ᠰᠢᠨᠡᠭᠡᠨ ᠪᠠᠭᠤᠷᠢ

ᠭᠡᠷ ᠶᠢᠡᠨ ᠪᠠᠭᠤᠯᠭᠠᠭᠤᠯᠤᠭᠰᠠᠨ ᠳᠤᠭᠤᠰᠬᠠᠨ ᠣᠪᠣᠭ᠎ᠠ  

ᠨᠥᠭᠦᠪᠦᠷᠢ ᠶᠢ ᠨᠢ ᠬᠠᠷᠮᠠᠯᠠᠭᠰᠠᠨ ᠡᠵᠡᠨ ᠶᠢᠡᠨ ᠥᠭᠡᠢ᠌ᠯᠡᠪᠡ  

ᠳᠤᠭᠤᠨᠤ ᠪᠠᠨ ᠰᠠᠭᠢᠳᠠᠭ ᠶᠠᠩᠳᠤᠩ ᠤᠨ ᠣᠳᠤᠭᠠᠤᠨ  

ᠳᠤᠨᠢᠶᠠᠷ ᠲᠡᠶ ᠮᠠᠨᠠᠨ ᠡᠴᠠ ᠦᠨᠦᠷ ᠶᠢᠡᠨ ᠰᠤᠷᠠᠭᠯᠠᠪᠠ

  

ᠰᠢᠪᠠᠭ ᠶᠢᠡᠷ ᠳᠠᠷᠤᠭᠰᠠᠨ ᠬᠤᠳᠠᠨ ᠤ  

ᠰᠦᠷᠦᠭ᠌ ᠨᠢ ᠬᠠᠮᠢᠭ᠎ᠠ ᠪᠠᠯᠴᠢᠭᠡ ᠶᠤᠮ ᠪᠣᠯ︖     

ᠰᠤᠵᠢᠭ ᠶᠢᠠᠨ ᠳᠠᠭᠠᠭᠰᠠᠨ ᠮᠠᠯ ᠤᠨ ᠮᠦᠷ ᠤᠳ  

ᠰᠤᠷᠠᠭ ᠳᠤᠭᠤᠯᠴᠠᠨ ᠨᠤᠳᠤᠭ ᠡᠴᠠ ᠪᠠᠨ ᠨᠡᠭᠦᠪᠡ  

  

ᠪᠠᠯᠴᠢᠭᠡᠷ ᠳᠤᠤᠷᠯᠠᠭᠰᠠᠨ ᠭᠦᠷᠢᠶᠡᠨ ᠤ  

ᠣᠳᠠᠰᠤ ᠶᠢ ᠨᠢ ᠭᠡᠨ ᠳᠠᠰᠤᠯᠪᠠ ︖

ᠳᠡᠷᠭᠡ ᠲᠡᠶ ᠢᠷᠡᠭ᠍ᠰᠡᠨ ᠠᠩᠴᠢᠳ ᠤᠨ  

ᠭᠡᠵᠢᠶ᠎ᠡ ᠣᠷᠤᠭᠰᠠᠨ ᠢ ᠨᠢ ᠬᠠᠷᠠᠪᠠ︖

  

ᠭᠦᠮᠤᠨ᠂ ᠮᠠᠯ᠂ ᠪᠠᠯᠴᠢᠭᠡᠷ  

ᠡ᠊ᠨᠳᠡ ᠨᠤᠳᠤᠭ ᠥᠭᠡᠢ  

ᠬᠤᠳᠠ ᠪᠠᠯᠭᠠᠰᠤᠨ ᠤ ᠪᠠᠭᠤᠴᠠᠨ ᠳ᠋ᠤ  

ᠳᠦᠷᠢᠶᠠᠰᠤᠯᠠᠵᠤ ᠨᠡᠭᠦᠭᠡᠳ ᠢᠷᠡᠭᠡ ᠥᠭᠡᠢ  

  

       2011 . 4 . 23  

  

ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2581
ᠴᠠᠭ᠄ 2011 ᠤᠨ ᠤ 04 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ