᠨ ᠪᠣᠯᠪᠠᠴᠤ ᠳᠠᠷᠠ ᠵᠥᠪᠰᠢᠶᠡᠷᠡᠭᠡ ᠦᠭᠡᠶ᠃ ᠬᠠᠷᠢᠨ ᠦᠪᠡᠷ ᠤᠨ ᠰᠠᠢ᠌ᠨ ᠳᠤᠷ᠎ᠠ ᠡᠴᠡ ᠪᠠᠨ ᠨᠥᠭᠦᠴᠡᠯ ᠪᠠᠷᠤᠭᠳᠠᠢ᠂ ᠭᠦᠮᠤᠨ ᠴᠥᠭᠡᠨ ᠪᠠᠢ᠌ᠭᠰᠠᠨ ᠣᠯᠠᠭᠠᠨ ᠰᠢᠶᠠᠨ ᠤ ᠳᠤᠮᠪᠣ ᠰᠤᠮᠤᠨ ᠤ ᠢᠳᠡᠭᠡᠮᠵᠢ ᠶᠢᠨ ᠬᠤᠷᠰᠢᠶᠠᠨ ᠳᠤ ᠥᠯᠡᠳᠡᠭ᠍ᠰᠡᠨ ᠶᠤᠮ᠃ ᠨᠢᠳᠤᠨ ᠡᠮᠦᠨᠡᠭᠢ ᠠᠮᠤᠷ ᠠᠰᠢᠭ ᠶᠢᠡᠨ ᠪᠣᠳᠤᠵᠤ᠂ ᠠᠵᠢᠯ ᠤᠨ ᠪᠠᠢ᠌ᠷᠢ ᠰᠢᠯᠢᠵᠤ ᠰᠤᠩᠭ᠋ᠤᠳᠠᠭ ᠦᠭᠡᠶ ᠨᠢ ᠨᠠᠰᠤᠳᠠᠨ ᠤ ᠰᠠᠢ᠌ᠬᠠᠨ ᠠᠷᠠᠠᠰᠢᠨ ᠪᠢᠯᠠ᠃

ᠣᠯᠤᠰ ᠤᠨ ᠠᠵᠢᠯ ᠳᠤ ᠣᠷᠤᠯᠴᠠᠭᠰᠠᠨ ᠡᠳᠦᠷ ᠡᠴᠡ ᠨᠠᠮ ᠳᠤ ᠣᠷᠤᠬᠤ ᠭᠡᠵᠤ ᠨᠠᠰᠤᠳᠠᠨ ᠰᠡᠳᠭᠢᠯ ᠳᠡᠭᠡᠨ ᠬᠠᠳᠠᠭᠤ ᠪᠣᠳᠤᠭᠰᠠᠨ ᠪᠠᠢ᠌ᠵᠠᠢ᠃ ᠡᠨᠡ ᠭᠦᠰᠡᠯ ᠶᠢᠡᠨ ᠪᠠᠶᠡᠯᠡᠭᠦᠯᠭᠦ ᠶᠢᠨ ᠲᠦᠯᠦᠭᠡ ᠨᠠᠮ ᠳᠤ ᠣᠯᠠᠨ ᠣᠳᠠᠭ᠎ᠠ ᠡᠷᠭᠦᠳᠡᠯ ᠦᠭ‍ᠭᠦᠭ᠍ᠰᠡᠨ ᠶᠤᠮ᠃ ᠭᠡᠳᠡᠯ᠎ᠡ ᠠᠵᠢᠯ ᠤᠨ ᠪᠠᠢ᠌ᠷᠢ ᠨᠢ ᠳᠤᠭᠳᠠᠪᠣᠷᠢ ᠦᠭᠡᠶ ᠡᠴᠡ ᠪᠣᠯᠵᠤ᠂ ᠡᠨᠡ ᠭᠦᠰᠡᠯ ᠶᠢᠡᠨ ᠪᠠᠶᠡᠯᠡᠭᠦᠯᠵᠤ ᠪᠣᠯᠬᠤ ᠦᠭᠡᠶ ᠳᠤᠳᠤᠷ᠎ᠠ ᠪᠠᠨ ᠪᠣᠭᠢᠨᠢᠳᠤᠵᠤ ᠶᠠᠪᠣᠯ᠎ᠠ᠃ ᠪᠠᠢ᠌ᠭᠰᠠᠨ ᠭᠠᠵᠠᠷ ᠤᠨ ᠶᠢᠡᠨ ᠨᠠᠮ ᠤᠨ ᠡᠭᠦᠷ ᠲᠤ ᠡᠷᠭᠦᠳᠡᠯ ᠶᠢᠡᠨ ᠥᠭ᠍ᠴᠢᠭᠡᠭᠡᠳ ᠬᠠᠷᠢᠭᠤ ᠶᠢ ᠨᠢ ᠰᠤᠨᠤᠰᠤᠮᠠᠷ ᠪᠣᠯᠤᠭᠠᠤᠨ ᠪᠠᠢ᠌ᠳᠠᠯ᠎ᠠ ᠥᠭᠡᠷ᠎ᠡ ᠭᠠᠵᠠᠷ ᠰᠢᠯᠵᠢᠭᠦᠯᠦᠭᠡᠳ ᠶᠠᠪᠣᠴᠢᠬᠠᠨ᠎ᠠ᠃ ᠳᠡᠭᠡᠭᠡᠳ ᠭᠢᠭᠦ ᠠᠵᠢᠯ᠂ ᠭᠡᠢ᠌ᠷᠭᠡᠭ᠍ᠰᠡᠨ ᠪᠣᠳᠤᠯ ᠨᠢ ᠬᠤᠭᠤᠰᠤᠳᠠᠨ᠎ᠠ᠃ ᠰᠢᠨ᠎ᠠ ᠭᠠᠵᠠᠷ ᠶᠢᠡᠨ ᠭᠦᠷᠦᠭᠡᠳ ᠠᠷᠠᠢ ᠭᠦᠯ ᠣᠯᠠ ᠪᠠᠨ ᠣᠯᠤᠨ ᠭᠡᠳᠡᠯ᠎ᠡ ᠪᠠᠰᠠ ᠰᠢᠯᠵᠢᠭᠦᠯᠴᠢᠭᠡᠨ᠎ᠡ᠃ ᠢᠩᠭᠢᠵᠤ ᠣᠯᠤᠰ ᠭᠡᠷ ᠤᠨ ᠠᠵᠢᠯ ᠭᠡᠳ ᠣᠨᠠᠭᠰᠠᠨ ᠮᠠᠯᠠᠭᠠᠢ ᠪᠠᠨ ᠠᠪᠬᠤ ᠵᠠᠪ ᠦᠭᠡᠶ ᠶᠠᠭᠠᠷᠠᠵᠤ ᠶᠠᠪᠣᠭᠠᠤᠨ ᠨᠠᠮ ᠳᠤ ᠣᠷᠤᠬᠤ ᠭᠡᠰᠡᠨ ᠨᠠᠠᠳᠢᠨ ᠭᠦᠰᠡᠯ ᠶᠢᠡᠨ ᠰᠠᠭᠠᠳᠠᠴᠢᠬᠠᠵᠠᠢ᠃ ᠭᠡᠳᠡᠯ᠎ᠡ ᠭᠦᠰᠡᠯ ᠨᠢ ᠰᠠᠭᠠᠳᠠᠭᠰᠠᠨ ᠪᠣᠯᠪᠠᠴᠤ ᠢᠳᠡᠭᠡᠯ ᠨᠢ ᠬᠤᠭᠤᠷᠠᠭ᠎ᠠ ᠦᠭᠡᠶ᠂ ᠡᠭᠦᠷᠭᠡᠯᠡᠭ᠍ᠰᠡᠨ ᠠᠵᠢᠯ ᠶᠢᠡᠨ ᠨᠠᠷᠢᠨ ᠭᠢᠳᠡᠭ᠌ ᠵᠠᠩ ᠶᠢᠡᠨ ᠬᠠᠯᠠᠭ᠎ᠠ ᠦᠭᠡᠶ᠂ ᠣᠢ᠌ᠯᠠᠰ ᠲᠡᠭᠡᠨ ᠣᠰᠤᠯᠳᠠᠬᠤ ᠦᠭᠡᠶ ᠭᠡᠳᠡᠭ᠌ ᠠᠮᠠᠯᠠᠯᠳᠠ ᠪᠠᠨ ᠪᠣᠴᠠᠭ᠎ᠠ ᠦᠭᠡᠶ᠃ ᠬᠠᠷᠢᠨ ᠭᠦᠳᠡᠭᠡ ᠶᠢᠨ ᠳᠤᠭᠤᠰᠤᠨ ᠡᠴᠡ ᠰᠤᠭᠤᠷᠠᠵᠤ ᠭᠠᠷᠤᠭᠰᠠᠨ ᠠᠰᠪᠣᠷ ᠴᠠᠢ᠌ᠯᠭᠠᠨ᠂ ᠠᠵᠢᠯᠴᠢ ᠪᠣᠷᠤᠭᠵᠢᠭᠤᠨ ᠮᠠᠯᠴᠢᠨ ᠤ ᠭᠦᠤ ᠭᠡᠳᠡᠭ᠌ ᠶᠢᠡᠨ ᠪᠣᠳᠠᠳᠤ ᠠᠵᠢᠯᠯᠠᠭ᠎ᠠ ᠪᠠᠷ ᠶᠢᠡᠨ ᠵᠢᠱᠢᠶ᠎ᠠ ᠥᠵᠡᠭᠦᠯᠵᠤ ᠪᠠᠢ᠌ᠭᠠᠤᠨ ᠡᠴᠦᠰ ᠲᠡᠭᠡᠨ ᠨᠠᠮ ᠳᠤ ᠣᠷᠤᠵᠤ᠂ ᠨᠠᠠᠳᠢᠨ ᠭᠦᠰᠡᠯ ᠶᠢᠡᠨ ᠪᠠᠶᠡᠯᠡᠭᠦᠯᠵᠤ ᠴᠢᠳᠠᠭᠰᠠᠨ ᠪᠠᠢ᠌ᠨ᠎ᠠ᠃ ᠨᠠᠮ ᠳᠤ ᠣᠷᠤᠭᠠᠤᠨ ᠨᠠᠮ ᠤᠨ ᠣᠢ᠌ᠯᠠᠰ ᠤᠨ ᠲᠦᠯᠦᠭᠡ ᠨᠠᠩ ᠴᠢᠷᠮᠠᠢ᠌ᠨ ᠠᠵᠢᠯᠯᠠᠬᠤ ᠭᠡᠳᠡᠭ᠌ ᠠᠷᠢᠭᠤᠨ ᠵᠤᠷᠢᠭ ᠨᠠᠰᠤᠳᠠᠨ ᠤ ᠰᠡᠳᠭᠢᠯ ᠳᠤ ᠰᠦᠨᠳᠠᠷᠯᠠᠨ ᠪᠣᠰᠴᠠᠢ᠃

ᠨᠢᠭᠡ ᠭᠦᠮᠤᠨ ᠨᠡᠢ᠌ᠭᠡᠮ ᠣᠯᠠᠨ ᠳᠠᠭᠠᠨ ᠮᠡᠳᠡᠷᠡᠭ᠍ᠳᠡᠶ᠎ᠡ ᠭᠡᠪᠠᠯ ᠵᠥᠪᠭᠡᠨ ᠬᠤᠭᠤᠰᠤᠨ ᠨᠡᠷ᠎ᠡ᠂ ᠬᠠᠭᠤᠷᠮᠠᠭ ᠠᠭᠠᠰᠢ᠂ ᠡᠷᠭᠡ ᠰᠦᠷ ᠪᠠᠢ᠌ᠭᠠᠤᠨ ᠪᠣᠯᠬᠤ ᠪᠢᠰᠢ ᠬᠠᠷᠢᠨ ᠭᠦᠮᠤᠨ ᠮᠦᠰᠤ᠂ ᠳᠤᠳᠤᠭᠠᠳᠤ ᠴᠢᠨᠠᠷ᠂ ᠠᠷᠢᠭᠤᠨ ᠰᠤᠷᠳᠠᠯ᠂ ᠠᠵᠢᠯ ᠤᠨ ᠴᠢᠳᠠᠪᠣᠷᠢ ᠪᠠᠢ᠌ᠬᠤ ᠡᠰᠡᠭᠦ ᠨᠢ ᠰᠠ‍‌ᠶᠢ ᠵᠠᠩᠭᠢᠯᠭ᠎ᠠ ᠪᠣᠯᠳᠠᠭ ᠠᠵᠢ ︕ 1978 ᠣᠨ ᠳᠤ ᠨᠠᠮ ᠵᠠᠰᠠᠭ ᠡᠴᠡ ᠬᠦᠬᠡ‍ᠨᠠᠭᠤᠷ ᠳᠡᠭᠡᠳᠤ ᠮᠤᠩᠭ᠋ᠤᠯ ᠤᠨ ᠣᠤᠭᠠᠨ ᠳᠤᠮᠳᠠᠳᠤ ᠰᠤᠷᠭᠠᠭᠤᠯᠢ ᠪᠣᠯᠬᠤ ᠣᠯᠠᠭᠠᠨ ᠰᠢᠶᠠᠨ ᠤ ᠦᠨᠳᠦᠰᠦᠳᠠᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢ ᠰᠢᠶᠠᠨ ᠤ ᠲᠦᠪ ᠊᠊᠊᠊᠊᠊᠊᠊᠊᠊᠊᠊᠊᠊᠊ ᠰᠢᠷᠢᠭᠢ ᠪᠠᠯᠭᠠᠰᠤᠨ ᠳᠡᠭᠡᠷ᠎ᠡ ᠪᠠᠢ᠌ᠭᠤᠯᠬᠤ ᠪᠠᠷ ᠳᠤᠭᠳᠠᠯ᠎ᠠ᠃ ᠵᠤᠬᠢᠶᠠᠨ ᠪᠠᠢ᠌ᠭᠤᠯᠤᠯᠳᠠ ᠡᠴᠡ ᠭᠡᠯᠡᠪᠠᠯ ᠭᠢᠵᠤ ᠴᠢᠳᠠᠬᠤ ᠭᠡᠰᠡᠭ᠌ ᠭᠦᠮᠦᠰ ᠢ ᠳᠤᠮᠢᠯᠠᠨ ᠡᠨᠡ ᠠᠵᠢᠯ ᠤᠨ ᠡᠭᠢᠨ ᠤ ᠭᠦᠰᠢᠭᠡ ᠶᠢ ᠢᠷᠠᠬᠤ ᠵᠢ ᠲ᠋ᠤᠰᠢᠶᠠᠵᠠᠢ᠃ ᠶᠠᠮᠠᠷᠴᠤ ᠠᠵᠢᠯ ᠤᠨ ᠡᠭᠢᠯᠡᠯᠳᠡ ᠭᠡᠴᠡᠭᠦᠤ ᠭᠡᠳᠡᠭ᠌ ᠦᠨᠡᠨ ᠳ᠋ᠠ᠃ ᠨᠢᠭᠡ ᠰᠤᠷᠭᠠᠭᠤᠯᠢ ᠶᠢ ᠪᠠᠢ᠌ᠭᠤᠯᠤᠨ᠎ᠠ ᠭᠡᠭ᠍ᠴᠢ ᠨᠢᠭᠡ ᠭᠡᠷ ᠤᠨ ᠠᠵᠢᠯ ᠢ ᠳᠦᠪᠭᠢᠨᠡᠭᠦᠯᠭᠦ ᠡᠴᠡ ᠴᠠᠰᠢ ᠨᠠᠷᠢᠨ ᠳᠠᠮᠤ ᠲᠡᠶ ᠣᠢ᠌ᠯᠠ ᠪᠣᠯᠬᠤᠷ ᠪᠠᠯᠠᠳᠭᠡᠯ ᠠᠵᠢᠯ ᠤᠨ ᠺᠤᠮᠢᠰ ᠶᠠᠭᠤ ᠪᠦᠭᠦᠨ ᠳᠤ ᠭᠠᠷ ᠪᠠᠷᠢᠨ ᠭᠠᠴᠢᠭᠳᠠᠯ᠎ᠠ᠃

ᠳᠠᠯᠠᠨ ᠪᠣᠳᠠᠷᠬᠠᠢ᠂ ᠳᠠᠪᠢᠨ ᠳᠠᠰᠤᠷᠬᠠᠢ ᠪᠠᠢ᠌ᠭ᠎ᠠ ᠰᠤᠷᠭᠠᠭᠤᠯᠢ ᠶᠢᠨ ᠠᠷᠤ ᠳᠠᠯ᠎ᠠ ᠶᠢᠨ ᠠᠵᠢᠯ ᠢ ᠡᠮᠭᠢ ᠳᠢᠭ᠍ᠯᠢᠮ ᠳᠤ ᠨᠢ ᠢᠷᠡᠭᠦᠯᠵᠤ᠂ ᠡᠷᠡᠭᠦᠯ ᠵᠠᠮ ᠶᠢᠡᠷ ᠭᠦᠭ᠍ᠵᠢᠭᠦᠯᠭᠦ ᠭᠡᠪᠠᠯ ᠨᠢᠭᠡ ᠰᠠᠢ᠌ᠨ ᠭᠢᠷᠢ ᠳᠡᠩᠴᠡᠭ᠍ᠰᠡᠨ ᠨᠢᠷᠪᠠ ᠪᠠᠢ᠌ᠬᠤ ᠭᠡᠷᠡᠭ᠍ᠳᠡᠢ ᠭᠡᠳᠡᠭ᠌ ᠢ ᠶᠠᠭᠤᠨ ᠡᠮᠦᠨ᠎ᠡ ᠪᠣᠳᠤᠭᠠᠤᠨ ᠣᠯᠵᠠᠢ᠃ ᠭᠡᠪᠠᠴᠤ ᠡᠭᠦᠨ ᠶᠢᠡᠨ ᠭᠡᠨ ᠶᠢᠡᠷ ᠭᠢᠯᠭᠡᠭᠦ ᠪᠠᠨ ᠮᠡᠳᠡᠭᠦ ᠦᠭᠡᠶ ᠮᠤᠬᠤᠷᠳᠠᠵᠤ ᠰᠠᠭᠤᠳᠠᠯ᠎ᠠ ᠴᠢᠪ ᠭᠡᠮᠡᠨ ᠴᠢᠠᠳᠠᠷ ᠨᠠᠰᠤᠳᠠᠨ ᠰᠠᠨᠠᠭᠠᠨ ᠳᠤ ᠨᠢ ᠣᠷᠤᠳᠠᠭ ᠪᠠᠢ᠌ᠨ᠎ᠠ᠃ ᠳᠡᠭᠡᠭᠡᠳ ᠳᠤᠬᠠᠢ ᠶᠢᠨ ᠦᠶᠡᠰ ᠰᠤᠷᠭᠠᠭᠤᠯᠢ ᠶᠢᠨ ᠵᠠᠭᠢᠷᠤᠯ ᠶᠢᠡᠷ ᠳᠤᠮᠢᠯᠠᠭᠳᠠᠭᠠᠤᠨ ᠪᠠᠢ᠌ᠭᠰᠠᠨ ᠮᠠᠤ ᠢᠤᠢ ᠱᠸᠩ (ᠠᠮᠠᠷᠠᠯᠳᠠ ᠪᠠᠨ ᠠᠪᠣᠭᠰᠠᠨ ᠠᠬᠠᠮᠠᠤᠨ ᠺᠠᠳ᠋ᠷ) ᠨᠥᠭᠦᠷ ᠦᠪᠡᠷ ᠤᠨ ᠪᠠᠶ᠎ᠠ ᠪᠠᠷ ᠶᠢᠡᠨ ᠣᠴᠢᠵᠤ ᠨᠠᠰᠤᠳᠠᠨ ᠢ ᠭᠤᠶᠤᠯ᠎ᠠ᠃ ᠳᠠᠪᠢ ᠶᠢ ᠭᠠᠳᠤᠯᠤᠨ ᠵᠢᠷᠠ ᠶᠢ ᠳᠡᠷᠡᠯᠡᠭᠡᠳ ᠪᠠᠢ᠌ᠭᠰᠠᠨ ᠨᠠᠰᠤᠳᠠᠨ ᠭᠤᠸᠠᠢ ᠬᠣᠢ᠌ᠰᠢ ᠰᠠᠭᠤᠵᠤ᠂ ᠬᠤᠷᠮᠤᠢ ᠪᠠᠨ ᠭᠦᠪᠢᠭᠡᠳ ᠦᠭᠡᠶ᠃ ᠬᠠᠷᠢᠨ 《ᠦᠷ᠎ᠡ ᠬᠣᠢ᠌ᠴᠢᠰ᠂ ᠦᠨᠳᠦᠰᠦᠳᠠᠨ ᠶᠠᠰᠤᠳᠠᠨ ᠤ ᠬᠤᠵᠢᠮ ᠮᠠᠷᠭᠠᠰᠢ ᠲᠡᠶ ᠬᠤᠯᠪᠣᠭᠳᠠᠬᠤ ᠠᠷᠢᠭᠤᠨ ᠣᠢ᠌ᠯᠠ ᠪᠠᠢ᠌ᠨ᠎ᠠ᠃ ᠭᠦᠭ᠍ᠰᠢᠨ ᠪᠢ ᠭᠡᠷᠡᠭ᠌ ᠲᠤ ᠭᠦᠷᠳᠡᠭ᠌ ᠪᠣᠯ ᠴᠢᠳᠠᠯ ᠤᠨ ᠭᠢᠷᠢ ᠪᠠᠷ ᠶᠢᠡᠨ ᠵᠢᠳᠭᠦᠶ᠎ᠡ》 ᠭᠡᠳ ᠭᠦᠰᠡᠭᠡᠳ ᠭᠦᠷᠦᠭ᠍ᠰᠡᠨ ᠭᠦᠮᠤᠨ ᠤ ᠠᠮᠠ ᠶᠢ ᠳᠤᠰᠤᠯᠠᠨ ᠪᠣᠴᠠᠭᠠᠵᠠᠢ᠃

ᠳᠠᠷᠠ ᠴᠠᠭ ᠡᠴᠡ ᠡᠭᠢᠯᠡᠨ ᠨᠠᠰᠤᠳᠠᠨ ᠭᠤᠸᠠᠢ ᠦᠨᠳᠦᠰᠦᠳᠠᠨ ᠤ ᠰᠤᠷᠭᠠᠨ ᠭᠦᠮᠦᠵᠢᠯ ᠤᠨ ᠳᠤᠯᠭ᠎ᠠ ᠶᠢᠨ ᠴᠢᠯᠠᠭᠤ ᠶᠢ ᠪᠣᠰᠬᠠᠵᠤ᠂ ᠭᠠᠯ ᠢ ᠭᠦᠭ᠍ᠵᠢᠭᠡᠭᠦ ᠳᠤ ᠨᠠᠷ᠎ᠠ ᠦᠭᠡᠶ ᠨᠢᠭᠡᠨ ᠢᠪᠠᠭᠡᠰᠤ ᠪᠣᠯᠤᠨ ᠦᠷᠡᠭ᠍ᠳᠡᠵᠤ᠂ ᠬᠠᠯᠠᠭᠤᠨ ᠭᠦᠯᠦᠰᠤ ᠪᠠᠨ ᠠᠰᠬᠠᠭᠰᠠᠨ ᠶᠤᠮ᠃ ᠰᠤᠷᠤᠭᠴᠢ ᠶᠢᠨ ᠪᠠᠢ᠌ᠷᠢ ᠳᠡᠩᠭᠢᠮ᠂ ᠰᠢᠷᠡᠭᠡ ᠰᠠᠠᠳᠠᠯᠢ᠂ ᠳᠤᠭᠤᠭᠠᠨ ᠭᠡᠷ᠂ ᠲᠦᠯᠡᠭᠡ ᠨᠡᠭᠦᠷᠡᠰᠤ᠂ ᠬᠤᠭᠤᠯᠠ ᠭᠦᠨᠡᠰᠤ ᠭᠡᠳ ᠨᠠᠰᠤᠳᠠᠨ ᠳᠠᠪᠠᠭ ᠬᠤᠳᠣᠢ᠌ᠳᠠᠯ᠎ᠠ ᠪᠠᠨ ᠭᠦᠶ‍ᠦᠵᠤ᠂ ᠭᠦᠮᠤᠨ ᠤ ᠬᠡᠦᠬᠡᠳ ᠤᠨ ᠲᠦᠯᠦᠭᠡ ᠪᠦᠳᠤᠨ ᠵᠢᠯ ᠶᠢᠡᠷ ᠣᠶᠤᠨ ᠣᠬᠠᠭᠠᠨ᠂ ᠭᠦᠴᠤ ᠳᠠᠮᠢᠷ ᠶᠢᠡᠨ ᠰᠢᠪᠬᠠᠯ᠎ᠠ᠃ ᠣᠬᠠᠮᠰᠠᠷ ᠦᠨᠳᠦᠷ᠂ ᠬᠠᠷᠢᠭᠤᠴᠠᠯᠭ᠎ᠠ ᠨᠠᠷᠢᠨ ᠡᠢ᠌ᠮᠤ ᠨᠢᠭᠡᠨ ᠠᠬᠠᠮᠠᠤᠨ ᠨᠠᠰᠤᠳᠠᠨ ᠰᠤᠷᠭᠠᠭᠤᠯᠢ ᠪᠠᠢ᠌ᠭᠤᠯᠬᠤ ᠠᠵᠢᠯ ᠢ ᠪᠦᠭᠦ ᠴᠢᠳᠠᠯ ᠶᠢᠡᠷ ᠶᠢᠡᠨ ᠳᠡᠮᠵᠢᠭ᠍ᠰᠡᠨ ᠡᠴᠡ ᠣᠯᠠᠭᠠᠨ ᠰᠢᠶᠠᠨ ᠤ ᠦᠨᠳᠦᠰᠦᠳᠠᠨ ᠤ ᠨᠢᠭᠡᠳᠦᠭᠡᠷ ᠳᠤᠮᠳᠠᠳᠤ ᠰᠤᠷᠭᠠᠭᠤᠯᠢ ᠳᠤᠭᠳᠠᠭᠰᠠᠨ ᠴᠠᠭ ᠲᠠᠭᠠᠨ ᠡᠭᠦᠳᠡ ᠪᠠᠨ ᠰᠡᠭᠦᠵᠤ᠂ ᠭᠢᠴᠢᠶᠠᠯ ᠶᠢᠡᠨ ᠡᠭᠢᠯᠡᠵᠤ ᠴᠢᠳᠠᠭᠰᠠᠨ ᠶᠤᠮ᠃

ᠣᠯᠠᠭᠠᠨ ᠰᠢᠶᠠᠨ ᠤ ᠦᠨᠳᠦᠰᠦᠳᠠᠨ ᠤ ᠳᠤᠮᠳᠠᠳᠤ ᠰᠤᠷᠭᠠᠭᠤᠯᠢ ᠪᠠᠢ᠌ᠭᠤᠯᠤᠭᠳᠠᠭᠰᠠᠨ ᠤ ᠳᠠᠷᠠᠭ᠎ᠠ ᠴᠢᠠᠳᠠᠷ ᠨᠠᠰᠤᠳᠠᠨ ᠰᠤᠷᠭᠠᠭᠤᠯᠢ ᠵᠢᠨ ᠶᠡᠷᠦᠩᠭᠡᠢ ᠶᠠᠪᠣᠳᠠᠯ ᠤᠨ ᠭᠠᠵᠠᠷ ᠤᠨ ᠡᠷᠭᠢᠯᠡᠭ᠍ᠴᠢ᠂ ᠨᠢᠭᠳᠠᠯᠠᠨ ᠪᠣᠳᠤᠭᠴᠢ ᠪᠠᠷ ᠨᠠᠰᠤᠨ ᠤ ᠠᠮᠠᠷᠠᠯᠳᠠ ᠪᠠᠨ ᠠᠪᠳᠠᠯ᠎ᠠ ᠠᠵᠢᠯᠯᠠᠭᠰᠠᠨ ᠶᠤᠮ᠃ ᠡᠨᠡ ᠬᠤᠭᠤᠴᠠᠭᠠᠨ ᠳᠤ ᠨᠠᠰᠤᠳᠠᠨ ᠤ ᠬᠤᠪᠢ ᠪᠠᠨ ᠪᠣᠳᠤᠨ ᠠᠰᠢᠭ ᠲᠤ ᠰᠢᠨᠤᠬᠤ ᠦᠭᠡᠶ᠂ ᠢᠷᠠᠭᠤ ᠠᠯᠳᠠᠷ ᠪᠣᠯᠤᠨ ᠵᠠᠪᠰᠢᠶᠠᠨ ᠲᠤᠬᠢᠶᠠᠯ ᠢ ᠪᠣᠰᠤᠳ ᠲᠠᠭᠠᠨ ᠨᠠᠢ᠌ᠷ ᠳᠠᠯᠪᠢᠳᠠᠭ ᠨᠠᠠᠳᠢᠨ ᠰᠠᠢ᠌ᠬᠠᠨ ᠵᠠᠩ ᠴᠢᠨᠠᠷ ᠨᠢ ᠬᠠᠮᠳᠤ ᠠᠵᠢᠯᠯᠠᠭᠰᠠᠤᠨ ᠶᠢᠡᠨ ᠨᠥᠯᠦᠭᠡᠯᠡᠵᠡᠢ᠃ ᠠᠵᠢᠯ ᠤᠨ ᠴᠢᠳᠠᠪᠣᠷᠢ᠂ ᠠᠵᠢᠯᠯᠠᠭᠰᠠᠨ ᠴᠠᠭ ᠶᠢᠡᠷ ᠴᠢᠠᠳᠠᠷ ᠨᠠᠰᠤᠳᠠᠨ ᠶᠠᠮᠠᠷᠴᠤ ᠳᠡᠭᠡᠳᠤ ᠵᠡᠷᠭᠡ ᠶᠢᠨ ᠳᠤᠰᠢᠶᠠᠯ ᠤᠨ ᠴᠤᠯᠠ ᠬᠠᠮᠠᠭᠠᠯᠠᠬᠤ ᠳᠤ ᠠᠰᠠᠭᠤᠳᠠᠯ ᠦᠭᠡᠶ ᠶᠤᠮ᠃ ᠭᠡᠳᠡᠯ᠎ᠡ ᠨᠠᠰᠤᠳᠠᠨ ᠬᠤᠪᠢ ᠶᠢᠨ ᠠᠰᠢᠭ᠂ ᠨᠠᠷ᠎ᠠ ᠳᠦᠷᠤ ᠶᠢᠨ ᠲᠦᠯᠦᠭᠡ ᠳᠡᠭᠡᠵᠤ ᠰᠢᠨᠤᠳᠠᠭ ᠦᠭᠡᠶ᠃ ᠪᠠᠶ᠎ᠠ ᠳᠤ ᠨᠢ ᠣᠯᠳᠠᠭᠰᠠᠨ ᠢᠷᠠᠭᠤ ᠠᠯᠳᠠᠷ᠂ ᠵᠠᠪᠰᠢᠶᠠᠨ ᠲᠤᠬᠢᠶᠠᠯ ᠶᠢᠡᠨ ᠬᠠᠮᠳᠤ ᠨᠥᠭᠦᠤᠨ᠂ ᠭᠠᠷ ᠤᠨ ᠰᠤᠷᠤᠭᠴᠢᠳ ᠭᠢᠭᠡᠳ ᠵᠠᠯᠠᠭᠤ ᠣᠯᠤᠰ ᠲᠤ ᠨᠠᠢ᠌ᠷ ᠳᠠᠯᠪᠢᠴᠢᠬᠠᠭᠠᠤᠨ ᠦᠪᠡᠷ ᠶᠢᠡᠨ ᠬᠤᠭᠤᠰᠤᠨ ᠬᠤᠴᠤᠷᠤᠭᠰᠠᠨ ᠴᠤ ᠬᠠᠷᠠᠮᠰᠠᠳᠠᠭ ᠦᠭᠡᠶ ᠪᠢᠯᠠ᠃ ᠢᠩᠭᠡᠵᠤ ᠦᠪᠡᠷ ᠤᠨ ᠣᠯᠬᠤ ᠶᠤᠰᠤᠳᠠᠢ ᠪᠠᠨ ᠭᠦᠮᠤᠨ ᠳᠤ ᠨᠠᠢ᠌ᠷ ᠳᠠᠯᠪᠢᠭᠰᠠᠭᠠᠷ ᠶᠠᠪᠣᠭᠠᠤᠨ ᠨᠠᠰᠤᠳᠠᠨ ᠨᠠᠰᠤᠨ ᠤ ᠠᠮᠠᠷᠠᠯᠳᠠ ᠪᠠᠨ ᠠᠪᠬᠤ ᠦᠶ᠎ᠡ ᠳᠤ ᠳᠤᠰᠠᠯᠠᠬᠤ ᠨᠢᠭᠳᠠᠯᠠᠨ ᠪᠣᠳᠤᠭᠴᠢ ᠶᠢᠨ ᠳᠤᠰᠢᠶᠠᠯ ᠤᠨ ᠴᠤᠯᠠ ᠡᠴᠡ ᠪᠠᠨ ᠭᠡᠳᠦᠷᠡᠭᠡ ᠦᠭᠡᠶ᠃ ᠨᠡᠢ᠌ᠭᠡᠮ ᠭᠦᠭ᠍ᠵᠢᠵᠤ᠂ ᠠᠮᠢᠳᠤᠷᠠᠯ ᠴᠢᠨᠡᠭᠡᠯᠢᠭ᠍ᠵᠢᠨ ᠭᠦᠮᠤᠨ ᠤ ᠦᠵᠡᠯ ᠣᠬᠠᠮᠰᠠᠷ ᠢᠯᠵᠠᠷᠠᠨ ᠳᠤᠷᠣᠢ᠌ᠳᠠᠵᠤ ᠨᠠᠷ᠎ᠠ ᠠᠰᠢᠭ᠂ ᠪᠠᠢ᠌ᠷᠢ ᠰᠠᠭᠤᠷᠢ ᠶᠢᠨ ᠲᠦᠯᠦᠭᠡ ᠨᠢᠭᠤᠷ ᠶᠢᠡᠨ ᠪᠠᠷᠠᠨ ᠭᠦᠶ‍ᠦᠵᠤ ᠪᠠᠢ᠌ᠭ᠎ᠠ ᠦᠨᠦ ᠶᠢᠨ ᠡᠷᠡᠨ ᠳᠤ ᠴᠢᠠᠳᠠᠷ ᠨᠠᠰᠤᠳᠠᠨ ᠤ ᠠᠮᠢ ᠬᠤᠪᠢ ᠪᠠᠨ ᠪᠣᠳᠤᠳᠠᠭ ᠦᠭᠡᠶ ᠠᠷᠢᠭᠤᠨ ᠲᠦᠪ ᠰᠤᠷᠳᠠᠯ ᠳᠤᠯᠢ ᠪᠣᠯᠬᠤ ᠪᠢᠵᠠ ⁈

ᠳᠦᠷᠪᠠ

ᠴᠢᠠᠳᠠᠷ ᠨᠠᠰᠤᠳᠠᠨ ᠦᠨᠳᠦᠰᠦᠳᠠᠨ ᠤ ᠰᠤᠷᠭᠠᠨ ᠭᠦᠮᠦᠵᠢᠯ ᠤᠨ ᠣᠢ᠌ᠯᠠᠰ ᠲᠤ ᠨᠢ᠋ᠮᠠᠨ ᠵᠢᠯ ᠵᠢᠳᠭᠦᠭᠡᠳ 1985 ᠣᠨ ᠳᠤ ᠵᠢᠷᠠᠨ ᠨᠢᠭᠡᠳᠡᠢ ᠨᠠᠰᠤᠨ ᠤ ᠠᠮᠠᠷᠠᠯᠳᠠ ᠪᠠᠨ ᠠᠪᠣᠭᠰᠠᠨ ᠪᠠᠢ᠌ᠨ᠎ᠠ᠃ ᠣᠯᠠᠭᠠᠨ ᠰᠢᠶᠠᠨ ᠤ ᠦᠨᠳᠦᠰᠦᠳᠠᠨ ᠤ ᠳᠤᠮᠳᠠᠳᠤ ᠰᠤᠷᠭᠠᠭᠤᠯᠢ ᠪᠠᠢ᠌ᠭᠤᠯᠤᠭᠳᠠᠬᠤ ᠳᠤ ᠨᠠᠰᠤᠳᠠᠨ ᠳᠤᠯᠭ᠎ᠠ ᠶᠢᠨ ᠴᠢᠯᠠᠭᠤ ᠶᠢ ᠨᠢ ᠳᠤᠯᠤᠯᠴᠠᠵᠤ᠂ ᠴᠢᠨᠠᠭᠰᠢ ᠭᠦᠭ᠍ᠵᠢᠨ ᠪᠣᠵᠠᠭᠠᠢ᠌ᠷᠠᠬᠤ ᠳᠤ ᠠᠷᠢᠭᠤᠨ ᠭᠦᠳᠡᠯᠮᠦᠷᠢ᠂ ᠠᠶᠠᠭ᠎ᠠ ᠭᠦᠯᠦᠰᠤ ᠪᠠᠨ ᠣᠷᠤᠰᠠᠬᠠᠵᠠᠢ᠃

ᠨᠠᠰᠤᠨ ᠤ ᠠᠮᠠᠷᠠᠯᠳᠠ ᠪᠠᠨ ᠠᠪᠣᠭᠰᠠᠨ ᠤ ᠳᠠᠷᠠᠭ᠎ᠠ ᠨᠠᠰᠤᠳᠠᠨ ᠨᠠᠮ ᠤᠨ ᠠᠮᠢᠳᠤᠷᠠᠯ ᠡᠴᠡ ᠪᠠᠨ ᠭᠠᠭᠴᠠ ᠡᠳᠦᠷ ᠰᠠᠯᠤᠭ᠎ᠠ ᠦᠭᠡᠶ᠃ ᠨᠠᠮ ᠤᠨ ᠳᠠᠳᠠᠪᠣᠷᠢ ᠪᠠᠨ ᠴᠠᠭ ᠲᠠᠭᠠᠨ ᠳᠤᠰᠢᠶᠠᠨ ᠬᠤᠷᠠᠯ ᠰᠤᠷᠤᠯᠴᠠᠯᠭ᠎ᠠ ᠳᠤ ᠨᠢ ᠢᠳᠠᠪᠭᠢᠳᠠᠢ ᠣᠷᠤᠯᠴᠠᠵᠤ᠂ ᠨᠠᠮ ᠤᠨ ᠣᠷᠢᠶᠠᠯᠭ᠎ᠠ ᠶᠢ ᠲᠠᠭᠠᠨ ᠴᠠᠭ ᠦᠶ᠎ᠡ ᠶᠢᠨ ᠵᠤᠷᠢᠭ ᠰᠠᠨᠠᠭ᠎ᠠ ᠪᠠᠷ ᠦᠵᠡᠯ ᠣᠬᠠᠮᠰᠠᠷ ᠶᠢᠡᠨ ᠭᠦᠪᠴᠢᠯᠡᠨ ᠳᠠᠢ᠌ᠴᠢᠯᠠᠳᠠᠭ ᠪᠠᠢ᠌ᠯ᠎ᠠ᠃ ᠳᠡᠭᠡᠭᠡᠳ ᠠᠵᠢᠯ ᠡᠴᠡ ᠪᠠᠨ ᠠᠮᠠᠷᠠᠯ᠎ᠠ ᠭᠡᠳ ᠭᠡᠷ ᠲᠡᠭᠡᠨ ᠭᠢᠳᠠᠯ ᠳᠠᠰᠤᠷᠠᠨ ᠠᠮᠤᠷ ᠵᠢᠮᠤᠷ ᠰᠠᠭᠤᠬᠤ ᠶᠢ ᠪᠣᠳᠤᠭ᠎ᠠ ᠦᠭᠡᠶ᠃ ᠬᠠᠷᠢᠨ ᠡᠳᠦᠷᠵᠢᠨ ᠨᠤᠮ ᠪᠢᠴᠢᠭ᠌ ᠲᠡᠶ ᠪᠠᠨ ᠵᠢᠭᠤᠷᠠᠵᠤ᠂ ᠣᠤᠯ ᠡᠴᠡ ᠪᠠᠨ ᠳᠤᠷ᠎ᠠ ᠰᠤᠨᠢᠷᠬᠠᠯ ᠲᠡᠶ ᠪᠠᠢ᠌ᠳᠠᠭ ᠱᠠᠰᠢᠨ ᠤ ᠣᠬᠠᠭᠠᠨ ᠶᠢᠡᠨ ᠦᠷᠭᠦᠯᠵᠢᠯᠡᠨ ᠰᠤᠳᠤᠯᠤᠭᠰᠠᠨ ᠶᠢᠡᠷ ᠪᠠᠷᠠᠬᠤ ᠦᠭᠡᠶ ᠮᠤᠩᠭ᠋ᠤᠯ᠂ ᠲᠦᠪᠡᠳ᠂ ᠭᠢᠳᠠᠤᠨ ᠭᠡᠯᠡᠨ ᠤ ᠣᠷᠴᠢᠭᠤᠯᠭ᠎ᠠ ᠶᠢ ᠳᠤᠷᠰᠢᠨ ᠣᠷᠤᠯᠳᠤᠭᠰᠠᠨ ᠪᠠᠢ᠌ᠨ᠎ᠠ᠃

ᠨᠠᠭᠠᠳᠤᠮ ᠨᠠᠢ᠌ᠷ᠂ ᠠᠷᠢᠭᠢ ᠳᠠᠷᠠᠰᠤᠨ ᠳᠤ ᠨᠠᠰᠤᠳᠠᠨ ᠳᠤᠷ᠎ᠠ ᠦᠭᠡᠶ᠃   ᠬᠠᠷᠢᠨ ᠨᠤᠮ ᠲᠡᠶ ᠨᠥᠭᠦᠷᠯᠡᠨ ᠢᠳᠡᠭᠦ ᠣᠤᠭᠤᠬᠤ ᠪᠠᠨ ᠮᠠᠷᠳᠠᠵᠤ᠂ ᠨᠤᠮ ᠤᠨ ᠣᠬᠠᠭᠠᠨ ᠶᠢᠡᠷ ᠰᠡᠳᠭᠢᠯ ᠶᠢᠡᠨ ᠳᠡᠵᠢᠭᠡᠭᠦ ᠪᠣᠯ ᠬᠠᠮᠤᠭ ᠳᠡᠭᠡᠳᠤ ᠵᠢᠷᠭᠠᠯ ᠨᠢ ᠪᠠᠢ᠌ᠯ᠎ᠠ᠃ ᠭᠡᠷ ᠲᠡᠭᠡᠨ ᠪᠠᠢ᠌ᠬᠤ ᠳᠠᠭᠠᠨ ᠢᠯᠡᠭᠦᠤ ᠳᠤᠳᠠᠭᠤ ᠥᠭᠡ ᠭᠡᠯᠡᠳᠡᠭ᠌ ᠦᠭᠡᠶ᠂ ᠵᠥᠪᠭᠡᠨ ᠪᠢᠴᠢᠭ᠌ ᠬᠠᠷ᠎ᠠ ᠲᠡᠶ ᠪᠠᠨ ᠣᠷᠢᠶᠠᠯᠳᠤᠨ ᠪᠠᠶ᠎ᠠ ᠪᠠᠨ ᠰᠠᠭᠠᠳᠠᠭᠤᠯᠵᠤ ᠰᠠᠭᠤᠨ᠎ᠠ᠃ ᠶᠠᠪᠣᠵᠤ ᠰᠠᠭᠤᠬᠤ᠂ ᠬᠤᠭᠤᠯᠠ ᠢᠳᠡᠭᠦ ᠳᠡᠭᠡᠨ ᠴᠤ ᠶᠠᠭᠤᠮ᠎ᠠ ᠪᠢᠰᠢᠯᠭᠠᠨ ᠪᠣᠳᠤᠵᠤ᠂ ᠳᠸᠯᠸᠢᠰ ᠳᠡᠭᠡᠷ᠎ᠡ ᠭᠠᠭᠴᠠ ᠨᠢᠭᠡᠨ ᠳᠠᠨᠢᠬᠤ ᠦᠭᠡᠶ ᠥᠰᠦᠭ᠌ ᠭᠠᠷᠪᠠᠯ ᠴᠤ ᠳᠤᠤᠷ᠎ᠠ ᠨᠢ ᠳᠤᠯᠢ ᠪᠢᠴᠢᠭ᠌ ᠶᠢᠡᠨ ᠰᠢᠭᠦᠷᠡᠭᠡᠳ ᠠᠪᠳᠠᠭ ᠪᠠᠢ᠌ᠯ᠎ᠠ᠃ ᠢᠩᠭᠢᠵᠤ ᠴᠠᠭ ᠲᠡᠶ ᠣᠷᠤᠯᠳᠤᠨ ᠰᠤᠷᠤᠯᠴᠠᠭᠰᠠᠨ ᠡᠴᠡ ᠨᠠᠰᠤᠳᠠᠨ ᠣᠬᠤᠷᠬᠠᠨ ᠬᠤᠭᠤᠴᠠᠭᠠᠨ ᠳᠤ ᠱᠠᠰᠢᠨ ᠤ ᠣᠬᠠᠭᠠᠨ ᠤ ᠠᠯᠳᠠᠷᠳᠤ ᠪᠦᠳᠦᠭᠡᠯ 《ᠭᠠᠠᠵᠤᠤᠷ》᠂ 《ᠳ᠋ᠠᠠᠵᠤᠤᠷ》 ᠭᠢᠭᠡᠳ 《ᠰᠡᠷᠳᠡᠭ᠌ ᠭᠡᠭᠡᠨ ᠤ ᠪᠦᠷᠢᠨ ᠵᠤᠬᠢᠶᠠᠯ》 ᠊ᠢ ᠣᠩᠰᠢᠨ ᠳᠤᠭᠤᠯᠵᠤ᠂ ᠱᠠᠰᠢᠨ ᠤ ᠶᠤᠰᠤᠨ ᠳᠤ ᠨᠠᠪᠳᠠᠷᠠᠵᠤ ᠴᠢᠳᠠᠵᠠᠢ᠃ ᠨᠠᠰᠤᠳᠠᠨ ᠨᠤᠮ ᠵᠤᠬᠢᠶᠠᠯ ᠣᠩᠰᠢᠬᠤ ᠳᠠᠭᠠᠨ ᠵᠥᠪᠭᠡᠨ ᠴᠠᠭ ᠪᠠᠷᠠᠵᠤ᠂ ᠡᠳᠦᠷ ᠥᠩᠭᠡᠷᠡᠭᠡᠭᠦ ᠶᠢᠨ ᠲᠦᠯᠦᠭᠡ ᠪᠢᠰᠢ ᠬᠠᠷᠢᠨ ᠶᠠᠭᠤᠮ᠎ᠠ ᠶᠠᠭᠤᠮ᠎ᠠ ᠶᠢᠨ ᠴᠢᠨᠠᠳᠤ ᠨᠢᠭᠤᠴᠠ᠂ ᠳᠤᠳᠤᠭᠠᠳᠤ ᠶᠤᠰᠤ ᠶᠢ ᠰᠢᠠᠵᠢᠯᠠᠨ ᠰᠤᠳᠤᠯᠬᠤ ᠪᠠᠬᠠᠳᠠᠢ ᠪᠦᠭᠡᠳ ᠭᠤᠤᠯ ᠴᠢᠬᠤᠯᠠ ᠵᠣᠢ᠌ᠯ ᠤᠳ ᠢ ᠮᠤᠩᠭ᠋ᠤᠯ᠂ ᠭᠢᠳᠠᠤᠨ ᠳᠠᠢ᠌ᠯᠪᠣᠷᠢ ᠬᠠᠪᠰᠤᠷᠭᠠᠨ ᠳᠡᠮᠳᠡᠭᠯᠡᠭᠡᠳ ᠦᠨᠡᠳᠤ ᠰᠤᠶᠤᠯ ᠤᠨ ᠦᠪ ᠪᠣᠯᠭᠠᠨ ᠦᠷ᠎ᠡ ᠬᠣᠢ᠌ᠴᠢᠰ ᠲᠠᠭᠠᠨ ᠣᠯᠠᠮᠵᠢᠯᠠᠨ ᠥᠯᠡᠳᠡᠭᠡᠭᠦ ᠶᠢ ᠵᠤᠷᠢᠳᠠᠭ ᠪᠠᠢ᠌ᠨ᠎ᠠ᠃ ᠳᠡᠭᠡᠭᠦ ᠳᠡᠭᠡᠨ ᠪᠣᠷᠬᠠᠨ ᠤ ᠱᠠᠰᠢᠨ ᠢ ᠭᠤᠤᠯᠴᠢᠯᠠᠨ ᠰᠤᠳᠤᠯᠵᠤ᠂ ᠱᠠᠰᠢᠨ ᠰᠢᠳᠦᠭᠦ ᠶᠢᠨ ᠠᠰᠢᠭ ᠬᠤᠤᠷ ᠢ ᠢᠯᠭᠠᠨ ᠨᠢᠭᠳᠠᠯᠬᠤ ᠶᠢᠨ ᠬᠠᠮᠳᠤ ᠳᠡᠭᠦᠨ ᠢ ᠰᠢᠳᠦᠭᠦ ᠳᠡᠭᠡᠨ ᠮᠤᠬᠤᠷ ᠪᠢᠰᠢᠷᠠᠯ ᠶᠢᠡᠷ ᠪᠢᠰᠢ ᠬᠠᠷᠢᠨ ᠶᠤᠰᠤᠨ ᠳᠤ ᠨᠢ ᠨᠠᠪᠳᠠᠷᠠᠨ ᠣᠬᠠᠭᠠᠨ ᠳᠤ ᠨᠢ ᠴᠠᠭᠠᠷᠠᠵᠤ᠂ ᠵᠦᠪ ᠡᠷᠡᠭᠦᠯ ᠳᠠᠯ᠎ᠠ ᠡᠴᠡ ᠨᠢ ᠣᠢ᠌ᠯᠠᠭᠠᠨ ᠰᠢᠳᠦᠭᠦ ᠶᠢ ᠠᠷᠠᠤᠨ ᠣᠯᠠᠨ ᠳᠠᠭᠠᠨ ᠣᠬᠠᠭᠤᠯᠤᠨ ᠵᠠᠭᠢᠵᠤ ᠶᠠᠪᠣᠵᠠᠢ᠃

ᠴᠢᠠᠳᠠᠷ ᠨᠠᠰᠤᠳᠠᠨ ᠵᠠᠯᠠᠭᠤ ᠡᠴᠡ ᠪᠠᠨ ᠡᠭᠢᠯᠡᠨ ᠲᠦᠪᠡᠳ ᠨᠤᠮ ᠰᠤᠷᠴᠤ ᠭᠡᠪᠰᠢ ᠰᠠᠭᠢᠯ ᠭᠦᠷᠳᠡᠭ᠍ᠰᠡᠨ ᠭᠦᠮᠤᠨ᠃ ᠭᠡᠪᠠᠴᠤ ᠳᠠᠷᠠ ᠥᠵᠡᠭ᠍ᠰᠡᠨ ᠪᠣᠯᠭᠠᠨ ᠳᠠᠭᠠᠨ ᠡᠪᠦᠳᠦᠭ᠌ ᠨᠤᠭᠤᠷᠠᠨ ᠮᠦᠷᠭᠦᠭᠦ ᠶᠢ ᠵᠥᠪᠰᠢᠶᠡᠷᠡᠳᠡᠭ᠌ ᠦᠭᠡᠶ ᠪᠦᠭᠡᠳ ᠱᠠᠰᠢᠨ ᠤ ᠣᠢ᠌ᠯᠠ ᠶᠢ ᠰᠢᠡᠵᠢᠯᠡᠭᠦ ᠣᠬᠠᠭᠠᠭᠴᠢ ᠣᠨᠤᠯ ᠤᠨ ᠡᠭᠦᠳᠡᠨ ᠡᠴᠡ ᠳᠠᠢ᠌ᠯᠪᠣᠷᠢᠯᠠᠨ ᠳᠠᠨᠢᠭᠤᠯᠬᠤ ᠶᠢ ᠭᠢᠴᠢᠶᠡᠳᠡᠭ᠌ ᠪᠠᠢ᠌ᠭᠰᠠᠨ ᠪᠠᠢ᠌ᠨ᠎ᠠ᠃ ᠨᠢᠭᠡ ᠦᠶ᠎ᠡ ᠪᠦᠭᠦ ᠣᠯᠤᠰ ᠤᠨ ᠭᠡᠪᠴᠢᠶᠡᠨ ᠳᠤ ᠭᠠᠯ ᠠᠪᠤᠨ ᠭᠠᠯᠵᠠᠭᠤᠷᠠᠵᠤ ᠪᠠᠢ᠌ᠭᠰᠠᠨ ᠹᠠᠯᠦᠨ ᠨᠤᠮᠯᠠᠯ ᠤᠨ ᠭᠢᠨ᠂ ᠭᠠᠵᠢᠭᠤ ᠰᠠᠯᠭᠢ ᠪᠠᠨ ᠣᠯᠠᠭᠠᠨ ᠰᠢᠶᠠᠨ ᠳᠡᠭᠡᠷ᠎ᠡ ᠭᠦᠭᠡᠷᠭᠡᠳᠡᠵᠤ ᠪᠠᠢ᠌ᠭᠰᠠᠨ ᠢ ᠨᠠᠰᠤᠳᠠᠨ ᠭᠡᠷᠡᠭ᠌ ᠪᠣᠯᠭᠠᠵᠤ ᠰᠤᠨᠢᠷᠬᠠᠨ ᠥᠵᠡᠴᠢᠭᠡᠭᠡᠳ 《ᠡᠨᠡ ᠴᠢᠨᠢ ᠭᠦᠮᠦᠰ ᠤᠨ ᠠᠮᠠᠷᠬᠠᠨ ᠮᠡᠳᠡᠭᠦ ᠦᠷᠤᠯᠳᠠ ᠶᠢᠨ ᠭᠦᠴᠤ ᠪᠠᠷ ᠰᠠᠯᠭᠢ ᠡᠭᠦᠰᠭᠡᠳᠡᠭ᠌ ᠶᠤᠰᠤ ᠶᠢ᠌ ᠠᠰᠢᠭᠯᠠᠨ ᠰᠥᠰᠦᠭ᠍ᠳᠡᠨ ᠣᠯᠠᠨ ᠢ ᠬᠠᠭᠤᠷᠴᠤ ᠪᠠᠢ᠌ᠨ᠎ᠠ》 ᠭᠡᠵᠤ ᠳᠡᠭᠦᠨ ᠤ ᠮᠦᠨ ᠴᠢᠨᠠᠷ ᠢ ᠨᠠᠪᠳᠠ ᠬᠠᠷᠠᠴᠢᠬᠠᠭᠠᠤᠨ ᠬᠠᠵᠠᠭᠤᠳᠠᠭᠢ ᠭᠦᠮᠦᠰ ᠲᠡᠭᠡᠨ ᠭᠡᠯᠡᠵᠤ ᠪᠠᠢ᠌ᠵᠠᠢ᠃

ᠭᠦᠮᠦᠰ ᠨᠠᠰᠤᠳᠠᠨ ᠡᠴᠡ 《ᠮᠦᠷᠭᠦᠯ ᠰᠠᠢ᠌ᠨ ᠭᠡᠪᠠᠯ ᠡᠪᠡᠳᠴᠢᠨ ᠳᠤ ᠳᠤᠰᠠᠳᠠᠢ ᠭᠡᠳᠡᠭ᠌ ᠦᠨᠡᠨ ᠦᠦ ︖》 ᠭᠡᠳ ᠠᠰᠠᠭᠤᠬᠤ ᠳᠤ 《ᠳᠡᠭᠦᠨ ᠢ ᠳᠠᠨᠤᠰ ᠵᠥᠪᠭᠡᠨ ᠬᠤᠳᠤᠭᠳᠤ ᠭᠡᠭᠡᠨ ᠳᠤ ᠮᠦᠷᠭᠦᠭᠡᠳ ᠡᠪᠡᠳᠴᠢᠨ ᠡᠳᠡᠭᠡᠷᠡᠵᠤ ᠪᠠᠢ᠌ᠨ᠎ᠠ ᠭᠡᠮᠡᠨ ᠣᠢ᠌ᠯᠠᠭᠠᠵᠤ ᠪᠣᠯᠬᠤ ᠦᠭᠡᠶ᠃ ᠦᠨᠡᠨ ᠳᠡᠭᠡᠨ ᠳᠠᠷᠠ ᠴᠢᠨᠢ ᠪᠠᠶ᠎ᠠ ᠶᠢᠨ ᠭᠦᠳᠡᠯᠭᠡᠭᠡᠨ ᠰᠠᠢ᠌ᠨ ᠭᠢᠭ᠍ᠰᠡᠨ ᠡᠴᠡ ᠴᠢᠰᠤᠨ ᠤ ᠡᠷᠭᠢᠯᠳᠡ ᠶᠢ ᠰᠠᠢ᠌ᠵᠢᠷᠠᠭᠤᠯᠤᠨ ᠭᠦᠯᠦᠰᠤ ᠶᠢ ᠭᠠᠳᠠᠭᠰᠢᠯᠠᠭᠤᠯᠵᠤ᠂ ᠪᠠᠭ᠎ᠠ ᠰᠠᠭ᠎ᠠ ᠡᠪᠡᠳᠴᠢᠨ ᠠᠷᠬᠠᠭ ᠢ ᠳᠠᠮᠢᠷ ᠤᠨ ᠭᠦᠳᠡᠯᠭᠡᠭᠡᠨ ᠶᠢᠡᠷ ᠡᠮᠨᠡᠵᠤ ᠪᠠᠢ᠌ᠭ᠎ᠠ ᠭᠡᠷᠡᠭ᠌ ᠶᠤᠮ》 ᠭᠡᠵᠤ ᠳᠠᠢ᠌ᠯᠪᠣᠷᠢᠯᠠᠳᠠᠭ ᠪᠠᠢ᠌ᠯ᠎ᠠ᠃

ᠴᠢᠠᠳᠠᠷ ᠨᠠᠰᠤᠳᠠᠨ ᠬᠠᠢ᠌ᠭᠠᠤᠨ ᠡᠷᠢᠭᠡᠳ ᠢᠷᠡᠭ᠍ᠰᠡᠨ ᠭᠦᠮᠦᠰ ᠲᠡᠭᠡᠨ ᠵᠥᠪᠭᠡᠨ ᠡᠳᠦᠷ ᠰᠤᠳᠤᠷ ᠥᠵᠡᠭᠦ᠂ ᠪᠠᠯᠭᠡ ᠲᠦᠯᠭᠡ ᠳᠠᠯᠪᠢᠬᠤ ᠡᠴᠡ ᠪᠢᠰᠢ ᠨᠤᠮ ᠭᠦᠷᠢᠮ ᠪᠠᠭᠤᠯᠭᠠᠳᠠᠭ ᠦᠭᠡᠶ ᠪᠠᠢ᠌ᠭᠰᠠᠨ᠃ ᠵᠠᠷᠢᠮ ᠨᠢ ᠨᠠᠰᠤᠳᠠᠨ ᠳᠤ 《ᠳᠠ ᠣᠳᠤ ᠣᠯᠤᠰ ᠤᠨ ᠠᠵᠢᠯ ᠡᠴᠡ ᠪᠠᠨ ᠴᠢᠯᠦᠭᠡᠯᠡᠭ᠍ᠳᠡᠭ᠍ᠰᠡᠨ ᠳᠤᠯᠠ ᠠᠢ᠌ᠯ ᠤᠳ ᠶᠢᠡᠷ ᠨᠤᠮ ᠭᠦᠷᠢᠮ ᠠᠢ᠌ᠯᠠᠳᠴᠤ᠂ ᠮᠦᠩᠭᠦ ᠣᠯᠵᠤ ᠪᠣᠯᠬᠤ ᠶᠤᠮ ᠪᠠᠢ᠌ᠨ᠎ᠠ》 ᠭᠡᠵᠤ ᠰᠠᠨᠠᠭᠤᠯᠤᠭᠰᠠᠨ ᠢ ᠴᠢᠭᠢᠨ ᠳᠡᠭᠡᠨ ᠠᠪᠣᠭ᠎ᠠ ᠦᠭᠡᠶ᠃ ᠱᠠᠰᠢᠨ ᠴᠢᠯᠦᠭᠡ ᠲᠡᠶ ᠪᠣᠯᠤᠭᠰᠠᠨ ᠦᠨᠦᠳᠤᠷ ᠡᠢ᠌ᠮᠤ ᠡᠷᠳᠡᠮ ᠲᠡᠶ ᠭᠦᠮᠤᠨ ᠶᠠᠭᠤ ᠡᠰᠡ ᠭᠢᠵᠤ ᠪᠣᠯᠬᠤ ᠪᠣᠢ ︖ ᠭᠡᠳᠡᠯ᠎ᠡ ᠨᠠᠰᠤᠳᠠᠨ ᠨᠠᠰᠤᠨ ᠡᠴᠦᠰᠯᠡᠳᠡᠯ᠎ᠡ ᠪᠠᠨ ᠰᠤᠷᠤᠭᠰᠠᠨ ᠨᠤᠮ ᠶᠢᠡᠷ ᠶᠢᠡᠨ ᠰᠤᠬᠤᠷ ᠮᠦᠩᠭᠦ ᠴᠤ ᠰᠤᠯᠢᠭ᠎ᠠ ᠦᠭᠡᠶ᠃

ᠡᠳᠦᠷ ᠡᠴᠡ ᠡᠳᠦᠷ᠂ ᠵᠢᠯ ᠡᠴᠡ ᠵᠢᠯ ᠪᠠᠶ᠎ᠠ ᠨᠢ ᠮᠠᠭᠤᠳᠠᠨ ᠨᠠᠰᠤ ᠨᠢ ᠥᠡᠳᠦᠷᠵᠢᠭᠡᠳ ᠢᠷᠡᠭᠦ ᠳᠤ ᠨᠠᠰᠤᠳᠠᠨ ᠴᠤᠬᠤᠮ ᠶᠠᠭᠤ ᠪᠣᠳᠤᠵᠤ ᠪᠠᠢ᠌ᠭᠰᠠᠨ ᠢ ᠮᠡᠳᠡᠭᠦ ᠦᠭᠡᠶ᠃ ᠰᠤᠶᠤᠯ ᠲᠡᠶ ᠭᠦᠮᠤᠨ᠂ ᠵᠠᠯᠠᠭᠤ ᠣᠯᠤᠰ᠂ ᠣᠶᠤᠳᠠᠨ ᠰᠡᠭᠡᠭᠡᠳᠡᠨ ᠲᠡᠶ ᠢᠯᠡᠭᠦᠭᠡᠨ ᠤᠢ᠌ᠷᠠᠳᠬᠤ ᠶᠢ ᠭᠢᠴᠢᠶᠠᠵᠤ ᠪᠠᠢ᠌ᠯ᠎ᠠ᠃ ᠬᠠᠷᠢ ᠬᠤᠯᠠ ᠶᠢᠨ ᠨᠤᠳᠤᠭ᠂ ᠬᠠᠪᠢ ᠤᠢ᠌ᠷ᠎ᠡ ᠶᠢᠨ ᠭᠠᠵᠠᠷ ᠡᠴᠡ ᠭᠦᠮᠦᠰ ᠵᠠᠯᠭᠠᠪᠠᠷ ᠳᠡᠭᠦᠨ ᠢ ᠰᠤᠷᠪᠣᠯᠵᠢᠯᠠᠨ ᠢᠷᠠᠵᠤ᠂ ᠭᠡᠷ ᠲᠤ ᠨᠢ ᠬᠤᠨᠤᠭᠤᠳᠠᠨ ᠥᠡᠵᠢᠭᠦᠳᠡ ᠪᠠᠷ ᠭᠡᠪᠳᠡᠨ ᠱᠠᠯᠠᠨ ᠰᠢᠷᠭᠠᠭᠠᠬᠤ ᠳᠤ ᠵᠢᠭᠠᠬᠠᠨ ᠴᠤ ᠠᠴᠢᠷᠬᠠᠵᠤ ᠣᠴᠠᠭᠠᠷᠯᠠᠳᠠᠭ ᠦᠭᠡᠶ ᠮᠦᠷᠳᠡᠭᠡᠨ ᠬᠠᠷᠢᠨ ᠴᠠᠭᠠᠨ᠎ᠠ ᠪᠠᠨ ᠨᠢᠭᠡ ᠯᠠ ᠣᠷᠮ᠎ᠠ ᠲᠡᠶ ᠣᠤᠠᠬ᠎ᠠ ᠲᠡᠶ ᠠᠰᠠᠭᠤᠭᠰᠠᠨ ᠢ ᠨᠢ ᠭᠡᠯᠡᠵᠤ ᠥᠭ᠍ᠳᠡᠭ᠌ ᠪᠢᠯᠠ᠃ ᠳᠡᠭᠡᠭᠦ ᠪᠠᠷ ᠦᠯᠦ ᠪᠠᠷᠠᠨ ᠠᠮᠢᠳᠤ ᠰᠡᠷᠡᠭᠦᠨ ᠦᠶ᠎ᠡ ᠳᠡᠭᠡᠨ ᠨᠠᠰᠤᠳᠠᠨ 《ᠮᠢᠨᠤ ᠴᠡᠭᠡᠵᠢᠨ ᠳᠤ ᠪᠠᠢ᠌ᠳᠠᠭ ᠵᠢᠭᠠᠬᠠᠨ ᠶᠠᠭᠤᠮ᠎ᠠ ᠶᠢ ᠰᠤᠷᠠᠵᠤ ᠮᠠᠳᠠᠵᠤ ᠠᠪᠬᠤ ᠭᠦᠰᠡᠯ ᠲᠡᠶ ᠭᠦᠮᠤᠨ ᠪᠠᠢ᠌ᠪᠠᠯ ᠬᠠᠷᠠᠮ ᠦᠭᠡᠶ ᠭᠡᠯᠡᠭᠡᠳ ᠦᠭ‍ᠭᠦᠨ᠎ᠡ》 ᠭᠡᠳ ᠦᠷᠭᠦᠯᠵᠢ ᠶᠠᠷᠢᠵᠤ ᠪᠠᠢ᠌ᠭᠰᠠᠨ ᠪᠠᠢ᠌ᠨ᠎ᠠ᠃

ᠴᠢᠠᠳᠠᠷ ᠨᠠᠰᠤᠳᠠᠨ ᠪᠦᠭᠦᠯᠢ 31 ᠵᠢᠯ ᠣᠯᠤᠰ ᠤᠨ ᠠᠵᠢᠯ ᠭᠢᠭᠦ ᠳᠡᠭᠡᠨ ᠶᠡᠭᠡᠩᠭᠢ ᠴᠠᠭ ᠶᠢᠡᠨ ᠨᠢᠭᠳᠠᠯᠠᠨ ᠪᠣᠳᠤᠭᠴᠢ ᠶᠢᠨ ᠠᠵᠢᠯ ᠳᠡᠭᠡᠷ᠎ᠡ ᠦᠷᠡᠭᠡᠵᠡᠢ (ᠰᠢᠪᠬᠠᠵᠠᠢ)᠃ ᠭᠢᠭ᠍ᠰᠡᠨ ᠠᠵᠢᠯ ᠳᠠᠭᠠᠨ ᠭᠢᠯᠭᠠᠰᠤᠨ ᠴᠢᠨᠡᠭᠡᠨ ᠴᠤ ᠠᠯᠳᠠᠰᠢ ᠣᠰᠤᠯ ᠭᠠᠷᠭᠠᠭ᠎ᠠ ᠦᠭᠡᠶ ᠶᠢ ᠨᠢ ᠨᠠᠮ ᠵᠠᠰᠠᠭ ᠡᠴᠡ ᠳᠤᠷᠠᠰᠤᠨ ᠰᠠᠨᠠᠭᠠᠯᠵᠠᠵᠤ᠂ 1989 ᠣᠨ ᠤ 5 ᠰᠠᠷ᠎ᠠ ᠳᠤ ᠣᠯᠤᠰ ᠤᠨ ᠡᠳ᠋ ᠤᠨ ᠵᠠᠰᠠᠭ ᠤᠨ ᠶᠠᠮᠤᠨ ᠡᠴᠡ ᠨᠠᠰᠤᠳᠠᠨ ᠢ 《30 ᠵᠢᠯ ᠡᠳ᠋ ᠤᠨ ᠵᠠᠰᠠᠭ ᠤᠨ ᠠᠵᠢᠯ ᠭᠢᠭ᠍ᠰᠡᠨ ᠭᠠᠪᠢᠶᠠᠳᠤ ᠭᠦᠮᠤᠨ》 ᠶ᠋ᠢᠡᠷ ᠦᠨᠡᠯᠠᠨ ᠭᠦᠭᠢᠭᠦᠯᠦᠭ᠍ᠰᠡᠨ ᠶᠤᠮ᠃ ᠨᠠᠰᠤᠳᠠᠨ ᠣᠯᠤᠰ ᠤᠨ ᠠᠵᠢᠯ ᠭᠢᠵᠤ ᠪᠠᠢ᠌ᠬᠤ ᠳᠠᠭᠠᠨ ᠶᠠᠮᠠᠷᠴᠤ ᠠᠴᠢᠯᠠᠯ ᠬᠠᠷᠢᠭᠤ᠂ ᠭᠦᠴᠤ ᠭᠦᠯᠦᠰᠤ ᠭᠦᠰᠡᠭᠡ ᠦᠭᠡᠶ᠃ ᠭᠡᠪᠠᠴᠤ ᠥᠳᠡᠯᠦᠭᠡ ᠨᠠᠰᠤᠨ ᠳᠠᠭᠠᠨ ᠳᠦᠷᠤ ᠶᠢᠨ ᠭᠠᠪᠢᠶᠠᠳᠤ ᠭᠦᠮᠤᠨ ᠶᠢᠡᠷ ᠥᠨᠡᠯᠡᠭ᠍ᠳᠡᠭ᠍ᠰᠡᠨ ᠳᠡᠭᠡᠨ ᠪᠠᠬᠠᠷᠬᠠᠵᠤ᠂ ᠣᠮᠤᠭᠰᠢᠵᠤ᠂ ᠪᠠᠶᠠᠰᠴᠤ ᠪᠠᠢ᠌ᠯ᠎ᠠ᠃

ᠴᠢᠠᠳᠠᠷ ᠨᠠᠰᠤᠳᠠᠨ ᠢᠩᠭᠢᠵᠤ ᠭᠤᠪᠢ ᠶᠢᠨ ᠵᠠᠭ ᠲᠡᠶ ᠪᠠᠨ ᠠᠳᠠᠯᠢ ᠵᠠᠭ ᠪᠣᠯᠤᠨ ᠬᠠᠯᠠᠭᠤᠨ ᠳᠤ ᠨᠢ ᠬᠠᠯᠠᠵᠤ᠂ ᠭᠦᠢᠳᠡᠨ ᠳᠤ ᠨᠢ ᠭᠦᠷᠦᠵᠤ ᠶᠠᠪᠣᠭᠠᠤᠨ ᠵᠢᠷ ᠤᠨ ᠠᠳᠠᠯ᠎ᠠ ᠵᠢᠷ ᠤᠨ ᠪᠣᠰᠤ ᠨᠢᠭᠡ ᠨᠠᠰᠤ ᠪᠠᠨ ᠪᠠᠷᠠᠭᠰᠠᠨ ᠶᠤᠮ᠃ 85 ᠨᠠᠰᠤᠨ ᠤ ᠪᠠᠨ ᠵᠢᠯ ᠠᠯᠬᠤᠭᠠᠤᠨ ᠨᠠᠰᠤᠳᠠᠨ ᠢᠯᠠ ᠪᠣᠳᠤ ᠪᠠᠶ᠎ᠠ ᠨᠢ ᠴᠢᠯᠡᠭᠡᠷᠭᠡᠨ ᠪᠢᠴᠢᠳᠡᠭ᠌ ᠥᠵᠡᠳᠡᠭ᠌ ᠨᠢ ᠴᠥᠭᠡᠷᠡᠵᠤ᠂ ᠡᠪᠡᠳᠴᠢᠨ ᠤ ᠦᠯᠦᠨ ᠠᠷᠠᠭ᠎ᠠ ᠨᠠᠰᠤᠵᠢᠵᠤ ᠳᠠᠮᠢᠷᠳᠠᠭᠰᠠᠨ ᠪᠠᠶ᠎ᠠ ᠶᠢ ᠨᠢ ᠢᠳᠡᠭ᠌ ᠢᠳᠡᠭ᠌ ᠶᠢᠡᠷ ᠮᠠᠷᠠᠵᠤ ᠡᠭᠢᠯᠡᠵᠡᠢ᠃ ᠭᠡᠪᠠᠴᠤ ᠨᠠᠰᠤᠳᠠᠨ ᠡᠪᠡᠳᠴᠢᠨ ᠳᠤ ᠨᠤᠭᠤᠷᠠᠨ ᠳᠠᠭ ᠣᠨᠠᠴᠢᠬᠠᠭᠰᠠᠨ ᠦᠭᠡᠶ᠃ ᠭᠡᠷ ᠵᠠᠭᠤᠷ᠎ᠠ ᠪᠠᠨ ᠵᠤᠭᠢᠬᠤ ᠭᠦᠳᠡᠯᠭᠡᠭᠡᠨ ᠭᠢᠨ ᠥᠵᠡᠳᠡᠭ᠌ ᠶᠢᠡᠨ ᠦᠵᠡᠵᠤ᠂ ᠰᠤᠨᠢᠷᠬᠠᠳᠠᠭ ᠶᠢᠡᠨ ᠰᠤᠨᠢᠷᠬᠠᠨ ᠣᠳᠠᠭᠠᠨ ᠵᠢᠯ ᠪᠠᠷᠢᠮᠳᠠᠯᠠᠵᠤ ᠢᠷᠡᠭ᠍ᠰᠡᠨ ᠠᠮᠢᠳᠤᠷᠠᠯ ᠤᠨ ᠳᠠᠳᠬᠠᠯ ᠶᠢᠡᠨ ᠭᠡᠪ ᠶᠢᠡᠷ ᠨᠢ ᠪᠠᠢ᠌ᠯᠠᠭᠠᠬᠤ ᠭᠡᠵᠤ ᠴᠢᠷᠮᠠᠢ᠌ᠭᠰᠠᠭᠠᠷ ᠪᠠᠢ᠌ᠯ᠎ᠠ᠃

ᠭᠡᠳᠡᠯ᠎ᠡ ᠭᠦᠡᠳᠤ ᠡᠪᠠᠦᠡᠴᠢᠯᠡᠵᠤ ᠥᠵᠡᠭ᠍ᠰᠡᠨ ᠦᠭᠡᠶ ᠭᠦᠮᠤᠨ ᠭᠡᠨᠡᠳᠲᠡ ᠨᠢᠭᠡ ᠣᠨᠠᠬᠤ ᠳᠠᠭᠠᠨ ᠳᠠᠭᠢᠨ ᠪᠣᠰᠴᠤ ᠴᠢᠳᠠᠯ ᠦᠭᠡᠶ ᠶᠠᠪᠣᠴᠢᠬᠠᠬᠤ ᠭᠡᠵᠤ ᠭᠡᠨ ᠤ ᠰᠠᠨᠠᠭᠠᠨ ᠳᠤ ᠪᠠᠢ᠌ᠬᠤ ᠪᠢᠯᠠ ⁈ ᠸᠸᠠᠴᠤᠸᠠᠨ ᠤ ᠭᠠᠵᠠᠷ ᠭᠦᠳᠡᠯᠦᠯᠳᠡ ᠶᠢᠨ ᠡᠮᠦᠨᠡᠭᠢᠨ ᠡᠪᠡᠳᠴᠢᠨ ᠨᠢ ᠣᠯᠠᠮ ᠳᠠᠭᠠᠮᠵᠢᠷᠠᠵᠤ᠂ ᠪᠦᠷ ᠭᠠᠷ ᠲᠤ ᠣᠨᠠᠪᠠ᠃ ᠡᠮᠨᠡᠯᠭᠡ ᠳᠤ ᠭᠦᠷᠭᠡᠨ ᠡᠯᠳᠡᠪ ᠤᠨ ᠠᠷᠭ᠎ᠠ ᠵᠠᠰᠠᠯ ᠭᠢᠯᠭᠡᠭ᠍ᠰᠡᠨ ᠪᠣᠯᠪᠠᠴᠤ ᠢᠯᠠᠷᠢ ᠪᠣᠯᠤᠯ ᠦᠭᠡᠶ ᠡᠳᠦᠷ ᠡᠴᠡ ᠡᠳᠦᠷ ᠭᠦᠡᠳᠦᠷᠡᠭ᠍ᠰᠡᠭᠡᠷ ᠪᠠᠢ᠌ᠭᠠᠤᠨ ᠡᠴᠦᠰ ᠲᠡᠭᠡᠨ ᠠᠴᠢᠳᠤ ᠪᠣᠭᠤᠷᠤᠯ ᠶᠢᠡᠨ ᠡᠷᠯᠢᠭ᠌ ᠤᠨ ᠠᠮᠠᠨ ᠡᠴᠡ ᠪᠣᠯᠢᠶᠠᠵᠤ ᠴᠢᠳᠠᠭᠰᠠᠨ ᠦᠭᠡᠶ ᠠᠯᠳᠠᠵᠠᠢ᠃

ᠵᠠᠯᠠᠭᠤ ᠴᠠᠭ ᠡᠴᠡ ᠪᠠᠨ ᠠᠮᠢᠰᠬᠤᠭ᠎ᠠ ᠪᠠᠨ ᠬᠤᠷᠢᠶᠠᠨ ᠬᠤᠷᠢᠶᠠᠳᠠᠯ᠎ᠠ ᠣᠯᠤᠰ ᠭᠡᠷ ᠶᠢᠡᠨ ᠪᠦᠳᠦᠭᠡᠨ ᠪᠠᠢ᠌ᠭᠤᠯᠬᠤ ᠨᠠᠮ ᠤᠨ ᠨᠠᠠᠳᠢᠨ ᠣᠢ᠌ᠯᠠᠰ ᠲᠤ ᠴᠢᠳᠠᠯ ᠶᠢᠡᠨ ᠰᠢᠪᠬᠠᠨ ᠴᠢᠮᠦᠭᠡ ᠪᠠᠨ ᠳᠤᠠᠳᠠᠷᠠᠳᠠᠯ᠎ᠠ ᠵᠢᠳᠭᠦᠭ᠍ᠰᠡᠨ ᠡᠩ ᠤᠨ ᠨᠢᠭᠡ ᠨᠠᠮ ᠤᠨ ᠭᠡᠰᠢᠭᠦᠨ᠂ ᠡᠭᠢᠯ ᠪᠣᠷᠤᠭᠵᠢᠭᠤᠨ ᠭᠦᠳᠡᠭᠡ ᠶᠢᠨ ᠭᠦᠤ ᠊᠊᠊᠊᠊᠊᠊᠊᠊᠊᠊᠊᠊᠊᠊ ᠴᠢᠠᠳᠠᠷ ᠨᠠᠰᠤᠳᠠᠨ ᠮᠠᠨᠢ ᠶᠠᠪᠣᠭᠠᠤᠨ ᠦᠭ‍ᠭᠦᠯ᠎ᠡ᠃ ᠠᠮᠢᠳᠤᠷᠠᠵᠤ ᠶᠠᠪᠣᠭᠰᠠᠨ ᠤ ᠦᠨ᠎ᠡ ᠦᠷᠳᠡᠭ᠌ ᠶᠢᠡᠨ ᠠᠯᠬᠤᠵᠤ ᠭᠢᠰᠭᠢᠭᠦ ᠮᠦᠷ ᠶᠢᠡᠷ ᠶᠢᠡᠨ ᠪᠢᠴᠢᠨ ᠥᠯᠡᠳᠡᠭᠡᠵᠡᠢ᠃ ᠭᠡᠳᠥᠢᠪᠠᠷ ᠭᠦᠡᠳᠦᠳᠤ ᠨᠠᠰᠤᠳᠠᠨ ᠤ ᠠᠷᠢᠭᠤᠨ ᠰᠦᠨᠠᠰᠤ ᠮᠥᠩᠭᠡ ᠳᠡᠭ᠍ᠷᠢ ᠳᠤ ᠬᠠᠯᠢᠭᠰᠠᠨ ᠪᠣᠯᠪᠠᠴᠤ ᠳᠠᠮᠤᠷ ᠰᠢᠭ᠌ ᠬᠠᠳᠠᠭᠤ ᠮᠤᠩᠭ᠋ᠤᠯ ᠠᠪᠣ ᠶᠢᠨ ᠶᠠᠰᠤ ᠶᠢ ᠬᠠᠳᠠᠭᠠᠯᠠᠵᠤ᠂ ᠰᠥ᠋ ᠰᠢᠭ᠌ ᠴᠠᠢ᠌ᠯᠭᠠᠨ ᠮᠤᠩᠭ᠋ᠤᠯ ᠡᠵᠢ ᠶᠢᠨ ᠠᠯᠳᠠᠨ ᠰᠤᠷᠭᠠᠯ ᠳᠤ ᠳᠤᠷᠨᠢᠨ ᠥᠰᠦᠭ᠍ᠰᠡᠨ ᠤ ᠬᠠᠷᠢᠭᠤ ᠳᠤ ᠭᠦᠮᠤᠨ ᠳᠤ ᠳᠤᠰᠠᠷᠬᠠᠭ ᠵᠠᠩ᠂ ᠥᠭ᠍‍ᠭᠢᠶᠡᠮᠦᠷ ᠪᠠᠶᠠᠨ ᠰᠡᠳᠭᠢᠯ᠂ ᠬᠠᠳᠠᠭᠤ ᠵᠤᠷᠢᠭ᠂ ᠰᠠᠷᠠᠭᠤᠯ ᠣᠬᠠᠭᠠᠨ᠂ ᠲᠦᠪ ᠰᠤᠷᠳᠠᠯ᠂ ᠳᠦᠭᠦᠷᠡᠩ ᠭᠦᠰᠡᠯ ᠶᠢᠡᠨ ᠭᠦᠮᠤᠨ ᠤ ᠣᠷᠴᠢᠯᠠᠩ ᠳᠤ ᠴᠡᠴᠡᠭ᠌ ᠪᠣᠯᠭᠠᠨ ᠠᠰᠬᠠᠵᠠᠢ᠃


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 13645
ᠴᠠᠭ᠄ 2011 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ