ᠭᠡᠷ

ᠭᠡᠭᠡᠪᠴᠢ ᠲᠡᠶ ᠪᠣᠯᠭᠠᠨ ᠭᠡᠷ ᠪᠢᠰᠢ

ᠭᠠᠯ ᠲᠡᠶ ᠪᠣᠯᠭᠠᠨ ᠠᠢ᠌ᠯ ᠪᠢᠰᠢ

ᠬᠠᠩᠵᠤ ᠪᠣᠯᠭᠠᠨ ᠣᠷᠤ ᠪᠢᠰᠢ

ᠬᠠᠢ᠌ᠷᠠᠳᠠᠢ ᠪᠣᠯᠭᠠᠨ ᠭᠡᠷᠭᠡᠢ ᠪᠢᠰᠢ


ᠭᠡᠷ ᠊᠊᠊᠊᠊᠊᠊᠊᠊᠊᠊᠊᠊᠊᠊ ᠦᠷᠤ ᠦᠷᠤ ᠪᠠᠷ ᠬᠤᠯᠪᠣᠯᠳᠤᠭᠰᠠᠨ

ᠡᠯᠢᠭᠡ ᠪᠦᠳᠤᠨ ᠵᠠᠶᠠᠭ᠎ᠠ

ᠡᠶ᠎ᠡ ᠡᠶ᠎ᠡ ᠪᠠᠷ ᠨᠡᠢ᠌ᠯᠡᠯᠳᠦᠭ᠍ᠰᠡᠨ ᠣᠴᠠᠷᠠᠯ ᠪᠦᠷᠢᠨ ᠵᠠᠩᠭᠢᠶᠠᠰᠤ

ᠭᠡᠷ ᠊᠊᠊᠊᠊᠊᠊᠊᠊᠊᠊᠊᠊᠊᠊ ᠢᠷᠦᠭᠡᠯ ᠳᠠᠪᠢᠯᠠᠩ ᠶᠢᠡᠷ ᠭᠠᠩᠨᠠᠭᠰᠠᠨ

ᠢᠳᠡᠭᠡᠯ ᠤᠨ ᠳᠤᠷᠭᠠᠨ ᠮᠠᠠᠴᠤᠢ

ᠢᠨᠢᠶᠠᠳᠤ ᠵᠢᠷᠭᠠᠯ ᠶᠢᠡᠷ ᠳᠡᠯᠡᠭ᠍ᠰᠡᠨ ᠠᠮᠢᠳᠤᠷᠠᠯ ᠤᠨ ᠴᠡᠩᠭᠡᠷ ᠬᠠᠩᠭ᠋ᠠᠢ

ᠭᠡᠷ ᠊᠊᠊᠊᠊᠊᠊᠊᠊᠊᠊᠊᠊᠊᠊ ᠰᠠᠨᠠᠬᠤ ᠶᠢᠨ ᠰᠠᠢ᠌ᠬᠠᠨ ᠰᠥᠯᠳᠡᠰᠦᠯᠡᠭᠦ

ᠡᠷ᠎ᠡ ᠪᠣᠰᠤᠭ᠎ᠠ ᠭᠡᠢ᠌ᠮᠦᠷᠢ

ᠰᠠᠨᠠᠭᠠᠨ ᠤ ᠥᠵᠦᠭᠦᠷ ᠳᠡᠷᠪᠠᠭᠦ ᠡᠩᠭᠡ ᠴᠠᠭᠠᠨ ᠳᠠᠭᠳᠠᠭ᠎ᠠ

ᠭᠡᠷ ᠊᠊᠊᠊᠊᠊᠊᠊᠊᠊᠊᠊᠊᠊᠊ ᠣᠶᠠᠷᠠᠯ ᠭᠡᠶ‍ᠦᠷᠡᠯ ᠠᠷᠴᠢᠬᠤ

ᠠᠮᠠᠷᠠᠭ ᠤᠨ ᠬᠠᠯᠠᠭᠤᠨ ᠦᠨᠦᠰᠤᠯᠳᠠ

ᠠᠯᠵᠢᠶᠠᠯ ᠴᠢᠯᠡᠭᠡ ᠳᠠᠢ᠌ᠯᠠᠬᠤ ᠣᠶᠠᠬᠠᠨ ᠬᠤᠩᠭ᠋ᠤᠷ ᠪᠦᠦᠪᠠᠢ

ᠭᠡᠷ ᠊᠊᠊᠊᠊᠊᠊᠊᠊᠊᠊᠊᠊᠊᠊ ᠪᠦᠳᠦᠷᠢᠵᠤ ᠤᠢ᠌ᠴᠢᠭᠰᠠᠨ ᠦᠶ᠎ᠡ

ᠳᠤᠯᠤᠭᠠᠤᠨ ᠪᠣᠰᠬᠤ ᠳᠠᠶᠠᠭ

ᠪᠠᠷᠭᠡᠳᠡᠵᠤ ᠶᠠᠳᠠᠷᠠᠭᠰᠠᠨ ᠴᠠᠭ ᠡᠷᠭᠦᠭᠡᠳ ᠪᠣᠰᠬᠤ ᠣᠬᠠᠭ᠎ᠠ

ᠭᠡᠷ ᠊᠊᠊᠊᠊᠊᠊᠊᠊᠊᠊᠊᠊᠊᠊ ᠴᠠᠩᠳᠠᠭᠰᠠᠨ ᠳᠦᠷᠦᠭᠡ ᠣᠶᠠᠰᠬᠠᠬᠤ

ᠨᠠᠮᠬᠠᠨ ᠴᠤᠭᠰᠢᠬᠤ ᠭᠠᠯ

ᠭᠠᠩᠳᠠᠭᠰᠠᠨ ᠪᠣᠳᠤᠯ ᠨᠢᠳᠦᠯᠡᠭᠦᠯᠭᠦ ᠢᠨᠠᠭ ᠤᠨ ᠵᠦᠰᠠᠷ ᠪᠣᠷᠤᠭᠠᠨ

ᠭᠡᠷ ᠊᠊᠊᠊᠊᠊᠊᠊᠊᠊᠊᠊᠊᠊᠊ ᠰᠠᠯᠭᠢᠨ ᠪᠣᠷᠤᠭᠠᠨ ᠤ ᠭᠤᠶᠠᠳᠠᠯᠳᠠ ᠳ᠋ᠤ

ᠰᠣᠢ᠌ᠷᠠᠰᠢ ᠦᠭᠡᠶ ᠴᠠᠢ᠌ᠵᠠ

ᠰᠢᠯᠦᠭ᠌ ᠳᠠᠭᠤᠤ ᠶᠢᠨ ᠣᠶᠠᠩᠭ᠋ᠠᠷᠠᠯ ᠳ᠋ᠤ

《ᠴᠤᠭᠯᠠᠵᠤ ᠰᠠᠭᠤᠭᠰᠠᠨ ᠱᠠᠭᠠᠵᠠᠭᠠᠢ》

ᠭᠡᠷ ᠊᠊᠊᠊᠊᠊᠊᠊᠊᠊᠊᠊᠊᠊᠊ ᠳᠠᠪᠤᠨ ᠮᠦᠰᠤ ᠪᠠᠷ ᠭᠠᠷᠬᠠᠯᠠᠭᠰᠠᠨ

ᠳᠠᠰᠤᠷᠠᠳᠠᠭ ᠦᠭᠡᠶ ᠭᠦᠪᠴᠢ

ᠳᠡᠭ᠍ᠷᠢ ᠭᠠᠵᠠᠷ ᠤᠨ ᠬᠤᠭᠤᠷᠤᠠᠳᠤᠭᠢ ᠬᠤᠭᠤᠷᠠᠳᠠᠭ ᠦᠭᠡᠶ ᠳᠡᠩᠭᠡᠯᠢᠭ᠌

ᠭᠡᠷ ᠊᠊᠊᠊᠊᠊᠊᠊᠊᠊᠊᠊᠊᠊᠊ ᠬᠠᠢ᠌ᠷ᠎ᠠ ᠶᠢᠨ ᠥᠭᠡᠳᠡᠰᠤ ᠪᠠᠷ ᠡᠮᠵᠢᠶᠡᠷᠢᠯᠡᠭ᠍ᠰᠡᠨ

ᠨᠠᠷᠠᠨ ᠰᠠᠷᠠᠨ ᠳᠡᠷᠯᠢᠭ᠌

ᠰᠡᠳᠭᠢᠯ ᠤᠨ ᠵᠣᠢ᠌ᠳᠠᠰᠤ ᠪᠠᠷ ᠰᠥᠯᠵᠢᠭ᠍ᠰᠡᠨ ᠨᠠᠪᠴᠢ ᠴᠡᠴᠡᠭ᠌ ᠤᠨ ᠦᠷᠦᠭᠡ

ᠭᠡᠷ ᠊᠊᠊᠊᠊᠊᠊᠊᠊᠊᠊᠊᠊᠊᠊ ᠬᠤᠯᠠ ᠶᠢᠨ ᠵᠡᠭᠦᠳᠤᠨ ᠳᠡᠷᠭᠡᠯᠰᠢᠭᠦ ᠣᠷᠠᠨ ᠭᠠᠩᠭ᠋ᠠᠩ ᠰᠠᠷᠠᠨ

ᠬᠤᠨᠤᠭ ᠤᠨ ᠮᠦᠷᠦᠭᠡᠳᠦᠯ ᠳᠤ ᠬᠠᠩᠭᠢᠨᠠᠬᠤ ᠣᠭᠤᠷᠠᠭ ᠠᠩᠭᠢᠷ ᠥᠭᠡᠢ᠌ᠯᠡᠯ


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2580
ᠴᠠᠭ᠄ 2011 ᠤᠨ ᠤ 04 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ