ᠮᠠᠯᠴᠢᠨ ᠳᠡᠭᠡᠷ᠎ᠡ ᠣᠴᠢᠬᠤ ᠶᠤᠮᠰᠠᠨ

ᠣᠰᠤᠨ ᠮᠤᠩᠭ᠋ᠤᠯ ᠭᠡᠯᠡ ᠪᠠᠷ ᠵᠢᠠᠨ

ᠠᠭᠤᠵᠢᠷᠠᠳᠠᠯ᠎ᠠ ᠨᠢᠭᠡ ᠶᠠᠷᠢᠯᠴᠠᠬᠤ ᠶᠤᠮᠰᠠᠨ

ᠣᠷᠳᠤ ᠶᠢᠨ ᠰᠠᠢ᠌ᠬᠠᠨ ᠳᠠᠭᠤᠤ ᠪᠠᠨ

ᠣᠶᠠᠷᠳᠠᠯ᠎ᠠ ᠨᠢᠭᠡ ᠰᠤᠨᠤᠰᠤᠬᠤ ᠶᠤᠮᠰᠠᠨ

ᠡᠭᠡ ᠣᠷᠤᠨ ᠤ ᠪᠠᠨ ᠡᠩᠭᠡᠷ ᠳᠤ

ᠬᠠᠷᠠᠭ᠎ᠠ ᠪᠠᠨ ᠪᠠᠯᠴᠢᠭᠡᠵᠤ ᠥᠵᠡᠭᠦ ᠶᠤᠮᠰᠠᠨ

ᠡᠩᠭᠦᠷᠢ ᠪᠠᠭ᠎ᠠ ᠨᠠᠰᠤᠨ ᠶᠢᠡᠨ

ᠳᠤᠷᠠᠰᠤᠨ ᠰᠠᠨᠠᠵᠤ ᠮᠦᠷᠦᠭᠡᠳᠭᠦ ᠶᠤᠮᠰᠠᠨ

ᠮᠠᠩᠨᠤᠭ ᠳᠠᠯ᠎ᠠ ᠶᠢᠨ ᠶᠢᠡᠨ ᠡᠯᠢᠭᠡᠨ ᠳᠤ ᠭᠦᠯᠪᠠᠷᠡᠨ

ᠰᠡᠳᠬᠢᠯ ᠰᠠᠨᠠᠭ᠎ᠠ ᠪᠡᠨ ᠰᠡᠷᠭᠦᠭᠡᠭᠦ ᠶᠤᠮᠰᠠᠨ

ᠮᠠᠯ ᠰᠦᠷᠦᠭ᠌ ᠤᠨ ᠶᠢᠡᠨ ᠳᠡᠷᠭᠡᠳᠡ ᠭᠦᠷᠴᠤ

ᠰᠠᠷᠵᠢᠮ ᠰᠦ᠋ ᠪᠠᠨ ᠡᠷᠭᠦᠭᠦ ᠶᠤᠮᠰᠠᠨ

ᠮᠤᠷᠢ ᠳᠡᠮᠡᠭᠡ ᠪᠠᠨ ᠣᠨᠤᠭᠠᠤᠨ

ᠳᠦᠷᠤᠯ ᠰᠠᠳᠤᠨ ᠳᠤ ᠪᠠᠨ ᠠᠢ᠌ᠯᠴᠢᠯᠠᠬᠤ ᠶᠤᠮᠰᠠᠨ

ᠮᠢᠬ᠎ᠠ ᠱᠦᠯᠦ ᠢᠳᠠᠵᠤ ᠣᠤᠭᠤᠭᠠᠤᠨ

ᠮᠠᠬᠠᠪᠣᠤᠨ ᠪᠠᠶ᠎ᠠ ᠪᠠᠨ ᠴᠢᠭᠢᠷᠠᠭᠵᠢᠭᠤᠯᠬᠤ ᠶᠤᠮᠰᠠᠨ

ᠠᠳᠤᠭᠤ ᠮᠠᠯ ᠶᠢᠡᠨ ᠡᠷᠭᠢᠭᠦᠯᠦᠭᠡᠳ

ᠠᠪᠣ ᠪᠠᠨ ᠨᠢᠭᠡ ᠬᠠᠪᠰᠤᠷᠬᠤ ᠶᠤᠮᠰᠠᠨ

ᠠᠷᠭᠠᠯ ᠲᠦᠯᠠᠰᠢ ᠳᠡᠭᠦᠭᠡᠳ

ᠡᠵᠢ ᠪᠠᠨ ᠨᠢᠭᠡ ᠪᠠᠶᠠᠰᠬᠠᠬᠤ ᠶᠤᠮᠰᠠᠨ

ᠵᠦᠰᠠᠷ ᠵᠦᠰᠠᠷ ᠪᠣᠷᠤᠭᠠᠨ ᠳᠤ

ᠨᠤᠷᠤᠭᠳᠠᠵᠤ ᠨᠢᠭᠡ ᠶᠠᠪᠣᠬᠤ ᠶᠤᠮᠰᠠᠨ

ᠵᠥᠭᠡᠯᠡᠨ ᠵᠥᠭᠡᠯᠡᠨ ᠰᠠᠯᠭᠢ ᠪᠠᠷ

ᠳᠠᠭᠠᠯᠠᠭᠤᠯᠵᠤ ᠨᠢᠭᠡ ᠵᠢᠷᠭᠠᠬᠤ ᠶᠤᠮᠰᠠᠨ

ᠡᠪᠦᠭᠡ ᠡᠮᠡᠭᠡ ᠲᠡᠶ ᠪᠠᠨ

ᠬᠠᠭᠤᠴᠢᠯᠠᠵᠤ ᠨᠢᠭᠡ ᠰᠠᠭᠤᠬᠤ ᠶᠤᠮᠰᠠᠨ

ᠥᠯᠢᠭᠡᠷ ᠳᠤᠭᠤᠵᠢ ᠴᠢᠩᠨᠠᠭᠠᠤᠨ

ᠦᠳᠡᠰᠢ ᠣᠷᠤᠢ ᠶᠢ ᠥᠳᠡᠭᠦ ᠶᠤᠮᠰᠠᠨ

ᠠᠪᠣ ᠡᠵᠢ ᠶᠢᠨ ᠶᠢᠡᠨ ᠠᠯᠠᠭᠠᠨ ᠳᠡᠭᠡᠷ᠎ᠡ ᠪᠦᠮᠪᠦᠷᠢᠨ

ᠭᠡᠰᠢᠭ᠌  ᠪᠤᠶᠡᠨ ᠢ ᠨᠢ ᠭᠦᠷᠳᠡᠭᠦ ᠶᠤᠮᠰᠠᠨ

ᠠᠳᠠᠷ ᠳᠠᠯ᠎ᠠ ᠶᠢᠨ ᠶᠢᠡᠨ ᠡᠩᠭᠡᠷ ᠳᠡᠭᠡᠷ᠎ᠡ ᠭᠦᠯᠪᠦᠷᠢᠨ

ᠭᠡᠢ᠌ᠮᠦᠷᠢ ᠰᠦᠯᠳᠡ ᠪᠠᠨ ᠰᠡᠷᠭᠦᠭᠡᠭᠦ ᠶᠤᠮᠰᠠᠨ

ᠮᠠᠯᠴᠢᠨ ᠳᠡᠭᠡᠷ᠎ᠡ ᠣᠴᠢᠬᠤ ᠶᠤᠮᠰᠠᠨ ᠳ᠋ᠠ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠵᠢᠨ 10 ᠣᠨ ᠤ ᠣᠶᠤᠳᠠᠨ

ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2489
ᠴᠠᠭ᠄ 2011 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ