ᠯᠢᠩᠪᠣ ᠶᠢᠨ ᠠᠶᠠᠰ

ᠣᠰᠤ ᠪᠠᠨ ᠭᠤᠭᠤᠵᠢᠭᠤᠯᠤᠮ᠎ᠠ ᠡᠭᠦᠯᠡ

ᠵᠥᠳᠡᠷᠡᠯᠳᠡᠢ᠌ᠭᠡᠨ

ᠣᠰᠤᠨ ᠨᠤᠳᠤᠭ ᠤᠨ ᠯᠢᠩᠪᠣ

ᠠᠶᠠᠯᠭᠤᠳᠠᠢ᠌ᠬᠠᠨ

ᠴᠢᠭᠢᠭ᠌ ᠤᠨ ᠦᠨᠦᠷ ᠢᠷᠡᠭᠦ ᠪᠠᠷ

ᠴᠢᠭᠢ ᠰᠠᠷᠪᠠᠰ ᠭᠡᠨ᠎ᠡ

ᠴᠢᠨᠤ ᠮᠢᠨᠤ ᠰᠡᠳᠭᠢᠯ

ᠨᠣᠢ᠌ᠳᠠᠨ ᠣᠷᠭᠢᠰ ᠭᠡᠨ᠎ᠡ


ᠠᠶᠠᠯᠭᠤ ᠡᠷᠭᠦᠭᠦ ᠯᠢᠩᠪᠣ

ᠠᠶᠠᠷ ᠪᠠᠭᠤᠬᠤ ᠬᠤᠷ᠎ᠠ

ᠰᠡᠳᠭᠢᠯ ᠭᠡᠳᠡᠭ᠌ ᠮᠠᠳᠠᠷᠠᠮᠵᠢ ᠶᠡᠭᠡ

ᠰᠤᠨᠤᠷ ᠭᠡᠳᠡᠭ᠌ ᠳᠠᠯᠠᠰᠤᠯᠳᠠ ᠶᠡᠭᠡ

ᠠᠶᠠᠰ ᠡᠴᠡ ᠣᠷᠮ᠎ᠠ ᠣᠷᠭᠤᠵᠤ

ᠣᠷᠮ᠎ᠠ ᠡᠴᠡ ᠰᠢᠯᠦᠭ᠌ ᠣᠷᠭᠤᠪᠠᠢ

ᠣᠰᠤᠨ ᠨᠤᠳᠤᠭ ᠤᠨ ᠠᠷᠠᠯ ᠴᠤᠬᠤᠰ ᠭᠡᠨ᠎ᠡ

ᠣᠷᠢᠳᠠᠢ ᠣᠷᠤᠨ ᠤ ᠠᠮᠢᠳᠤᠷᠠᠯ ᠬᠠᠷᠠᠭᠳᠠᠰ ᠭᠡᠨ᠎ᠡ

ᠳᠠᠯᠠᠢ ᠳᠤ ᠳᠤᠭᠳᠠᠭᠰᠠᠨ ᠵᠠᠪᠢ ᠳᠤᠳᠤᠷᠠᠰ ᠭᠡᠨ᠎ᠡ

ᠳᠠᠯᠠᠷ ᠠᠭᠤᠳᠠᠮ ᠣᠰᠤ ᠴᠡᠩᠭᠡᠷᠯᠡᠰ ᠭᠡᠨ᠎ᠡ


ᠣᠰᠤᠨ ᠤ ᠠᠶᠠᠰ ᠰᠡᠳᠭᠢᠯ ᠳᠤᠭᠤᠯᠤᠨᠤᠮ

ᠣᠮᠠᠷᠠᠳᠤ ᠣᠷᠤᠨ ᠨᠤᠷᠴᠤ ᠠᠮᠠᠷᠠᠨᠠᠮ


ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ

ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 11261
ᠴᠠᠭ᠄ 2010 ᠤᠨ ᠤ 06 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ