ᠱᠤᠩᠬᠤᠷ ᠡᠴᠡ ᠳᠡᠭᠦᠭ᠍ᠰᠡᠨ ᠰᠢᠯᠦᠭ᠌
᠊᠊᠊᠊᠊᠊᠊᠊᠊᠊᠊᠊᠊᠊᠊ 2009 ᠡᠳ ᠤ ᠳᠠᠪᠤᠨ ᠰᠠᠷ᠎ᠠ ᠶᠢᠨ ᠰᠢᠨ᠎ᠠ ᠵᠢᠨ ᠳᠠᠪᠤᠨ ᠤ ᠱᠤᠩᠬᠤᠷ ᠤᠨ ᠴᠤᠭᠯᠠᠭᠠᠨ ᠤ ᠨᠠᠢ᠌ᠷ ᠳᠤ

ᠳᠡᠭᠡᠭ᠍ᠰᠢᠯᠡᠭᠦ ᠨᠠᠷᠠᠨ ᠲᠡᠶ ᠮᠥᠴᠦᠭᠡᠷᠭᠡᠨ

ᠳᠠᠮᠤᠯᠠᠵᠤ ᠪᠠᠢ᠌ᠨ᠎ᠠ ᠵᠢᠷᠦᠭᠡ ᠮᠢᠨᠢ

ᠳᠠᠮᠤᠭᠰᠠᠨ ᠵᠠᠮ ᠲᠡᠶ ᠥᠰᠢᠶᠡᠷᠭᠡᠨ

ᠳᠠᠪᠭᠢᠵᠤ ᠪᠠᠢ᠌ᠨ᠎ᠠ ᠳᠡᠷᠭᠡ ᠮᠢᠨᠢ

ᠨᠢᠯᠬ᠎ᠠ ᠡᠴᠡ ᠳᠤᠭᠤᠯᠠᠭᠰᠠᠨ ᠭᠠᠵᠠᠷ

ᠨᠢᠰᠭᠦ ᠳᠤᠮᠤᠭ ᠲᠡᠶ ᠤᠷᠤᠨ ᠶᠤᠮ

ᠨᠠᠷᠭᠢᠮ᠎ᠠ ᠳᠤ ᠠᠵᠢᠯᠯᠠᠭᠰᠠᠨ ᠰᠤᠮᠤ

ᠨᠠᠴᠢᠨ ᠱᠤᠩᠬᠤᠷ ᠠᠭᠤᠯᠠ ᠶᠤᠮ


ᠠᠬᠠᠮᠠᠤᠨ ᠳᠠᠷᠤᠭ᠎ᠠ


ᠠᠷᠪᠠᠨ ᠡᠳ ᠠᠭᠤᠯᠵᠠᠭ᠎ᠠ ᠥᠭᠡᠢ

ᠠᠬᠠᠮᠠᠤᠨ ᠤᠯᠡᠨ ᠳᠠᠷᠤᠭ᠎ᠠ ᠨᠠᠷ

ᠠᠯᠪᠠᠨ ᠤ ᠤᠷᠢᠯᠭ᠎ᠠ ᠪᠠᠨ ᠪᠠᠷᠢᠭᠠᠤᠨ

ᠠᠳᠤᠷᠢᠶᠠᠳᠤ ᠮᠠᠩᠨᠠᠢ ᠪᠠᠨ ᠳᠡᠨᠢ᠌ᠯᠭᠡᠨ

ᠭᠦᠮᠤᠨ ᠤ ᠳᠠᠯᠠᠢ ᠶᠢᠨ ᠳᠤᠮᠳᠠᠭᠤᠷ

ᠭᠦᠷᠦᠭᠡᠳ ᠢᠷᠠᠯ᠎ᠠ ᠰᠢᠤ ᠱᠤᠩᠬᠤᠷ ᠮᠢᠨᠢ

ᠠᠮᠢᠳᠤᠷᠠᠯ ᠳᠠᠮᠠᠴᠠᠯ ᠤᠨ ᠮᠥᠷᠦᠭᠡᠳᠦᠯ ᠲᠡᠶ

ᠠᠵᠢᠯ ᠤᠨ ᠳᠡᠦᠭᠡ ᠪᠠᠨ ᠡᠷᠢᠭᠦ ᠪᠠᠷ

ᠠᠭᠤᠰᠭᠢᠨ ᠬᠠᠯᠠᠭᠤᠨ ᠰᠠᠨᠠᠯ ᠳᠠᠢ

ᠠᠠᠳᠠ ᠨᠥᠭᠦᠤᠨ ᠶᠢᠡᠨ ᠥᠵᠡᠭᠦ ᠪᠠᠷ

ᠭᠦᠮᠤᠨ ᠤ ᠳᠠᠯᠠᠢ ᠶᠢᠨ ᠳᠤᠮᠳᠠᠭᠤᠷ

ᠭᠦᠷᠦᠭᠡᠳ ᠢᠷᠠᠯ᠎ᠠ ᠰᠢᠤ ᠱᠤᠩᠬᠤᠷ ᠮᠢᠨᠢ

ᠪᠣᠶᠠᠠᠳᠠᠢ ᠵᠢᠷᠭᠠᠬᠤ ᠮᠠᠯᠴᠢᠳ ᠶᠢᠡᠨ ᠬᠠᠷᠠᠭᠠᠤᠨ

ᠪᠣᠷᠤ ᠵᠢᠷᠦᠭᠡ ᠨᠢ ᠳᠤᠯᠭᠢᠰᠴᠤ ᠪᠠᠢ᠌ᠨ᠎ᠠ

ᠪᠣᠳᠤᠯ ᠬᠤᠨᠤᠭᠰᠢᠬᠤ ᠬᠠᠢ᠌ᠷ ᠶᠢᠡᠨ ᠠᠳᠬᠤᠭᠠᠤᠨ

ᠪᠣᠷᠭᠢᠷᠬᠤ ᠰᠡᠳᠭᠢᠯ ᠶᠢᠡᠨ ᠴᠢᠩᠭ᠋ᠠᠯᠠᠵᠤ ᠪᠠᠢ᠌ᠨ᠎ᠠ

ᠭᠦᠭ᠍ᠰᠢᠷᠡᠵᠤ ᠶᠠᠳᠠᠷᠠᠭᠰᠠᠨ ᠠᠭᠮᠠᠤᠨ ᠳᠠᠷᠤᠭ᠎ᠠ ᠪᠠᠨ

ᠭᠦᠭᠡᠷᠭᠦᠢᠯᠡᠨ ᠠᠪ ᠳ᠋ᠠ ᠱᠤᠩᠬᠤᠷ ᠮᠢᠨᠢ


ᠠᠷᠠᠤᠨ ᠤᠨ ᠳᠠᠭᠤᠤ


ᠮᠢᠩᠭ᠋ᠠᠨ ᠮᠢᠩᠭ᠋ᠠᠨ ᠭᠠᠯᠪᠠ ᠳᠠᠭᠤᠷᠢᠰᠬᠤ

ᠮᠢᠨᠤ ᠮᠤᠩᠭ᠋ᠤᠯ ᠠᠷᠠᠤᠨ ᠤᠨ ᠳᠠᠭᠤᠤ ᠶᠤᠮ

ᠮᠢᠩᠭ᠋ᠠᠨ ᠮᠢᠩᠭ᠋ᠠᠨ ᠭᠠᠯᠪᠠ ᠮᠥᠩᠭᠡᠵᠢᠭᠦ

ᠮᠢᠨᠤ ᠬᠠᠢ᠌ᠷᠠᠳᠤ ᠱᠤᠩᠬᠤᠷ ᠠᠭᠤᠯᠠ ᠶᠤᠮ

ᠭᠠᠳᠠ ᠮᠠᠢ᠌ᠷᠠᠨ ᠭᠡᠵᠤ ᠳᠠᠭᠤᠯᠠᠵᠤ ᠡᠭᠢᠯᠡᠭᠡᠳ

ᠵᠠᠨ᠎ᠠ ᠪᠠᠯᠵᠢᠨᠢᠮ᠎ᠠ ᠪᠠᠨ ᠮᠠᠷᠳᠠᠭ᠎ᠠ ᠥᠭᠡᠢ

ᠳᠠᠨᠠᠪᠠᠯ ᠵᠢᠠᠰᠢᠶᠠᠩ᠂ ᠳᠠᠭᠤᠯᠠ᠂ ᠤᠭ᠍ᠶ‍ᠦᠡᠽᠡ᠊ᠨᠳᠡᠨ ᠳᠠᠢ

ᠳᠦᠭᠦᠷᠡᠩᠵᠡᠨ᠎ᠡ ᠪᠠᠷ ᠭᠦᠰᠢᠭᠡ ᠬᠠᠭᠠᠪᠠ


ᠮᠤᠷᠢᠨ ᠤᠷᠦᠯᠳᠦᠭᠠᠨ


ᠮᠤᠬᠤᠷᠳᠠᠯ ᠡᠴᠡ ᠠᠶᠤᠭ᠎ᠠ ᠥᠭᠡᠢ

ᠮᠤᠩᠭ᠋ᠤᠯ ᠮᠤᠷᠢᠨ ᠤ ᠤᠨᠠᠭ᠎ᠠ ᠡ

ᠮᠤᠰᠢᠭᠠᠢ ᠡᠴᠡ ᠰᠥᠷᠳᠡᠭᠡ ᠥᠭᠡᠢ

ᠮᠤᠩᠭ᠋ᠤᠯ ᠭᠦᠮᠤᠨ ᠤ ᠥᠷᠡᠰ ᠡ

ᠬᠤᠳᠠ ᠡᠴᠡ ᠢᠷᠡᠭ᠍ᠰᠡᠨ ᠮᠤᠷᠢ ᠳ᠋ᠤ

ᠬᠤᠴᠤᠷᠬᠤ ᠴᠢᠨᠢ ᠶᠠᠭᠤ ᠪᠣᠢ

ᠬᠤᠯᠠᠳᠤᠭᠰᠠᠨ ᠳᠡᠦᠭᠡ ᠶᠢᠨ ᠮᠦᠷ

ᠬᠤᠪᠳᠤᠯ ᠳᠤ ᠴᠢᠨᠢ ᠪᠠᠰᠠ ᠪᠠᠢ᠌ᠭ᠎ᠠ ᠶᠤ


ᠮᠤᠩᠭ᠋ᠤᠯ ᠪᠦᠭᠡ


ᠰᠢᠯᠢᠨ ᠨᠤᠳᠤᠭ ᠤᠨ ᠰᠠᠢ᠌ᠨ ᠡᠷ᠎ᠡ

ᠰᠢᠯᠭᠠᠷᠠᠭᠰᠠᠨ ᠮᠤᠩᠭ᠋ᠤᠯ ᠪᠦᠭᠡᠴᠢᠨ ᠤ

ᠬᠠᠳᠠ ᠳᠠᠢ᠌ᠪᠠᠯᠵᠠᠬᠤ ᠬᠠᠢ᠌ᠯᠠᠭᠠᠨ ᠳ᠋ᠤ

ᠬᠠᠪᠢᠳᠠᠭᠰᠠᠨ ᠭᠦᠮᠤᠨ ᠴᠥᠭᠡᠨ ᠳ᠋ᠠ

ᠵᠤᠭᠰᠤᠭ᠎ᠠ ᠪᠦᠭᠡ ᠶᠢᠨ ᠤᠳᠦᠮ ᠲᠡᠶ

ᠵᠠᠭᠠᠨ᠎ᠠ ᠠᠷᠰᠯᠠᠨ ᠤ ᠭᠦᠴᠤᠨ ᠳᠠᠢ

ᠰᠤᠴᠢᠭᠠᠮ᠎ᠠ ᠶᠡᠭᠡ ᠤᠮᠤᠭ ᠳᠠᠢ

ᠱᠤᠩᠬᠤᠷ ᠠᠭᠤᠯᠠ ᠶᠢᠨ ᠰᠦᠷ ᠳᠠᠢ

ᠠᠷᠭ᠎ᠠ ᠲᠡᠶ ᠭᠡᠰᠡᠨ ᠨᠢᠭᠡ ᠶᠢ ᠨᠢ

ᠠᠳᠬᠤᠵᠤ ᠠᠪᠣᠭᠠᠤᠨ ᠰᠢᠳᠠᠵᠤ ᠪᠠᠢ᠌ᠨ᠎ᠠ

ᠠᠶᠤᠬᠤ ᠥᠭᠡᠢ ᠭᠡᠰᠡᠨ ᠨᠢᠭᠡ ᠶᠢ ᠨᠢ

ᠠᠷᠤ ᠳᠤᠬᠤ ᠪᠠᠷ ᠨᠢ ᠭᠡᠪᠳᠡᠭᠦᠯᠵᠤ ᠪᠠᠢ᠌ᠨ᠎ᠠ


ᠮᠤᠳᠤᠨ ᠤ ᠮᠥᠷᠭᠦᠯ


ᠠᠷᠵᠠ ᠰᠠᠷᠬᠤᠤᠨ ᠤᠨ ᠳᠡᠭᠡᠵᠢ ᠪᠠᠨ

ᠠᠰᠤᠷᠢ ᠳᠡᠭ᠍ᠷᠢ ᠳᠤ ᠡᠷᠭᠦᠵᠤ ᠪᠠᠢ᠌ᠨ᠎ᠠ

ᠠᠵᠢᠯ ᠠᠮᠢᠳᠤᠷᠠᠯ ᠢ ᠢᠪᠠᠭᠡᠭᠡᠷᠡᠢ ᠭᠡᠵᠤ

ᠠᠭᠢᠨ ᠳᠠᠭᠢᠨ ᠭᠤᠶᠤᠵᠤ ᠪᠠᠢ᠌ᠨ᠎ᠠ

ᠭᠤᠷᠪᠠᠨ ᠠᠷᠢᠭᠤᠨ ᠭᠦᠵᠢ ᠪᠠᠨ

ᠭᠠᠵᠠᠷ ᠤᠨ ᠨᠠᠪᠳᠠᠭ ᠲᠤ ᠡᠷᠭᠦᠵᠤ ᠪᠠᠢ᠌ᠨ᠎ᠠ

ᠭᠠᠴᠢᠭᠳᠠᠯ ᠡᠴᠡ ᠠᠪᠣᠷᠠᠯᠠ ᠭᠡᠵᠤ

ᠭᠤᠷᠣᠢ᠌ᠳᠠᠯ᠎ᠠ ᠰᠥᠭᠦᠳᠡᠨ ᠳᠠᠭᠠᠳᠬᠠᠵᠤ ᠪᠠᠢ᠌ᠨ᠎ᠠ

ᠮᠤᠩᠭ᠋ᠤᠯ ᠢᠳᠡᠭᠡᠨ ᠤ ᠤᠬᠢ ᠪᠠᠨ

ᠮᠤᠳᠤᠨ ᠰᠠᠭᠢᠭᠤᠯᠰᠤᠨ ᠳᠤ ᠡᠷᠭᠦᠵᠤ ᠪᠠᠢ᠌ᠨ᠎ᠠ

ᠮᠤᠬᠤᠷᠳᠠᠯ ᠡᠴᠡ ᠠᠪᠣᠷᠠᠯᠠ ᠭᠡᠵᠤ

ᠮᠥᠷᠭᠦᠨ ᠮᠥᠷᠭᠦᠨ ᠵᠠᠯᠪᠠᠷᠢᠵᠤ ᠪᠠᠢ᠌ᠨ᠎ᠠ


2009 ᠡᠳ ᠤ ᠳᠠᠪᠤᠨ ᠰᠠᠷ᠎ᠠ ᠶᠢᠨ ᠰᠢᠨ᠎ᠠ ᠶᠢᠨ ᠳᠠᠪᠤᠨ ᠤ ᠤᠷᠦᠢ ᠲᠦᠩᠯᠢᠶᠤᠤ ᠬᠤᠳᠠᠨ᠎ᠠ ᠪᠢᠴᠢᠪᠠ

ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11464
ᠴᠠᠭ᠄ 2009 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ