ᠦᠭᠡ ᠶᠠᠷᠢᠬᠤ

ᠥᠭᠡ ᠶᠠᠷᠢᠬᠤ᠂ ᠭᠡᠯᠡᠭᠦ ᠳᠤ ᠶᠡᠭᠡ ᠲᠦᠯᠦᠪ ᠨᠠᠮ ᠳᠤᠤᠷ᠎ᠠ ᠳᠠᠭᠤ ᠪᠠᠷ ᠶᠠᠷᠢᠬᠤ᠂ ᠭᠡᠯᠡᠭᠦ ᠪᠣᠶᠤ ᠦᠨᠳᠦᠷ ᠳᠡᠭᠡᠷ᠎ᠡ ᠳᠠᠭᠤ ᠪᠠᠷ ᠭᠡᠯᠡᠭᠦ᠂ ᠶᠠᠷᠢᠬᠤ ᠭᠡᠵᠤ ᠬᠤᠶᠠᠷ ᠵᠣᠢ᠌ᠯ ᠪᠠᠢ᠌ᠳᠠᠭ᠃ ᠡᠨᠡ ᠬᠤᠶᠠᠷ ᠵᠣᠢ᠌ᠯ ᠨᠢ ᠣᠢ᠌ᠯᠠᠳᠤᠯ᠂ ᠣᠤᠠᠬ᠎ᠠ ᠪᠠᠷ ᠠᠰ ᠠᠰᠳᠠᠭᠠᠨ ᠪᠠᠢ᠌ᠳᠠᠭ᠃ ᠭᠦᠮᠤᠨ ᠳᠤ ᠦᠭ‍ᠭᠦ᠂ ᠣᠢ᠌ᠯᠭᠠᠭᠳᠠᠬᠤ ᠨᠥᠯᠦᠭᠡ ᠰᠠᠭᠤᠭᠳᠠᠯ ᠨᠢ ᠴᠤ ᠠᠰ ᠠᠰᠳᠠᠭᠠᠨ ᠪᠠᠢ᠌ᠳᠠᠭ᠃

ᠠᠳᠠᠯᠢᠬᠠᠨ ᠬᠤᠶᠠᠷ ᠮᠤᠩᠭ᠋ᠤᠯ ᠪᠠᠢ᠌ᠳᠠᠯ᠎ᠠ᠂ ᠦᠪᠣᠷ ᠮᠤᠩᠭ᠋ᠤᠯ ᠪᠣᠶᠤ ᠠᠷᠤ ᠮᠤᠩᠭ᠋ᠤᠯ ( ᠮᠤᠩᠭ᠋ᠤᠯ ᠣᠯᠤᠰ ) ᠊ᠤᠨ ᠮᠤᠩᠭ᠋ᠤᠯᠴᠤᠳ ᠤᠨ ᠥᠭᠡ ᠶᠠᠷᠢᠬᠤ ᠭᠡᠯᠡᠭᠦ ᠭᠡᠪ ᠪᠣᠯᠪᠠᠰᠤᠷᠠᠯ᠂ ᠶᠠᠩᠵᠤ ᠳᠦᠷᠢ ᠨᠢ ᠠᠳᠠᠯᠢ ᠦᠭᠡᠶ ᠪᠠᠢ᠌ᠳᠠᠭ᠃ ᠦᠰᠦᠳ ᠥᠭᠡᠷ᠎ᠡ ᠪᠠᠢ᠌ᠳᠠᠭ᠃

ᠦᠪᠣᠷ ᠮᠤᠩᠭ᠋ᠤᠯᠴᠤᠳ ᠶᠡᠭᠡᠩᠭᠢ ᠨᠢ ᠦᠨᠳᠦᠷ ᠳᠡᠭᠡᠷ᠎ᠡ ᠳᠠᠭᠤ ᠪᠠᠷ ᠣᠷᠢᠯᠠᠵᠤ ᠴᠢᠷᠯᠠᠨ ᠭᠡᠯᠡᠭᠦ᠂ ᠶᠠᠷᠢᠬᠤ ᠳᠤᠷᠠᠳᠠᠢ ᠪᠠᠢ᠌ᠳᠠᠭ᠃ ᠦᠨᠳᠦᠷ ᠳᠠᠭᠤ ᠪᠠᠷ ᠣᠷᠢᠯᠠᠵᠤ ᠴᠢᠷᠯᠠᠨ ᠭᠡᠯᠡᠵᠤ ᠶᠠᠷᠢᠭᠰᠠᠨ ᠥᠭᠡ ᠶᠢ ᠥᠭᠡᠨ ᠳᠤ ᠪᠣᠳᠤᠳᠠᠭ᠃ ᠠᠩᠬᠠᠷᠤᠯ ᠳᠠᠭᠠᠨ ᠠᠪᠳᠠᠭ᠂ 《ᠰᠤᠨᠤᠰᠴᠤ 》 《ᠭᠡᠷᠡᠭ᠍ᠵᠢᠭᠦᠯᠳᠡᠭ᠌》᠃ ᠨᠠᠮ ᠳᠤᠤᠷ᠎ᠠ ᠳᠠᠭᠤ ᠪᠠᠷ ᠭᠡᠯᠡᠵᠤ ᠶᠠᠷᠢᠭᠰᠠᠨ ᠥᠭᠡ ᠶᠢ 《ᠥᠭᠡᠨ》 ᠳ᠋ᠤ ᠪᠣᠳᠤᠳᠠᠭ ᠦᠭᠡᠶ᠃ ᠠᠩᠬᠠᠷᠤᠯ ᠳᠠᠭᠠᠨ ᠠᠪᠳᠠᠭ ᠦᠭᠡᠶ᠂ ᠣᠢ᠌ᠰᠢᠶᠠᠳᠠᠭ ᠴᠤ ᠦᠭᠡᠶ᠃

ᠠᠷᠤ ᠮᠤᠩᠭ᠋ᠤᠯ ( ᠮᠤᠩᠭ᠋ᠤᠯ ᠣᠯᠤᠰ ) ᠊ᠤᠨ ᠭᠦᠮᠦᠰ ᠨᠠᠮ ᠳᠤᠤᠷ᠎ᠠ ᠳᠠᠭᠤ ᠪᠠᠷ ᠶᠠᠷᠢᠵᠤ ᠭᠡᠯᠡᠳᠡᠭ᠌᠃ ᠨᠠᠮ ᠳᠤᠤᠷ᠎ᠠ ᠳᠠᠭᠤ ᠪᠠᠷ ᠭᠡᠯᠡᠵᠤ ᠶᠠᠷᠢᠭᠰᠠᠨ ᠥᠭᠡ ᠶᠢ ᠥᠭᠡᠨ ᠳᠤ ᠪᠣᠳᠤᠳᠠᠭ᠂ ᠭᠦᠡᠳᠦᠦᠡᠭᠡᠨ ᠳᠠᠭᠠᠳᠠᠭ᠂ ᠭᠡᠷᠡᠭ᠍ᠵᠢᠭᠦᠯᠵᠤ ᠳᠤᠱᠯᠠᠭᠤᠯᠳᠠᠭ᠃ ᠦᠨᠳᠦᠷ ᠳᠡᠭᠡᠷ᠎ᠡ ᠳᠠᠭᠤ ᠪᠠᠷ ᠣᠷᠢᠯᠠᠵᠤ ᠴᠢᠷᠯᠠᠨ ᠭᠡᠯᠡᠵᠤ ᠶᠠᠷᠢᠭᠰᠠᠨ ᠥᠭᠡ ᠶᠢ ᠥᠭᠡᠨ ᠳᠤ ᠪᠣᠳᠤᠳᠠᠭ ᠦᠭᠡᠶ᠃ ᠶᠤᠰᠤ ᠦᠭᠡᠶ᠂ ᠨᠤᠮ ᠦᠭᠡᠶ᠂ ᠰᠤᠶᠤᠯ ᠪᠣᠯᠪᠠᠰᠤᠷᠠᠯ ᠦᠭᠡᠶ ᠭᠡᠵᠤ ᠥᠵᠡᠳᠡᠭ᠌᠃

ᠥᠰᠦᠭ᠍ᠰᠡᠨ ᠣᠷᠴᠢᠨ᠂ ᠭᠦᠷᠳᠡᠭ᠍ᠰᠡᠨ ᠭᠦᠮᠦᠵᠢᠯ ᠤᠨ ᠠᠳᠠᠯᠢ ᠪᠣᠰᠤ ᠡᠴᠡ ᠯᠠ ᠪᠣᠯᠵᠤ ᠡᠢ᠌ᠮᠦᠷᠭᠡᠭ᠌ ᠢᠯᠭᠠᠭ᠎ᠠ ᠵᠦᠷᠢᠶ᠎ᠠ ᠲᠡᠶ ᠪᠠᠢ᠌ᠳᠠᠯ ᠭᠠᠷᠤᠯ᠎ᠠ ᠭᠡᠵᠤ ᠪᠢ ᠣᠢ᠌ᠯᠭᠠᠨ᠎ᠠ᠃


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ


ᠵᠤᠬᠢᠶᠠᠭᠴᠢ᠄ ᠭᠦᠷᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 16390
ᠴᠠᠭ᠄ 2011 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ