ᠬᠠᠢ᠌ᠷ᠎ᠠ ᠲᠠᠢ ᠪᠠᠢ᠌ᠬᠤ ᠶᠢᠨ ᠤᠴᠢᠷ

ᠤᠨᠠᠭᠰᠠᠨ ᠰᠢ᠍ᠷᠥᠢ ᠪᠠᠨ ᠠᠮᠢ ᠳ᠋ᠥᠢ᠍ᠴᠡᠨ ᠬᠠᠮᠠᠭᠠᠯᠠᠳ᠋ᠠᠭ ᠨᠢ

ᠤᠤᠯ ᠡᠴᠡ ᠪᠠᠨ ᠠᠭᠤᠳ᠋ᠠᠮ ᠶᠡᠬᠡ ᠬᠠᠢ᠌ᠷ᠎ᠠ ᠳᠠᠢ ᠪᠠᠢ᠌ᠬᠤ ᠵᠢᠨ ᠤᠴᠢ᠍ᠷ

ᠤᠤᠭᠤᠭᠰᠠᠨ ᠤᠰᠤ ᠪᠠᠨ ᠪᠤᠷᠬᠠᠨ ᠳ᠋ᠥ ᠠᠮᠠᠯᠳ᠋ᠠᠨ ᠪᠥᠬᠡᠴᠡᠢ᠌ᠯᠡᠳ᠋ᠡᠭ᠌ ᠨᠢ

ᠤᠭ ᠡᠴᠡ ᠪᠠᠨ ᠳᠠᠯᠠᠢ ᠶᠡᠬᠡ ᠬᠠᠢ᠌ᠷ᠎ᠠ ᠳᠠᠢ ᠪᠠᠢ᠌ᠬᠤ ᠵᠢᠨ ᠤᠴᠢ᠍ᠷ


ᠲᠥᠷᠥᠬᠥᠯᠥᠭ᠍ᠰᠡᠨ ᠠᠴᠢ᠍ᠳ᠋ᠥ ᠡᠵᠢ ᠪᠠᠨ ᠮᠥᠩᠭᠡᠳ᠋ᠡ ᠰᠢ᠍ᠳ᠋ᠥᠨ ᠳᠡᠭᠡᠳ᠋ᠥᠯᠡᠳ᠋ᠡᠭ᠌ ᠨᠢ

ᠲᠥᠷᠥᠯᠬᠢ ᠡᠴᠡ ᠪᠠᠨ ᠶᠠᠰᠤᠨ ᠳ᠋ᠥ ᠰᠢ᠍ᠩᠭᠡᠭ᠍ᠰᠡᠨ ᠬᠠᠢ᠌ᠷ᠎ᠠ ᠳᠠᠢ ᠪᠠᠢ᠌ᠬᠤ ᠵᠢᠨ ᠤᠴᠢ᠍ᠷ

ᠲᠥᠬᠥᠬᠡᠵᠢ᠍ᠬᠥᠯᠥᠭ᠍ᠰᠡᠨ ᠠᠰᠠᠷᠠᠯᠳ᠋ᠤ ᠠᠪᠤ ᠪᠠᠨ ᠥᠨᠢ᠍ᠳ᠋ᠡ ᠬᠢᠴᠢ᠍ᠶᠡᠨ ᠬᠥᠨᠳ᠋ᠥᠳᠭᠡᠳ᠋ᠡᠭ᠌ ᠨᠢ

ᠲᠥᠷᠦᠬᠦ ᠡᠴᠡ ᠪᠠᠨ ᠴᠢ᠍ᠰᠥᠨ ᠳ᠋ᠥ ᠠᠭᠤᠰᠤᠭᠰᠠᠨ ᠬᠠᠢ᠌ᠷ᠎ᠠ ᠳᠠᠢ ᠪᠠᠢ᠌ᠬᠤ ᠵᠢᠨ ᠤᠴᠢ᠍ᠷ


ᠥᠷᠥᠰᠢ᠍ᠶᠡᠭ᠍ᠰᠡᠨ ᠭᠤᠯᠤᠮᠳ᠋ᠠ ᠪᠠᠨ ᠥᠷᠬᠥᠯᠵᠢ ᠰᠥᠰᠥᠭᠯᠡᠨ ᠮᠠᠨᠠᠳ᠋ᠠᠭ ᠨᠢ

ᠡᠪᠥᠬᠡᠳ ᠤᠨ ᠴᠢ᠍ᠩᠳ᠋ᠠ ᠰᠤᠷᠭᠠᠯ ᠳ᠋ᠥ ᠪᠠᠨ ᠬᠠᠢ᠌ᠷ᠎ᠠ ᠳᠠᠢ ᠪᠠᠢ᠌ᠬᠤ ᠵᠢᠨ ᠤᠴᠢ᠍ᠷ

ᠥᠷᠯᠥᠭ᠌ ᠶᠡᠬᠡ ᠳᠡᠥᠬᠡ ᠪᠠᠨ ᠥᠨᠡᠨ ᠵᠢᠠᠷ ᠨᠢ ᠪᠠᠢ᠌ᠯᠭᠠᠵᠤ ᠤᠯᠠᠮᠵᠢ᠍ᠯᠠᠳ᠋ᠠᠭ ᠨᠢ

ᠥᠨᠳ᠋ᠥᠰᠥᠨ ᠤ ᠠᠷᠢ᠍ᠭᠤᠨ ᠭᠠᠯ ᠳ᠋ᠥ ᠪᠠᠨ ᠬᠠᠢ᠌ᠷ᠎ᠠ ᠳᠠᠢ ᠪᠠᠢ᠌ᠬᠤ ᠵᠢᠨ ᠤᠴᠢ᠍ᠷ


ᠤᠳ᠋ᠤᠮ ᠵᠠᠯᠭᠠᠬᠤ ᠬᠥᠪᠡᠬᠥᠨ ᠶᠢᠡᠨ ᠬᠠᠭᠠᠨ ᠤ ᠵᠡᠷᠭᠡ ᠲᠡᠶ ᠰᠤᠷᠭᠠᠳ᠋ᠠᠭ ᠨᠢ

ᠤᠩᠭ᠋ᠤᠨ ᠰᠦ᠋ᠯᠳ᠋ᠡᠳ᠋ᠥ ᠲᠤᠭ ᠲᠣ ᠪᠠᠨ ᠬᠠᠢ᠌ᠷ᠎ᠠ ᠳᠠᠢ ᠪᠠᠢ᠌ᠬᠤ ᠵᠢᠨ ᠤᠴᠢ᠍ᠷ

ᠤᠭᠰᠠᠭ᠎ᠠ ᠵᠠᠶᠠᠭᠠᠬᠤ ᠥᠬᠢᠨ ᠶᠢᠡᠨ ᠬᠠᠳ᠋ᠤᠨ ᠤ ᠵᠡᠷᠭᠡ ᠲᠡᠶ ᠬᠥᠮᠥᠵᠢ᠍ᠬᠥᠯᠳ᠋ᠡᠭ᠌ ᠨᠢ

ᠤᠬᠠᠭᠠᠨ ᠪᠢᠯᠢ᠍ᠭ᠍ᠳ᠋ᠥ ᠠᠮᠢ᠍ᠳ᠋ᠤᠷᠠᠯ ᠳ᠋ᠥ ᠪᠠᠨ ᠬᠠᠢ᠌ᠷ᠎ᠠ ᠳᠠᠢ ᠪᠠᠢ᠌ᠬᠤ ᠵᠢᠨ ᠤᠴᠢ᠍ᠷ


ᠬᠠᠳ᠋ᠠᠨ ᠳ᠋ᠥ ᠳᠠᠭᠰᠢ᠍ᠬᠤ ᠬᠥᠷᠥᠬᠡᠰᠥ ᠪᠠᠠ ᠴᠡᠴᠡᠭᠡᠢ ᠪᠠᠠ ᠮᠡᠳ᠋ᠥ ᠭᠠᠮᠨᠠᠳ᠋ᠠᠭ ᠨᠢ

ᠬᠠᠨ ᠶᠡᠬᠡ ᠪᠠᠢ᠌ᠭᠠᠯᠢ ᠳ᠋ᠥ ᠪᠠᠠ ᠬᠠᠢ᠌ᠷ᠎ᠠ ᠲᠡᠶ ᠪᠠᠢ᠌ᠬᠤ ᠵᠢᠨ ᠤᠴᠢ᠍ᠷ

ᠬᠠᠨᠳ᠋ᠠᠷᠤᠭᠠᠨ ᠳ᠋ᠥ ᠴᠤᠢ᠌ᠯᠠᠬᠤ ᠬᠥᠯᠥᠭ᠌ ᠶᠢᠡᠨ ᠬᠠᠨᠢ ᠪᠠᠨ ᠮᠡᠳ᠋ᠥ ᠰᠠᠨᠠᠳ᠋ᠠᠭ ᠨᠢ

ᠬᠠᠮᠤᠭ ᠪᠥᠬᠥ ᠵᠥᠢ᠍ᠯ ᠳ᠋ᠥ ᠪᠠᠨ ᠬᠠᠢ᠌ᠷ᠎ᠠ ᠳᠠᠢ ᠪᠠᠢ᠌ᠬᠤ ᠵᠢᠨ ᠤᠴᠢ᠍ᠷ


ᠪᠤᠰᠤᠭ᠎ᠠ ᠮᠤᠩᠭ᠋ᠤᠯ ᠪᠢᠴᠢ᠍ᠭ᠌ ᠶᠢᠡᠨ ᠳᠡᠭ᠍ᠷᠢ ᠵᠢᠨ ᠳᠡᠢ᠌ᠳ᠋ᠠᠢ ᠪᠠᠢ᠌ᠯᠭᠠᠳ᠋ᠠᠭ ᠨᠢ

ᠳᠡᠯᠡᠬᠡᠢ ᠵᠢᠨ ᠢᠷᠭᠡᠨ ᠳᠠᠪᠢᠯᠠᠩ ᠳ᠋ᠥ ᠪᠠᠨ ᠬᠠᠢ᠌ᠷ᠎ᠠ ᠳᠠᠢ ᠪᠠᠢ᠌ᠬᠤ ᠵᠢᠨ ᠤᠴᠢ᠍ᠷ

ᠪᠤᠭᠳ᠋ᠠ ᠴᠢ᠍ᠩᠬᠢᠰ ᠤᠨ ᠮᠤᠩᠭ᠋ᠤᠯ ᠶᠢᠡᠨ ᠪᠤᠷᠬᠠᠨ ᠤ ᠵᠡᠷᠭᠡ ᠳ᠋ᠥ ᠳᠤᠭᠠᠴᠠᠳ᠋ᠠᠭ ᠨᠢ

ᠳᠡᠩᠳ᠋ᠡᠬᠥᠥ ᠬᠥᠮᠥᠨ ᠶᠤᠰᠤᠨ ᠳ᠋ᠥ ᠪᠠᠨ ᠬᠠᠢ᠌ᠷ᠎ᠠ ᠳᠠᠢ ᠪᠠᠢ᠌ᠬᠤ ᠵᠢᠨ ᠤᠴᠢ᠍ᠷ ᠡ


0015.6.4

ᠵᠤᠬᠢᠶᠠᠭᠴᠢ᠄ ᠴᠢ᠍᠊·ᠬᠠᠰᠪᠠᠭᠠᠨ᠎ᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 55504
ᠴᠠᠭ᠄ 2017 ᠤᠨ ᠤ 03 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ 1 ᠠᠯᠳᠠᠭ᠎ᠠ ᠲᠠᠢ
ᠤᠯᠠᠮᠰᠠᠢᠨ 2019-08-26

ᠰᠠᠢᠬᠠᠨ ᠰᠢᠯᠦᠭᠤᠯᠠᠮᠰᠠᠢᠨ 2019-08-26

ᠰᠠᠢᠬᠠᠨ ᠰᠢᠯᠦᠭ ᠪᠠᠢᠨ᠎ᠠᠨᠡᠪᠲᠡᠷᠡᠨ ᠤᠷᠤᠬᠤ