ᠮᠤᠩᠭ᠋ᠤᠯ ᠤᠨ ᠢᠨᠠᠭ ᠤᠨ ᠰᠢᠯᠦᠭ᠌ ᠡᠴᠡ ᠰᠤᠨᠢᠷᠬᠠᠶ᠎ᠠ

ᠬᠤᠷᠸ᠎ᠠ ᠳᠤ ᠭᠦᠮᠤᠨ ᠢᠷᠡᠭᠦ ᠳᠡᠭᠡᠨ


ᠮᠠᠬᠠᠲ᠋ᠤᠮᠺᠦᠯᠢ (ᠷ·ᠴᠣᠢ᠌ᠨᠤᠮ ᠣᠷᠴᠢᠭᠤᠯᠪᠠ)


ᠮᠦᠨᠤ ᠶᠢᠨ ᠣᠷᠢᠳᠤ ᠭᠦᠮᠤᠨ ᠴᠢ ᠵᠠᠮ ᠦᠭᠡᠶ

ᠭᠠᠵᠠᠷ ᠶᠢᠡᠷ ᠢᠷᠠᠨᠠᠮ ᠪᠢᠯᠠ᠃

ᠮᠦᠨ ᠭᠦ ᠪᠠᠶ᠎ᠠ ᠪᠠᠨ ᠪᠠᠶᠡᠯᠡᠭᠡ ᠦᠭᠡᠶ᠂

ᠦᠯᠦ ᠥᠵᠡᠭ᠍ᠳᠡᠩᠭᠡᠨ ᠢᠷᠠᠨᠠᠮ ᠪᠢᠯᠠ᠃

ᠮᠥᠩᠭᠡ ᠰᠦᠨᠠᠰᠤ ᠶᠢ ᠣᠯᠵᠤ᠂

ᠨᠢᠳᠤᠨ᠎ᠠ ᠳᠠᠯᠳᠠ ᠪᠠᠢ᠌ᠳᠠᠭ ᠪᠢᠯᠠ᠃

ᠮᠥᠮᠥ ᠶᠢᠨ ᠴᠠᠭᠠᠨ ᠰᠦᠨ ᠤ ᠠᠮᠳᠠ ᠶᠢ

ᠠᠪᠤᠨ ᠠᠮᠢᠯᠠᠨᠠᠮ ᠪᠢᠯᠠ᠃

ᠡᠨᠡᠷᠢᠯ ᠳᠡᠭᠦᠰ ᠪᠣᠷᠬᠠᠨ ᠪᠠᠭᠰᠢ ᠠᠮᠢ

ᠳᠠᠨᠢ ᠵᠠᠶᠠᠭᠠᠵᠠᠢ

ᠡᠨᠡ ᠯᠠ ᠳᠡᠯᠡᠭᠡᠢ ᠲᠡᠶ ᠪᠠᠨ ᠬᠠᠷᠢᠯᠴᠠᠭ ᠭᠡᠵᠤ

ᠭᠡᠯᠡ ᠶᠢ ᠳᠤᠳᠤᠷ᠎ᠠ ᠨᠢ ᠬᠠᠢ᠌ᠷᠠᠯᠠᠵᠠᠢ᠃

ᠡᠭ᠍ᠴᠡ ᠳᠡᠭᠡᠭ᠍ᠰᠢ ᠪᠠᠨ ᠰᠤᠨᠤᠨ ᠦᠰᠴᠦ᠂

ᠵᠤᠭᠰᠤᠵᠤ᠂ ᠭᠦᠮᠤᠨ ᠤ ᠪᠠᠶ᠎ᠠ ᠭᠦᠢᠴᠡᠵᠡᠢ᠃

ᠡᠷᠭᠢᠨ ᠳᠤᠭᠤᠷᠢᠨ ᠶᠢᠡᠨ ᠳᠠᠨᠢᠬᠤ ᠳᠠᠳᠤᠢ᠂

ᠡᠩ ᠦᠭᠡᠶ ᠰᠠᠢ᠌ᠬᠠᠨ ᠰᠠᠨᠠᠭᠳᠠᠵᠠᠢ᠃

ᠡᠴᠢᠭᠡ ᠪᠠᠨ ᠳᠠᠭᠠᠵᠤ ᠳᠤᠯᠤᠭᠠᠨ ᠨᠠᠰᠤᠨ ᠳᠠᠭᠠᠨ

ᠪᠠᠭᠰᠢ ᠳᠤ ᠱᠠᠪᠢ ᠣᠷᠤᠭᠠᠤᠨ

ᠡᠷᠡᠮᠡᠯᠵᠡᠨ ᠭᠢᠴᠢᠶᠠᠨ ᠠᠷᠢᠭᠤᠨ ᠨᠤᠮ ᠤᠨ

ᠥᠰᠦᠭ᠌ ᠢ ᠳᠠᠨᠢᠭᠰᠠᠨ ᠪᠠᠢ᠌ᠨᠠᠮ᠃

ᠭᠡᠦᠭᠡᠤᠨ ᠴᠠᠭ ᠴᠢᠨᠢ ᠥᠩᠭᠡᠷᠡᠵᠤ ᠭᠦᠯᠦᠭ᠌ ᠤᠨ

ᠳᠦᠷᠦᠭᠡᠨ ᠳᠤ ᠳᠦᠷᠦᠭᠡᠯᠡᠭ᠍ᠰᠡᠭᠡᠷ

ᠭᠡᠦᠭᠡᠨ ᠨᠢᠭᠡ ᠶᠢ ᠨᠢᠳᠦᠯᠡᠵᠤ᠂ ᠡᠷᠭᠢᠨ

ᠬᠤᠷᠭᠤᠨ ᠭᠦᠷᠦᠭᠡᠯᠡᠭ᠍ᠰᠡᠭᠡᠷ

ᠭᠦᠮᠤᠨ ᠤ ᠨᠠᠢ᠌ᠷ ᠢ ᠭᠡᠰᠦᠭᠦ ᠬᠤᠷᠤᠬᠠᠢ᠌ᠳᠠᠨ

ᠠᠳᠠᠯᠢ ᠮᠥᠷᠦᠭᠡᠳᠦᠯ ᠶᠢᠡᠷ

ᠭᠦᠰᠡᠭ᠍ᠰᠡᠨ ᠪᠦᠭᠦᠨ ᠪᠦᠳᠦᠵᠤ᠂ ᠭᠦᠭᠡᠷᠦᠭᠦᠨ

ᠠᠪᠠᠭᠠᠢ ᠲᠡᠶ ᠨᠥᠭᠦᠴᠡᠵᠡᠢ᠃

ᠭᠦᠡᠳᠦᠳᠤ ᠵᠢᠷᠤᠮ ᠢ ᠶᠤᠰᠤᠯᠠᠨ ᠬᠤᠷᠢᠨ

ᠨᠠᠰᠤᠨ ᠳᠠᠭᠠᠨ ᠵᠢᠷᠭᠠᠭᠠᠤᠨ

ᠭᠦᠢᠳᠡᠨ ᠵᠡᠪᠰᠡᠭ᠌ ᠭᠢᠭᠡᠤᠨ ᠮᠤᠷᠢᠨ ᠡᠷᠳᠡᠨᠢ ᠪᠠᠷ

ᠭᠠᠢ᠌ᠬᠠᠭᠤᠯᠤᠨᠠᠮ᠃

ᠡᠷ᠎ᠡ ᠭᠦᠮᠤᠨ ᠤ ᠭᠤᠴᠢᠨ ᠨᠠᠰᠤᠨ ᠳᠤ ᠠᠷᠰᠯᠠᠨ

ᠰᠢᠠᠵᠢ ᠪᠦᠷᠢᠳᠦᠨᠡᠮ ᠪᠢᠯᠠ᠃

ᠡᠨᠡ ᠬᠤᠷᠸ᠎ᠠ ᠶᠢᠨ ᠭᠦᠴᠦᠳᠤ ᠴᠡᠩᠭᠡᠯ ᠶᠢᠡᠷ

ᠳᠤᠯᠤᠭᠠᠢ ᠮᠠᠩᠰᠢᠭᠤᠷᠠᠨᠠᠮ ᠪᠢᠯᠠ᠃

ᠡᠳ᠋ᠯᠡᠨ ᠬᠠᠩᠬᠤ ᠶᠢ ᠦᠯᠦ ᠮᠠᠳᠠᠨ

ᠣᠠᠳᠤᠢ ᠰᠤᠠᠳᠤᠢ ᠶᠠᠪᠣᠨᠠᠮ ᠪᠢᠯᠠ᠃

ᠡᠯᠡᠨ ᠴᠡᠩᠭᠡᠨ ᠳᠦᠴᠢᠨ ᠨᠠᠰᠤᠨ ᠤ

ᠪᠣᠱᠤᠭ᠎ᠠ ᠶᠢ ᠠᠯᠬᠤᠭᠠᠤᠨ

ᠡᠷᠳᠡᠨ ᠤ ᠮᠡᠷᠭᠡᠤᠨ ᠰᠠ‍‌ᠶᠢ ᠰᠡᠷᠢᠭᠡᠤᠨ

ᠰᠠᠨᠠᠭᠰᠠᠨ ᠮᠠᠳᠤ

ᠡᠷᠭᠢᠯ ᠮᠥᠷᠭᠦᠯ ᠰᠥᠵᠢᠭ᠌ ᠵᠢᠷᠤᠮ ᠢ

ᠦᠷᠦᠰᠢᠶᠠᠨᠠᠮ ᠪᠢᠵᠠ᠃

ᠵᠠᠭᠤ ᠶᠢᠨ ᠳᠠᠯ᠎ᠠ ᠶᠢ ᠨᠠᠰᠤᠯᠠᠭᠠᠤᠨ ᠪᠣᠷᠬᠠᠨ ᠤ

ᠨᠤᠮ ᠳᠤ ᠢᠳᠡᠭᠡᠨ᠎ᠡ᠃

ᠵᠤᠳᠤᠭᠠᠨ ᠭᠡᠷᠡᠭᠦᠯ ᠳᠡᠷᠢᠭᠦᠳᠡᠨ ᠡᠴᠡ ᠪᠣᠷᠤᠭᠤᠯᠠᠵᠤ

ᠳᠠᠢ᠌ᠵᠢᠨ ᠵᠢᠭᠤᠳᠠᠨ᠎ᠠ᠃

ᠵᠤᠯᠪᠣᠭ᠎ᠠ ᠳᠡᠭᠦᠰ ᠢᠨᠢᠶᠠᠪᠴᠢ ᠥᠭᠦᠯ ᠤᠨ

ᠳᠤᠬᠠᠢ ᠰᠠᠤᠠᠭᠢᠨ᠎ᠠ᠃

ᠵᠤᠭᠰᠤᠯᠳᠠ ᠦᠭᠡᠶ ᠨᠠᠮᠠᠠᠴᠢᠯᠠᠬᠤ ᠶᠢ ᠥᠭᠡᠷ᠎ᠡ

ᠪᠣᠰᠤᠳ ᠲᠤ ᠰᠠᠨᠠᠭᠤᠯᠤᠨ᠎ᠠ᠃

ᠵᠢᠷᠠᠨ ᠨᠠᠰᠤᠨ ᠤ ᠬᠠᠪᠢ ᠳᠤ ᠬᠤᠷ

ᠭᠦᠴᠤ ᠪᠠᠨ ᠰᠢᠪᠬᠠᠭᠠᠤᠨ

ᠵᠢᠷᠭᠠᠬᠤ ᠨᠠᠰᠤᠨ ᠲᠡᠶ ᠣᠷᠤᠯᠳᠤᠩᠬᠠᠨ᠂

ᠪᠦᠭᠦᠳᠡ ᠶᠢ ᠠᠮᠵᠢᠭᠤᠯᠬᠤ ᠶᠢ ᠪᠣᠳᠤᠳᠠᠭ ᠪᠠᠢ᠌ᠨᠠᠮ᠃

ᠠᠶ᠎ᠠ︕ ᠵᠠᠢ᠌ᠯᠠᠭᠤᠯ︕ ᠲ᠋ᠠᠯᠠ ᠶᠢᠨ ᠳᠠᠪᠠᠭ᠎ᠠ ᠶᠢ

ᠳᠠᠪᠠᠬᠤ ᠶᠢᠨ ᠦᠶ᠎ᠡ ᠳᠤ

ᠠᠯᠠᠭ ᠨᠢᠳᠤᠨ ᠪᠦᠷᠭᠦᠵᠤ ᠠᠮᠠᠨ ᠳ᠋ᠠᠭᠢ

ᠰᠢᠳᠤ ᠣᠨᠠᠭᠠᠤᠨ

ᠠᠷᠭ᠎ᠠ ᠨᠢ ᠦᠭᠡᠶ ᠳᠡᠭᠦᠷᠳᠡᠵᠤ᠂

ᠦᠶ᠎ᠡ ᠡᠪᠦᠳᠦᠭ᠌ ᠨᠢ ᠰᠥᠭᠦᠷᠡᠭᠦᠢ

ᠠᠮᠢᠳᠠᠨ ᠤ ᠳᠤᠭᠠᠨ ᠡᠴᠡ ᠭᠠᠷᠴᠤ᠂

ᠪᠦᠭᠦᠳᠡ ᠴᠢᠮ᠎ᠠ ᠡᠴᠡ ᠵᠢᠭᠤᠳᠠᠨ᠎ᠠ᠃

ᠠᠵᠠᠢ ᠨᠠᠶᠠᠨ ᠨᠠᠰᠤᠨ ᠳᠤ ᠬᠠᠨᠠᠳᠤ ᠭᠡᠷ ᠢ ᠣᠷᠭᠢᠵᠤ

ᠠᠷᠤ ᠳᠠᠭᠠᠨ ᠥᠯᠡᠳᠡᠭ᠍ᠰᠡᠨ ᠢ ᠣᠭᠢᠯᠠᠭᠤᠯᠤᠭᠠᠤᠨ

ᠶᠤᠷᠤᠭ ᠳᠠᠪᠣᠤ ᠳᠤ ᠪᠣᠭᠤᠯᠭᠠᠵᠤ

ᠬᠠᠮᠤᠭ ᠡᠴᠡ ᠠᠬ᠎ᠠ ᠨᠠᠰᠤᠳᠠᠨ ᠰᠢᠭ ᠨᠥᠭᠦᠭᠡ

ᠮᠠᠭᠤ ᠮᠠᠬᠠᠲ᠋ᠤᠮᠺᠦᠯᠢ

ᠬᠠᠨᠠᠳᠤ ᠭᠡᠷ ᠢ ᠣᠷᠭᠢᠭᠠᠤᠨ ᠡᠨᠡᠭᠡᠨ

ᠵᠠᠭᠤᠷ᠎ᠠ ᠪᠠᠨ ᠳᠡᠮᠡᠢ᠌ᠷᠡᠭᠦ

ᠬᠠᠨ ᠬᠤᠷᠮᠤᠰᠳᠠ ᠳᠤ ᠵᠠᠯᠪᠢᠷᠢᠭᠰᠠᠨ ᠢ ᠦᠯᠦ ᠠᠮᠰᠠᠨ

ᠬᠠᠷᠠᠩᠭ᠋ᠤᠢ ᠴᠡᠭᠡᠨ ᠶᠢᠡᠷ ᠬᠤᠪᠴᠠᠰᠤᠯᠠᠵᠤ᠂

ᠬᠠᠷ᠎ᠠ ᠰᠢᠷᠣᠢ᠌ᠨ ᠳᠤ ᠠᠮᠢᠳᠤᠷᠠᠬᠤᠢ

ᠬᠠᠭᠠᠯᠭ᠎ᠠ ᠴᠤᠩᠬᠤ ᠦᠭᠡᠶ ᠳᠠᠪᠴᠢᠬᠠᠨ

ᠡᠴᠦᠰ ᠤᠨ ᠥᠷᠦᠭᠡ ᠨᠢ ᠳᠠᠷᠠ᠃


ᠪᠢ ᠴᠢᠮ᠎ᠠ ᠳᠤ ᠬᠠᠢ᠌ᠷᠠᠳᠠᠢ


ᠪᠠ᠊·ᠶᠠᠪᠣᠬᠤᠯᠠᠩ


ᠬᠤᠯᠠ ᠡᠴᠡ ᠭᠦᠶ‍ᠦᠳᠡᠯᠳᠡᠢ ᠪᠣᠷᠤᠯᠠᠭ ᠮᠢᠨᠢ

ᠰᠤᠯᠠ ᠳᠠᠭᠠᠨ ᠭᠠᠩᠬᠤᠮ᠎ᠠ ᠵᠢᠷᠤᠭ᠎ᠠ ᠳ᠋ᠠ᠂

ᠭᠤᠤᠯ ᠡᠴᠡ ᠬᠠᠢ᠌ᠷᠠᠳᠠᠢ ᠠᠮᠠᠷᠠᠭ ᠮᠢᠨᠢ

ᠰᠦᠨᠢ ᠳᠡᠭᠡᠨ ᠭᠡᠷᠡᠯᠳᠦᠮ᠎ᠡ ᠴᠢᠷᠠᠢ᠌ᠯᠠᠭ ᠳ᠋ᠠ᠃

ᠰᠡᠷᠢᠭᠦᠨ ᠪᠣᠯᠠᠭ ᠤᠨ ᠣᠰᠤᠨ ᠳᠤ

ᠴᠡᠯᠮᠡᠭ᠌ ᠳᠡᠭ᠍ᠷᠢ ᠭᠡᠷᠡᠯᠳᠦᠭᠦ ᠰᠢᠭ᠌

ᠠᠷᠢᠭᠤᠨ ᠵᠢᠷᠦᠭᠡᠨ ᠤ ᠭᠦᠨ ᠳᠤ

ᠴᠡᠪᠠᠷᠭᠡᠨ ᠳᠦᠷᠢ ᠴᠢᠨᠢ ᠳᠤᠳᠤᠷᠠᠨ᠎ᠠ᠃

ᠠᠳᠠᠷ ᠭᠡᠭᠡᠷ᠎ᠡ ᠶᠢ ᠴᠢᠮᠡᠭᠯᠡᠭ᠍ᠰᠡᠨ

ᠠᠯᠠᠭ ᠴᠡᠴᠡᠭ᠌ ᠲᠤ ᠪᠢ ᠳᠤᠷᠠᠳᠠᠢ

ᠠᠷᠢᠭᠤᠨ ᠬᠠᠢ᠌ᠷ᠎ᠠ ᠶᠢ ᠮᠢᠨᠢ ᠪᠣᠯᠢᠶᠠᠭᠰᠠᠨ

ᠠᠮᠠᠷᠠᠭ ᠴᠢᠮ᠎ᠠ ᠳᠠᠭᠠᠨ ᠪᠢ ᠬᠠᠢ᠌ᠷᠠᠳᠠᠢ᠃

ᠵᠢᠷᠤᠭ᠎ᠠ ᠪᠣᠷᠤᠯᠠᠭ ᠶᠢᠡᠨ ᠳᠡᠰᠢᠭᠦᠯᠦᠭ᠍ᠰᠡᠭᠡᠷ

ᠵᠢᠯᠤᠭᠤ ᠳᠠᠯᠪᠢᠰᠭᠢᠭᠠᠤᠨ ᠣᠴᠢᠨ᠎ᠠ ᠳ᠋ᠠ᠃

ᠵᠢᠭᠠᠯᠬᠠᠨ ᠴᠢ ᠮᠢᠨᠢ ᠢᠨᠢᠶᠡᠭ᠍ᠰᠡᠭᠡᠷ

ᠪᠠᠬᠠᠨ ᠭᠢᠷᠪᠢᠰᠢᠭᠡᠤᠨ ᠵᠤᠯᠭᠠᠨ᠎ᠠ ᠳ᠋ᠠ᠃


ᠠᠭᠤᠯᠠ ᠶᠢᠨ ᠰᠤᠭᠤ


ᠯ·ᠬᠤᠤᠱᠠᠩ


ᠠᠭᠤᠯᠠ ᠶᠢᠨ ᠰᠤᠭᠤ ᠭᠡᠵᠤ ᠴᠢᠮ᠎ᠠ ᠶᠢ ᠪᠢ

ᠣᠬᠠᠭᠠᠨ ᠳᠤ ᠪᠠᠨ ᠳᠦᠰᠦᠭᠡᠯᠡᠵᠤ ᠶᠠᠪᠣᠬᠤ ᠦᠦ ᠳ᠋ᠠ

ᠣᠢ ᠶᠢᠨ ᠰᠤᠭᠤ ᠭᠡᠵᠤ ᠴᠢᠮ᠎ᠠ ᠶᠢ ᠪᠢ

ᠣᠢ ᠳᠤ ᠪᠠᠨ ᠳᠤᠭᠳᠠᠭᠠᠵᠤ ᠠᠪᠬᠤ ᠦᠦ ᠳ᠋ᠠ

ᠠᠭᠤᠯᠠ ᠶᠢᠨ ᠭᠠᠭᠴᠠ ᠰᠤᠭᠤ ᠮᠢᠨᠢ

ᠣᠴᠠᠷᠠᠵᠤ ᠳᠠᠭᠠᠷᠠᠯᠳᠤᠬᠤ ᠪᠠᠨ ᠪᠣᠯᠢᠭᠠᠴᠢ ᠳ᠋ᠠ

ᠣᠷᠳᠤᠭᠤᠷ ᠥᠩᠭᠡᠷᠡᠭᠦ ᠪᠣᠯᠭᠠᠨ ᠳᠤ ᠴᠢᠨᠢ

ᠣᠬᠠᠭᠠᠨ ᠰᠠᠨᠠᠭ᠎ᠠ ᠤᠢ᠌ᠮᠤᠷᠡᠬᠤ ᠶᠤᠮ

ᠣᠢ ᠶᠢᠨ ᠳᠡᠭ᠍ᠵᠢᠨ ᠰᠤᠭᠤ ᠮᠢᠨᠢ

ᠣᠯᠠᠨ ᠲᠤᠬᠢᠶᠠᠯᠳᠤᠬᠤ ᠪᠠᠨ ᠪᠣᠯᠢᠭᠠᠴᠢ ᠳ᠋ᠠ

ᠣᠢ᠌ᠷᠠᠬᠠᠨ ᠵᠥᠷᠢᠭᠦ ᠪᠣᠯᠭᠠᠨ ᠳᠤ ᠴᠢᠨᠢ

ᠣᠮᠤᠭᠯᠠᠩ ᠵᠢᠷᠦᠭᠡ ᠰᠢᠷᠬᠠᠳᠤᠬᠤ ᠶᠤᠮ᠃


ᠶᠠᠭᠠᠭᠢᠭᠰᠠᠨ ᠶᠡᠭᠡ ᠬᠠᠢ᠌ᠷ᠎ᠠ ᠪᠣᠢ


ᠳ·ᠸᠴᠢᠷᠭᠦᠤ


ᠳᠦᠷᠪᠡ ᠳᠠᠷᠤᠭᠰᠠᠨ ᠠᠳᠠᠨ ᠤ ᠳᠡᠩᠭᠡᠭᠡᠳᠤ ᠵᠤ᠋ ᠬᠦᠳᠦᠰᠭᠢᠯᠭᠡᠭ᠍ᠰᠡᠨ

ᠶᠠᠭᠠᠭᠢᠭᠰᠠᠨ ᠭᠦᠡᠳᠤ ᠠᠴᠢᠶ᠎ᠠ ᠪᠣᠢ

ᠳᠦᠴᠢ ᠰᠢᠭᠦᠷᠡᠭ᠍ᠰᠡᠨ ᠡᠷ᠎ᠡ ᠶᠢᠨ ᠭᠡᠷᠰᠡᠤ ᠵᠢᠷᠦᠭᠡ ᠡᠦᠶᠡᠰᠭᠢᠯᠭᠡᠭ᠍ᠰᠡᠨ

ᠶᠠᠭᠠᠭᠢᠭᠰᠠᠨ ᠶᠡᠭᠡ ᠬᠠᠢ᠌ᠷ᠎ᠠ ᠪᠣᠢ

ᠣᠷᠣᠢ᠌ᠳᠠᠵᠤ ᠪᠣᠯᠠᠳᠠᠭ ᠳᠤᠰᠢᠯᠤᠭ ᠢ ᠠᠮᠳᠠᠯᠠᠵᠤ ᠨᠢᠭᠡ

ᠥᠵᠡᠭᠡ ᠦᠭᠡᠶ ᠰᠠᠨ ᠪᠣᠯ

ᠣᠷᠭᠢᠯ ᠠᠯᠳᠠᠢ ᠶᠢᠨ ᠮᠢᠨᠢ ᠭᠢᠷ᠎ᠠ ᠳᠤ ᠵᠢᠮᠢᠰ ᠪᠠᠢ᠌ᠳᠠᠭ ᠢ

ᠮᠡᠳᠡᠭᠦ ᠦᠭᠡᠶ

ᠣᠳᠤ ᠰᠢᠭ ᠲᠤᠬᠢᠶᠠᠭᠰᠠᠨ ᠴᠢᠮ᠎ᠠ ᠲᠡᠶ ᠣᠴᠠᠷᠠᠵᠤ ᠨᠢᠭᠡ

ᠳᠠᠨᠢᠯᠴᠠᠭ᠎ᠠ ᠦᠭᠡᠶ ᠪᠣᠯ

ᠦᠳᠡ ᠭᠡᠯᠪᠠᠢ᠌ᠭ᠍ᠰᠡᠨ ᠨᠠᠰᠤᠨ ᠳᠠᠭᠠᠨ ᠬᠠᠢ᠌ᠷ᠎ᠠ ᠪᠠᠢ᠌ᠳᠠᠭ ᠢ

ᠮᠡᠳᠡᠭᠦ ᠦᠭᠡᠶ

ᠳᠡᠯᠭᠡᠷ ᠡᠨᠡ ᠣᠷᠴᠢᠯᠠᠩ ᠠᠭᠤᠵᠢᠮ ᠭᠡᠳᠡᠭ᠌ ᠨᠢ ᠦᠨᠡᠨ ᠶᠤᠮ

ᠳᠡᠷᠳᠡᠭᠡᠭᠦᠷ ᠴᠢᠨᠢ ᠨᠢᠭᠡ ᠵᠥᠷᠢᠭ᠍ᠰᠡᠨ ᠪᠣᠯ

ᠳᠤᠷᠬᠤ ᠯᠠ ᠪᠠᠢ᠌ᠭᠰᠠᠨ ᠳ᠋ᠠ ᠬᠠᠷᠠᠴᠠ ᠮᠢᠨᠢ

ᠳᠡᠭᠡᠳᠤ ᠳᠡᠭ᠍ᠷᠢ ᠶᠢᠨ ᠨᠠᠷᠠᠨ ᠭᠠᠭᠴᠠ ᠯᠠ ᠭᠡᠳᠡᠭ᠌ ᠨᠢ ᠦᠨᠡᠨ ᠶᠤᠮ

ᠳᠡᠷᠭᠡᠳᠡ ᠣᠳᠤ ᠦᠭᠡᠶ ᠪᠣᠯᠬᠤᠷ

ᠭᠦᠮᠤᠨ ᠤ ᠯᠠ ᠶᠤᠮ ᠳ᠋ᠠ ᠴᠢ ᠴᠢᠨᠢ

ᠥᠩᠭᠡ ᠶᠢᠨ ᠴᠡᠴᠡᠭ᠌᠂ ᠲ᠋ᠡᠭ᠍ᠷᠢ ᠶᠢᠨ ᠰᠠᠷᠠᠨ

ᠥᠭᠦᠯᠡᠵᠤ ᠴᠢᠮ᠎ᠠ ᠲᠡᠶ ᠠᠳᠠᠯᠢᠤᠠᠬᠠᠬᠤ ᠶᠠᠭᠤᠮ᠎ᠠ ᠦᠭᠡᠶ

ᠦᠪᠡᠷ ᠢ ᠴᠢᠨᠢ ᠵᠥᠪᠭᠡᠨ ᠦᠪᠡᠷ ᠲᠡᠶ ᠴᠢᠨᠢ ᠯᠠ ᠵᠣᠢ᠌ᠷᠯᠠᠮ᠎ᠠ

ᠦᠷᠦ ᠵᠢᠷᠦᠭᠡᠨ ᠳᠡᠭᠡᠨ ᠭᠦᠤ ᠰᠢᠭ᠌ ᠶᠢᠡᠨ ᠯᠠ ᠬᠠᠢ᠌ᠷᠠᠯᠠᠮ᠎ᠠ

ᠳᠤᠭᠤᠰᠤᠳᠠᠢ ᠰᠢᠷᠣᠢ᠌ᠳᠠᠢ ᠳᠡᠯᠡᠭᠡᠢ ᠳᠡᠭᠡᠷ᠎ᠡ

ᠬᠠᠷᠠᠭᠰᠠᠨ ᠭᠡᠭᠦ ᠳᠤ ᠭᠠᠢ᠌ᠬᠠᠮᠠᠷ ᠳᠤᠭᠤᠷᠤᠤ ᠪᠣᠴᠠᠬᠤ ᠨᠠᠮᠤᠷ ᠶᠢᠡᠷ

ᠴᠡᠴᠡᠭᠯᠡᠭ᠍ᠰᠡᠨ ᠭᠡᠭᠦ ᠳᠤ ᠢᠳᠡᠭᠡᠮᠡᠷ ᠰᠠᠢ᠌ᠬᠠᠨ ᠳᠦᠷᠦᠭ᠍ᠰᠡᠨ ᠴᠢᠮ᠎ᠠ ᠶᠢ

ᠰᠠᠨᠠᠵᠤ ᠶᠠᠪᠣᠨ᠎ᠠ ᠭᠡᠳᠡᠭ᠌ ᠠᠵᠠ

ᠰᠠᠯᠠᠭ᠎ᠠ ᠵᠠᠮ ᠲᠡᠶ ᠣᠷᠴᠢᠯᠠᠩ ᠳᠤ ᠰᠠᠨᠠᠭᠠᠨ ᠳᠤ ᠦᠭᠡᠶ

ᠣᠴᠠᠷᠠᠭᠰᠠᠨ ᠮᠢᠨᠢ ᠠᠵᠡ

ᠬᠤᠷ᠎ᠠ ᠶᠢᠨ ᠳᠠᠷᠠᠭ᠎ᠠ ᠨᠠᠷᠠᠨ ᠰᠢᠷᠠᠬᠤ ᠳᠤ

ᠦᠶᠡᠷ ᠪᠠᠭᠤᠳᠠᠭ ᠰᠢᠭ ᠴᠢ ᠣᠷᠤᠵᠤ ᠢᠷᠡᠭ᠍ᠰᠡᠨ

ᠡᠪᠦᠯ ᠤᠨ ᠳᠠᠷᠠᠭ᠎ᠠ ᠣᠷᠢ ᠣᠨᠠᠬᠤ ᠳᠤ

ᠢᠷᠭᠤᠢ ᠨᠢᠳᠦᠯᠡᠳᠡᠭ᠌ ᠰᠢᠭ᠌ ᠴᠢ ᠭᠦᠷᠴᠤ ᠢᠷᠡᠭ᠍ᠰᠡᠨ

ᠳᠡᠭ᠍ᠷᠢ ᠶᠢᠨ ᠬᠠᠶᠠᠭ᠎ᠠ ᠳᠦᠯᠭᠢᠭᠡᠤᠨ

ᠳᠠᠯ᠎ᠠ ᠶᠢᠨ ᠨᠠᠷᠠ ᠮᠡᠯᠳᠡᠰᠭᠢᠭᠦ ᠰᠢᠭ᠌ ᠴᠢ ᠭᠠᠷᠴᠤ ᠢᠷᠡᠭ᠍ᠰᠡᠨ

ᠳᠠᠩᠭᠢᠰ ᠤᠨ ᠬᠠᠶᠠᠯᠭ᠎ᠠ ᠳᠦᠷᠢᠭᠡᠤᠨ

ᠬᠤᠯᠠ ᠶᠢᠨ ᠳᠠᠪᠠᠯᠭᠠᠨ ᠴᠡᠯᠡᠰᠭᠢᠭᠦ ᠰᠢᠭ᠌ ᠴᠢ ᠭᠦᠷᠴᠤ ᠢᠷᠡᠭ᠍ᠰᠡᠨ

ᠰᠠᠢ᠌ᠬᠠᠨ ᠳᠦᠷᠦᠭ᠍ᠰᠡᠨ ᠴᠢᠮ᠎ᠠ ᠶᠢ ᠰᠠᠨᠠᠵᠤ ᠶᠠᠪᠣᠬᠤ ᠭᠡᠳᠡᠭ᠌ ᠠᠵᠠ

ᠰᠠᠯᠠᠭ᠎ᠠ ᠵᠠᠮ ᠲᠡᠶ ᠣᠷᠴᠢᠯᠠᠩ ᠳᠤ ᠰᠠᠨᠠᠭᠠᠨ ᠳᠤ ᠦᠭᠡᠶ

ᠣᠴᠠᠷᠠᠭᠰᠠᠨ ᠮᠢᠨᠢ ᠠᠵᠠ

ᠥᠯᠦᠭᠡᠢ ᠲᠡᠶ ᠦᠷ᠎ᠡ ᠪᠠᠨ ᠬᠠᠷᠠᠭᠠᠤᠨ

ᠡᠭᠡ ᠶᠢᠨ ᠭᠦᠭᠦ ᠢᠪᠢᠯᠭᠦ ᠰᠢᠭ᠌ ᠴᠢᠮ᠎ᠠ ᠶᠢ ᠪᠢ ᠬᠠᠢ᠌ᠷᠠᠯᠠᠭᠰᠠᠨ

ᠦᠴᠤᠨᠠᠨ ᠵᠢᠯ ᠶᠢᠡᠷ ᠰᠠᠨᠠᠭᠠᠤᠨ

ᠡᠵᠢ ᠶᠢᠨ ᠶᠢᠡᠨ ᠴᠢᠷᠠᠢ ᠬᠠᠷᠠᠬᠤ ᠰᠢᠭ ᠳᠡᠭᠡᠵᠤ ᠪᠢ ᠳᠤᠭᠳᠤᠯᠤᠭᠰᠠᠨ

ᠠᠭᠤᠯᠠᠰ ᠠᠭᠤᠯᠠᠰ ᠢ ᠳᠠᠪᠠᠭᠠᠤᠨ

ᠣᠷᠢᠨ ᠤ ᠰᠢᠪᠠᠭᠤ ᠰᠢᠭ ᠪᠣᠴᠠᠵᠤ ᠪᠢ ᠢᠷᠡᠭ᠍ᠰᠡᠨ

ᠣᠴᠠᠷᠠᠯ ᠪᠠᠶᠠᠷ ᠬᠤᠤᠰᠯᠠᠭᠠᠤᠨ

ᠵᠠᠯᠠᠭᠤ ᠨᠠᠰᠤᠨ ᠳᠠᠭᠠᠨ ᠡᠷᠭᠢᠵᠤ ᠪᠢ ᠢᠷᠡᠭ᠍ᠰᠡᠨ

ᠥᠩᠭᠡ ᠶᠢᠨ ᠴᠡᠴᠡᠭ᠌᠂ ᠲ᠋ᠡᠭ᠍ᠷᠢ ᠶᠢᠨ ᠰᠠᠷᠠᠨ

ᠥᠭᠦᠯᠡᠵᠤ ᠴᠢᠮ᠎ᠠ ᠲᠡᠶ ᠠᠳᠠᠯᠢᠤᠠᠬᠠᠬᠤ ᠶᠠᠭᠤᠮ᠎ᠠ ᠦᠭᠡᠶ

ᠦᠪᠡᠷ ᠢ ᠴᠢᠨᠢ ᠵᠥᠪᠭᠡᠨ ᠦᠪᠡᠷ ᠲᠡᠶ ᠴᠢᠨᠢ ᠯᠠ ᠵᠣᠢ᠌ᠷᠯᠠᠮ᠎ᠠ

ᠦᠷᠦ ᠵᠢᠷᠦᠭᠡᠨ ᠳᠡᠭᠡᠨ ᠪᠣᠯ ᠭᠦᠤ ᠰᠢᠭ᠌ ᠶᠢᠡᠨ ᠬᠠᠢ᠌ᠷᠠᠯᠠᠮ᠎ᠠ

ᠨᠠᠢ᠌ᠷᠠᠭ ᠤᠨ ᠳᠡᠭ᠍ᠷᠢ ᠶᠠᠩᠵᠢᠠᠯᡁᠮᠤ

ᠳᠡᠷᠭᠡᠳᠡ ᠪᠠᠢ᠌ᠭᠰᠠᠨ ᠢ ᠮᠡᠳᠡᠭᠦ ᠦᠭᠡᠶ

ᠨᠠᠷᠠᠳᠤ ᠶᠢᠨ ᠪᠣᠭᠤᠷᠤᠯ ᠳᠤᠭᠤᠰᠤᠨ ᠳᠤ

ᠳᠡᠩᠳᠡᠭᠦᠤ ᠴᠤ ᠳᠠᠷᠤᠭᠰᠠᠵᠤ ᠶᠠᠪᠣᠵᠤ ᠳ᠋ᠠ

ᠣᠷᠢ ᠵᠠᠯᠠᠭᠤ ᠶᠢᠨ ᠬᠠᠢ᠌ᠷ᠎ᠠ ᠣᠶᠠᠩᠭ᠋᠎ᠠ ᠳᠦᠷᠦᠭᠦ ᠶᠢ ᠮᠡᠳᠡᠷᠡᠭᠦ ᠦᠭᠡᠶ

ᠣᠩᠭ᠋ᠤᠳ ᠤᠨ ᠮᠥᠩᠭᠦᠨ ᠭᠦᠯᠦᠭ᠌ ᠶᠢᠡᠨ

ᠬᠤᠷᠣᠢ᠌ᠯᠠᠵᠤ ᠳᠠᠭᠤᠳᠠᠯ ᠦᠭᠡᠶ ᠣᠳᠠᠵᠤ ᠳ᠋ᠠ

ᠬᠤᠵᠢᠭᠤ ᠴᠤ ᠭᠡᠰᠡᠨ ᠳᠤᠷᠠᠯᠠᠯ ᠮᠡᠳᠡᠷᠡᠭᠦ ᠰᠠᠢ᠌ᠬᠠᠨ ᠳ᠋ᠠ

ᠬᠤᠶᠠᠷ ᠵᠠᠶᠠᠭᠠᠬᠤ ᠦᠭᠡᠶ ᠴᠢᠮ᠎ᠠ ᠶᠢ ᠪᠠᠨ ᠳᠤᠷᠠᠰᠴᠤ

ᠶᠠᠪᠣᠬᠤ ᠴᠤ ᠰᠠᠢ᠌ᠬᠠᠨ ᠶᠤᠮ

ᠳᠦᠷᠪᠡ ᠳᠠᠷᠤᠭᠰᠠᠨ ᠠᠳᠠᠨ ᠤ ᠳᠡᠩᠭᠡᠭᠡᠳᠤ ᠵᠤ᠋ ᠬᠦᠳᠦᠰᠭᠢᠯᠭᠡᠭ᠍ᠰᠡᠨ

ᠶᠠᠭᠠᠭᠢᠭᠰᠠᠨ ᠭᠦᠡᠳᠤ ᠠᠴᠢᠶ᠎ᠠ ᠪᠣᠢ

ᠳᠦᠴᠢ ᠰᠢᠭᠦᠷᠡᠭ᠍ᠰᠡᠨ ᠡᠷ᠎ᠡ ᠶᠢᠨ ᠭᠡᠷᠰᠡᠤ ᠵᠢᠷᠦᠭᠡ ᠡᠦᠶᠡᠰᠭᠢᠯᠭᠡᠭ᠍ᠰᠡᠨ

ᠶᠠᠭᠠᠭᠢᠭᠰᠠᠨ ᠶᠡᠭᠡ ᠬᠠᠢ᠌ᠷ᠎ᠠ ᠪᠣᠢ


ᠵᠡᠭᠦᠳᠤᠨ ᠪᠣᠳᠤᠯ


ᠪᠠ᠊·ᠶᠠᠪᠣᠬᠤᠯᠠᠩ


ᠡᠭᠦᠯᠡᠨ ᠴᠢᠯᠦᠭᠡᠨ ᠤ ᠨᠠᠷᠠ ᠰᠢᠭ

ᠵᠠᠯᠠᠭᠤ ᠵᠠᠩᠳᠠᠨ ᠦᠶ᠎ᠡ ᠪᠠᠨ

ᠡᠪᠦᠭᠡᠨ ᠪᠣᠭᠤᠷᠤᠯ ᠨᠠᠰᠤᠳᠠᠨ ᠨᠤᠭᠤᠳ

ᠳᠤᠷᠠᠰᠤᠨ ᠰᠠᠭᠤᠳᠠᠭ ᠨᠢ ᠣᠴᠢᠷᠳᠠᠢ ᠶᠤᠮ᠃

ᠦᠷ ᠰᠦᠨᠢ ᠪᠠᠷ ᠥᠵᠡᠭ᠍ᠳᠡᠭᠡᠤᠨ

ᠰᠠᠤᠠᠭᠢᠯ ᠳᠤ ᠥᠯᠡᠳᠡᠭ᠍ᠰᠡᠨ ᠵᠡᠭᠦᠳᠤ ᠰᠢᠭ᠌

ᠦᠵᠡᠵᠤ ᠥᠩᠭᠡᠷᠡᠭᠦᠯᠦᠭ᠍ᠰᠡᠨ ᠠᠮᠢᠳᠤᠷᠠᠯ

ᠭᠦᠮᠤᠨ ᠢ ᠣᠷᠭᠢᠭᠠᠤᠨ ᠶᠠᠪᠣᠴᠢᠬᠠᠬᠤ ᠶᠤᠮ᠃

ᠰᠦᠨᠢ ᠡᠳᠦᠷ ᠭᠡᠳᠡᠭ᠌

ᠣᠷᠢᠳᠠ ᠬᠣᠢ᠌ᠨ᠎ᠠ ᠪᠠᠨ ᠥᠷᠢᠰᠦᠯᠳᠦᠭᠡᠤᠨ

ᠰᠣᠢ᠌ᠯᠭ᠎ᠠ ᠨᠢ ᠳᠠᠭᠠᠷᠠᠭᠰᠠᠨ ᠮᠤᠷᠢ ᠰᠢᠭ

ᠠᠮᠠ ᠪᠠᠨ ᠠᠪᠤᠨ ᠠᠷᠢᠯᠬᠤ ᠶᠤᠮ᠃

ᠨᠠᠮᠤᠷ ᠤᠨ ᠣᠭᠳᠠᠷᠭᠤᠢ ᠳᠤ ᠵᠡᠯᠡᠯᠡᠭ᠍ᠰᠡᠨ

ᠨᠡᠭᠦᠳᠡᠯ ᠤᠨ ᠳᠤᠭᠤᠷᠤᠤ ᠶᠢᠨ ᠴᠤᠪᠣᠭ᠎ᠠ ᠰᠢᠭ

ᠨᠠᠷᠠᠳᠤ ᠶ‍ᠢᠷᠳᠢᠠᠴᠤ ᠶᠢᠨ ᠠᠮᠢᠳᠤᠷᠠᠯ

ᠰᠦᠮᠠᠨ ᠰᠦᠮᠠᠨ ᠥᠩᠭᠡᠷᠡᠭᠦ ᠶᠤᠮ᠃


ᠬᠠᠨᠢ


ᠱ·ᠭᠦᠷᠦᠪᠠᠽᠡᠷ


ᠵᠢᠷᠭᠠᠯᠳᠠᠢ ᠬᠠᠨᠢ ᠶᠢᠨ ᠶᠢᠡᠨ ᠳᠡᠷᠭᠡᠳᠡ ᠡᠴᠡ

ᠰᠠᠷ᠎ᠠ ᠬᠤᠭᠤᠰ ᠬᠤᠯᠠᠳᠬᠤ ᠳᠤ

ᠵᠢᠪᠠᠷᠳᠠᠢ ᠦᠳᠡᠰᠢ ᠶᠢᠨ ᠰᠡᠷᠴᠢᠨᠡᠭᠡᠨ ᠳᠤ

ᠡᠪᠦᠷ ᠢ ᠨᠢ ᠭᠦᠷᠳᠡᠯ᠎ᠡ ᠰᠠᠨᠠᠬᠤ ᠶᠤᠮ

ᠳᠤᠷᠠᠯᠠᠵᠤ ᠳᠤᠭᠳᠤᠯᠤᠭᠰᠠᠨ ᠳᠠᠷᠠ ᠵᠢᠯ ᠤᠨ

ᠳᠤᠳᠠᠭᠤ ᠨᠣᠢ᠌ᠷ ᠲᠡᠶ ᠣᠯᠠᠨ ᠰᠦᠨᠢ ᠪᠠᠷ ᠪᠣᠯ

ᠢᠨᠢᠶᠡᠭᠦ ᠳᠤ ᠨᠢ ᠰᠤᠷᠮᠤᠤᠰᠤ ᠨᠢ

ᠪᠣᠳᠠᠷᠠᠳᠠᠭ ᠬᠠᠷᠠᠴᠠ ᠪᠠᠷ ᠨᠢ ᠯᠠ ᠴᠢᠮ᠎ᠠ ᠶᠢ ᠪᠠᠨ

ᠢᠯᠡᠭᠦᠤ ᠴᠤ ᠶᠡᠭᠡ ᠮᠥᠷᠦᠭᠡᠳᠳᠡᠭ᠌ ᠪᠠᠢ᠌ᠭᠰᠠᠨ ᠪᠠᠢ᠌ᠯᠭᠦᠢ ᠳ᠋ᠠ

ᠵᠢᠰᠤ ᠠᠭᠠᠰᠢ ᠬᠤᠶᠠᠷ ᠢ ᠨᠢ ᠵᠡᠭᠦᠳᠦᠯᠡᠵᠤ ᠳᠤᠭᠳᠤᠯᠤᠭ᠎ᠠ

ᠦᠭᠡᠶ ᠴᠤ ᠭᠡᠰᠡᠨ

ᠵᠥᠭᠡᠷ ᠵᠢᠷ ᠤᠨ

ᠲᠤᠬᠢᠶᠠᠯᠳᠤᠯ ᠰᠠᠤᠠᠭᠢᠯ ᠤᠨ ᠳᠠᠮ ᠶᠢᠡᠷ ᠴᠢᠨᠢ ᠥᠨᠦᠴᠢᠷᠡᠭᠦ ᠶᠤᠮ

ᠦᠭᠡᠶ ᠳᠤᠳᠠᠭᠤ ᠪᠠᠨ ᠶᠠᠷᠢᠯᠴᠠᠵᠤ

ᠦᠴᠢᠨᠠᠨ ᠵᠢᠯ ᠬᠠᠨᠢᠯᠠᠭᠰᠠᠨ ᠴᠢᠮ᠎ᠠ ᠶᠢ ᠪᠠᠨ

ᠦᠨᠦᠰᠤᠶ᠎ᠠ ᠭᠡᠵᠤ ᠪᠣᠳᠤᠭ᠎ᠠ ᠦᠭᠡᠶ ᠴᠤ

ᠰᠠᠨᠠᠭᠠᠤᠨ ᠯᠠ ᠪᠠᠢ᠌ᠬᠤ ᠶᠤᠮ ᠡ᠃


ᠴᠢᠮ᠎ᠠ ᠣᠷᠤᠭᠤ ᠪᠢ ᠶᠠᠪᠣᠵᠤ ᠪᠠᠢ᠌ᠨ᠎ᠠ


ᠭᠡ᠊·ᠮᠡᠡᠳᠦᠡᠦᠶᠠᠭ᠎ᠠ


ᠣᠨ ᠰᠠᠷ᠎ᠠ ᠶᠢ ᠳᠤᠭᠤᠯᠤᠨ᠂ ᠨᠠᠷᠠ ᠰᠠᠷᠠ ᠶᠢ ᠳᠠᠭᠠᠭᠤᠯᠤᠭᠠᠤᠨ

ᠣᠠᠴᠠ ᠮᠡᠷᠭᠡᠨ ᠡᠪᠦᠭᠡᠤᠨ ᠪᠠᠷᠳᠠᠭᠠᠳᠤ ᠵᠠᠮ ᠢ ᠰᠥᠯᠵᠢᠭᠡᠤᠨ

ᠣᠯᠠᠨ ᠣᠯᠠᠨ ᠠᠭᠤᠯᠠ ᠳᠤᠯᠤᠭᠠᠤᠨ᠂ ᠲ᠋ᠠᠪᠠᠭ᠎ᠠ ᠭᠦᠪᠠᠭᠡ ᠶᠢ ᠭᠡᠵᠢᠭᠡᠤᠨ

ᠭᠡᠳᠤᠨ ᠵᠠᠭᠤᠨ ᠭᠤᠤᠯ ᠮᠦᠷᠠᠨ ᠢ ᠭᠦᠡᠳᠡᠯᠡᠨ ᠭᠠᠳᠤᠯᠤᠭᠰᠠᠭᠠᠷ

ᠭᠡᠵᠢᠶ᠎ᠡ ᠣᠴᠠᠷᠠᠬᠤ ᠪᠠᠨ ᠳᠠᠭᠠᠵᠤ ᠡᠰᠡ ᠮᠠᠳᠠᠪᠠᠴᠤ

ᠭᠡᠯᠡᠭᠦ ᠥᠭᠡ ᠪᠠᠨ ᠭᠡᠯᠭᠢᠨ ᠪᠣᠳᠤᠭᠰᠠᠭᠠᠷ

ᠴᠢᠮ᠎ᠠ ᠣᠷᠤᠭᠤ ᠪᠢ ᠶᠠᠪᠣᠵᠤ ᠪᠠᠢ᠌ᠨ᠎ᠠ᠃

ᠶᠠᠪᠣᠳᠠᠯ ᠵᠠᠮ ᠳᠤ ᠮᠦᠰᠤ ᠪᠠᠷ ᠰᠢᠭᠤᠷᠴᠤ ᠭᠠᠯ ᠶᠢᠡᠷ ᠳᠤᠷᠭᠢᠪᠠᠴᠤ

ᠶᠠᠪᠠᠭᠠᠨ ᠭᠡᠯᠡ᠂ ᠬᠦᠪ ᠥᠭᠡ ᠶᠢᠨ ᠮᠠᠨᠠᠨ ᠲ᠋ᠠᠳᠠᠪᠠᠴᠤ

ᠢᠯᠳᠠᠮ ᠳᠤᠩᠭ᠋ᠠᠯᠠᠭ ᠪᠣᠳᠤᠯ ᠶᠢᠡᠨ ᠳᠤᠯᠪᠣ ᠳᠤᠷᠳᠤᠭ ᠡᠴᠡ ᠬᠠᠷᠠᠮᠨᠠᠨ

ᠴᠢᠩ ᠵᠢᠷᠦᠭᠡᠨ ᠤ ᠪᠠᠨ ᠬᠠᠢ᠌ᠷ᠎ᠠ ᠪᠠᠷ ᠵᠠᠩᠭᠢᠯᠠᠭ᠎ᠠ ᠪᠦᠭᠦᠨ ᠢ ᠳᠠᠢ᠌ᠯᠵᠤ

ᠴᠢᠭᠢᠭ᠌ ᠳᠠᠭᠠᠭᠠᠭᠰᠠᠨ ᠭᠦᠢᠳᠡᠨ ᠰᠠᠯᠭᠢᠨ ᠳᠤ ᠰᠢᠯᠪᠢᠭᠦᠷᠳᠡᠭᠦᠯᠦᠭ᠍ᠰᠡᠭᠡᠷ

ᠴᠢᠭᠯᠡᠭ᠍ᠰᠡᠨ ᠵᠥᠭ᠌ ᠶᠢᠡᠨ ᠴᠢᠩᠭ᠋᠎ᠠ ᠪᠠᠷᠢᠵᠤ

ᠴᠢᠮ᠎ᠠ ᠣᠷᠤᠭᠤ ᠪᠢ ᠶᠠᠪᠣᠵᠤ ᠪᠠᠢ᠌ᠨ᠎ᠠ᠃

ᠨᠠᠮᠤᠷ ᠤᠨ ᠭᠤᠨᠢᠭ᠂ ᠬᠠᠪᠣᠷ ᠤᠨ ᠰᠠᠷᠠᠯ ᠢ ᠬᠠᠮᠳᠤ ᠳ᠋ᠤᠨᠢ ᠳᠡᠭᠡᠭᠡᠵᠤ

ᠨᠠᠰᠤᠨ ᠤ ᠭᠠᠯ ᠢ ᠨᠠᠷᠠᠨ ᠤ ᠢᠯᠴᠢ ᠲᠡᠶ ᠴᠤᠭ ᠳᠤᠨᠢ ᠠᠳᠬᠤᠵᠤ

ᠨᠠᠪᠴᠢ ᠲ᠋ᠠᠢ ᠴᠤᠭ ᠨᠠᠪᠴᠢᠯᠠᠵᠤ᠂ ᠭᠠᠩᠳᠠᠬᠤ ᠳ᠋ᠤᠨᠢ ᠬᠠᠮᠳᠤ ᠭᠠᠩᠳᠠᠵᠤ

ᠴᠡᠴᠡᠭ᠌ ᠵᠢᠮᠢᠰ ᠲᠡᠶ ᠴᠡᠩᠭᠡᠯᠳᠦᠭᠦ ᠭᠦᠷᠢᠶᠡᠯᠡᠩ ᠳᠤᠮᠳᠠᠭᠤᠷ

ᠴᠡᠩᠭᠡᠯ ᠠᠮᠢᠯᠠᠬᠤ ᠬᠤᠠᠳᠠᠭ᠎ᠠ ᠲᠡᠶ ᠮᠤᠳᠤᠷ ᠤᠨ ᠳᠡᠷᠭᠡᠳᠡᠭᠦᠷ

ᠴᠠᠭᠢᠯᠵᠤ ᠭᠦᠷᠭᠦ ᠭᠦᠰᠡᠯᠡᠩ ᠳᠡᠭᠡᠨ ᠭᠦᠳᠦᠯᠦᠭ᠍ᠳᠡᠭ᠍ᠰᠡᠭᠡᠷ

ᠴᠢᠮ᠎ᠠ ᠣᠷᠤᠭᠤ ᠪᠢ ᠶᠠᠪᠣᠵᠤ ᠪᠠᠢ᠌ᠨ᠎ᠠ᠃

ᠠᠶᠠᠨ ᠳᠤᠷᠰᠢ ᠶᠢᠨ ᠬᠠᠮᠤᠭ ᠤᠨ ᠭᠡᠭᠡ ᠲᠡᠶ ᠪᠣᠳᠤᠯ ᠶᠢᠡᠨ

ᠠᠮᠢᠳᠤᠷᠠᠯ ᠤᠨ ᠶᠢᠡᠨ ᠪᠣᠷᠠᠮ ᠮᠠᠳᠤ ᠠᠮᠳᠠᠳᠤ ᠮᠦᠴᠡ ᠳᠡᠭᠡᠨ

ᠠᠮᠢᠨ ᠬᠤᠪᠢᠨ ᠤ ᠪᠠᠨ ᠠᠯᠢᠪᠠ ᠨᠢᠭᠤᠴᠠ ᠳᠠᠯᠳᠠ ᠪᠦᠭᠦᠨ ᠶᠢᠡᠨ

ᠣᠶᠤᠨ ᠤ ᠪᠠᠨ ᠰᠠᠩ ᠳᠤ ᠡᠷᠭᠡᠯᠡᠨ ᠡᠷᠭᠡᠯᠡᠨ ᠭᠡᠯᠡᠭᠦ ᠳᠡᠭᠡᠨ

ᠣᠨ ᠴᠠᠭ ᠤᠨ ᠡᠴᠦᠰ ᠳᠡᠭᠦᠰᠭᠡᠯ ᠦᠭᠡᠶ ᠳᠤᠮᠳᠠᠭᠤᠷ

ᠣᠷᠤᠨ ᠵᠠᠢ ᠶᠢᠨ ᠬᠠᠶᠠᠭ᠎ᠠ ᠭᠢᠵᠠᠭᠠᠷ ᠦᠭᠡᠶ ᠳᠤᠮᠳᠠᠭᠤᠷ

ᠴᠢᠮ᠎ᠠ ᠣᠷᠤᠭᠤ ᠪᠢ ᠶᠠᠪᠣᠵᠤ ᠪᠠᠢ᠌ᠨ᠎ᠠ᠃

ᠴᠢᠮᠭᠢ ᠴᠢᠮᠭᠢ ᠵᠡᠭᠦᠳᠤ ᠨᠣᠢ᠌ᠷ ᠶᠢᠡᠨ ᠬᠤᠭᠤᠰᠤᠯᠠᠨ

ᠴᠦᠷᠮᠡᠭᠢᠭᠦ ᠪᠦᠭᠦᠨ ᠤ ᠪᠠᠨ ᠳᠡᠭᠡᠵᠢ ᠨᠠᠢ᠌ᠷᠠᠭ ᠡᠴᠡ ᠰᠢᠮᠠᠯᠠᠨ

ᠴᠢᠨᠤᠭᠢ ᠪᠠᠨ ᠵᠢᠷᠦᠭᠡᠨ ᠳᠤ ᠦᠪᠡᠷ ᠤᠨ ᠶᠢᠡᠨ ᠴᠢᠪᠬᠠᠳᠠᠰᠤ ᠶᠢ ᠣᠯᠬᠤ ᠪᠠᠷ

ᠬᠠᠩᠭ᠋ᠠᠯ ᠦᠨᠳᠦᠷ ᠠᠭᠤᠯᠠᠰ ᠤᠨ ᠠᠩᠭ᠋ᠠᠯ ᠬᠠᠪᠴᠢᠭ ᠢ ᠥᠭ᠍ᠰᠤᠨ

ᠬᠠᠭᠢᠯ ᠶᠡᠭᠡ ᠪᠠᠷᠳᠠᠭ᠎ᠠ ᠲᠡᠶ ᠬᠠᠯᠢᠯ ᠵᠠᠮ ᠢ ᠮᠤᠰᠭᠢᠵᠤ

ᠬᠠᠢ᠌ᠷ᠎ᠠ ᠶᠢᠨ ᠣᠭᠢ ᠮᠥᠩᠭᠡ ᠶᠢᠨ ᠳᠠᠭᠤᠤ ᠪᠠᠨ ᠡᠷᠢᠭ᠍ᠰᠡᠭᠡᠷ

ᠴᠢᠮ᠎ᠠ ᠣᠷᠤᠭᠤ ᠯᠠ ᠪᠢ ᠶᠠᠪᠣᠵᠤ ᠪᠠᠢ᠌ᠨ᠎ᠠ᠃


ᠴᠢᠨᠤ ᠰᠠᠤᠠᠭᠢᠯ


ᠰ·ᠣᠶᠤᠨ


ᠣᠷᠴᠢᠯᠠᠩ ᠤᠨ ᠶ‍ᠢᠰᠤᠨ ᠵᠠᠭᠤᠨ ᠶᠠᠷᠠᠨ ᠶ‍ᠢᠰᠤᠨ ᠴᠡᠴᠡᠭ᠌

ᠴᠢᠨᠤ ᠰᠠᠤᠠᠭᠢᠯ ᠢ ᠳᠦᠯᠦᠭᠡᠯᠡᠵᠤ ᠦᠭᠡᠶ

ᠣᠳᠤᠨ ᠤ ᠲᠦᠮᠡ ᠪᠣᠮᠠᠨ ᠭᠢᠯᠪᠠᠭ᠎ᠠ

ᠴᠢᠨᠤ ᠰᠠᠤᠠᠭᠢᠯ ᠢ ᠣᠷᠤᠯᠠᠬᠤ ᠦᠭᠡᠶ᠃

ᠶᠠᠳᠤᠭ᠎ᠠ ᠶᠢᠨ ᠳᠤᠯᠤᠭᠠᠨ ᠭᠦᠭ᠌ ᠶᠢᠡᠷ

ᠰᠠᠤᠠᠭᠢᠯ ᠤᠨ ᠴᠢᠨᠢ ᠣᠶᠠᠩᠭ᠋᠎ᠠ ᠶᠢ ᠭᠠᠷᠭᠠᠵᠤ ᠴᠢᠳᠠᠬᠤ ᠦᠭᠡᠶ

ᠢᠯᠳᠠᠮᠬᠠᠨ ᠣᠬᠠᠭᠠᠯᠢᠭᠬᠠᠨ ᠬᠠᠷᠠᠴᠠ ᠶᠢ ᠴᠢᠨᠢ

ᠶᠠᠰᠢᠯ ᠤᠨ ᠮᠤᠳᠤᠨ ᠪᠢᠷ ᠤᠨ ᠳᠤᠷᠭᠠᠨ ᠥᠵᠦᠭᠦᠷ

ᠢᠯᠡᠷᠭᠡᠢ᠌ᠯᠡᠭᠦ ᠦᠭᠡᠶ

ᠬᠠᠷᠢᠨ ᠴᠢ ᠮᠢᠨᠢ ᠬᠠᠮᠤᠭ ᠤᠨ ᠡᠩ ᠤᠨ

ᠬᠠᠢ᠌ᠷ᠎ᠠ ᠪᠠᠳᠠᠷᠠᠭᠰᠠᠨ ᠬᠠᠷᠠᠴᠠ ᠲ᠋ᠠᠯᠳᠠ ᠶᠢᠨ ᠳᠠᠯᠳᠠ

ᠡᠭᠡᠰᠢᠭᠯᠡᠩᠳᠤ ᠰᠠᠤᠠᠭᠢᠯ ᠴᠢᠨᠢ

ᠳᠦᠪᠯᠡᠭᠦᠨ ᠴᠢᠷᠠᠢ ᠳᠤ ᠴᠢᠨᠢ ᠨᠢᠭᠤᠭᠳᠠᠨ᠎ᠠ᠃

ᠡᠢ᠌ᠮᠤ ᠰᠠᠤᠠᠭᠢᠯ ᠢ ᠭᠡᠨ ᠴᠤ ᠵᠢᠷᠤᠵᠤ ᠴᠢᠳᠠᠬᠤ ᠦᠭᠡᠶ᠃

ᠠᠮᠢᠳᠤᠷᠠᠯ ᠤᠨ ᠳᠤᠭᠤᠷᠢᠭ ᠲᠤ ᠭᠠᠭᠴᠠᠬᠠᠨ ᠳᠤᠩᠭ᠋ᠤᠳᠳᠠᠭ

ᠡᠷᠳᠡᠨᠢ ᠶᠢᠨ ᠰᠢᠪᠠᠭᠤ ᠴᠢ

ᠠᠶᠠᠯᠭᠤᠳᠤ ᠳᠠᠷᠠ ᠳᠠᠭᠤᠤ ᠶᠢ ᠰᠤᠨᠤᠰᠬᠤ ᠬᠤᠪᠢ ᠲᠡᠶ ᠭᠦᠮᠤᠨ

ᠡᠨᠡ ᠬᠤᠷᠸ᠎ᠡ ᠳᠤ ᠳᠦᠷᠦᠭ᠍ᠰᠡᠨ ᠪᠣᠯ ᠠᠵᠠ᠃

ᠳᠠᠷᠠ ᠳᠠᠭᠤᠤ ᠶᠢ ᠰᠤᠨᠤᠰᠬᠤ ᠭᠦᠰᠡᠯ ᠶᠡᠭᠡ

ᠳᠡᠭ᠍ᠷᠢ ᠳᠤ ᠪᠢᠰᠢ ᠠᠳᠠᠯ᠎ᠠ ᠴᠢ ᠳᠡᠩᠳᠡᠭᠦᠤ ᠠᠯᠤᠰ ᠲᠤ

ᠨᠠᠢ᠌ᠷᠠᠭ ᠤᠨ ᠳᠡᠭ᠍ᠷᠢ ᠮᠦᠵᠠᠢ ᠳᠤ ᠰᠥᠭᠦᠳᠤᠨ ᠮᠥᠷᠭᠦᠭᠦ ᠨᠢ

ᠨᠠᠳᠠᠳᠤ ᠳᠠᠷᠠ ᠳᠠᠭᠤᠤ ᠶᠢ ᠰᠤᠨᠤᠰᠬᠠᠬᠤ ᠬᠤᠪᠢ ᠬᠠᠢ᠌ᠷᠠᠯᠠ᠃


ᠪᠢᠳᠡᠭᠡᠢ ᠵᠢᠮᠠᠯᠠ


ᠰ·ᠣᠶᠤᠨ


ᠨᠠᠮᠤᠷ ᠤᠨ ᠡᠳᠦᠷ ᠰᠢᠭ᠌

ᠨᠠᠮᠠᠭᠤᠬᠠᠨ ᠬᠠᠷᠠᠴᠠ ᠴᠢᠨᠢ

ᠵᠢᠮᠡᠯᠡᠭᠡᠤᠨ ᠪᠠᠢ᠌ᠨᠠᠤ ᠳ᠋ᠠ ᠬᠤᠩᠭ᠋ᠤᠷ ᠮᠢᠨᠢ

ᠨᠠᠷᠭᠢᠶ᠎ᠠ ᠱᠤᠭ ᠶᠢᠡᠷ ᠨᠠᠭᠠᠳᠤᠭᠰᠠᠨ

ᠦᠶ᠎ᠡ ᠶᠢᠨ ᠬᠠᠷᠠᠴᠤᠤᠯ ᠡᠴᠡ

ᠬᠠᠷᠠᠮᠯᠠᠭᠠᠤᠨ ᠪᠠᠢ᠌ᠨᠠᠤ ᠳ᠋ᠠ ᠬᠤᠩᠭ᠋ᠤᠷ ᠮᠢᠨᠢ

ᠵᠥᠭ᠌ ᠦᠭᠡᠶ ᠶᠤᠮᠰᠢᠭ ᠭᠦᠭᠦᠷᠡᠵᠤ

ᠢᠨᠢᠶᠠᠵᠤ ᠨᠠᠭᠠᠳᠴᠤ ᠶᠠᠪᠣᠪᠠᠴᠤ

ᠵᠢᠷᠦᠭᠡ ᠰᠠᠤᠠᠭᠢᠯ ᠳᠤ ᠭᠠᠭᠴᠠ ᠴᠢ ᠰᠢᠤ

ᠬᠤᠩᠭ᠋ᠤᠷ ᠮᠢᠨᠢ

ᠡᠭᠦᠯᠡ ᠪᠦᠷᠭᠦᠢᠵᠤ ᠳᠡᠭ᠍ᠷᠢ ᠪᠦᠳᠣᠢ᠌ᠪᠠᠴᠤ

ᠥᠵᠡᠰᠭᠦᠯᠡᠩᠳᠤ ᠰᠠᠢ᠌ᠬᠠᠨ ᠨᠠᠷᠠ

ᠬᠤᠷᠸ᠎ᠠ ᠳᠤ ᠮᠥᠩᠭᠡ ᠰᠢᠤ ᠬᠤᠩᠭ᠋ᠤᠷ ᠮᠢᠨᠢ

ᠣᠢ᠌ᠮᠠᠵᠤ ᠱᠤᠤᠭᠢᠭᠰᠠᠨ ᠣᠯᠠᠨ ᠶᠢᠡᠨ ᠳᠤᠮᠳᠠ

ᠴᠢᠮ᠎ᠠ ᠶᠢ ᠮᠠᠷᠳᠠᠭᠰᠠᠨ ᠶᠤᠮᠰᠢᠭ ᠪᠠᠢ᠌ᠪᠠᠴᠤ

ᠦᠷᠦ ᠵᠢᠷᠦᠭᠡᠨ ᠳᠤ ᠨᠠᠷᠠ ᠰᠢᠭ ᠮᠥᠩᠭᠡ ᠰᠢᠤ

ᠬᠤᠩᠭ᠋ᠤᠷ ᠮᠢᠨᠢ


ᠴᠢᠮ᠎ᠠ ᠶᠢ ᠦᠨᠦᠰᠤᠶ᠎ᠠ


ᠰ·ᠣᠶᠤᠨ


ᠣᠬᠠᠭᠠᠨ ᠲᠡᠶ ᠰᠢᠤ ᠭᠡᠵᠤ

ᠳᠤᠬᠤᠨ ᠳᠡᠭᠡᠷ᠎ᠡ ᠴᠢᠨᠢ ᠦᠨᠦᠰᠤᠶ᠎ᠠ

ᠠᠭᠤᠯᠵᠠᠳᠠᠯ᠎ᠠ ᠪᠠᠨ ᠰᠠᠨᠠᠭᠠᠷᠠᠢ ᠭᠡᠵᠤ

ᠬᠠᠴᠠᠷ ᠳᠡᠭᠡᠷ᠎ᠡ ᠴᠢᠨᠢ ᠦᠨᠦᠰᠤᠶ᠎ᠠ

ᠬᠠᠢ᠌ᠷ᠎ᠠ ᠲᠡᠶ ᠰᠢᠤ ᠭᠡᠵᠤ

ᠣᠷᠤᠭᠤᠯ ᠳᠡᠭᠡᠷ᠎ᠡ ᠴᠢᠨᠢ ᠦᠨᠦᠰᠤᠶ᠎ᠠ

ᠬᠠᠷᠠᠵᠤ ᠬᠠᠨᠤᠰᠢ ᠦᠭᠡᠶ ᠡ ᠭᠡᠵᠤ

ᠨᠢᠳᠤᠨ ᠳᠡᠭᠡᠷ᠎ᠡ ᠴᠢᠨᠢ ᠦᠨᠦᠰᠤᠶ᠎ᠠ

ᠴᠢᠮ᠎ᠠ ᠶᠢ ᠦᠨᠦᠰᠤᠶ᠎ᠠ

ᠴᠠᠭᠯᠠᠰᠢ ᠦᠭᠡᠶ ᠬᠠᠢ᠌ᠷ᠎ᠠ ᠪᠠᠷ ᠦᠨᠦᠰᠤᠶ᠎ᠠ

ᠥᠭᠡᠷ᠎ᠡ ᠭᠦᠮᠤᠨ ᠳᠤ ᠥᠨᠦᠰᠭᠦ ᠭᠠᠵᠠᠷ

ᠥᠯᠡᠳᠡᠭᠡᠯ ᠦᠭᠡᠶ

ᠦᠨᠦᠰᠤᠶ᠎ᠠ ᠴᠢᠮ᠎ᠠ ᠶᠢ

ᠬᠠᠢ᠌ᠷᠠᠯᠠᠶ᠎ᠠ ᠴᠢᠮ᠎ᠠ ᠶᠢ︕


ᠡᠷ᠎ᠡ ᠭᠦᠮᠤᠨ ᠢ ᠪᠣᠤ ᠭᠤᠮᠤᠳᠠᠭ᠎ᠠ


ᠰ·ᠣᠶᠤᠨ


ᠳᠡᠭ᠍ᠷᠢᠯᠢᠭ᠌ ᠳᠦᠷᠦᠭ᠍ᠰᠡᠨ ᠡᠷ᠎ᠡ ᠭᠦᠮᠤᠨ ᠢ ᠭᠤᠮᠤᠳᠠᠭᠠᠵᠤ

ᠳᠡᠨᠡᠭ᠌ ᠥᠭᠡ ᠭᠡᠯᠡᠨ᠎ᠡ ᠭᠡᠳᠡᠭ᠌

ᠠᠪᠣᠷᠭᠤ ᠴᠠᠷᠠᠰᠤ ᠶᠢ ᠪᠣᠳᠠ ᠨᠢᠷᠭᠡᠭ᠍ᠰᠡᠨ

ᠠᠶᠤᠩᠭ᠋᠎ᠠ ᠴᠠᠭᠢᠯᠭᠠᠨ ᠡᠴᠡ ᠢᠯᠭᠠᠭ᠎ᠠ ᠶᠠᠭᠤᠨ

ᠡᠵᠡᠨ ᠵᠠᠶᠠᠭ᠎ᠠ ᠲᠡᠶ ᠡᠷ᠎ᠡ ᠭᠦᠮᠤᠨ ᠢ ᠭᠤᠮᠤᠳᠠᠭᠠᠵᠤ

ᠡᠩ ᠦᠭᠡᠶ ᠶᠡᠭᠡ ᠬᠠᠢ᠌ᠷ᠎ᠠ ᠶᠢ ᠨᠢ ᠡᠵᠡᠭᠦᠢᠴᠢᠯᠡᠵᠤ

ᠭᠡᠷᠪᠡ ᠪᠠᠢ᠌ᠭᠰᠠᠨ ᠪᠣᠯ

ᠠᠷᠪᠠᠨ ᠰᠠᠢ᠌ᠬᠠᠨ ᠵᠠᠶᠠᠭ᠎ᠠ ᠣᠷᠤᠭᠤ ᠪᠠᠨ

ᠠᠳᠬᠤ ᠰᠢᠷᠤᠢ ᠰᠠᠴᠤᠯᠠᠭᠰᠠᠨ ᠡᠴᠡ ᠢᠯᠭᠠᠭ᠎ᠠ ᠶᠠᠭᠤᠨ᠃


ᠵᠢᠩ ᠤᠨ ᠴᠤᠪᠣᠭ᠎ᠠ


ᠪᠠ᠊·ᠢᠳᠰᠢᠠᠬᠤᠷᠯᠤ


ᠵᠢᠩ ᠤᠨ ᠴᠤᠪᠣᠭ᠎ᠠ ᠭᠦᠪᠠᠭᠡ ᠳᠠᠪᠠᠭᠠᠤᠨ ᠳᠠᠯᠳᠠ ᠣᠷᠤᠯ᠎ᠠ

ᠵᠢᠷᠢᠮ ᠰᠦᠯᠵᠢᠵᠤ ᠰᠠᠭᠤᠭ᠎ᠠ ᠭᠦᠭ᠍ᠰᠢᠳ ᠤᠨ ᠨᠢᠳᠤ ᠨᠢᠯᠪᠣᠰᠤ ᠲᠡᠶ

ᠡᠭᠦᠯᠡᠰ ᠵᠠᠩᠭᠢᠷᠠᠭᠰᠠᠨ ᠨᠤᠳᠤᠭ ᠤᠨ ᠳᠡᠭ᠍ᠷᠢ ᠠᠭᠤᠷᠳᠠᠢ᠌ᠬᠠᠨ

ᠡᠭᠦᠷ ᠶᠢᠡᠨ ᠣᠷᠭᠢᠭᠠᠤᠨ ᠨᠢᠰᠦᠭ᠍ᠰᠡᠨ ᠳᠤᠭᠤᠷᠤᠤ ᠶᠢᠨ

ᠳᠡᠭ᠍ᠳᠡᠭᠡᠭᠡᠢ ᠣᠢ᠌ᠳᠠᠢ᠌ᠬᠠᠨ

ᠰᠥᠭᠦᠭᠡᠯ ᠭᠦᠭᠡ ᠮᠠᠨᠠᠨ ᠭᠤᠨᠢᠭ ᠳᠠᠭᠠᠭᠠᠯ ᠦᠭᠡᠶ ᠰᠠᠷᠨᠢᠵᠤ

ᠰᠢᠭᠦᠳᠡᠷᠢᠳᠤ ᠳᠠᠯ᠎ᠠ ᠶᠢᠨ ᠴᠢᠯᠠᠭᠤ ᠨᠢᠯᠪᠣᠰᠤ ᠳᠠᠭᠠᠭᠠᠯ ᠦᠭᠡᠶ

ᠪᠣᠳᠠᠷᠠᠪᠠ ᠡ

ᠨᠤᠮᠤᠬᠠᠨ ᠰᠡᠷᠴᠢᠭᠢᠨᠡᠭᠦ ᠨᠠᠮᠤᠷ ᠤᠨ ᠭᠤᠨᠢᠭ ᠨᠠᠮ᠎ᠠ ᠶᠢ

ᠣᠷᠢᠶᠠᠭᠰᠠᠭᠠᠷ

ᠨᠠᠢ᠌ᠳᠠᠭᠠᠨ ᠨᠢ ᠦᠭᠡᠶ ᠰᠠᠤᠠᠭᠢᠯ ᠳᠡᠭᠡᠨ ᠣᠢ᠌ᠤᠠᠬᠠᠷ

ᠳᠠᠪᠠᠷᠢᠨ ᠪᠦᠳᠦᠷᠢᠪᠡ ᠡ

ᠪᠣᠳᠤᠯ ᠥᠭᠡᠢ᠌ᠭᠡᠨ ᠬᠠᠢ᠌ᠷ᠎ᠠ ᠪᠠᠨ ᠬᠠᠷᠠᠮᠯᠠᠭᠠᠨ ᠨᠢ ᠦᠭᠡᠶ

ᠦᠭ‍ᠭᠦᠭ᠍ᠰᠡᠨ

ᠪᠣᠳᠤᠭᠤᠨ ᠨᠢᠳᠤᠳᠤ ᠰᠦᠨᠳᠠᠷᠢᠶ᠎ᠠ ᠭᠡᠷ ᠶᠢᠡᠨ ᠰᠠᠨᠠᠭᠠᠤᠨ

ᠶᠠᠪᠣᠴᠢᠬᠠᠪᠠ ᠡ

ᠰᠠᠯᠭᠢ ᠪᠦᠳᠦᠴᠢᠵᠤ᠂ ᠡᠭᠦᠯᠡᠰ ᠣᠷᠤᠭᠤᠳᠠᠭᠠᠤᠨ

ᠰᠠᠷᠨᠠᠢ ᠶᠢᠨ ᠳᠠᠯᠪᠢ ᠬᠤᠮᠭᠢᠴᠢᠬᠠᠪᠠ ᠡ

ᠪᠠᠭᠤᠭᠠᠤᠨ ᠮᠤᠷᠳᠠᠬᠤ ᠳᠠᠪᠢᠯᠠᠩ ᠢ ᠮᠢᠨᠢ ᠥᠷᠦᠪᠳᠡᠭᠡ ᠨᠢ ᠦᠭᠡᠶ

ᠰᠢᠷᠪᠠᠭ᠍ᠰᠡᠨ

ᠪᠣᠶᠠᠨ ᠳᠤ ᠴᠠᠳᠤᠭ᠎ᠠ ᠦᠭᠡᠶ ᠣᠷᠴᠢᠯᠠᠩ ᠢ ᠠᠷᠭᠠᠳᠠᠵᠤ ᠨᠢᠭᠡᠨ

ᠳᠠᠭᠤᠳᠠᠬᠤ ᠡᠴᠡ ᠳ᠋ᠠ

ᠰᠦᠮᠠᠢ᠌ᠨ ᠰᠦᠮᠠᠢ᠌ᠨ ᠠᠯᠤᠰᠯᠠᠭᠰᠠᠨ ᠵᠢᠩ ᠤᠨ ᠳᠠᠷᠠ ᠯᠠ

ᠴᠤᠪᠣᠭᠠᠨ ᠳᠤ

ᠰᠡᠭᠦᠳᠡᠭ᠌ ᠰᠡᠭᠦᠳᠡᠭ᠌ ᠪᠣᠴᠠᠭᠰᠠᠨ ᠭᠤᠨᠢᠭ ᠶᠢᠡᠨ ᠳᠠᠢ᠌ᠭᠠᠤᠨ

ᠶᠠᠪᠣᠭᠤᠯᠬᠤ ᠡᠴᠡ ᠳ᠋ᠠ


ᠬᠠᠢ᠌ᠷ᠎ᠠ ᠶᠢᠨ ᠳᠠᠪᠢᠯᠠᠩ


ᠱ·ᠲ᠋ᠤᠯᠮ᠎ᠠ


ᠭᠠᠩ ᠭᠢᠠᠵᠢ ᠶᠢ ᠳᠠᠰᠤᠯᠬᠤ

ᠴᠢᠭᠢᠷᠠᠭ ᠪᠣᠯᠴᠢᠩ ᠲᠡᠶ ᠳᠦᠷᠦᠭ᠍ᠰᠡᠨ

ᠭᠠᠢ᠌ᠬᠠᠮ᠎ᠠ ᠴᠢᠳᠠᠯ ᠳᠡᠭᠦᠰ

ᠴᠢᠩ ᠵᠤᠷᠢᠭᠳᠠᠢ ᠡᠷ᠎ᠡ

ᠬᠠᠢ᠌ᠷ᠎ᠠ ᠶᠢᠨ ᠳᠠᠪᠢᠯᠠᠩ ᠳᠤ ᠭᠦᠳᠦᠯᠦᠭ᠍ᠳᠡᠨ

ᠬᠤᠷᠸ᠎ᠠ ᠶᠢᠨ ᠵᠢᠮ᠎ᠠ ᠶᠢ ᠳᠠᠭᠠᠬᠤ ᠳᠤ ᠪᠠᠨ

ᠬᠠᠩᠬᠠᠭᠠᠷ ᠴᠡᠭᠡᠵᠢ ᠪᠠᠨ ᠪᠦᠭᠦᠢᠵᠤ

ᠣᠶᠠᠷᠠᠨ ᠰᠠᠭᠤᠬᠤ ᠣᠴᠢᠷ ᠲᠡᠶ᠃

ᠮᠢᠩᠭ᠋ᠠᠠᠳᠠ ᠰᠢᠷᠳᠠᠪᠠᠴᠤ ᠬᠠᠨᠤᠰᠢ ᠦᠭᠡᠶ

ᠥᠵᠡᠰᠭᠦᠯᠡᠩ ᠭᠤᠸ᠎ᠠ ᠳᠤ ᠪᠠᠨ ᠪᠢᠰᠢᠷᠡᠭᠦᠯᠦᠭ᠍ᠰᠡᠨ

ᠮᠢᠠᠳᠠᠰᠤᠨ ᠠᠳᠠᠯᠢ ᠳᠠᠩᠰᠤᠭ

ᠥᠩᠭᠡᠳᠤ ᠴᠤᠭᠴᠠᠰ ᠪᠦᠷᠢᠳᠦᠭ᠍ᠰᠡᠨ

ᠬᠠᠩᠭ᠋ᠠᠢ ᠶᠢᠨ ᠰᠤᠭᠤ ᠰᠢᠭ ᠳᠡᠷᠭᠡᠯ

ᠭᠤᠸᠠᠯᠢᠭ ᠳᠦᠷᠦᠭ᠍ᠰᠡᠨ ᠦᠬᠢᠨ ᠴᠤ

ᠬᠠᠢ᠌ᠷ᠎ᠠ ᠶᠢᠨ ᠳᠠᠪᠢᠯᠠᠩ ᠳᠤ ᠭᠦᠳᠦᠯᠦᠭ᠍ᠳᠡᠨ

ᠡᠪᠦᠳᠦᠭ᠌ ᠰᠥᠭᠦᠷᠡᠭᠦ ᠣᠴᠢᠷ ᠲᠡᠶ᠃


ᠬᠠᠢ᠌ᠷ᠎ᠠ


ᠷ·ᠴᠣᠢ᠌ᠨᠤᠮ


ᠳᠠ᠂ ᠮᠢᠨᠤ ᠬᠠᠢ᠌ᠷ᠎ᠠ ᠰᠠᠤᠠᠭᠢᠯ ᠡᠴᠡ

ᠳᠠᠳᠠᠭᠠᠯᠵᠠᠬᠤ ᠡᠷᠭᠡ ᠪᠠᠢ᠌ᠨ᠎ᠠ ᠦᠦ︖

ᠵᠣᠢ᠌ᠷᠯᠠᠰᠢ ᠦᠭᠡᠶ ᠡᠩᠭᠦᠷᠡᠢ᠌ᠯᠡᠯ ᠡᠴᠡ ᠵᠢᠭᠤᠳᠠᠬᠤ

ᠵᠢᠷᠦᠭᠡ ᠰᠠᠤᠠᠭᠢᠯ ᠭᠡᠵᠤ ᠪᠠᠢ᠌ᠳᠠᠭ ᠶᠤᠮ ᠦᠦ︖

ᠰᠢᠭᠤᠢ ᠶᠢᠨ ᠮᠤᠳᠤ᠂ ᠮᠤᠳᠤᠨ ᠡᠴᠡ ᠪᠠᠨ ᠵᠢᠭᠤᠳᠠᠳᠠᠭ ᠦᠭᠡᠶ ᠪᠠᠢ᠌ᠬᠤ ᠳᠤ

ᠰᠢᠪᠠᠭᠤ᠂ ᠰᠢᠪᠠᠭᠤᠨ ᠡᠴᠡ ᠪᠠᠨ ᠵᠢᠭᠤᠳᠠᠨ᠎ᠠ ᠭᠡᠵᠤ ᠦᠤ︖

ᠭᠦᠰᠡᠯ᠂ ᠭᠦᠰᠡᠯ ᠡᠴᠡ ᠪᠠᠨ ᠵᠢᠭᠤᠳᠠᠳᠠᠭ ᠦᠭᠡᠶ ᠪᠠᠢ᠌ᠬᠤ ᠳᠤ

ᠭᠦᠮᠤᠨ᠂ ᠭᠦᠮᠤᠨ ᠡᠴᠡ ᠪᠠᠨ ᠵᠢᠭᠤᠳᠠᠨ᠎ᠠ ᠭᠡᠵᠤ ᠦᠦ︖

ᠵᠢᠭᠤᠳᠠᠬᠤ ᠭᠡᠷᠡᠭ᠌ ᠦᠭᠡᠶ ᠪᠢᠳᠡᠭᠡᠢ ᠵᠢᠭᠤᠳᠠ︕

ᠵᠢᠭᠤᠳᠠᠭᠰᠠᠨ ᠡᠴᠡ ᠣᠭᠳᠤᠭᠰᠠᠨ ᠨᠢ ᠳᠡᠭᠡᠷ᠎ᠡ︕

ᠵᠢᠷᠤᠭ ᠢ ᠮᠢᠨᠢ ᠭᠠᠯ ᠳᠤ ᠭᠢᠯ᠎ᠠ ᠴᠤ ᠭᠡᠰᠡᠨ

ᠵᠢᠷᠤᠭ ᠶᠢᠡᠷ ᠣᠯᠠᠭᠠᠨ ᠲᠦᠯᠦ ᠨᠤᠭᠦᠳ

ᠬᠠᠢ᠌ᠷᠠᠳᠠᠢ ᠭᠡᠵᠤ ᠳᠦᠷᠡᠯᠵᠡᠨ᠎ᠠ᠃

ᠵᠠᠭᠤᠨ ᠭᠡᠰᠡᠭ᠌ ᠶᠢᠡᠷ ᠵᠠᠭᠢᠳᠠᠯ ᠢ ᠮᠢᠨᠢ ᠣᠷᠠᠭᠠᠤᠨ ᠬᠠᠶᠠᠯ᠎ᠠ ᠴᠤ ᠭᠡᠰᠡᠨ

ᠵᠠᠭᠤ ᠳᠠᠭᠢᠨ ᠪᠢ ᠬᠠᠢ᠌ᠷ᠎ᠠ ᠲᠡᠶ︕ ᠭᠡᠵᠤ ᠭᠠᠰᠠᠯᠤᠨ᠎ᠠ᠃

ᠭᠦᠮᠤᠨ ᠳᠤ᠂ ᠬᠠᠢ᠌ᠷ᠎ᠠ ᠪᠠᠨ ᠦᠭ‍ᠭᠦ ᠡᠴᠡ ᠢᠯᠡᠭᠦᠤ

ᠭᠦᠡᠳᠦᠳᠡᠢ ᠭᠠᠪᠢᠶ᠎ᠠ ᠭᠡᠵᠤ ᠪᠠᠢ᠌ᠬᠤ ᠦᠭᠡᠶ

ᠬᠠᠷ᠎ᠠ ᠨᠢᠳᠤᠨ ᠮᠢᠨᠢ ᠪᠢᠳᠡᠭᠡᠢ ᠡᠷᠡᠭᠡᠯᠵᠡ

ᠬᠠᠢ᠌ᠷ᠎ᠠ ᠶᠢ ᠬᠠᠢ᠌ᠷᠠᠯᠠᠬᠤ ᠭᠡᠷᠡᠭ᠍ᠳᠡᠢ ᠶᠤᠮ ᠰᠢᠤ︕


ᠥᠩᠭᠡᠷᠡᠭ᠍ᠰᠡᠨ ᠳᠤᠷᠠᠰᠤᠮᠵᠢ ᠪᠠᠨ ᠰᠢᠳᠠᠭᠠᠵᠤ ᠰᠠᠭᠤᠬᠤ ᠳ᠋ᠤ


ᠪᠠ᠊·ᠢᠳᠰᠢᠠᠬᠤᠷᠯᠤ


ᠡᠪᠦᠯ ᠤᠨ ᠣᠢ ᠳᠤ ᠳᠦᠳᠡᠭ᠌ ᠨᠤᠴᠤᠭᠠᠨ

ᠥᠩᠭᠡᠷᠡᠭ᠍ᠰᠡᠨ ᠳᠤᠷᠠᠰᠤᠮᠵᠢ ᠪᠠᠨ ᠰᠢᠳᠠᠭᠠᠵᠤ ᠰᠠᠭᠤᠬᠤ ᠳ᠋ᠤ

ᠬᠠᠴᠢᠨ ᠠᠩᠭᠢᠯᠤᠭᠤᠨ ᠴᠡᠩᠭᠡᠭ᠌ ᠰᠠᠨᠠᠭᠳᠠᠨ᠎ᠠ

ᠬᠠᠢ᠌ᠷ᠎ᠠ ᠴᠢᠨᠢ ᠡᠢ᠌ᠮᠤ ᠰᠠᠢ᠌ᠬᠠᠨ ᠪᠠᠢ᠌ᠭ᠎ᠠ ᠥᠭᠡᠢ

ᠥᠷᠪᠠᠯᠵᠢᠭ᠍ᠰᠡᠨ ᠲᠦᠯᠦ ᠣᠯᠠᠢ᠌ᠷᠠᠨ ᠳᠦᠷᠠᠯᠵᠢᠨᠠᠮ

ᠦᠨᠦᠰᠤᠯᠳᠠ ᠴᠢᠨᠢ ᠡᠢ᠌ᠮᠤ ᠰᠢᠨᠤᠮᠠᠭᠠᠢ ᠪᠠᠢ᠌ᠭ᠎ᠠ ᠥᠭᠡᠢ

ᠳᠠᠪᠴᠢᠶᠠᠷᠢᠳᠤ ᠨᠢᠯᠪᠣᠰᠤ ᠴᠡᠭᠡᠵᠢᠨ ᠳᠤ ᠵᠠᠩᠭᠢᠷᠠᠨᠠᠮ

ᠳᠠᠪᠠᠷᠢᠯᠳᠠ ᠴᠢᠨᠢ ᠡᠢ᠌ᠮᠤ ᠴᠢᠩᠭ᠋᠎ᠠ ᠪᠠᠢ᠌ᠭ᠎ᠠ ᠥᠭᠡᠢ

ᠳᠦᠳᠡᠭ᠌ ᠤᠨ ᠭᠠᠯ ᠳᠤ ᠳᠤᠤᠷᠠᠭᠨ ᠶᠢᠡᠨ ᠳᠤᠯᠠᠭᠠᠴᠠᠭᠠᠤᠨ

ᠳᠦᠭ᠍ᠰᠢᠭᠦᠷᠢ ᠪᠠᠨ ᠮᠠᠷᠳᠠᠨ ᠡᠷᠭᠢᠵᠤ ᠳᠤᠷᠠᠰᠬᠤ ᠳ᠋ᠤ

ᠦᠳᠡᠰᠢ ᠪᠠᠷ ᠴᠢᠨᠤ ᠠᠷᠭᠠᠳᠠᠵᠤ ᠭᠤᠶᠤᠭᠰᠠᠨ

ᠥᠭᠡ ᠴᠢᠨᠢ ᠴᠤ ᠡᠢ᠌ᠮᠤ ᠬᠠᠯᠠᠭᠤᠨ ᠪᠠᠢ᠌ᠭ᠎ᠠ ᠦᠭᠡᠶ᠃


ᠰᠠᠷᠬᠤᠤᠨ ᠰᠢᠭ ᠬᠠᠢ᠌ᠷ᠎ᠠ


ᠫᠠ᠊·ᠪᠠᠳᠠᠷᠴᠢ


ᠡᠭᠡᠮᠤᠨ ᠳᠡᠭᠡᠷ᠎ᠡ ᠪᠠᠨ ᠣᠷᠤᠰᠬᠤ ᠬᠠᠷᠠᠬᠠᠨ ᠦᠰᠦᠨ ᠳᠤ ᠴᠢᠨᠢ

ᠡᠭᠡᠭᠡ ᠯᠠ ᠵᠠᠪᠢ ᠰᠢᠭ ᠭᠦᠪᠪᠦᠭᠦ ᠣᠷᠤᠭᠤᠯ ᠮᠢᠨᠢ ᠡᠪᠯᠡᠵᠤ ᠶᠠᠳᠠᠨ

ᠥᠭᠡ ᠪᠠᠨ ᠣᠯᠬᠤ ᠦᠭᠡᠶ ᠵᠢᠷᠦᠭᠡ ᠮᠢᠨᠢ ᠵᠢᠷᠭᠠᠯ ᠳᠠᠭᠠᠨ ᠳᠠᠰᠢᠭᠤᠷᠠᠨ ᠳᠠᠮᠳᠠᠴᠢᠵᠤ

ᠦᠷ ᠤᠨ ᠳᠤᠶᠠᠭ᠎ᠠ ᠲᠡᠶ ᠵᠤᠯᠭᠠᠭᠰᠠᠨ ᠳᠠᠷᠠ ᠰᠦᠨᠢ ᠶᠢ ᠰᠠᠨᠠᠵᠤ ᠪᠠᠢ᠌ᠨ᠎ᠠ

ᠰᠠᠢ᠌ᠬᠠᠨ ᠦᠨᠦᠷ ᠴᠢᠨᠢ ᠶᠠᠭᠠᠨ ᠰᠠᠷᠠᠨ ᠤ ᠭᠢ ᠪᠠᠢ᠌ᠭᠰᠠᠨ

ᠰᠠᠨᠠᠭ᠎ᠠ ᠠᠯᠳᠠᠬᠤ ᠴᠢᠨᠢ ᠶᠠᠳᠤᠭᠠᠨ ᠤ ᠳᠤᠯᠤᠭᠠᠨ ᠡᠭᠡᠰᠢᠭ᠌ ᠪᠠᠢ᠌ᠭᠰᠠᠨ

ᠰᠠᠯᠤᠯᠳᠠ ᠵᠥᠩᠨᠡᠭᠦ ᠬᠠᠷ᠎ᠠ ᠨᠢᠳᠤ ᠴᠢᠨᠢ ᠨᠣᠢ᠌ᠳᠠᠨ ᠰᠤᠷᠮᠤᠤᠰᠤ ᠲᠡᠶ ᠪᠠᠢ᠌ᠭᠰᠠᠨ

ᠰᠠᠷᠬᠤᠤᠨ ᠰᠢᠭ ᠬᠠᠢ᠌ᠷ᠎ᠠ ᠳᠠᠭᠠᠨ ᠪᠢᠳᠠ ᠬᠤᠶᠠᠷ ᠱᠠᠯ ᠰᠤᠭᠳᠤᠵᠤ ᠪᠠᠢ᠌ᠭᠰᠠᠨ


ᠬᠠᠢ᠌ᠷ᠎ᠠ ᠶᠢᠨ ᠰᠠᠤᠠᠭᠢᠯ ᠮᠢᠨᠢ


ᠠ᠊·ᠰᠡᠮᠪᠠᠯᠭᠦᠡᠳᠦᠪ


ᠮᠥᠩᠭᠦᠨ ᠭᠦᠭᠡ ᠳᠡᠭ᠍ᠷᠢ ᠶᠢᠨ ᠡᠭᠦᠯᠡᠨ ᠭᠦᠰᠢᠭᠡ

ᠭᠦᠩᠭᠡᠨ ᠰᠠᠩᠰᠠᠨ ᠰᠢᠵᠢᠮ ᠶᠢᠡᠷ ᠳᠠᠳᠠᠭᠳᠠᠬᠤ ᠳᠤ

ᠰᠠᠷᠠᠨ ᠰᠢᠭᠢᠦᠡᠭᠡᠭᠡ ᠨᠢ ᠳᠤᠳᠤᠬᠠᠨ ᠭᠢᠯᠠᠯᠵᠠᠨ᠎ᠠ

ᠱᠢᠷᠤᠨ ᠣᠳᠤᠳ ᠨᠢ ᠰᠤᠨᠢᠬᠠᠨ ᠢᠷᠠᠯᠵᠠᠨ᠎ᠠ᠃

ᠣᠷᠢᠬᠠᠨ ᠰᠠᠯᠭᠢ ᠣᠷᠳᠤ ᠡᠴᠡ ᠰᠡᠩᠭᠢᠨᠡᠭᠦ ᠳᠤ

ᠣᠷᠭᠤᠮᠠᠯ ᠤᠨ ᠦᠨᠦᠷ ᠬᠠᠩᠬᠤᠯᠤᠭᠠᠤᠨ ᠰᠠᠢ᠌ᠬᠠᠨ ᠡ

ᠣᠴᠢᠷᠳᠠᠢ ᠥᠭᠡ ᠪᠠᠨ ᠭᠡᠯᠡᠶ᠎ᠡ ᠭᠡᠭᠦ ᠳᠤ

ᠣᠬᠠᠭᠠᠨ ᠰᠠᠨᠠᠭ᠎ᠠ ᠮᠢᠨᠢ ᠳᠤᠭᠳᠤᠯᠤᠭᠠᠤᠨ ᠭᠤᠷᠢ ᠦᠭᠡᠶ ᠨᠢ︕

ᠴᠠᠯᠭᠢᠯᠠᠵᠤ ᠪᠠᠢ᠌ᠭ᠎ᠠ ᠳᠠᠯᠠᠢ ᠶᠢᠨ ᠳᠠᠪᠠᠯᠭ᠎ᠠ ᠰᠢᠭ

ᠬᠠᠯᠭᠢᠯᠠᠵᠤ ᠪᠠᠢ᠌ᠭ᠎ᠠ ᠬᠠᠢ᠌ᠷ᠎ᠠ ᠶᠢᠨ ᠰᠠᠤᠠᠭᠢᠯ ᠮᠢᠨᠢ

ᠴᠠᠢ᠌ᠷᠳᠠᠢ ᠳᠤᠯᠢᠨ ᠳᠤ ᠬᠠᠷᠠᠭᠳᠠᠳᠠᠭ ᠰᠠᠨ ᠪᠣᠯ

ᠬᠠᠢ᠌ᠷᠠᠳᠠᠢ ᠴᠢᠮ᠎ᠠ ᠳᠠᠭᠠᠨ ᠥᠵᠡᠭᠦᠯᠭᠦ ᠶᠤᠮᠰᠠᠨ︕


ᠰᠠᠯᠭᠢ ᠭᠡᠦᠭᠡᠨ ᠬᠤᠶᠠᠷ


ᠴ·ᡀᠠᠮᠤᠰᠦ᠋ᠷᠤᠩ


ᠰᠠᠯᠭᠢᠨ ᠤ ᠣᠷᠤᠰᠬᠠᠯ ᠤᠨ ᠥᠩᠭᠡ ᠳᠦᠷᠰᠦ ᠨᠢ ᠬᠠᠷᠠᠭᠳᠠᠬᠤ ᠦᠭᠡᠶ ᠴᠤ

ᠰᠠᠪᠠᠭ᠎ᠠ ᠦᠭᠡᠶ ᠢᠯᠪᠢᠯᠳᠠ ᠪᠠᠷ ᠨᠢ ᠣᠷᠴᠢᠯᠠᠩ ᠳᠠᠶᠠᠭᠠᠷ ᠮᠠᠳᠠᠨ᠎ᠠ᠂

ᠰᠠᠢ᠌ᠬᠠᠨ ᠪᠦᠰᠡᠭᠦᠢ ᠶᠢᠨ ᠭᠦᠰᠡᠯ ᠮᠥᠷᠦᠭᠡᠳᠦᠯ ᠨᠢ ᠬᠠᠷᠠᠭᠳᠠᠬᠤ ᠦᠭᠡᠶ ᠴᠤ

ᠰᠠᠨᠠᠭᠠᠨ ᠤ ᠭᠢᠨᠢ ᠠᠷᠢᠭᠤᠨ ᠶᠢᠡᠷ ᠣᠯᠠᠨ ᠳᠠᠶᠠᠭᠠᠷ ᠳᠠᠨᠢᠨ᠎ᠠ᠃

ᠵᠠᠳᠠᠭᠠᠢ ᠰᠠᠯᠭᠢᠨ ᠤ ᠦᠯᠢᠶᠠᠯᠳᠠ ᠭᠡᠴᠢᠨᠡᠨ ᠣᠷᠢᠬᠠᠨ ᠴᠤ

ᠵᠠᠮ ᠵᠠᠭᠤᠷ᠎ᠠ ᠶᠢᠨ ᠣᠴᠠᠷᠠᠯ᠂ ᠴᠠᠭ ᠮᠦᠴᠡ ᠶᠢᠨ ᠲᠤᠬᠢᠶᠠᠯᠳᠤᠯ

ᠵᠠᠯᠠᠭᠤ ᠪᠦᠰᠡᠭᠦᠢ ᠶᠢᠨ ᠰᠠᠤᠠᠭᠢᠯ ᠭᠡᠴᠢᠨᠡᠨ ᠣᠷᠤᠭ᠎ᠠ ᠴᠤ

ᠵᠢᠷᠭᠠᠯ ᠵᠤᠪᠠᠯᠠᠩ ᠶᠢᠡᠨ ᠨᠠᠰᠤᠨ ᠳᠤᠷᠰᠢ ᠬᠤᠪᠢᠶᠠᠯᠴᠠᠨ᠎ᠠ᠃


ᠦᠶ᠎ᠡ ᠦᠶ᠎ᠡ ᠬᠤᠯᠠᠳᠠᠬᠤ ᠪᠠᠷ ᠶᠢᠡᠨ


ᠳ᠋·ᠣᠷᠢᠶᠠᠩᠬᠠᠢ


ᠥᠭᠦᠳᠡᠯ᠎ᠡ ᠪᠠᠨ ᠴᠢᠮ᠎ᠠ ᠶᠢ ᠰᠠᠨᠠᠬᠤ ᠶᠤᠮ ᠳ᠋ᠠ

ᠦᠷᠴᠢ᠌ᠵᠤ ᠪᠠᠭᠤᠭᠰᠠᠨ ᠵᠤᠪᠭᠢ ᠪᠠᠨ ᠳᠤᠯᠠᠢ᠌ᠳᠠᠯ᠎ᠠ

ᠥᠵᠦᠭᠦᠷᠳᠤ ᠵᠠᠮ ᠣᠷᠤᠭᠤ ᠰᠢᠷᠳᠡᠭᠦ ᠶᠤᠮ ᠳ᠋ᠠ

ᠡᠭᠦᠯᠡᠨ ᠪᠣᠭᠤᠷᠤᠯ ᠬᠤᠷᠸ᠎ᠠ ᠶᠢᠨ ᠬᠤᠨᠤᠭ ᠲᠤ

ᠦᠰᠦᠨ ᠪᠣᠭᠤᠷᠤᠯ ᠪᠣᠯᠤᠭᠰᠠᠨ ᠪᠠᠢ᠌ᠳᠠᠯ᠎ᠠ ᠪᠠᠨ

ᠦᠷ᠎ᠡ ᠠᠴᠢ ᠪᠠᠨ ᠥᠭᠡᠢ᠌ᠯᠡᠭᠦ ᠶᠢᠨ ᠣᠷᠤᠨ ᠳᠤ

ᠦᠷ ᠤᠨ ᠰᠦᠨᠢ ᠳᠤ ᠪᠠᠨ ᠵᠡᠭᠦᠳᠦᠯᠡᠭᠦ ᠯᠠ ᠶᠤᠮ ᠳ᠋ᠠ

ᠬᠠᠶᠠ ᠬᠠᠶᠠ ᠬᠤᠯᠠᠳᠬᠤ ᠪᠠᠷ ᠶᠢᠡᠨ

ᠬᠠᠪᠣᠷ ᠢ ᠭᠤᠯᠵᠠᠢ᠌ᠳᠠᠯ᠎ᠠ ᠪᠠᠨ ᠰᠠᠨᠠᠬᠤ ᠶᠤᠮ ᠳ᠋ᠠ

ᠬᠠᠳᠠᠨ ᠶᠠᠰᠤ ᠪᠠᠨ ᠮᠥᠭᠡᠷᠰᠤ ᠪᠣᠯᠳᠠᠯ᠎ᠠ

ᠬᠠᠢ᠌ᠷᠠᠯᠠᠬᠤ ᠰᠠᠤᠠᠭᠢᠯ ᠳᠤ ᠬᠠᠢ᠌ᠯᠬᠤ ᠶᠤᠮ ᠳ᠋ᠠ︕


ᠳᠤᠷᠠᠤᠠᠬᠠᠯ ᠤᠨ ᠰᠤᠨᠲ᠋


ᠳ᠋·ᠣᠷᠢᠶᠠᠩᠬᠠᠢ


ᠳᠡᠩᠳᠡᠭᠦᠤ ᠳᠡᠩᠳᠡᠭᠦᠤ ᠭᠡᠭᠦ ᠳᠤ ᠳᠠᠩᠴᠢ ᠳᠡᠩᠳᠡᠭᠦᠤ ᠳᠤᠩᠭ᠋ᠠᠯᠠᠭ

ᠳᠠᠪᠠᠯ ᠶᠢᠡᠨ ᠳᠠᠢ᠌ᠯᠤᠭᠠᠤᠨ ᠳᠠᠯᠠᠯᠵᠤ ᠭᠦᠶ‍ᠦᠮᠡᠷ ᠳᠤᠩᠭ᠋ᠠᠯᠠᠭ

ᠳᠠᠯᠳᠤ ᠮᠤᠷᠢᠨ ᠡᠴᠡ ᠪᠠᠨ ᠪᠠᠭᠤᠵᠤ ᠮᠦᠷᠤᠢ ᠳᠠᠯᠪᠢᠮᠠᠷ ᠳᠤᠩᠭ᠋ᠠᠯᠠᠭ

ᠳᠡᠩᠳᠡᠭᠦᠤ ᠳᠤᠩᠭ᠋ᠠᠯᠠᠭ ᠰᠠᠷᠠᠨ ᠤ ᠭᠡᠭᠡᠨ ᠳᠤ ᠴᠢᠮ᠎ᠠ ᠶᠢ ᠳᠠᠪᠠᠷᠢᠵᠤ ᠪᠢᠯᠠ

ᠠᠰᠬᠠᠷᠠᠭᠰᠠᠨ ᠭᠡᠵᠢᠭᠡᠨ ᠡᠴᠡ ᠴᠢᠨᠢ ᠠᠭᠢ ᠰᠠᠩᠭᠢᠨᠠᠵᠤ

ᠠᠩᠭ᠋ᠠᠷᠬᠠᠢ ᠣᠷᠤᠭᠤᠯ ᠡᠴᠡ ᠴᠢᠨᠢ ᠠᠭᠠᠷ ᠰᠠᠩᠭᠢᠨᠠᠵᠤ

ᠠᠩᠭᠢᠷ ᠴᠡᠭᠡᠵᠢ ᠶᠢ ᠴᠢᠨᠢ ᠨᠢᠴᠦᠭᠦᠯᠡᠭᠦ ᠳᠤ ᠭᠠᠯ ᠰᠢᠳᠠᠵᠤ

ᠠᠶᠤᠭᠰᠠᠨ ᠨᠢᠳᠤ ᠶᠢ ᠴᠢᠨᠢ ᠥᠨᠦᠰᠭᠦ ᠳᠤ ᠨᠢᠯᠪᠣᠰᠤ ᠠᠮᠳᠠᠯᠠᠭᠳᠠᠵᠤ ᠪᠢᠯᠠ

ᠬᠤᠷᠤᠬᠠᠢ ᠶᠢᠨ ᠮᠠᠭᠤ ᠳᠤ ᠴᠤ ᠬᠤᠷᠭᠤᠳᠠᠬᠤ ᠬᠤᠩᠬᠤᠷ ᠣᠯᠳᠠᠳᠠᠭ

ᠬᠤᠩᠭ᠋ᠤᠷ ᠰᠢᠷᠣᠢ᠌ᠳᠤ ᠳᠡᠯᠡᠭᠡᠢ ᠡᠷᠭᠢᠭ᠍ᠰᠡᠭᠡᠷ ᠴᠠᠭ ᠲᠤ

ᠪᠦᠳᠦᠭᠦ ᠶᠢᠨ ᠡᠭᠦᠳᠡ ᠲᠡᠶ ᠪᠦᠭᠦᠳᠡ ᠳᠤ ᠭᠡᠭᠡᠨ ᠱᠠᠩᠨᠠᠳᠠᠭ

ᠪᠦᠭᠡᠭᠡᠢ᠌ᠵᠤ ᠥᠵᠡᠭᠡ ᠦᠭᠡᠶ ᠨᠠᠷᠠᠨ ᠮᠠᠠᠳᠤᠭᠰᠠᠭᠠᠷ ᠴᠠᠭ ᠲᠤ

ᠡᠭᠡᠰᠢᠭ᠌ ᠰᠠᠳᠠᠷᠠᠭᠰᠠᠨ ᠬᠤᠨᠢᠨ ᠴᠠᠭᠠᠨ ᠰᠠᠷᠠᠨ ᠳᠤᠤᠷ᠎ᠠ

ᠡᠩᠭᠦᠷᠡᠢ ᠳᠤᠷᠠᠤᠠᠬᠠᠯ ᠤᠨ ᠳᠠᠭᠤᠤ ᠳᠤ ᠥᠭᠦᠯ ᠬᠠᠯᠳᠠᠬᠤ ᠦᠭᠡᠶ ᠨᠢ ᠯᠠᠪ︕


ᠰᠠᠨᠠᠮᠰᠠᠷ ᠦᠭᠡᠶ ᠣᠴᠠᠷᠠᠬᠤ ᠳᠤ


ᠯ·ᠬᠤᠤᠱᠠᠩ


ᠰᠠᠠᠴᠢᠭ ᠤᠨ ᠦᠰᠦ ᠰᠠᠯᠭᠢᠨ ᠳᠤ ᠰᠡᠷᠪᠠᠯᠵᠡᠭᠦ ᠠᠳᠠᠯᠢ

ᠰᠠᠨᠠᠭᠠᠨ ᠤ ᠣᠭ ᠲᠤ ᠥᠷᠭᠦᠯᠵᠢ ᠳᠤᠷᠤᠯᠵᠠᠨ ᠪᠠᠢ᠌ᠵᠤ

ᠮᠦᠴᠡ ᠶᠢᠨ ᠳᠠᠳᠤᠢ ᠠᠮᠤᠷ ᠵᠠᠶᠠᠭ᠎ᠠ ᠥᠵᠡᠭᠦᠯᠭᠦ ᠦᠭᠡᠶ

ᠮᠥᠷᠦᠭᠡᠳᠦᠯ ᠭᠦᠰᠡᠯ ᠢ ᠡᠵᠡᠮᠳᠡᠭ᠍ᠴᠢ ᠴᠢᠮᠠᠳᠠᠢ ᠪᠠᠨ

ᠭᠡᠨᠡᠳᠲᠡ ᠳᠤᠯᠭᠠᠷᠠᠵᠤ ᠬᠠᠷᠠᠴᠠᠨ ᠳᠤ ᠴᠢᠨᠢ ᠰᠥᠯᠪᠠᠭᠦᠯᠦᠭᠡᠤᠨ

ᠭᠡᠷᠡᠯ ᠳᠤ ᠴᠤᠭᠢᠭᠤᠯᠤᠭᠰᠠᠨ ᠰᠦᠨᠢ ᠶᠢᠨ ᠵᠡᠭᠡᠷ᠎ᠡ ᠰᠢᠭ᠌ ᠪᠠᠯᠮᠠᠭᠳᠠᠨ

ᠭᠠᠢ᠌ᠬᠠᠰᠢ ᠳᠠᠰᠤᠷᠠᠨ ᠠᠯᠮᠠᠢ᠌ᠷᠠᠵᠤ ᠵᠤᠭᠰᠤᠬᠤ ᠶᠢᠨ ᠴᠠᠭ ᠲᠤ

ᠭᠠᠵᠠᠷ ᠳᠡᠯᠡᠭᠡᠢ ᠳᠦᠰᠢᠭᠦ ᠳᠤᠯᠭᠠᠭᠤᠷᠢ ᠦᠭᠡᠶ ᠰᠠᠨᠠᠭᠳᠠᠨᠠᠮ᠃


ᠰᠠᠤᠠᠭᠢᠯ ᠲᠡᠶ ᠬᠤᠶᠠᠷ


ᠳ᠋·ᠫᠠᠷᠯᠠᠢ


ᠬᠠᠷ᠎ᠠ ᠮᠠᠩᠨᠤᠭ ᠮᠠᠳᠤ ᠣᠭᠳᠠᠷᠭᠤᠢ ᠳᠤ

ᠰᠤᠪᠣᠤᠨ ᠣᠳᠤᠨ ᠳᠦᠭᠡᠪᠡ

ᠬᠠᠷᠠᠵᠤ ᠭᠦᠷᠦᠮ᠎ᠡ ᠦᠭᠡᠶ ᠶᠡᠭᠡ ᠭᠦᠡᠳᠡᠢ ᠳᠤ

ᠪᠣᠯᠵᠤᠭᠠᠳᠤ ᠬᠤᠶᠠᠷ ᠠᠭᠤᠯᠵᠠᠪᠠ

ᠰᠠᠤᠠᠭᠢᠯ ᠲᠡᠶ ᠬᠤᠶᠠᠷ ᠤᠨ ᠳᠤᠯᠤᠭᠠᠢ ᠳᠡᠭᠡᠭᠦᠷ

ᠭᠡᠭᠡᠷ᠎ᠡ ᠶᠢᠨ ᠰᠠᠯᠭᠢ ᠱᠤᠤᠭᠢᠨ᠎ᠠ

ᠰᠡᠷᠭᠦᠯᠡᠩ ᠵᠤᠭᠠᠳᠠᠢ ᠶᠠᠷᠢᠶ᠎ᠠ ᠭᠦᠭᠡᠷᠦᠭᠡ

ᠮᠦᠴᠡ ᠳᠤᠳᠤᠮ ᠭᠦᠭ᠍ᠵᠢᠨ᠎ᠡ

ᠢᠷᠡᠯᠲᠡ᠄ ᠨᠠᠮᠵᠢᠯ ᠤᠨ ᠮᠥᠩᠭᠡᠪᠠᠶᠡᠷ ᠰᠠᠮᠪᠠᠷ᠎ᠠ ᠳᠤ ᠬᠠᠳᠠᠭᠰᠠᠨ ᠢ ᠰᠢᠯᠵᠢᠭᠦᠯᠤᠨ ᠭᠡᠷᠡᠭᠯᠡᠪᠡ
ᠬᠠᠷᠢᠶ᠎ᠠ᠄ ᠰᠢᠯᠦᠭ
ᠳᠠᠷᠤᠮ᠄ 37073
ᠴᠠᠭ᠄ 2008 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ