ᠪᠠᠷᠠᠭᠠᠨ ᠰᠡᠭᠦᠳᠡᠷ

ᠳᠡᠭ᠍ᠷᠢ ᠶᠢᠨ ᠬᠠᠶᠠᠭ᠎ᠠ ᠪᠠᠷ ᠳᠤᠭᠤᠰᠤᠷᠠᠵᠤ ᠪᠠᠷᠣᠢ᠌ᠭᠠᠤᠨ ᠵᠢᠭ᠍ᠳᠡᠢ᠌ᠭᠡᠨ ᠭᠦᠢᠳᠡᠨ᠃ ᠵᠡᠭᠡᠷᠡᠳᠤ ᠶᠢᠨ ᠳᠠᠪᠠᠭᠠᠨ ᠤ ᠵᠠᠮ ᠶᠢᠡᠷ ᠬᠠᠭᠤᠴᠢᠨ ᠠᠷᠠᠰᠤᠨ ᠳᠠᠪᠠᠯ ᠤᠨ ᠶᠢᠡᠨ ᠵᠠᠭᠠᠮ᠎ᠠ ᠶᠢ ᠪᠣᠰᠬᠠᠵᠤ᠂ ᠳᠤᠯᠤᠭᠠᠢ ᠪᠠᠨ ᠪᠦᠭᠦᠨ ᠢ ᠰᠢᠷᠭᠤᠭᠤᠯᠴᠢᠬᠠᠮᠠᠷ ᠠᠳᠤᠷᠢᠵᠤ ᠪᠠᠳᠡᠷᠢᠭ᠍ᠰᠡᠨ᠂ ᠨᠤᠤᠷᠬᠠᠢ ᠢᠰᠡᠭᠡᠢ ᠮᠠᠯᠠᠭᠠᠢ ᠲᠡᠶ ᠳᠠᠪᠢ ᠭᠠᠷᠤᠢ ᠨᠠᠰᠤᠨ ᠤ ᠨᠢᠭᠡᠨ ᠡᠪᠦᠭᠡᠨ ᠵᠢᠷᠠᠭᠠᠤᠨ ᠬᠤᠨᠢ ᠪᠠᠨ ᠬᠤᠳᠠ ᠵᠥᠭ᠌ ᠶᠢᠡᠨ ᠳᠠᠭᠤᠵᠤ ᠶᠠᠪᠣᠬᠤ ᠳᠠᠭᠠᠨ᠄ 《ᠡᠨᠡ ᠳᠡᠭ᠍ᠷᠢ ᠠᠪᠣ ᠪᠠᠰᠠ ᠯᠠ ᠵᠤᠳᠯᠠᠬᠤ ᠨᠢ ᠡ︕》 ᠭᠡᠵᠤ ᠳᠦᠳᠦᠨᠡᠭᠡᠳ ᠰᠢᠯᠪᠢᠭᠦᠷ ᠲᠡᠭᠡᠨ ᠳᠠᠷᠤᠭᠳᠠᠴᠢᠬᠠᠯ᠎ᠠ ᠭᠡᠮᠡᠷᠭᠡᠨ ᠲᠤᠩ ᠵᠦᠳᠡᠷᠡᠯᠳᠠᠢ ᠠᠯᠬᠤᠯᠠᠨ᠎ᠠ᠃ ᠴᠤᠭ ᠶᠢᠡᠨ ᠠᠯᠳᠠᠭᠰᠠᠨ ᠨᠢᠳᠤᠨ ᠳ᠋ᠤᠨᠢ ᠣᠯᠠᠭᠠᠨ ᠰᠤᠳᠠᠰᠤ ᠪᠦᠷᠭᠦᠵᠤ ᠨᠤᠤᠬᠠᠳᠤᠨ᠂ ᠬᠠᠶᠠ ᠡᠪᠦᠷ ᠳᠠᠭᠢ ᠬᠤᠭᠤᠰᠤᠨ ᠯᠤᠩᠬᠤ ᠪᠠᠨ ᠳᠠᠮᠳᠠᠷᠭᠢᠯᠠᠵᠤ ᠰᠡᠭᠦᠷᠡᠰᠦᠯᠡᠨ᠎ᠡ᠃ ᠡᠨᠡ ᠡᠪᠦᠭᠡᠨ ᠢ ᠵᠢᠷᠭᠠᠯ ᠭᠡᠳᠡᠭ᠌᠃ ᠬᠠᠢ᠌ᠯᠠᠰᠤᠳᠠᠢ ᠶᠢᠨ ᠠᠢ᠌ᠯ ᠤᠨ ᠨᠠᠷᠠᠳᠤ ᠭᠦᠮᠦᠰ ᠤᠨ ᠨᠢᠭᠡᠨ ᠪᠦᠯᠦᠭᠡ᠃

ᠵᠢᠪᠠᠭᠡᠢ ᠭᠦᠢᠳᠡᠨ ᠴᠢᠷᠠᠢ᠌ᠯᠠᠭᠰᠠᠨ ᠡᠪᠦᠯ ᠤᠨ ᠨᠠᠷᠠ ᠠᠭᠤᠯᠠᠨ ᠳᠤᠯᠤᠭᠠᠢ ᠰᠢᠭᠦᠷᠡᠭᠦ ᠡᠴᠡ ᠡᠮᠦᠨ᠎ᠡ ᠡᠪᠦᠭᠡᠨ ᠤ ᠬᠤᠨᠢᠳ ᠳᠤᠭᠤᠰᠤ ᠪᠣᠵᠢᠭᠢᠨᠠᠭᠤᠯᠤᠨ ᠬᠤᠷᠤᠭ᠎ᠠ ᠤᠢ᠌ᠷᠠᠳᠪᠠ᠃ ᠵᠢᠷᠭᠠᠯ ᠭᠤᠸᠠᠢ ᠶᠢᠨ ᠨᠢᠳᠤ ᠱᠤᠡᠭ᠌ ᠳᠤ ᠣᠶᠠᠭᠠᠳᠠᠢ ᠦᠨᠳᠦᠷ ᠪᠣᠷᠤ ᠮᠤᠷᠢᠨ ᠳᠤ ᠳᠤᠭᠳᠠᠰᠭᠢᠵᠤ ᠠᠪᠣᠭᠠᠤᠨ ᠰᠦᠷᠡᠭᠡᠢ ᠭᠢᠯᠠᠯᠵᠠᠨ ᠭᠡᠷ ᠵᠥᠭ᠌ ᠶᠢᠡᠨ ᠭᠦᠶ‍ᠦᠭᠦ ᠰᠢᠬᠠᠮ ᠬᠤᠷᠳᠤᠯᠠᠪᠠ᠃ ᠰᠠᠯᠭᠢᠨ ᠳᠤ ᠭᠡᠢ᠌ᠰᠴᠢᠭᠡᠮᠡᠷᠭᠡᠨ ᠬᠤᠶᠠᠷ ᠳᠠᠰᠤᠯᠭ᠎ᠠ ᠰᠢᠪᠠᠷ ᠪᠠᠢ᠌ᠰᠢᠩ ᠤᠨ ᠪᠠᠠᠰᠠᠨ ᠬᠠᠭᠠᠯᠭ᠎ᠠ ᠶᠢ ᠭᠢᠬᠤᠨᠠᠳᠤᠭᠤᠯᠤᠨ ᠳᠠᠳᠠᠬᠤ ᠳᠤ ᠬᠤᠨᠢᠨ ᠮᠢᠬᠠᠨ ᠤ ᠪᠣᠷᠤ ᠱᠦᠯᠦ ᠶᠢᠨ ᠦᠨᠦᠷ ᠰᠠᠩ ᠭᠢᠨ ᠣᠭᠳᠤᠪᠠ᠃ ᠣᠨᠤᠭᠰᠠᠨ ᠮᠤᠷᠢ ᠪᠠᠷ ᠨᠢ ᠭᠡᠨ ᠪᠣᠯᠬᠤ ᠶᠢ ᠳᠠᠨᠢᠭᠰᠠᠨ ᠵᠢᠷᠭᠠᠯ ᠭᠤᠸᠠᠢ ᠳᠤᠳᠤᠷ᠎ᠠ ᠭᠡᠷ ᠤᠨ ᠡᠭᠦᠳᠡ ᠶᠢ ᠳᠠᠳᠠᠬᠤ ᠡᠴᠡ ᠡᠮᠦᠨ᠎ᠡ ᠳᠠᠪᠠᠯ ᠮᠠᠯᠠᠭᠠᠢ ᠪᠠᠨ ᠨᠠᠰᠤᠨ ᠳᠠᠭᠠᠨ ᠳᠤᠭᠢᠷᠠᠮ᠎ᠠ ᠦᠭᠡᠶ ᠬᠤᠷᠳᠤᠴᠠ ᠪᠠᠷ ᠳᠠᠢ᠌ᠯᠵᠤ ᠳᠠᠯᠪᠢᠭᠠᠤᠨ ᠠᠷᠢᠭᠢ ᠬᠠᠯᠠᠭᠠᠬᠤ ᠣᠰᠤ ᠰᠤᠯᠢᠬᠤ ᠪᠠᠷ ᠭᠠᠷᠴᠤ ᠢᠷᠡᠭ᠍ᠰᠡᠨ ᠰᠠᠢ᠌ᠨ᠎ᠠ ᠭᠦᠭ᠍ᠰᠢᠨ ᠲᠡᠶ ᠪᠠᠨ ᠮᠠᠩᠨᠠᠢ ᠪᠠᠨ ᠮᠦᠷᠭᠦᠭᠦ ᠰᠢᠬᠠᠮ ᠭᠡᠷ ᠲᠡᠭᠡᠨ ᠣᠷᠤᠭᠠᠤᠨ ᠢᠷᠡᠭ᠍ᠰᠡᠨ ᠵᠤᠴᠢᠨ ᠲᠡᠶ ᠮᠠᠠᠳᠤ ᠣᠰᠤ ᠴᠤ ᠮᠠᠳᠠᠯ ᠦᠭᠡᠶ ᠬᠠᠠᠵᠤ ᠵᠥᠭ᠌ ᠶᠢᠡᠨ ᠭᠤᠳᠤᠯ ᠲᠡᠶ ᠮᠠᠴᠤᠪᠠ᠃ ᠬᠣᠢ᠌ᠮᠤᠷ ᠳᠤᠨᠢ ᠵᠠᠪᠢᠯᠠᠨ ᠰᠠᠭᠤᠭᠰᠠᠨ ᠳᠦᠴᠢ ᠡᠷᠭᠢᠮ᠎ᠡ ᠨᠠᠰᠤᠨ ᠤ ᠦᠨᠳᠦᠷ ᠪᠦᠳᠦᠭᠦᠨ ᠪᠠᠶ᠎ᠠ ᠲᠡᠶ ᠭᠦᠳᠡᠷᠯᠢᠭ᠌ ᠡᠷ᠎ᠡ ᠰᠠᠬᠠᠯ ᠦᠭᠡᠶ ᠡᠷᠡᠤ ᠪᠠᠨ ᠰᠢᠪᠳᠤᠷᠤᠨ᠄

᠊᠊᠊᠊᠊᠊᠊᠊᠊᠊᠊᠊᠊᠊᠊ ᠢᠩᠭᠢᠳᠡᠯ᠎ᠡ ᠶᠠᠭᠠᠷᠠᠭᠰᠠᠨ ᠤ ᠭᠡᠷᠡᠭ᠌ ᠦᠭᠡᠶ᠂ ᠳᠠᠨ ᠢ ᠭᠡᠳᠤᠨ ᠡᠳᠦᠷ ᠰᠤᠭᠳᠤᠭᠠᠵᠤ ᠳᠡᠢ᠌ᠯᠭᠦ ᠪᠠᠷ ᠯᠠ ᠠᠪᠴᠢᠷᠠᠯ᠎ᠠ︕ ᠭᠡᠵᠤ ᠱᠤᠤᠯᠠᠭᠠᠤᠨ ᠬᠠᠭᠠᠷᠬᠠᠢ ᠫᠧᠩᠰᠠ ᠶᠢ ᠴᠤᠭᠢᠬᠤ ᠰᠢᠭ ᠫᠠᠷᠴᠢᠭᠢᠨᠠᠭᠤᠯᠤᠨ ᠢᠨᠢᠶᠡᠪᠡ᠃

ᠢᠷᠡᠭ᠍ᠰᠡᠨ ᠡᠷ᠎ᠡ ᠶᠢ ᠳᠤᠯᠤᠠᠵᠢᠩ ᠭᠡᠳᠡᠭ᠌᠃ ᠳᠡᠭᠡᠳᠦᠭᠦᠯᠡ ᠨᠢ ᠰᠢᠯᠢ ᠶᠢᠨ ᠰᠠᠢ᠌ᠨ ᠡᠷ᠎ᠡ ᠪᠠᠢ᠌ᠯ᠎ᠠ ᠭᠡᠳᠡᠭ᠌ ᠴᠤᠤᠷᠬᠠᠯ ᠲᠡᠶ ᠡᠨᠡ ᠡᠷ᠎ᠡ ᠶᠢ ᠳᠦᠷᠦᠭᠦ ᠳ᠋ᠤᠨᠢ ᠨᠢ᠋ᠮᠠᠨ ᠵᠢᠩ ᠭᠠᠷᠤᠢ ᠪᠠᠢ᠌ᠭᠰᠠᠨ ᠴᠤ ᠳᠡᠭᠡᠳᠦᠰ ᠶᠢᠡᠨ ᠰᠢᠭ᠌ ᠠᠯᠳᠠᠷ ᠴᠤᠤ ᠲᠡᠶ 《ᠳᠤᠯᠤᠠᠵᠢᠩ》 ᠰᠢᠭ ᠰᠠᠢ᠌ᠨ ᠡᠷ᠎ᠡ ᠪᠣᠯᠤᠭᠠᠰᠠᠢ ᠭᠡᠵᠤ ᠢᠩᠭᠢᠵᠤ ᠨᠡᠷᠡᠯᠡᠭ᠍ᠰᠡᠨ ᠭᠡᠨ᠎ᠡ᠃ ᠭᠡᠳᠡᠯ᠎ᠡ ᠡᠨᠡ ᠠᠪᠣᠭᠠᠢ ᠡᠴᠢᠭᠡ ᠡᠭᠡ ᠶᠢᠨ ᠶᠢᠡᠨ ᠶᠠᠮᠠᠷ ᠭᠦᠰᠡᠯ ᠢ ᠶᠠᠭᠠᠭᠢᠵᠤ ᠣᠢ᠌ᠯᠠᠭᠠᠭᠰᠠᠨ ᠤ ᠭᠢ ᠶᠤᠮ ᠦᠦ᠂ ᠡᠰᠡᠭᠦᠯ᠎ᠡ ᠶᠠᠭᠤᠨ ᠡᠴᠡ ᠪᠣᠯᠤᠭᠰᠠᠨ ᠢ ᠮᠡᠳᠡᠭᠦ ᠦᠭᠡᠶ ᠬᠤᠷᠤᠭᠤ ᠭᠢᠮᠤᠰᠤ ᠭᠦᠳᠡᠯᠭᠡᠭᠦ ᠳᠡᠭᠡᠨ ᠰᠦᠷᠡᠭᠡᠢ ᠮᠡᠷᠭᠡᠰᠢᠨ᠂ ᠬᠠᠪᠢ ᠲᠦᠰᠤᠷ ᠲᠡᠭᠡᠨ 《ᠳᠠᠷᠬᠠᠨ ᠬᠤᠯᠠᠭᠠᠢ᠌ᠴᠢ》 ᠭᠡᠮᠡᠨ ᠴᠤᠯᠠᠰᠢᠵᠤ ᠭᠢᠯᠠᠷᠠᠭᠤᠯᠵᠤ ᠶᠠᠪᠣᠨ᠎ᠠ ᠪᠢᠯᠠ᠃ ᠬᠠᠯᠠᠭᠤᠨ ᠠᠷᠢᠭᠢ ᠬᠤᠷᠳᠤᠨ ᠬᠤᠷᠳᠤᠨ ᠬᠤᠶᠠᠷ ᠪᠠᠯᠭᠤᠭᠰᠠᠨ ᠵᠢᠷᠭᠠᠯ ᠭᠤᠸᠠᠢ ᠠᠷᠢᠭᠢᠨ ᠰᠢᠨᠤᠯ ᠶᠢᠡᠨ ᠨᠢᠭᠤᠬᠤ ᠶᠢ ᠭᠤᠷᠢᠳᠠᠵᠤ᠄

᠊᠊᠊᠊᠊᠊᠊᠊᠊᠊᠊᠊᠊᠊᠊ ᠡᠨᠡ ᠳᠠᠭᠠᠷᠠᠭᠰᠠᠨ ᠭᠡᠵᠤ᠂ ᠬᠠᠰᠢ ᠯᠠ ᠥᠳᠡᠯᠴᠢᠭᠡᠵᠡᠢ︕ ᠭᠡᠵᠤ ᠥᠭᠡ ᠵᠠᠰᠠᠭᠠᠤᠨ ᠭᠦᠭ᠍ᠰᠢᠨ ᠵᠥᠭ᠌ ᠶᠢᠡᠨ᠄

᠊᠊᠊᠊᠊᠊᠊᠊᠊᠊᠊᠊᠊᠊᠊ ᠬᠤᠨᠢ ᠶᠢ ᠬᠤᠳᠠᠯᠠᠴᠢᠬ᠎ᠠ︕ ᠭᠡᠵᠤ ᠵᠠᠭᠢᠷᠤᠩᠭ᠋ᠤᠢ ᠳᠤᠤᠭᠠᠷᠪᠠ᠃ ᠳᠤᠯᠤᠠᠵᠢᠩ ᠠᠪᠣᠭᠠᠢ ᠪᠦᠭ᠍ᠰᠡ ᠪᠠᠨ ᠰᠢᠯᠭᠡᠭᠡᠨ ᠰᠠᠭᠤᠵᠤ ᠬᠤᠠᠳᠠᠭ᠎ᠠ ᠲᠡᠶ ᠭᠢ ᠶᠢ ᠪᠠᠨ ᠡᠷᠭᠦᠨ᠄

᠊᠊᠊᠊᠊᠊᠊᠊᠊᠊᠊᠊᠊᠊᠊ ᠬᠠᠨ ᠠᠭᠤᠯᠠ ᠶᠢ ᠴᠠᠰᠤ ᠳᠠᠷᠤᠵᠤ᠂ ᠬᠠᠢ᠌ᠷᠠᠨ ᠪᠠᠶ᠎ᠠ ᠶᠢ ᠨᠠᠰᠤ ᠳᠠᠷᠤᠨ᠎ᠠ ᠭᠡᠳᠡᠭ᠌ ᠪᠢᠰᠢ ᠦᠦ︕ ᠵᠠ ᠳᠡᠭᠡᠭᠡᠳ ᠡᠪᠦᠭᠡᠨ ᠠᠬ᠎ᠠ ᠮᠢᠨᠢ ᠠᠵᠠ ᠭᠡᠢ ᠮᠤᠷᠢ ᠰᠠᠢ᠌ᠳᠠᠢ ᠶᠠᠪᠣᠭ᠎ᠠ︖ ᠭᠡᠵᠤ ᠮᠡᠡᠳᠦᠯᠡᠭᠦ ᠳᠤ ᠵᠢᠷᠭᠠᠯ ᠭᠤᠸᠠᠢ ᠰᠠᠠᠳᠤᠷᠤᠨ ᠬᠤᠠᠳᠠᠭ᠎ᠠ ᠲᠡᠶ ᠠᠷᠢᠭᠢ ᠪᠠᠨ ᠡᠷᠭᠦᠵᠤ᠄

᠊᠊᠊᠊᠊᠊᠊᠊᠊᠊᠊᠊᠊᠊᠊ ᠰᠠᠢ᠌ᠨ᠂ ᠰᠠᠢ᠌ᠨ᠂ ᠳᠤᠯᠤᠠᠵᠢᠩ ᠳᠡᠭᠦᠤ ᠴᠤ ᠭᠠᠠᠵᠤᠭ᠎ᠠ ᠳᠦᠭᠦᠷᠡᠩ ᠣᠯᠵᠠ ᠣᠮᠤᠭ ᠲᠡᠶ ᠶᠠᠪᠣᠵᠤ ᠢᠷᠡᠯ᠎ᠡ ᠭᠡᠵᠤ ᠶᠠᠪᠣᠭᠰᠠᠨ ᠵᠠᠮ ᠶᠢᠡᠷ ᠶᠢᠡᠨ ᠰᠤᠷᠤᠭᠰᠠᠨ ᠳᠠᠭᠤᠤ ᠪᠠᠨ ᠳᠠᠭᠤᠯᠠᠨ ᠬᠠᠷᠢᠭᠤ ᠮᠠᠠᠳᠤ ᠪᠠᠷᠢᠪᠠ᠃ ᠳᠤᠯᠤᠠᠵᠢᠩ ᠬᠤᠠᠳᠠᠭ᠎ᠠ ᠪᠠᠨ ᠬᠤᠭᠤᠰᠤᠯᠠᠵᠤ ᠣᠷᠭᠢᠭᠠᠤᠨ᠄

᠊᠊᠊᠊᠊᠊᠊᠊᠊᠊᠊᠊᠊᠊᠊ ᠰᠠᠢ᠌ᠨ ᠭᠡᠵᠤ ᠭᠡᠯᠡᠵᠤ ᠳᠡᠢ᠌ᠯᠭᠦ ᠦᠭᠡᠶ᠂ ᠪᠠᠰᠠ ᠯᠠ ᠦᠨᠦ ᠮᠠᠭᠤ ᠭᠢᠯᠦᠡᠭ᠌ ᠳᠤᠯᠤᠭᠠᠢ᠌ᠳᠤ ᠭᠢᠳᠠᠤᠨ ᠲᠤ ᠬᠤᠠᠵᠢᠭᠳᠠᠴᠢᠬᠠᠯ᠎ᠠ ᠭᠡᠵᠤ ᠬᠠᠷᠠᠮᠰᠠᠭᠰᠠᠨ ᠠᠶᠠᠰ ᠲᠡᠶ ᠳᠤᠤᠭᠠᠷᠪᠠ᠃

᠊᠊᠊᠊᠊᠊᠊᠊᠊᠊᠊᠊᠊᠊᠊ ᠳᠠᠷᠠ ᠮᠠᠭᠤ ᠭᠢᠳᠠᠤᠨ ᠲᠤ ᠴᠢ ᠬᠤᠠᠵᠢᠭᠳᠠᠬᠤ ᠪᠠᠷ ᠦᠭᠡᠶ ᠪᠠᠢ᠌ᠯᠭᠦᠢ᠂ ᠮᠠᠨ ᠤ ᠬᠠᠢ᠌ᠯᠠᠰᠤᠳᠠᠢ ᠭᠡᠳᠦᠢ ᠬᠤᠯᠠ ᠤᠢ᠌ᠷ᠎ᠡ ᠳᠠᠭᠠᠨ ᠨᠠᠷᠠᠳᠠᠢ ᠶᠠᠳᠠᠭᠤ ᠳᠤᠰᠬᠤᠨ ᠪᠣᠯᠪᠠᠴᠤ ᠯᠤᠤ ᠪᠠᠷᠰ ᠢᠴᠡᠭᠡᠯᠡᠭ᠍ᠰᠡᠨ᠂ ᠡᠷᠳᠡᠮᠳᠡᠨ ᠴᠤᠯᠭᠤᠷᠠᠳᠠᠭ ᠭᠠᠵᠠᠷ ᠰᠢᠤ︕ ᠭᠡᠳ ᠮᠡᠭ᠌ ᠮᠡᠭ᠌ ᠭᠦᠭᠦᠷᠡᠪᠡ᠃

᠊᠊᠊᠊᠊᠊᠊᠊᠊᠊᠊᠊᠊᠊᠊ ᠳᠠ ᠴᠤ ᠮᠦᠨ ᠭᠡᠰᠢᠭ᠌ ᠪᠣᠶᠠᠨ ᠲᠡᠶ ᠳᠦᠷᠤᠵᠤ ᠳ᠋ᠠ᠃ ᠠᠪᠠᠭ᠎ᠠ ᠠᠪᠣ ᠪᠠᠷᠤᠭ ᠴᠢ ᠪᠢᠳᠠᠨ ᠤ ᠭᠦᠷᠰᠢᠯᠡᠵᠤ ᠰᠠᠭᠤᠬᠤ ᠶᠢ ᠪᠣᠳᠤᠵᠤ ᠮᠡᠳᠡᠭᠡᠳ ᠯᠠ ᠁ ᠭᠡᠳ ᠵᠢᠰᠤᠨ ᠳᠡᠭᠡᠨ ᠳᠤᠭᠢᠷᠠᠮᠠᠷ ᠦᠭᠡᠶ ᠠᠨᠢᠭᠠᠷ ᠨᠢᠳᠤ ᠪᠠᠨ ᠵᠠᠯᠢᠳᠠᠢ᠌ᠬᠠᠨ ᠡᠷᠭᠢᠯᠳᠦᠭᠦᠯᠵᠤ ᠢᠨᠢᠶᠡᠭᠦᠢᠴᠡ ᠪᠣᠯᠪᠠ᠃ ᠣᠳᠠᠭᠠᠨ ᠣᠨ ᠰᠠᠭᠠᠬᠠᠯᠳᠠ ᠰᠠᠭᠤᠭᠰᠠᠨ ᠬᠤᠶᠠᠷ ᠠᠢ᠌ᠯ ᠨᠢᠭᠡ ᠨᠢᠭᠡᠨ ᠳᠡᠭᠡᠨ ᠶᠠᠭᠤ ᠪᠠᠨ ᠴᠤ ᠨᠢᠭᠤᠵᠤ ᠬᠠᠪᠴᠢᠳᠠᠭ ᠦᠭᠡᠶ ᠮᠦᠷᠳᠡᠭᠡᠨ ᠨᠢᠭᠤᠵᠤ ᠴᠤ ᠴᠢᠳᠠᠳᠠᠭ ᠦᠭᠡᠶ ᠨᠢ ᠭᠦᠳᠡᠭᠡ ᠮᠤᠩᠭ᠋ᠤᠯ ᠠᠢ᠌ᠯ ᠤᠨ ᠳᠤᠪᠣᠢ᠌ᠮ᠎ᠠ ᠣᠠᠴᠠᠯᠢᠭ ᠪᠢᠯᠠ᠃ ᠭᠢᠰᠠ ᠶᠢᠨ ᠭᠠᠯ ᠳᠠᠭᠠᠨ ᠠᠷᠭᠠᠯ ᠨᠡᠮᠡᠭᠡᠳ ᠬᠤᠨᠢᠨ ᠱᠦᠯᠦᠨ ᠳᠤ ᠳᠤᠳᠤᠷᠭ᠎ᠠ ᠪᠣᠳᠠᠭ᠎ᠠ ᠴᠢᠨᠠᠵᠤ ᠪᠠᠢ᠌ᠭᠰᠠᠨ ᠰᠠᠢ᠌ᠨ᠎ᠠ ᠭᠦᠭ᠍ᠰᠢᠨ ᠵᠢᠯ ᠳᠤᠵᠢ ᠭᠡᠷ ᠲᠡᠭᠡᠨ ᠣᠯᠠᠨ ᠰᠠᠭᠤᠳᠠᠭ ᠦᠭᠡᠶ ᠠᠷᠠᠯᠵᠢᠶ᠎ᠠ ᠬᠤᠳᠠᠯᠳᠤᠭᠠᠨ ᠤ ᠨᠠᠷ᠎ᠠ ᠪᠠᠷ ᠠᠢ᠌ᠯ ᠠᠢ᠌ᠮᠠᠭ ᠶᠢᠡᠨ ᠭᠠᠢ᠌ᠳᠠᠭᠤᠯᠵᠤ ᠶᠠᠪᠣᠳᠠᠭ ᠳᠤᠯᠤᠠᠵᠢᠩ ᠢ ᠰᠢᠷᠪᠢᠨ ᠬᠠᠷᠠᠵᠤ ᠠᠪᠣᠭᠠᠤᠨ᠄ ᠊

᠊᠊᠊᠊᠊᠊᠊᠊᠊᠊᠊᠊᠊᠊ ᠣᠷᠴᠢᠮ ᠤᠨ ᠭᠡᠳᠤᠨ ᠡᠳᠦᠷ ᠳᠠᠩᠳᠠ ᠵᠢᠰᠤ ᠪᠣᠷᠤᠭᠤ ᠭᠦᠮᠦᠰ ᠡᠨᠡᠭᠦᠷ ᠬᠤᠯᠭᠢᠭᠠᠤᠨ ᠪᠠᠢ᠌ᠨ᠎ᠠ᠂ ᠰᠤᠯᠠ ᠬᠤᠪᠴᠠᠰᠤᠳᠠᠢ ᠦᠨᠦᠭᠢ 《ᠰᠠᠷᠪᠠᠭᠠᠷ ᠮᠠᠯᠠᠭᠠᠢ᠌ᠳᠤ》 ᠶᠠᠭᠤ ᠮᠠᠭᠠᠤᠨ᠂ ᠪᠠᠬᠠᠨ ᠭᠡᠷᠰᠤᠯᠡᠵᠤ ᠪᠠᠢ ᠳ᠋ᠠ ᠳᠡᠭᠦᠤ ᠮᠢᠨᠢ︕ ᠭᠡᠵᠤ ᠥᠭᠡ ᠬᠠᠪᠴᠢᠭᠤᠯᠬᠤ ᠳᠠᠭᠠᠨ ᠭᠦᠰᠡᠵᠤ ᠭᠤᠷᠢᠳᠠᠭᠰᠠᠨ ᠬᠤᠶᠠᠷ ᠨᠢᠳᠤ ᠨᠢ ᠠᠷᠢᠭᠢᠨ ᠯᠤᠩᠬᠤᠨ ᠡᠴᠡ ᠰᠠᠯᠵᠤ ᠴᠢᠳᠠᠭ᠎ᠠ ᠦᠭᠡᠶ ᠡᠷᠭᠢᠯᠳᠦᠭᠡᠳ ᠪᠠᠢ᠌ᠪᠠ᠃ ᠳᠤᠯᠤᠠᠵᠢᠩ ᠤᠨ ᠴᠢᠷᠠᠢ ᠳᠠᠳᠠᠪᠠᠯᠵᠠᠵᠤ ᠠᠪᠣᠭᠰᠠᠨ ᠶᠢᠡᠨ᠄

᠊᠊᠊᠊᠊᠊᠊᠊᠊᠊᠊᠊᠊᠊᠊ ᠡᠨᠡ ᠬᠤᠶᠠᠷ ᠭᠦᠭ᠍ᠰᠢᠨ ᠵᠥᠨᠤᠲᠤᠭ᠌ ᠠᠷᠠᠢ ᠮᠠᠨ ᠤ ᠭᠢᠨ ᠢ ᠮᠡᠳᠡᠴᠢᠭᠡᠭᠡᠳ ᠪᠠᠢ᠌ᠭ᠎ᠠ ᠴᠤ ᠪᠢᠯᠠ ᠦᠦ︕ ᠭᠡᠵᠤ ᠪᠣᠳᠤᠵᠤ ᠠᠮᠵᠢᠭᠰᠠᠨ ᠴᠤ ᠴᠢᠷᠠᠢ ᠳᠡᠭᠡᠷ᠎ᠡ ᠪᠠᠨ ᠮᠡᠳᠡᠭ᠍ᠳᠡᠭ᠍ᠰᠡᠨ ᠦᠭᠡᠶ᠃

᠊᠊᠊᠊᠊᠊᠊᠊᠊᠊᠊᠊᠊᠊᠊ ᠪᠠᠷᠭᠡᠨ ᠴᠤ ᠨᠠᠭᠠᠰᠢ ᠰᠠᠭᠤᠭᠠᠤᠨ ᠪᠠᠬᠠᠨ ᠪᠠᠯᠭᠤᠴᠢᠬ᠎ᠠ︕ ᠳᠡᠭᠦᠤ ᠨᠢ ᠬᠠᠷᠢᠨ ᠭᠠᠷ ᠶᠢᠡᠨ ᠣᠭᠢᠶᠠᠭᠠᠤᠨ ᠬᠠᠤᠯᠢ ᠳᠤ ᠨᠡᠢ᠌ᠴᠡᠭ᠍ᠰᠡᠨ ᠮᠠᠢ᠌ᠮᠠᠢ ᠭᠢᠵᠤ ᠪᠠᠢ᠌ᠭ᠎ᠠ ᠰᠢᠤ︕ ᠭᠡᠳ ᠣᠷᠤ ᠵᠠᠢ᠌ᠴᠢᠯᠠᠪᠠ᠃

ᠵᠢᠷᠭᠠᠯ ᠭᠤᠸᠠᠢ ᠶᠢᠨ ᠴᠢᠷᠠᠢ ᠳᠠᠳᠠᠪᠠᠯᠵᠠᠵᠤ ᠠᠪᠣᠭᠠᠤᠨ ᠭᠦᠰᠡᠷ ᠳᠠᠯᠪᠢᠭ᠎ᠠ ᠳᠦᠭᠦᠷᠡᠩ ᠶᠠᠭᠤᠮ᠎ᠠ ᠰᠠᠪᠠᠯᠠᠭᠰᠠᠨ ᠳᠤᠮᠤ ᠪᠣᠭᠴᠤ ᠶᠢ ᠰᠢᠷᠪᠢᠨ ᠬᠠᠷᠠᠵᠤ ᠥᠭᠡ ᠳᠤᠤᠭᠠᠷᠤᠭᠰᠠᠨ ᠦᠭᠡᠶ ᠴᠢᠷᠠᠢ ᠨᠡᠳᠦᠭᠡᠷ ᠰᠠᠭᠤᠨ᠎ᠠ᠃ ᠡᠪᠦᠭᠡᠨ ᠭᠦᠭ᠍ᠰᠢᠨ ᠤ ᠡᠢ᠌ᠮᠦᠷᠭᠦᠤ ᠪᠠᠢ᠌ᠳᠠᠯ ᠳᠤ ᠨᠢᠭᠡᠮᠦᠰᠤᠨ ᠳᠠᠳᠴᠢᠬᠠᠭᠰᠠᠨ ᠳᠤᠯᠤᠠᠵᠢᠩ ᠭᠤᠸᠠᠢ ᠬᠠᠩᠵᠤᠨ ᠡᠴᠡ ᠱᠠᠯᠠᠪᠬᠠᠨ ᠪᠠᠭᠤᠵᠤ᠄

᠊᠊᠊᠊᠊᠊᠊᠊᠊᠊᠊᠊᠊᠊᠊ ᠬᠤᠶᠠᠷ ᠢ ᠨᠢ ᠨᠡᠭᠡᠭᠡᠴᠢᠭᠡᠯ᠎ᠡ᠂ ᠪᠠᠰᠠ ᠨᠢ᠋ᠮᠠᠨ ᠯᠤᠩᠬᠤ ᠪᠣᠢ᠃ ᠮᠢᠨᠤ ᠨᠢᠭᠡ ᠨᠠᠢ᠌ᠵᠠ ᠡᠷᠢᠶᠡᠨ ᠬᠤᠳᠠ ᠡᠴᠡ ᠢᠷᠡᠭᠦᠯᠦᠭ᠍ᠰᠡᠨ ᠶᠤᠮ᠃ ᠴᠤᠯ ᠪᠣᠳᠠᠭᠠᠨ ᠤ ᠭᠢ ᠰᠢᠤ︕ ᠭᠡᠳ ᠪᠣᠭᠴᠤᠨ ᠡᠴᠡ ᠪᠠᠨ ᠳᠠᠪᠢᠨ ᠵᠢᠷᠭᠤᠭᠠᠨ ᠭᠷᠠᠳᠦ᠋ᠰ ᠤᠨ 《ᠳᠠᠯ᠎ᠠ ᠨᠤᠳᠤᠭ ᠤᠨ ᠬᠠᠷ᠎ᠠ》 ᠭᠠᠷᠭᠠᠵᠤ ᠵᠡᠷᠭᠡᠯᠡᠨ ᠳᠠᠯᠪᠢᠬᠤ ᠳᠠᠭᠠᠨ ᠬᠠᠤᠯᠢ ᠵᠦᠷᠢᠴᠡᠳᠡᠭ᠌ ᠮᠦᠷ ᠶᠢᠡᠨ ᠭᠡᠳᠤᠨ ᠯᠤᠩᠬᠤ ᠠᠷᠢᠭᠢ ᠪᠠᠷ ᠪᠠᠯᠠᠯᠵᠤ᠂ ᠡᠪᠦᠭᠡᠨ ᠭᠦᠭ᠍ᠰᠢᠨ ᠤ ᠠᠮᠠ ᠶᠢ ᠳᠠᠭᠯᠠᠴᠢᠬᠠᠳᠠᠭ ᠮᠡᠷᠭᠡᠨ ᠣᠬᠠᠭᠠᠨ ᠲᠡᠶ ᠳᠠᠭᠠᠨ ᠳᠡᠭᠡᠭᠦᠷ ᠬᠠᠷᠠᠵᠤ ᠵᠠᠯᠢᠷᠬᠠᠭ ᠡᠢᠨᠢᠶᠡᠪᠡ᠃

ᠵᠠᠮ ᠬᠠᠷᠢᠯᠴᠠᠭ᠎ᠠ ᠳᠦᠭᠦᠮ ᠦᠭᠡᠶ ᠪᠣᠢ᠌ᠳᠠ ᠪᠦᠭᠯᠡᠭᠦᠤ ᠠᠭᠤᠯᠠᠨ ᠳᠤᠰᠬᠤᠨ ᠳᠤ ᠳᠠᠪᠢ ᠭᠠᠷᠤᠢ ᠵᠢᠯ ᠢ ᠥᠩᠭᠡᠷᠡᠭᠦᠯᠦᠭ᠍ᠰᠡᠨ ᠴᠤ ᠬᠠᠤᠯᠢ ᠳᠦᠷᠢᠮ ᠭᠡᠵᠤ ᠶᠠᠭᠤ ᠪᠣᠯᠬᠤ ᠶᠢ ᠣᠬᠠᠵᠤ ᠳᠠᠨᠢᠵᠤ ᠣᠯᠤᠭᠰᠠᠨ ᠦᠭᠡᠶ ᠵᠢᠷᠭᠠᠯ ᠨᠠᠰᠤᠳᠠᠨ ᠶᠠᠳᠠᠭᠤ ᠵᠥᠳᠡᠭᠦᠤ ᠠᠮᠢᠳᠤᠷᠠᠯ ᠤᠨ ᠭᠠᠴᠢᠭ ᠢ ᠳᠠᠰᠪᠣᠷᠢᠯᠠᠵᠤ ᠳᠡᠢ᠌ᠯᠦᠭᠡ ᠦᠭᠡᠶ ᠬᠠᠷ᠎ᠠ ᠠᠷᠢᠭᠢ ᠲᠡᠶ ᠬᠠᠭᠠᠰ ᠨᠠᠰᠤ ᠪᠠᠷ ᠶᠢᠡᠨ ᠨᠥᠭᠦᠷᠯᠡᠵᠤ ᠢᠷᠡᠭ᠍ᠰᠡᠨ ᠴᠤ ᠡᠢ᠌ᠮᠤ ᠰᠠᠢ᠌ᠨ ᠠᠷᠢᠭᠢ ᠣᠯᠵᠤ ᠣᠤᠭᠤᠭ᠎ᠠ ᠦᠭᠡᠶ ᠨᠢ ᠦᠨᠡᠠᠳᠠᠢ᠃ ᠵᠡᠷᠭᠡᠯᠡᠨ ᠳᠠᠯᠪᠢᠭᠰᠠᠨ ᠯᠤᠩᠬᠤ ᠲᠡᠶ ᠠᠷᠢᠭᠢ ᠶᠢ ᠬᠠᠷᠠᠭᠠᠤᠨ ᠨᠢᠳᠤ ᠨᠢ ᠭᠢᠯᠠᠯᠵᠠᠨ᠄

᠊᠊᠊᠊᠊᠊᠊᠊᠊᠊᠊᠊᠊᠊᠊ ᠳᠡᠭᠡᠪᠠᠯ ᠨᠠᠭᠠᠰᠢ ᠰᠠᠭᠤᠴᠢᠬ᠎ᠠ ᠳ᠋ᠠ︕ ᠭᠡᠵᠤ ᠭᠡᠯᠡᠭᠡᠳ ᠳᠤᠯᠤᠠᠵᠢᠩ ᠤᠨ ᠥᠭᠡᠳᠡ ᠡᠴᠡ ᠬᠠᠷᠠᠨ ᠬᠤᠠᠳᠠᠭ᠎ᠠ ᠲᠡᠶ ᠭᠢ ᠶᠢ ᠪᠠᠨ ᠬᠤᠭᠤᠰᠤᠯᠠᠵᠤ ᠳᠠᠮᠰᠢᠶᠠᠯᠠᠭᠠᠤᠨ᠄

᠊᠊᠊᠊᠊᠊᠊᠊᠊᠊᠊᠊᠊᠊᠊ ᠮᠢᠨᠤ ᠳᠡᠭᠦᠤ ᠴᠤ ᠰᠠᠢ᠌ᠨ ᠡᠷ᠎ᠡ ᠰᠢᠤ ᠳ᠋ᠠ ᠭᠦ᠋᠂ ᠰᠠᠷᠠ ᠦᠭᠡᠶ ᠰᠦᠨᠢ ᠪᠠᠷ ᠶᠠᠪᠣᠭᠰᠠᠨ ᠵᠠᠮ ᠶᠢᠡᠨ ᠠᠠᠳᠠᠳᠠᠭ ᠦᠭᠡᠶ ᠠᠵᠢᠭᠴᠢ ᠭᠢᠷᠠᠬᠠᠢ ᠨᠢᠳᠤ ᠲᠡᠶ ᠭᠦᠮᠤᠨ ᠰᠢᠤ︕ ᠭᠡᠳ ᠨᠢᠳᠤ ᠪᠠᠷ ᠶᠢᠡᠨ ᠢᠨᠢᠶᠡᠵᠤ᠂ ᠮᠥᠴᠡᠭᠡ ᠠᠯᠳᠠᠭ᠎ᠠ ᠦᠭᠡᠶ ᠭᠡᠭᠦ ᠰᠢᠭ᠌ ᠯᠠ ᠨᠢᠷᠤᠭᠤ ᠪᠠᠨ ᠭᠡᠳᠡᠢ᠌ᠯᠭᠡᠪᠡ᠃

ᠭᠡᠮ ᠲᠡᠶ ᠭᠦᠮᠤᠨ ᠭᠡᠭᠡᠨ ᠣᠬᠠᠭᠠᠨ ᠲᠡᠶ ᠭᠡᠳᠡᠭ᠍ᠴᠢᠯᠡᠨ ᠬᠤᠰᠢᠭᠤᠨ ᠲᠦᠪ ᠤᠨ ᠭᠡᠳᠤᠨ ᠬᠠᠮᠰᠠᠭᠠᠳᠠᠨ ᠲᠡᠶ ᠪᠠᠨ ᠦᠨᠦ ᠰᠦᠨᠢ ᠵᠢᠷᠭᠠᠯ ᠡᠪᠦᠭᠡᠨ ᠤ ᠵᠡᠭᠦᠨ ᠭᠡᠷ ᠤᠨ ᠲᠦᠯᠠᠢ ᠵᠤᠷᠢᠭᠳᠤ ᠶᠢᠨ ᠬᠤᠨᠢᠨ ᠳᠤ ᠨᠢᠭᠦᠯᠳᠤ ᠬᠠᠷ᠎ᠠ ᠰᠠᠪᠠᠷ ᠶᠢᠡᠨ ᠳᠦᠷᠦᠭᠦ ᠪᠠᠷ ᠵᠦᠪᠳᠠᠨ ᠳᠤᠭᠳᠠᠵᠤ᠂ ᠳᠡᠭᠡᠭᠡᠷ᠎ᠡ ᠪᠣᠯᠤᠭᠰᠠᠨ ᠬᠤᠶᠠᠷ ᠨᠠᠰᠤᠳᠠᠨ ᠢ ᠠᠷᠭᠠᠴᠠᠭᠠᠬᠤ ᠡᠭᠦᠷᠭᠡ ᠲᠡᠶ ᠶᠠᠪᠣᠭ᠎ᠠ ᠶᠤᠮ ᠪᠢᠯᠠ᠃

ᠭᠦᠯᠢᠶᠡᠭ᠍ᠰᠡᠨ ᠭᠦᠮᠤᠨ ᠳᠤ ᠴᠠᠭ ᠣᠳᠠᠭᠠᠨ ᠭᠡᠳᠡᠭ᠌ ᠶᠢᠡᠷ ᠶᠠᠮᠠᠷ ᠨᠢᠭᠡᠨ ᠴᠢᠮᠡᠭᠡ ᠳᠤᠭᠢᠶ᠎ᠠ ᠭᠦᠯᠢᠶᠡᠵᠤ ᠰᠠᠭᠤᠭᠰᠠᠨ ᠳᠤᠯᠤᠠᠵᠢᠩ ᠭᠤᠸᠠᠢ ᠭᠠᠷ ᠣᠳᠠᠰᠤᠨ ᠤ ᠪᠠᠨ ᠴᠠᠭ ᠢ ᠳᠠᠭᠢᠨ ᠳᠠᠭᠢᠨ ᠬᠠᠷᠠᠨ᠎ᠠ᠃

᠊᠊᠊᠊᠊᠊᠊᠊᠊᠊᠊᠊᠊᠊᠊ ᠴᠢᠭᠢᠶᠠᠳᠤᠷᠤᠤ᠂ ᠮᠠᠭᠤ ᠥᠭᠦᠳᠡᠭ᠌ ᠦᠭᠡᠶ ᠮᠦᠷᠳᠡᠭᠡᠨ ᠰᠤᠭᠳᠤᠳᠠᠭ ᠴᠤ ᠦᠭᠡᠶ ᠬᠤᠶᠠᠷ ᠵᠥᠨᠤᠲᠤᠭ᠌ ᠭᠡᠵᠤ ᠳᠤᠳᠤᠷ᠎ᠠ ᠪᠠᠨ ᠬᠠᠷᠢᠶᠠᠯ ᠳᠠᠯᠪᠢᠭᠰᠠᠨ ᠴᠤ ᠭᠠᠳᠠᠨ᠎ᠠ ᠪᠠᠨ ᠰᠡᠷᠡᠭ᠍ᠳᠡᠭᠦ ᠦᠭᠡᠶ ᠶᠢ ᠭᠢᠴᠢᠶᠠᠨ ᠠᠭᠢᠨ ᠳᠠᠭᠢᠨ ᠱᠠᠯᠠᠭ᠎ᠠ ᠳᠠᠯᠪᠢᠵᠤ ᠣᠤᠭᠤᠯᠭᠠᠨ᠎ᠠ᠃ ᠰᠤᠭᠳᠤᠭᠤ ᠪᠣᠯᠪᠠᠴᠤ ᠳᠤᠯᠤᠠᠵᠢᠩ ᠢ ᠰᠠᠢ᠌ᠨ ᠣᠢ᠌ᠯᠠᠭᠠᠳᠠᠭ ᠵᠢᠷᠭᠠᠯ ᠨᠠᠰᠤᠳᠠᠨ ᠶᠠᠭᠤ ᠨᠢᠭᠡᠨ ᠵᠣᠢ᠌ᠯ ᠢ ᠮᠡᠳᠡᠴᠢᠭᠡᠭ᠍ᠰᠡᠨ ᠨᠢᠳᠤ ᠪᠠᠨ ᠵᠥᠳᠡᠭᠦᠭᠡᠨ ᠡᠷᠭᠦᠵᠤ᠄

᠊᠊᠊᠊᠊᠊᠊᠊᠊᠊᠊᠊᠊᠊᠊ ᠰᠠᠢ᠌ᠵᠢᠷᠠᠬᠤ ᠭᠦᠤ ᠭᠡᠷ ᠲᠡᠭᠡᠨ ᠪᠠᠢ᠌ᠬᠤ ᠦᠭᠡᠶ᠂ ᠡᠵᠢ ᠪᠠᠨ ᠡᠮᠨᠡᠭᠦᠯᠭᠦ ᠪᠠᠷ ᠬᠤᠰᠢᠭᠤᠨ ᠲᠦᠪ ᠣᠷᠤᠭᠤ ᠶᠠᠪᠣᠭᠰᠠᠨ᠃ ᠬᠤᠨᠢᠨ ᠤ ᠭᠦᠮᠤᠨ ᠨᠢ ᠴᠤ ᠦᠨᠦ ᠣᠷᠤᠢ ᠭᠡᠷ ᠲᠡᠭᠡᠨ ᠬᠠᠷᠢᠨ᠎ᠠ ᠭᠡᠵᠤ ᠶᠠᠷᠢᠵᠤ ᠪᠠᠢ᠌ᠭᠰᠠᠨ᠂ ᠳᠠ ᠬᠠᠷᠢᠨ ᠵᠤᠷᠢᠭᠳᠤ ᠲᠡᠶ ᠪᠢᠳᠡᠭᠡᠢ ᠬᠠᠯᠳᠠ᠂ ᠳᠠᠷᠠ ᠨᠠᠳᠠ ᠳᠤ ᠠᠴᠢ ᠲᠡᠶ᠃ ᠳᠠᠭᠢᠪᠠᠯ ᠠᠭᠤᠯᠠ ᠳᠡᠭᠦᠤ ᠨᠢ ᠬᠠᠷᠢᠨ ᠳᠤᠳᠤᠭᠠᠳᠤ ᠶᠢ ᠬᠠᠮᠠᠭᠠᠯᠠᠬᠤ ᠳᠤ ᠪᠠᠢ᠌ᠨ᠎ᠠ ᠰᠢᠤ︕ ᠭᠡᠵᠤ ᠭᠡᠯᠡ ᠦᠭ‍ᠭᠦ ᠴᠤ ᠰᠢᠭ᠌᠂ ᠰᠡᠷᠡᠮᠵᠢᠯᠡᠭᠦᠯᠵᠤ ᠪᠠᠢ᠌ᠭ᠎ᠠ ᠴᠤ ᠶᠤᠮ ᠰᠢᠭ ᠴᠤᠯᠴᠠᠷᠠᠨ᠎ᠠ᠃

᠊᠊᠊᠊᠊᠊᠊᠊᠊᠊᠊᠊᠊᠊᠊ ᠭᠦᠮᠤᠨ ᠤ ᠡᠮᠦᠨ᠎ᠡ ᠪᠣᠯ ᠪᠢᠳᠡᠭᠡᠢ ᠳᠡᠭᠡᠵᠤ ᠶᠠᠷᠢ᠂ ᠳᠤᠯᠤᠠᠵᠢᠩ ᠳᠡᠭᠦᠤ ᠬᠠᠷᠢᠨ ᠮᠠᠨ ᠤ ᠠᠴᠢᠳᠤ ᠭᠦᠮᠤᠨ᠂ ᠡᠨᠡ ᠭᠡᠳᠤᠨ ᠵᠢᠯ ᠤᠨ ᠣᠤᠭᠤᠬᠤ ᠡᠴᠡ ᠠᠷᠢᠭᠢ᠂ ᠢᠳᠡᠭᠦ ᠡᠴᠡ ᠮᠢᠬ᠎ᠠ ᠪᠣᠳᠠᠭ᠎ᠠ ᠶᠢ ᠴᠢᠨᠢ ᠪᠦᠷ ᠳᠤᠯᠤᠠᠵᠢᠩ ᠳᠡᠭᠦᠤ ᠥᠭ᠍ᠴᠤ ᠪᠠᠢ᠌ᠬᠤ ᠳᠤ ᠪᠠᠰᠠ ᠶᠠᠭᠠᠭᠢᠬᠤ ᠶᠤᠮ ᠭᠡᠵᠤ ᠰᠠᠮᠠᠭᠠᠨ ᠨᠢ ᠭᠦᠴᠤ ᠨᠠᠮᠠᠨ᠎ᠠ᠃

᠊᠊᠊᠊᠊᠊᠊᠊᠊᠊᠊᠊᠊᠊᠊ ᠪᠦᠷ ᠯᠠ ᠴᠢ ᠮᠠᠭᠤ ᠬᠡᠦᠬᠡᠳ ᠭᠠᠷᠭᠠᠳᠠᠭ ᠦᠭᠡᠶ ᠪᠢᠳᠡᠭᠦᠤ ᠪᠦᠭ᠍ᠰᠡ ᠲᠡᠶ ᠡᠮ᠎ᠡ ᠲᠡᠶ ᠠᠮᠢᠳᠤᠷᠠᠭᠰᠠᠨ ᠤ ᠣᠷᠰᠢᠭ᠃ ᠪᠢ ᠨᠢᠭᠡ ᠭᠦᠤ ᠲᠡᠶ ᠪᠣᠯᠤᠭᠰᠠᠨ ᠪᠣᠯ ᠳᠤᠯᠤᠠᠵᠢᠩ ᠳᠡᠭᠦᠤ ᠳᠡᠭᠡᠨ ᠱᠠᠪᠢᠯᠠᠭᠤᠯᠵᠤ ᠨᠢᠷᠤᠭᠤ ᠭᠡᠳᠡᠭᠡᠷ ᠠᠮᠢᠳᠤᠷᠠᠬᠤ ᠦᠭᠡᠶ ᠦᠦ︕ ᠭᠡᠵᠤ ᠰᠠᠮᠠᠭᠠᠨ ᠳᠠᠭᠠᠨ ᠭᠡᠳᠡᠷᠯᠡᠨ ᠴᠤᠯᠴᠠᠷᠠᠵᠤ ᠪᠠᠢ᠌ᠭᠰᠠᠨ ᠶᠢᠡᠨ ᠬᠤᠠᠳᠠᠭ᠎ᠠ ᠪᠠᠨ ᠠᠯᠳᠠᠵᠤ ᠰᠢᠷᠡᠭᠡ ᠳᠠᠷᠠᠯᠠᠨ ᠬᠤᠷᠭᠢᠷᠠᠴᠢᠬᠠᠪᠠ᠃

᠊᠊᠊᠊᠊᠊᠊᠊᠊᠊᠊᠊᠊᠊᠊ ᠦᠭᠡᠶ᠂ ᠳᠠᠨ ᠤ ᠬᠤᠶᠠᠭᠤᠯᠠ ᠶᠢᠨ ᠡᠷᠭᠦᠭ᠍ᠰᠡᠨ ᠭᠡᠦᠭᠡᠨ ᠴᠢᠨᠢ ᠮᠤᠵᠢ ᠶᠢᠨ ᠬᠤᠳᠠ ᠶᠢᠨ ᠨᠢᠭᠡᠨ ᠠᠷᠢᠭᠢᠨ ᠠᠰᠠᠷ ᠲᠤ ᠣᠪᠣᠭ᠎ᠠ ᠭᠦᠷᠦᠩᠭᠡ ᠲᠡᠶ ᠭᠢᠯᠠᠷᠠᠭᠤᠯᠵᠤ ᠪᠠᠢ᠌ᠨ᠎ᠠ ᠭᠡᠵᠤ ᠮᠢᠨᠤ ᠨᠢᠭᠡ ᠨᠠᠢ᠌ᠵᠠ ᠶᠠᠷᠢᠵᠤ ᠪᠠᠢ᠌ᠭᠰᠠᠨ ᠶᠤᠮ ᠭᠡᠮᠡᠨ ᠭᠦᠮᠤᠨ ᠡᠴᠡ ᠰᠤᠨᠤᠰᠤᠭᠰᠠᠨ ᠰᠢᠭ ᠯᠠ ᠭᠡᠯᠡᠭᠡᠳ ᠰᠤᠭᠳᠤᠭᠰᠠᠨ ᠶᠢᠡᠷ ᠣᠪᠯᠠᠨ ᠨᠠᠩ ᠵᠠᠯᠢᠷᠬᠠᠭ ᠢᠨᠢᠶᠡᠪᠡ᠃ ᠰᠠᠢ᠌ᠨ᠎ᠠ ᠭᠦᠭ᠍ᠰᠢᠨ ᠬᠠᠩᠵᠤᠨ ᠡᠴᠡ ᠪᠠᠨ ᠪᠠᠭᠤᠵᠤ ᠣᠠᠳᠠᠷᠠᠮᠠᠷ ᠪᠣᠯᠤᠭᠰᠠᠨ ᠭᠢᠰᠠ ᠳᠠᠭᠠᠨ ᠠᠷᠭᠠᠯ ᠨᠠᠮᠠᠵᠤ᠄

᠊᠊᠊᠊᠊᠊᠊᠊᠊᠊᠊᠊᠊᠊᠊ ᠪᠦᠷ ᠯᠠ ᠡᠨᠡ ᠮᠠᠭᠤ ᠥᠭᠦᠯ ᠳᠠᠭᠠᠷᠢᠭᠰᠠᠨ ᠭᠦᠭ᠍ᠰᠢᠨ ᠵᠥᠨᠤᠲᠤᠭ᠌ ᠤᠨ ᠣᠴᠢᠷ ᠰᠢᠳᠠ᠂ ᠶᠠᠭᠤᠨ ᠤ ᠭᠢᠨᠢ ᠭᠦᠮᠤᠨ ᠤ ᠬᠡᠦᠬᠡᠳ ᠶᠠᠭᠠᠭᠢᠯ᠎ᠠ ᠭᠡᠰᠡᠨ ᠴᠤ ᠭᠡᠷᠡᠭ᠌ ᠦᠭᠡᠶ᠂ ᠰᠠᠨᠠᠭ᠎ᠠ ᠣᠠᠳᠤᠤ ᠭᠡᠵᠤ ᠶᠠᠷᠢᠵᠤ ᠵᠠᠩᠨᠠᠭᠰᠠᠭᠠᠷ ᠪᠠᠢ᠌ᠵᠤ ᠭᠦᠭᠡᠷᠦᠭᠦᠢ ᠳᠡᠷᠭᠡᠯ ᠮᠢᠨᠢ ᠁ ᠭᠡᠳ ᠰᠠᠢ᠌ᠨ᠎ᠠ ᠭᠦᠭ᠍ᠰᠢᠨ ᠤ ᠨᠢᠳᠤ ᠵᠠᠢ᠌ᠷᠳᠤᠨ ᠬᠤᠠᠳᠠᠭ᠎ᠠ ᠲᠡᠶ ᠠᠷᠢᠭᠢ ᠪᠠᠨ ᠭᠠᠭᠴᠠᠬᠠᠨ ᠭᠦᠡᠳᠦᠷᠪᠡ᠃

ᠲ᠋ᠤᠰᠤᠨ ᠳ᠋ᠸᠩ ᠤᠨ ᠭᠡᠷᠡᠯ ᠰᠦᠮᠠᠯᠵᠠᠵᠤ ᠭᠡᠰᠡᠭ᠌ ᠭᠡᠷᠡᠯᠳᠤᠨ ᠭᠡᠰᠡᠭ᠌ ᠪᠦᠳᠡᠭᠢᠷᠡᠵᠤ ᠪᠠᠢ᠌ᠪᠠ᠃ ᠰᠠᠢ᠌ᠨ᠎ᠠ ᠭᠦᠭ᠍ᠰᠢᠨ ᠭᠡᠦᠭᠡᠨ ᠤ ᠪᠠᠨ ᠳᠤᠬᠠᠢ ᠪᠣᠳᠤᠯ ᠳᠠᠭᠠᠨ ᠣᠨᠠᠬᠤ ᠳᠤ ᠳᠤᠯᠤᠠᠵᠢᠩ ᠭᠤᠸᠠᠢ ᠴᠤ ᠮᠤᠵᠢ ᠶᠢᠨ ᠬᠤᠳᠠ ᠳᠤ ᠥᠩᠭᠡᠷᠡᠭᠦᠯᠦᠭ᠍ᠰᠡᠨ ᠬᠠᠭᠠᠰ ᠰᠠᠷ᠎ᠠ ᠭᠠᠷᠤᠢ ᠶᠢᠨ ᠣᠴᠢᠷ ᠤᠳ ᠶᠢᠡᠨ ᠡᠷᠭᠢᠴᠡᠭᠦᠯᠵᠤ ᠰᠤᠭᠳᠤᠭᠤᠷᠠᠨ᠎ᠠ᠃

ᠬᠤᠷᠢᠭᠠᠤᠨ ᠡᠳᠦᠷ ᠤᠨ ᠡᠮᠦᠨ᠎ᠡ ᠳᠤᠯᠤᠠᠵᠢᠩ ᠭᠤᠸᠠᠢ ᠭᠡᠳᠤᠨ ᠬᠠᠮᠰᠠᠭᠠᠳᠠᠨ ᠲᠡᠶ ᠪᠠᠨ ᠨᠢᠭᠡᠨ ᠮᠢᠬᠠᠨ ᠮᠠᠢ᠌ᠮᠠᠢ᠌ᠴᠢᠨ ᠤ ᠣᠷᠢᠯᠭ᠎ᠠ ᠪᠠᠷ ᠮᠤᠵᠢ ᠶᠢᠨ ᠬᠤᠳᠠ ᠳᠤ ᠭᠦᠷᠦᠭᠡᠳ ××× ᠠᠷᠢᠭᠢᠨ ᠠᠰᠠᠷ ᠲᠤ ᠠᠪᠠᠬᠠᠢ ᠳᠠᠭᠤᠳᠠᠵᠤ ᠨᠠᠢ᠌ᠷᠯᠠᠭᠰᠠᠨ ᠪᠢᠯᠠ᠃ ᠳᠠᠭᠤᠳᠠᠭᠰᠠᠨ ᠠᠪᠠᠬᠠᠢ ᠶᠢᠨ ᠭᠢᠨᠢ ᠳᠤᠳᠤᠷ᠎ᠠ ᠭᠡᠷ ᠡᠴᠡ ᠪᠠᠨ ᠭᠠᠷᠴᠤ ᠰᠤᠷᠠᠭ ᠳᠠᠰᠤᠷᠠᠭᠠᠤᠨ ᠬᠤᠶᠠᠷ ᠵᠢᠯ ᠢᠯᠡᠭᠦᠤ ᠪᠣᠯᠵᠤ ᠪᠠᠢ᠌ᠭ᠎ᠠ ᠳᠡᠷᠭᠡᠯ ᠭᠡᠦᠭᠡᠨ ᠪᠠᠢ᠌ᠭᠰᠠᠨ ᠢ ᠭᠢᠷᠠᠬᠠᠢ ᠨᠢᠳᠤ ᠲᠡᠶ ᠳᠤᠯᠤᠠᠵᠢᠩ ᠠᠠᠳᠠᠭᠰᠠᠨ ᠦᠭᠡᠶ ᠳᠠᠨᠢᠵᠤ᠄ 《ᠭᠤᠶᠤ ᠭᠡᠦᠭᠡᠨ ᠪᠣᠯᠴᠢᠬᠠᠵᠠᠢ ᠭᠦ᠋》 ᠭᠡᠵᠤ ᠪᠣᠳᠤᠵᠤ ᠠᠮᠵᠢᠭᠰᠠᠨ ᠶᠢᠡᠨ ᠰᠢᠭᠤᠳᠬᠠᠨ ᠳᠠᠳᠠᠵᠤ ᠠᠪᠴᠢᠷᠠᠭᠠᠤᠨ ᠳᠡᠷᠭᠡᠳᠡ ᠪᠠᠨ ᠰᠠᠭᠤᠯᠭᠠᠪᠠ᠃ ᠣᠷᠳᠤ ᠬᠤᠭᠤᠴᠠᠭ᠎ᠠ ᠭᠠᠳᠠᠭᠤᠷ ᠳᠠᠨᠤᠵᠤ ᠶᠠᠪᠣᠬᠤ ᠳᠠᠭᠠᠨ ᠨᠤᠳᠤᠭ ᠤᠨ ᠶᠢᠡᠨ ᠭᠦᠮᠦᠰ ᠲᠡᠶ ᠠᠭᠤᠯᠵᠠᠭ᠎ᠠ ᠦᠭᠡᠶ ᠳᠡᠷᠭᠡᠯ ᠭᠡᠦᠭᠡᠨ ᠡᠢ᠌ᠮᠤ ᠭᠠᠵᠠᠷ ᠢᠩᠭᠢᠵᠤ ᠠᠭᠤᠯᠵᠠᠭᠰᠠᠨ ᠨᠤᠳᠤᠭ ᠤᠨ ᠠᠬᠠᠮᠠᠤᠨ ᠶᠢᠡᠨ ᠬᠠᠷᠠᠭᠠᠤᠨ ᠪᠠᠬᠠᠨ ᠪᠠᠯᠠᠭᠳᠠᠨ ᠰᠠᠠᠳᠤᠷᠤᠭᠰᠠᠨ ᠪᠣᠯᠪᠠᠴᠤ ᠬᠤᠶᠠᠷ ᠵᠢᠯ ᠭᠠᠷᠤᠢ ᠶᠢᠨ ᠠᠵᠢᠯ ᠤᠨ ᠳᠤᠷᠰᠢᠯᠭ᠎ᠠ ᠨᠢ ᠰᠡᠳᠬᠢᠯᠭᠡ ᠶᠢᠨ ᠥᠩᠭᠡ ᠶᠢ ᠨᠢ ᠳᠠᠷᠤᠵᠤ ᠴᠢᠳᠠᠭᠰᠠᠨ ᠪᠠᠢ᠌ᠯ᠎ᠠ᠃ ᠬᠠᠷ᠎ᠠ ᠠᠷᠢᠭᠢᠨ ᠤ ᠱᠠᠯᠠᠭ᠎ᠠ᠂ ᠪᠣᠵᠠᠷ ᠥᠭᠡᠰ ᠤᠨ ᠵᠠᠭᠤᠰᠢ ᠪᠠᠷ ᠠᠷᠢᠭᠢᠨ ᠨᠠᠢ᠌ᠷ ᠥᠡᠳᠦᠷᠯᠡᠭ᠍ᠰᠡᠨ ᠪᠣᠯᠪᠠᠴᠤ ᠳᠡᠭᠦᠨ ᠤ ᠭᠡᠳᠤᠨ ᠬᠠᠮᠰᠠᠭᠠᠳᠠᠨ ᠨᠢ ᠠᠷᠢᠭᠢᠨ ᠠᠰᠠᠷ ᠲᠤ ᠦᠷᠦᠭᠡ ᠵᠠᠭᠢᠶᠠᠯᠠᠭᠠᠤᠨ ᠣᠨᠤᠭᠳᠠᠭᠰᠠᠨ ᠠᠪᠠᠬᠠᠢ ᠪᠠᠷ ᠶᠢᠡᠨ ᠰᠤᠭᠤᠳᠠᠭᠤᠯᠤᠨ ᠦᠷᠦᠭᠡ ᠵᠥᠭ᠌ ᠴᠢᠭᠢᠯᠳᠤᠨ ᠣᠷᠤᠵᠠᠭᠠᠪᠠ᠃

᠊᠊᠊᠊᠊᠊᠊᠊᠊᠊᠊᠊᠊᠊᠊ ᠭᠠᠳᠠᠭᠤᠷ ᠪᠠᠬᠠᠨ ᠡᠷᠭᠢᠭᠦ ᠦᠦ︖ ᠠᠬ᠎ᠠ ᠡ︕ ᠭᠡᠵᠤ ᠳᠡᠷᠭᠡᠯ ᠭᠡᠦᠭᠡᠨ ᠨᠠᠭᠠᠯᠢᠩᠬᠠᠢ᠌ᠳᠠᠨ ᠳᠤᠤᠭᠠᠷᠬᠤ ᠪᠠᠷ ᠨᠢ ᠳᠤᠯᠤᠠᠵᠢᠩ ᠠᠪᠣᠭᠠᠢ 《 ᠦᠭᠡᠶ》 ᠭᠡᠵᠤ ᠴᠢᠳᠠᠭᠰᠠᠨ ᠦᠭᠡᠶ ᠳᠠᠭᠠᠵᠤ ᠭᠠᠷᠤᠯ᠎ᠠ᠃ ᠠᠯᠳᠠ ᠮᠥᠩᠭᠦᠨ ᠵᠠᠰᠠᠯ ᠵᠢᠮᠰᠡᠭ᠌ ᠤᠨ ᠬᠤᠳᠠᠯᠳᠤᠭᠠᠨ ᠤ ᠭᠠᠵᠠᠷ ᠡᠴᠡ ᠬᠤᠶᠠᠷ ᠮᠢᠩᠭ᠋ᠠᠨ ᠳᠦᠭᠦᠷᠢᠭ᠌ ᠤᠨ ᠠᠯᠳᠠᠨ ᠰᠤᠠᠳᠤᠷ ᠠᠪᠴᠤ ᠳᠡᠷᠭᠡᠯ ᠭᠡᠦᠭᠡᠨ ᠳᠤ ᠵᠡᠭᠦᠯᠭᠡᠭᠦ ᠳᠡᠭᠡᠨ ᠦᠪᠡᠷ ᠤᠨ ᠡᠭᠡᠨᠡᠷ ᠲᠡᠭᠡᠨ ᠴᠤ ᠠᠪᠴᠤ ᠦᠭ‍ᠭᠦᠭᠡ ᠦᠭᠡᠶ ᠪᠠᠨ ᠪᠣᠳᠤᠵᠤ ᠠᠮᠵᠢᠭᠰᠠᠨ ᠴᠤ ᠡᠨᠡ ᠶᠠᠷᠤ ᠨᠢ ᠮᠢᠨᠤ ᠭᠦᠴᠤ ᠭᠦᠯᠦᠰᠤ ᠪᠠᠷ ᠰᠤᠯᠢᠵᠤ ᠢᠷᠡᠭ᠍ᠰᠡᠨ ᠵᠤᠭᠤᠰ ᠪᠢᠰᠢ ᠬᠣᠢ᠌ᠨ᠎ᠠ ᠭᠡᠵᠤ ᠦᠪᠡᠷ ᠢ ᠪᠠᠨ ᠳᠠᠢ᠌ᠤᠠᠬᠤᠷᠠᠭᠤᠯᠤᠨ᠎ᠠ᠃

᠊᠊᠊᠊᠊᠊᠊᠊᠊᠊᠊᠊᠊᠊᠊ ᠳᠠ ᠴᠤ ᠣᠪᠣᠭ᠎ᠠ ᠵᠤᠭᠤᠰ ᠲᠡᠶ ᠪᠣᠯᠴᠢᠬᠠᠭᠰᠠᠨ ᠮᠠᠶ‍ᠢᠭᠳᠠᠢ᠂ ᠳᠠᠯᠠᠷᠬᠠᠯ᠎ᠠ ᠠᠬ᠎ᠠ ᠡ︕ ᠭᠡᠳ ᠳᠡᠷᠭᠡᠯ ᠭᠡᠦᠭᠡᠨ ᠳᠤᠯᠤᠠᠵᠢᠩ ᠤᠨ ᠬᠠᠴᠠᠷ ᠢ ᠱᠤᠪ ᠭᠢᠳᠠᠯ᠎ᠠ ᠦᠨᠦᠰᠪᠠ᠃ 《ᠡᠨᠡ ᠭᠡᠦᠭᠡᠨ ᠴᠤ ᠭᠦᠮᠤᠨ ᠤ ᠳᠠᠷᠢᠭᠢ ᠶᠢ ᠰᠤᠷᠤᠬᠤ ᠳᠠᠭᠠᠨ ᠴᠠᠭᠠᠷᠠᠵᠤ ᠳ᠋ᠠ》 ᠭᠡᠵᠤ ᠪᠣᠳᠤᠵᠤ ᠠᠮᠵᠢᠭᠰᠠᠨ ᠳᠤᠯᠤᠠᠵᠢᠩ ᠭᠤᠸᠠᠢ ᠵᠤᠭᠤᠰ ᠶᠢᠡᠨ ᠳᠠᠯᠠᠭᠠᠷ ᠦᠷᠡᠭᠦ ᠶᠢ ᠰᠠᠨᠠᠭᠰᠠᠨ ᠦᠭᠡᠶ ᠪᠠᠯᠭᠡᠭᠦᠰᠤ ᠪᠠᠷ ᠨᠢ ᠭᠦᠩᠭᠡᠭᠡᠨ ᠳᠠᠪᠠᠷᠢᠵᠤ 《ᠣᠳᠤ ᠬᠠᠷᠢᠬᠤ ᠦᠦ︖》 ᠭᠡᠵᠤ ᠭᠡᠦᠭᠡᠨ ᠤ ᠴᠢᠭᠢᠨ ᠳᠤ ᠰᠢᠪᠠᠨᠠᠵᠠᠢ᠃

᠊᠊᠊᠊᠊᠊᠊᠊᠊᠊᠊᠊᠊᠊᠊ ᠮᠠᠨ ᠤ ᠳᠦᠷᠢᠶᠠᠰᠤᠨ ᠭᠡᠷ ᠲᠤ ᠣᠴᠢᠭᠠᠤᠨ ᠬᠤᠨᠤᠴᠢᠬ᠎ᠠ᠂ ᠵᠤᠭᠤᠰ ᠭᠠᠷᠤᠵᠠᠳᠠᠬᠤ ᠦᠭᠡᠶ ᠪᠢᠰᠢ ᠦᠦ︕ ᠭᠡᠳ ᠭᠡᠦᠭᠡᠨ ᠣᠴᠢᠷᠳᠠᠢ᠌ᠬᠠᠨ ᠭᠡᠯᠡᠭᠡᠳ ᠮᠢᠰᠢᠯᠵᠠᠪᠠ᠃

ᠳᠦᠴᠢᠨ ᠳᠡᠭ᠍ᠰᠢ ᠳᠦᠷᠪᠠᠯᠵᠢᠨ ᠮᠸᠲ᠋ᠷ ᠭᠦᠷᠭᠦ ᠦᠭᠡᠶ ᠵᠢᠵᠢᠭ᠍‍ᠬᠡᠨ ᠦᠷᠦᠭᠡᠨ ᠳᠤ ᠳᠦᠷᠪᠠᠨ ᠮᠤᠳᠤᠨ ᠣᠷᠤ ᠳᠠᠯᠪᠢᠭᠠᠰᠤᠳᠠᠢ᠃ ᠡ᠊ᠨᠳᠡᠭᠢ ᠶᠢᠨ ᠠᠯᠢᠪᠠ ᠡᠳ᠋ᠯᠡᠯ ᠭᠡᠷᠡᠭ᠍ᠰᠡᠯ ᠨᠢ ᠪᠦᠷ ᠲᠤᠩ ᠳᠦᠭᠦᠮᠭᠡᠨ᠂ ᠣᠷᠤᠨ ᠰᠢᠷᠡᠭᠡᠨ ᠤ ᠳᠡᠭᠡᠷ᠎ᠡ ᠳᠦᠷᠪᠠᠨ ᠳᠠᠮᠤᠷ ᠠᠶᠠᠭ᠎ᠠ᠂ ᠬᠤᠶᠠᠷ ᠬᠠᠯᠠᠭᠤᠨ ᠣᠰᠤᠨ ᠰᠠᠪᠠ ᠳᠠᠯᠪᠢᠭᠠᠰᠤᠳᠠᠢ᠂ ᠪᠠᠰᠠ ᠭᠡᠳᠤᠨ ᠣᠭᠤᠳᠠ ᠳᠦᠭᠦᠮ ᠭᠤᠯᠢᠷ ᠬᠠᠷᠠᠭᠳᠠᠨ᠎ᠠ᠃ ᠳᠡᠷᠭᠡᠯ ᠭᠡᠦᠭᠡᠨ ᠲᠤᠩ ᠱᠠᠯᠠᠮᠠᠭ ᠭᠦᠳᠡᠯᠭᠡᠭᠡᠨ ᠶᠢᠡᠷ ᠡᠭᠦᠳᠡ ᠪᠠᠨ ᠳᠦᠭ᠍ᠵᠢᠵᠤ ᠴᠤᠩᠬᠤᠨ ᠪᠦᠳᠡᠭᠡᠯᠭᠡ ᠪᠠᠨ ᠳᠠᠳᠠᠭᠠᠤᠨ ᠳᠤᠯᠤᠠᠵᠢᠩ ᠤᠨ ᠡᠪᠦᠷ ᠳᠡᠭᠡᠷ᠎ᠡ ᠨᠢ ᠰᠠᠭᠤᠭᠠᠤᠨ ᠡᠷᠭᠡᠯᠡᠨ ᠥᠨᠦᠰᠭᠦ ᠳ᠋ᠤᠨᠢ ᠬᠠᠭᠠᠰ ᠵᠢᠯ ᠦᠬᠢᠳ ᠡᠮᠡᠰ ᠤᠨ ᠪᠠᠷ᠎ᠠ ᠬᠠᠷᠠᠯ ᠦᠭᠡᠶ ᠶᠠᠪᠣᠭᠰᠠᠨ ᠳᠤᠯᠤᠠᠵᠢᠩ ᠭᠤᠸᠠᠢ ᠭᠡᠦᠭᠡᠨ ᠤ ᠣᠷᠤᠭᠤᠯ ᠢ ᠬᠤᠪᠳᠤᠭᠯᠠᠨ ᠦᠨᠦᠰᠴᠤ ᠡᠭᠢᠯᠡᠪᠡ ᠁

ᠭᠡᠳᠤ ᠣᠳᠠᠭ᠎ᠠ ᠰᠠᠯᠭᠢ ᠪᠣᠷᠤᠭᠠᠨ ᠤ ᠣᠢ᠌ᠯᠠ ᠶᠢ ᠭᠦᠢᠴᠡᠭᠡᠵᠤ ᠳᠠᠷ ᠳᠠᠮᠢᠷ ᠶᠢᠡᠨ ᠪᠠᠷᠠᠭᠰᠠᠨ ᠳᠠᠳᠠ ᠬᠤᠶᠠᠭᠤᠯᠠ ᠰᠤᠯᠳᠠᠢ᠌ᠨ ᠭᠡᠪᠳᠡᠭᠦ ᠳᠡᠭᠡᠨ ᠳᠤᠯᠤᠠᠵᠢᠩ ᠭᠤᠸᠠᠢ ᠭᠡᠦᠭᠡᠨ ᠤ ᠰᠤᠭᠤ ᠰᠢᠭ ᠰᠠᠢ᠌ᠬᠠᠨ ᠪᠠᠶ᠎ᠠ ᠭᠠᠯᠪᠢᠷ ᠢ ᠱᠤᠬᠤᠭᠤᠷᠬᠠᠨ ᠬᠠᠮᠢᠭ᠎ᠠ ᠡᠴᠡ ᠨᠢ ᠬᠠᠷᠠᠭᠰᠠᠨ ᠴᠤ ᠥ ᠰᠠᠪ ᠣᠯᠤᠮᠠᠷ ᠦᠭᠡᠶ ᠭᠠᠩᠭ᠋ᠠᠩ ᠴᠤᠭᠴᠠᠰ ᠢ ᠨᠢ ᠢᠯᠪᠢᠭᠦ ᠳᠡᠭᠡᠨ 《ᠬᠠᠢ᠌ᠷᠠᠨ ᠭᠡᠦᠭᠡᠨ》 ᠭᠡᠮᠡᠨ ᠬᠠᠷᠠᠮᠰᠠᠨ ᠪᠣᠳᠤᠭᠰᠠᠨ ᠶᠢᠡᠨ ᠬᠠᠭᠤᠴᠢ ᠳᠡᠯᠭᠡᠯᠴᠡᠨ ᠭᠡᠪᠳᠡᠪᠡ᠃

ᠪᠠᠭ᠎ᠠ ᠰᠤᠷᠭᠠᠭᠤᠯᠢ ᠪᠠᠨ ᠠᠷᠠᠢ᠌ᠬᠠᠨ ᠳᠡᠭᠦᠰᠭᠡᠭ᠍ᠰᠡᠨ ᠳᠡᠷᠭᠡᠯ ᠭᠡᠦᠭᠡᠨ ᠪᠣᠰᠤᠳ ᠢ ᠳᠠᠭᠠᠵᠤ ᠮᠤᠵᠢ ᠶᠢᠨ ᠬᠤᠳᠠ ᠳᠤ ᠭᠦᠴᠤ ᠶᠠᠪᠣᠬᠤ ᠪᠠᠷ ᠢᠷᠡᠭ᠍ᠰᠡᠨ ᠴᠤ ᠰᠤᠷᠤᠯᠭ᠎ᠠ ᠶᠢᠨ ᠨᠠᠮᠳᠠᠷ᠂ ᠮᠡᠷᠭᠡᠵᠢᠯ ᠴᠢᠳᠠᠪᠣᠷᠢ ᠭᠡᠳ ᠳᠤᠭᠢᠳᠠᠢ ᠠᠵᠢᠯ ᠣᠯᠤᠭᠰᠠᠨ ᠦᠭᠡᠶ ××× ᠠᠷᠢᠭᠢᠨ ᠠᠰᠠᠷ ᠲᠤ ᠥᠢᠯᠡᠴᠢᠯᠡᠭ᠍ᠴᠢ ᠪᠠᠷ ᠠᠵᠢᠯᠯᠠᠵᠤ ᠪᠠᠢ᠌ᠭᠰᠠᠨ ᠶᠢᠡᠨ ᠪᠣᠰᠤᠳ ᠤᠨ ᠰᠠᠨᠠᠭᠤᠯᠭ᠎ᠠ ᠢᠳᠭᠠᠯ ᠶᠢᠡᠷ ᠵᠤᠭᠤᠰ ᠢᠯᠡᠭᠦᠤ ᠣᠯᠤᠶ᠎ᠠ ᠭᠡᠳ ᠯᠠ ᠠᠪᠠᠬᠠᠢ ᠪᠣᠯᠵᠤ ᠪᠠᠶ᠎ᠠ ᠪᠠᠨ ᠬᠤᠳᠠᠯᠳᠤᠬᠤ ᠪᠣᠯᠤᠭᠰᠠᠨ ᠭᠡᠨ᠎ᠡ᠃ ᠳᠤᠯᠤᠠᠵᠢᠩ ᠭᠤᠸᠠᠢ ᠭᠡᠦᠭᠡᠨ ᠡᠴᠡ ᠬᠤᠵᠢᠮ ᠤᠨ ᠭᠢᠨᠢ ᠳᠤᠬᠠᠢ ᠠᠰᠠᠭᠤᠬᠤ ᠳᠤ᠄ 《ᠣᠳᠤᠬᠠᠨ ᠳᠠᠭᠠᠨ ᠵᠤᠭᠤᠰ ᠳᠠᠢ᠌ᠮᠤ ᠣᠯᠠᠨ ᠬᠤᠷᠠᠮᠳᠤᠭᠤᠯᠵᠤ ᠳᠡᠢ᠌ᠯᠦᠭᠡᠳᠦᠢ᠂ ᠠᠷᠪᠠ ᠭᠠᠷᠣᠢ᠌ᠬᠠᠨ ᠲᠦᠮᠡᠨ ᠵᠤᠭᠤᠰ ᠬᠠᠳᠠᠭᠠᠯᠠᠭᠠᠤᠨ ᠪᠠᠢ᠌ᠨ᠎ᠠ᠂ ᠬᠤᠷᠢᠨ ᠲᠦᠮᠡ ᠭᠦᠢᠴᠡᠭ᠍ᠰᠡᠭᠡᠷ ᠨᠤᠳᠤᠭ ᠲᠠᠭᠠᠨ ᠬᠠᠷᠢᠵᠤ ᠳᠡᠯᠭᠡᠭᠦᠷ ᠨᠡᠭᠡᠭᠡᠶ᠎ᠡ ᠭᠡᠵᠤ ᠪᠣᠳᠤᠵᠤ ᠪᠠᠢ᠌ᠨ᠎ᠠ》 ᠭᠡᠵᠤ ᠭᠡᠦᠭᠡᠨ ᠪᠠᠢ᠌ᠳᠠᠭ ᠶᠢᠡᠨ ᠴᠢᠳᠬᠤᠪᠠ᠃

ᠠᠷᠪᠠ ᠭᠠᠷᠤᠢ ᠬᠤᠨᠤᠭ ᠳᠡᠷᠭᠡᠯ ᠭᠡᠦᠭᠡᠨ ᠲᠡᠶ ᠴᠡᠩᠭᠡᠵᠤ ᠠᠮᠢᠳᠤᠷᠠᠯ ᠤᠨ ᠵᠢᠷᠭᠠᠯ ᠳᠤ ᠰᠤᠭᠳᠤᠭᠤᠷᠠᠵᠤ ᠶᠠᠪᠣᠬᠤ ᠳᠠᠭᠠᠨ ᠠᠮᠢᠳᠤᠷᠠᠯ ᠳᠠᠭᠠᠨ ᠨᠠᠵᠠᠭᠠᠢ᠌ᠷᠠᠨ ᠭᠦᠯ ᠠᠯᠳᠠᠭᠰᠠᠨ ᠭᠤᠶᠤ ᠭᠡᠦᠭᠡᠨ ᠢ ᠦᠪᠡᠷ ᠤᠨ ᠭᠠᠷ ᠲᠠᠭᠠᠨ ᠣᠷᠤᠭᠤᠯᠤᠨ ᠭᠠᠭᠴᠠᠭᠠᠷ ᠡᠵᠡᠯᠡᠭᠦ ᠶᠢᠨ ᠣᠬᠠᠭᠠᠨ ᠰᠠᠢ᠌ᠯᠵᠤ᠂ ᠬᠤᠰᠢᠭᠤᠨ ᠲᠦᠪ ᠡᠴᠡ ᠪᠣᠯᠤᠮᠠᠷ ᠭᠡᠷ ᠬᠤᠳᠠᠯᠳᠤᠵᠤ ᠠᠪᠣᠭᠠᠤᠨ ᠳᠡᠯᠭᠡᠭᠦᠷ ᠶᠢᠡᠨ ᠬᠤᠷᠰᠢᠵᠤ ᠨᠡᠭᠡᠭᠡᠭᠦ ᠪᠠᠷ ᠭᠡᠯᠡᠯᠴᠡᠨ ᠳᠤᠭᠳᠠᠭᠠᠤᠨ ᠭᠠᠷᠴᠤ ᠢᠷᠡᠭ᠍ᠰᠡᠨ ᠪᠦᠭᠡᠳ ᠮᠢᠬᠠᠨ ᠰᠠᠷᠢᠭᠠᠴᠢᠨ ᠲᠡᠶ ᠨᠢᠭᠡ ᠳᠡᠷᠭᠡ ᠬᠤᠨᠢᠨ ᠤ ᠮᠠᠢ᠌ᠮᠠᠢ ᠳᠤᠭᠢᠷᠠᠭᠰᠠᠨ ᠪᠢᠯᠠ᠃ ᠦᠨᠦᠳᠤᠷ ᠳᠡᠷᠭᠡᠯ ᠭᠡᠦᠭᠡᠨ ᠤ ᠭᠡᠷ ᠲᠤ ᠠᠷᠢᠭᠢᠳᠠᠨ ᠰᠠᠭᠤᠬᠤ ᠳᠠᠭᠠᠨ ᠵᠠᠯᠠᠭᠤ ᠭᠠᠩᠭ᠋ᠠᠩ ᠭᠡᠦᠭᠡᠨ ᠤ ᠥᠩᠭᠡ ᠵᠢᠰᠤ᠂ ᠪᠠᠶ᠎ᠠ ᠭᠠᠯᠪᠢᠷ ᠢ ᠰᠠᠨᠠᠵᠤ ᠪᠣᠳᠤᠬᠤ ᠳᠠᠭᠠᠨ ᠣᠷᠤᠨ ᠳᠡᠭᠡᠷᠡᠭᠢ ᠣᠢ᠌ᠯᠠ ᠳᠤ ᠲᠤᠩ ᠴᠠᠭᠠᠷᠠᠭᠰᠠᠨ ᠭᠡᠦᠭᠡᠨ ᠳ᠋ᠠ ᠭᠡᠵᠤ ᠪᠣᠳᠤᠬᠤ ᠡᠴᠡ ᠦᠪᠡᠷ ᠤᠨ ᠭᠢᠨᠢ ᠰᠢᠷ᠎ᠠ ᠪᠦᠰᠡᠭᠦᠢ ᠮᠥᠩᠭᠦᠡᠴᠡᠴᠡᠭ᠌ ᠨᠢ ᠪᠦᠭᠡᠯᠵᠢᠰᠤ ᠭᠦᠷᠭᠡᠮᠡᠷ ᠡᠭ᠍ᠳᠡᠭᠦᠤ ᠲᠡᠶ ᠰᠠᠨᠠᠭᠳᠠᠨ᠎ᠠ᠃

᠊᠊᠊᠊᠊᠊᠊᠊᠊᠊᠊᠊᠊᠊᠊ ᠦᠭᠡᠶ ᠶᠠᠷᠤ ᠨᠢ ᠳᠤᠯᠤᠭᠠᠢ ᠨᠢ ᠭᠠᠳᠠᠭᠰᠢ ᠪᠠᠨ ᠬᠠᠠᠳᠤᠭᠰᠠᠨ ᠵᠤᠯᠢᠭ᠂ ᠭᠡᠷ ᠳᠡᠷᠭᠡ ᠪᠠᠨ ᠬᠠᠮᠢᠶᠠᠷᠬᠤ ᠶᠢ ᠮᠡᠳᠡᠭᠦ ᠦᠭᠡᠶ᠂ ᠰᠦᠨᠢ ᠶᠢᠨ ᠠᠷᠪᠠᠨ ᠨᠢᠭᠡᠨ ᠴᠠᠭ ᠪᠣᠯᠴᠢᠬᠠᠭᠰᠠᠨ ᠪᠠᠢ᠌ᠳᠠᠯ᠎ᠠ ᠠᠭᠠᠭ ᠭᠤᠳᠤᠷᠬᠤ ᠪᠠᠨ ᠵᠤᠭᠰᠤᠳᠠᠭ ᠦᠭᠡᠶ ᠨᠢ ᠁ ᠭᠡᠵᠤ ᠳᠤᠯᠤᠠᠵᠢᠩ ᠤᠨ ᠰᠢᠷ᠎ᠠ ᠪᠦᠰᠡᠭᠦᠢ ᠮᠥᠩᠭᠦᠡᠴᠡᠴᠡᠭ᠌ ᠴᠤᠩᠬᠤᠨ ᠭᠠᠳᠠᠨ᠎ᠠ ᠡᠴᠡ ᠴᠢᠷᠠᠯᠠᠪᠠ᠃

᠊᠊᠊᠊᠊᠊᠊᠊᠊᠊᠊᠊᠊᠊᠊ ᠵᠠ᠂ ᠣᠳᠤ ᠬᠠᠷᠢᠶ᠎ᠠ ᠯᠠ ᠳ᠋ᠠ᠂ ᠡᠨᠡ ᠮᠠᠭᠤ ᠰᠢᠷ᠎ᠠ ᠴᠢᠳᠭᠦᠷ ᠢᠷᠡᠴᠢᠭᠡᠯ᠎ᠡ︕ ᠭᠡᠵᠤ ᠪᠣᠳᠤᠯ ᠡᠴᠡ ᠨᠢ ᠰᠠᠯᠭᠠᠭᠰᠠᠨ ᠳᠤ ᠡᠭ᠍ᠳᠡᠭᠦᠴᠡᠭᠦ ᠰᠢᠭ᠌ ᠳᠤᠷᠠᠮᠵᠢᠬᠠᠨ ᠶᠠᠷᠢᠭᠠᠤᠨ ᠰᠤᠭᠳᠤᠭᠰᠠᠨ ᠶᠢᠡᠷ ᠮᠠᠶ‍ᠢᠭᠯᠠᠨ ᠪᠣᠰᠬᠤ ᠳᠠᠭᠠᠨ ᠦᠮᠦᠳᠦᠨ ᠬᠠᠷᠮᠠᠨ ᠡᠴᠡ ᠪᠠᠨ ᠬᠤᠶᠠᠷ ᠵᠠᠭᠤᠨ ᠳᠦᠭᠦᠷᠢᠭ᠌ ᠭᠠᠷᠭᠠᠵᠤ ᠰᠠᠢ᠌ᠨ᠎ᠠ ᠭᠦᠭ᠍ᠰᠢᠨ ᠳᠤ ᠭᠠᠷᠳᠠᠭᠤᠯᠤᠨ᠄

᠊᠊᠊᠊᠊᠊᠊᠊᠊᠊᠊᠊᠊᠊᠊ ᠳᠠᠨ ᠤ ᠭᠤᠯᠢᠷ ᠳᠤᠰᠤ ᠴᠤ ᠤᠢ᠌ᠷᠠᠳᠤᠭᠰᠠᠨ ᠪᠠᠢ᠌ᠯᠭᠦᠢ᠂ ᠵᠠᠷᠤᠵᠤ ᠪᠠᠢ᠃ ᠵᠢᠯ ᠤᠨ ᠳᠤᠤᠷ᠎ᠠ ᠪᠠᠰᠠ ᠭᠦᠷᠭᠡᠵᠤ ᠢᠷᠡᠶ᠎ᠡ᠂ ᠬᠠᠷᠢᠨ ᠪᠢ ᠳᠠᠨ ᠤ ᠭᠢᠨ ᠳᠤ ᠰᠦᠨᠢ ᠳᠤᠵᠢ ᠠᠷᠢᠭᠢᠳᠠᠭᠰᠠᠨ ᠰᠢᠤ︕ ᠭᠡᠵᠤ ᠳᠡᠷᠭᠡᠯ ᠭᠡᠦᠭᠡᠨ ᠤ ᠡᠵᠢ ᠳᠡᠭᠡᠨ ᠢᠯᠡᠭᠡᠭ᠍ᠰᠡᠨ ᠮᠢᠩᠭ᠋ᠠᠨ ᠳᠦᠭᠦᠷᠢᠭ᠌ ᠡᠴᠡ ᠳᠤᠯᠤᠭᠠᠨ ᠵᠠᠭᠤ ᠭᠠᠷᠤᠢ ᠬᠤᠠᠵᠢᠵᠤ ᠲᠤᠩ ᠵᠠᠯᠢᠷᠬᠠᠭ ᠶᠢᠡᠷ ᠢᠨᠢᠶᠡᠮᠰᠦᠭᠯᠡᠪᠡ᠃

᠊᠊᠊᠊᠊᠊᠊᠊᠊᠊᠊᠊᠊᠊᠊ ᠳᠠᠢ᠌ᠮᠤ ᠡ᠂ ᠳᠠᠢ᠌ᠮᠤ ᠭᠡᠵᠤ ᠰᠠᠢ᠌ᠨ᠎ᠠ ᠭᠦᠭ᠍ᠰᠢᠨ ᠬᠤᠶᠠᠷ ᠵᠠᠭᠤᠨ ᠵᠤᠭᠤᠰ ᠢ ᠨᠢ ᠪᠣᠯᠢᠶᠠᠬᠤ ᠰᠢᠬᠠᠮ ᠠᠪᠴᠤ ᠬᠠᠷᠮᠠᠯᠠᠭᠰᠠᠨ ᠴᠤ ᠳᠡᠭᠦᠨ ᠢ ᠭᠦᠷᠭᠡᠵᠤ ᠭᠠᠷᠤᠭᠰᠠᠨ ᠦᠭᠡᠶ᠃ ᠳᠤᠯᠤᠠᠵᠢᠩ ᠭᠠᠳᠠᠨ᠎ᠠ ᠭᠦᠯᠢᠶᠡᠵᠤ ᠪᠠᠢ᠌ᠭᠰᠠᠨ ᠪᠦᠰᠡᠭᠦᠢ ᠲᠡᠶ ᠪᠠᠨ ᠢᠪᠢᠷ ᠰᠢᠪᠢᠷ ᠭᠡᠳᠤ ᠶᠠᠷᠢᠯᠴᠠᠭᠰᠠᠨ ᠶᠢᠡᠨ ᠱᠤᠡᠭ᠌ ᠳᠤ ᠣᠶᠠᠭᠠᠳᠠᠢ ᠮᠤᠷᠢ ᠪᠠᠨ ᠬᠠᠶᠠᠵᠤ᠂ ᠭᠡᠷ ᠵᠥᠭ᠌ ᠶᠢᠡᠨ ᠬᠤᠷᠳᠤᠯᠠᠨ ᠠᠯᠬᠤᠯᠠᠪᠠ᠃ ᠬᠤᠠᠳᠠᠭ᠎ᠠ ᠲᠡᠶ ᠠᠷᠢᠭᠢ ᠭᠢᠭᠡᠳ ᠵᠢᠷᠭᠠᠯ ᠭᠤᠸᠠᠢ ᠶᠢ ᠡᠭᠡᠯᠵᠢᠯᠡᠨ ᠬᠠᠷᠠᠵᠤ ᠪᠣᠳᠤᠯᠭᠠᠰᠢᠷᠠᠨ ᠪᠠᠢ᠌ᠳᠠᠯ᠎ᠠ ᠳᠤᠳᠤᠷᠭ᠎ᠠ ᠪᠣᠳᠠᠭᠠᠨ ᠤ ᠭᠡᠤᠷᠰᠢᠭᠰᠡᠨ ᠦᠨᠦᠷ ᠬᠠᠮᠠᠷ ᠭᠠᠳᠠᠪᠠ᠃ ᠰᠠᠢ᠌ᠨ᠎ᠠ ᠭᠦᠭ᠍ᠰᠢᠨ ᠶᠠᠮᠠᠷ ᠨᠢᠭᠡᠨ ᠰᠢ᠌ᠤᠠᠪᠣᠷᠢ ᠠᠪᠣᠭᠰᠠᠨ ᠪᠣᠯᠤᠯᠳᠠᠢ ᠰᠠᠠᠳᠤᠷᠴᠤ ᠠᠷᠢᠭᠢ ᠪᠠᠨ ᠨᠢᠭᠡ ᠪᠠᠯᠭᠤᠭᠠᠤᠨ ᠬᠠᠩᠵᠤᠨ ᠡᠴᠡ ᠪᠠᠭᠤᠪᠠ᠃

ᠲ᠋ᠡᠭ᠍ᠷᠢ ᠪᠦᠷᠭᠦᠭ᠍ᠰᠢᠭ᠍ᠰᠡᠨ ᠪᠣᠯᠪᠠᠴᠤ ᠴᠠᠰᠤ ᠣᠷᠤᠭᠰᠠᠨ ᠦᠭᠡᠶ᠂ ᠭᠡᠰᠡᠭ᠌ ᠰᠠᠯᠭᠢᠯᠠᠵᠤ ᠠᠪᠣᠭᠠᠤᠨ ᠦᠣᠷ ᠬᠠᠶᠠᠭᠠᠷᠠᠬᠤ ᠪᠠᠷ ᠨᠢ ᠳᠡᠭ᠍ᠷᠢ ᠴᠠᠯᠮᠠᠵᠤ ᠰᠠᠯᠭᠢ ᠴᠤ ᠨᠠᠮᠵᠢᠪᠠ᠃ ᠨᠠᠷᠠ ᠳᠡᠭ᠍ᠳᠡᠭᠦ ᠭᠢᠷᠢᠨ᠎ᠠ ᠡᠪᠦᠭᠡᠨ ᠤ ᠬᠤᠨᠢ ᠶᠢ ᠡᠮᠦᠨ᠎ᠡ ᠭᠡᠷ ᠤᠨ ᠭᠢᠨᠢ ᠪᠠᠳᠤ ᠭᠦᠤ ᠦᠪᠡᠷ ᠤᠨ ᠰᠦᠷᠦᠭ᠌ ᠲᠡᠶ ᠪᠠᠨ ᠨᠡᠢ᠌ᠯᠡᠭᠦᠯᠵᠤ ᠪᠠᠯᠴᠢᠭᠡᠷ ᠲᠤ ᠵᠠᠯᠠᠪᠠ᠃

ᠲᠦᠯᠠᠢ ᠵᠤᠷᠢᠭᠳᠤ ᠶᠢᠨ ᠭᠢ ᠭᠡᠵᠤ ᠳᠦᠷᠪᠠᠨ ᠵᠠᠭᠤ ᠭᠠᠷᠤᠢ ᠬᠤᠨᠢ᠂ ᠳᠦᠴᠢ ᠰᠢᠬᠠᠮ ᠥᠭᠡᠷ ᠲᠡᠶ ᠪᠠᠷ ᠶᠢᠡᠨ ᠬᠠᠢ᠌ᠯᠠᠰᠤᠳᠠᠢ ᠶᠢᠨ ᠠᠢ᠌ᠯ ᠤᠨ ᠳᠦᠷᠦᠭᠦᠤ ᠪᠠᠶᠠᠨ ᠳᠤ ᠳᠤᠭᠠᠴᠠᠭᠳᠠᠨ᠎ᠠ᠃ ᠡᠪᠦᠭᠡᠨ ᠤ ᠴᠢᠭᠢ ᠨᠢ ᠳᠦᠷᠤᠯᠭᠢ ᠲᠦᠯᠠᠢ ᠪᠢᠰᠢ᠂ ᠬᠠᠷᠢᠨ ᠪᠠᠷᠢᠭᠠᠳᠠ ᠶᠢᠨ ᠦᠶᠡᠰ ᠬᠠᠳᠠ ᠳᠠᠯᠪᠠᠴᠢᠵᠤ ᠪᠠᠢ᠌ᠭᠠᠤᠨ ᠴᠢᠭᠢᠨ ᠭᠡᠩᠭᠡᠷᠭᠡ ᠨᠢ ᠨᠦᠰᠠᠷ ᠳᠠᠭᠤᠨ ᠳᠤ ᠬᠠᠭᠠᠷᠠᠵᠤ ᠲᠦᠯᠠᠢ ᠪᠣᠯᠤᠭᠰᠠᠨ ᠪᠢᠯᠠ᠃ ᠵᠤᠷᠢᠭᠳᠤ ᠭᠤᠸᠠᠢ ᠴᠢᠭᠢ ᠨᠢ ᠲᠦᠯᠡᠢ᠌ᠷᠡᠭ᠍ᠰᠡᠨ ᠳᠦᠷᠦᠭᠦᠴᠢ ᠶᠢᠨ ᠵᠢᠯ ᠤᠳ ᠲᠤ ᠮᠠᠰᠢ ᠣᠯᠠᠨ ᠢᠨᠢᠶᠡᠳᠦᠮᠳᠡᠢ ᠣᠴᠢᠷ ᠭᠠᠷᠭᠠᠭᠰᠠᠨ ᠭᠡᠵᠤ ᠨᠠᠰᠤ ᠬᠤᠷᠠᠭ ᠤᠨ ᠭᠢᠨᠢ ᠶᠠᠷᠢᠯᠴᠠᠳᠠᠭ᠃

ᠨᠢᠭᠡ ᠣᠳᠠᠭ᠎ᠠ ᠵᠤᠷᠢᠭᠳᠤ ᠭᠤᠸᠠᠢ ᠪᠦᠰᠡᠭᠦᠢ ᠳᠡᠯᠭᠡᠷᠮ᠎ᠡ ᠲᠡᠶ ᠪᠠᠨ ᠠᠷᠭᠠᠯ ᠳᠡᠭᠡᠭᠡᠭᠦ ᠪᠠᠷ ᠶᠠᠪᠣᠭᠠᠤᠨ ᠢᠷᠡᠭᠦ ᠵᠠᠮ ᠳᠠᠭᠠᠨ ᠡᠷᠭᠢᠵᠤ ᠬᠠᠷᠠᠯ ᠦᠭᠡᠶ ᠪᠠᠷ ᠦᠪᠡᠷ ᠤᠨ ᠭᠢ ᠪᠠᠨ ᠶᠠᠷᠢᠵᠤ᠂ ᠠᠷᠠᠯ ᠤᠨ ᠮᠤᠷᠢ ᠪᠠᠨ ᠳᠠᠰᠢᠭᠤᠷᠳᠠᠭᠰᠠᠭᠠᠷ ᠭᠦᠷᠢᠶᠡᠨ ᠡᠭᠦᠳᠡᠨ ᠳᠡᠭᠡᠨ ᠭᠦᠷᠴᠤ᠄ 《ᠵᠠ᠂ ᠣᠳᠤ ᠪᠠᠭᠤ︕》 ᠭᠡᠵᠤ ᠡᠷᠭᠢᠨ ᠬᠠᠷᠠᠭᠰᠠᠨ ᠴᠢᠨᠢ ᠪᠦᠰᠡᠭᠦᠢ ᠨᠢ ᠠᠯᠠᠭ᠎ᠠ ᠪᠠᠢ᠌ᠵᠠᠢ᠃ ᠳᠡᠭᠡᠭᠡᠳ ᠰᠠ‍‌ᠶᠢ ᠭᠦᠳᠡᠭᠡ ᠭᠡᠭᠡᠷ᠎ᠡ ᠬᠠᠶᠠᠵᠤ ᠢᠷᠡᠭ᠍ᠰᠡᠨ ᠶᠢᠡᠨ ᠣᠬᠠᠵᠤ ᠭᠦᠳᠦᠯᠦᠭᠡ ᠮᠤᠷᠢ ᠲᠡᠶ ᠳᠠᠪᠭᠢᠭᠤᠯᠵᠤ ᠣᠴᠢᠭᠠᠤᠨ ᠠᠷᠪᠠᠭᠠᠤᠨ ᠭᠠᠵᠠᠷ ᠤᠨ ᠥᠵᠦᠭᠦᠷ ᠡᠴᠡ ᠳᠤᠰᠴᠤ ᠢᠷᠡᠭ᠍ᠰᠡᠨ ᠭᠡᠳᠡᠭ᠌᠃ ᠪᠠᠰᠠ ᠨᠢᠭᠡ ᠣᠳᠠᠭ᠎ᠠ ᠨᠠᠮᠤᠷ ᠤᠨ ᠰᠡᠭᠦᠯᠴᠢ ᠪᠠᠷ ᠵᠢᠷᠭᠠᠯ ᠭᠤᠸᠠᠢ ᠲᠡᠶ ᠠᠷᠢᠭᠢᠳᠠᠵᠤ ᠳᠡᠭᠡᠷ᠎ᠡ ᠬᠠᠯᠠᠰᠤᠭᠠᠤᠨ᠄

᠊᠊᠊᠊᠊᠊᠊᠊᠊᠊᠊᠊᠊᠊᠊ ᠡᠨᠡ ᠵᠢᠯ ᠴᠢᠨᠢ ᠬᠤᠭᠤᠰᠤᠨ ᠪᠣᠷᠤᠭᠠᠨ ᠨᠢ ᠣᠷᠤᠭᠠᠤᠨ ᠳᠡᠭ᠍ᠷᠢ ᠳᠤᠤᠭᠠᠷᠤᠭᠰᠠᠨ ᠦᠭᠡᠶ ᠶᠤᠮ ᠦᠦ︕ ᠭᠡᠵᠤ ᠶᠠᠷᠢᠭᠰᠠᠨ ᠭᠡᠳᠡᠭ᠌᠃ ᠭᠡᠪᠠᠴᠤ ᠣᠳᠠᠭᠠᠨ ᠵᠢᠯ ᠶᠢᠡᠷ ᠲᠦᠯᠠᠢ ᠶᠠᠪᠣᠭᠰᠠᠨ ᠡᠪᠦᠭᠡᠨ ᠤ ᠰᠠᠷᠠᠯ ᠨᠢ ᠲᠤᠩ ᠭᠦᠭ᠍ᠵᠢᠵᠡᠢ᠃ ᠳᠡᠭᠦᠨ ᠢ ᠣᠠᠳᠠᠵᠤ ᠪᠠᠢ᠌ᠬᠤ ᠳᠤ ᠭᠡᠷ ᠳᠤᠨᠢ ᠰᠡᠮᠡᠭᠡᠷ ᠣᠷᠤᠭᠠᠤᠨ ᠬᠠᠩᠵᠤᠨ ᠳᠡᠭᠡᠷ᠎ᠡ ᠨᠢ ᠰᠠᠭᠤᠬᠤ ᠲᠡᠶ ᠯᠠ ᠵᠡᠷᠭᠡ ᠭᠦᠮᠤᠨ ᠣᠷᠤᠵᠤ ᠢᠷᠡᠭ᠍ᠰᠡᠨ ᠢ ᠮᠡᠳᠡᠴᠢᠭᠡᠳᠡᠭ᠌ ᠶᠢᠡᠷ ᠪᠠᠷᠠᠬᠤ ᠦᠭᠡᠶ ᠭᠦᠮᠤᠨ ᠳᠡᠭᠦᠨ ᠲᠡᠶ ᠨᠢᠭᠤᠷᠳᠠᠨ ᠰᠠᠭᠤᠵᠤ ᠶᠠᠷᠢᠯᠴᠠᠪᠠᠯ ᠣᠷᠤᠭᠤᠯ ᠤᠨ ᠭᠢᠨᠢ ᠭᠦᠳᠡᠯᠦᠯ ᠶᠢᠡᠷ ᠥ ᠰᠠᠪ ᠭᠠᠷᠭᠠᠯ ᠦᠭᠡᠶ ᠰᠠᠢ᠌ᠬᠠᠨ ᠵᠤᠭᠤᠭᠳᠠᠭᠠᠤᠨ ᠴᠢᠳᠠᠴᠢᠬᠠᠳᠠᠭ ᠨᠢ ᠭᠠᠢ᠌ᠬᠠᠭᠤᠰᠢᠳᠠᠢ ᠶᠤᠮ᠃

᠊᠊᠊᠊᠊᠊᠊᠊᠊᠊᠊᠊᠊᠊᠊ ᠵᠤᠷᠢᠭᠳᠤ ᠪᠢ ᠵᠢᠷᠠ ᠭᠦᠷᠳᠡᠯ᠎ᠡ ᠦᠨᠡᠠᠴᠢ ᠰᠢᠳᠤᠷᠭᠤ ᠪᠠᠷ ᠶᠠᠪᠣᠭᠰᠠᠭᠠᠷ ᠢᠷᠡᠭ᠍ᠰᠡᠨ᠂ ᠭᠦᠮᠤᠨ ᠲᠡᠶ ᠦᠰᠢᠶ᠎ᠡ ᠬᠤᠠᠵᠢᠩ ᠴᠤ ᠶᠠᠷᠤ ᠳᠠᠯᠪᠢᠭᠰᠠᠨ ᠦᠭᠡᠶ᠃ ᠶᠠᠷᠤ ᠨᠢ ᠢᠩᠭᠢᠭᠡᠳ ᠯᠠ ᠭᠡᠷᠡᠭ᠌ ᠡᠴᠡ ᠭᠠᠷᠴᠤ ᠪᠣᠳᠠᠭᠠᠨ ᠰᠠᠪᠠᠯᠠᠭᠤᠷ ᠪᠣᠯᠴᠢᠬᠠᠬᠤ ᠨᠢ ᠦᠦ︕ ᠭᠡᠵᠤ ᠵᠢᠷᠠᠨ ᠬᠤᠨᠢ ᠪᠠᠨ ᠬᠤᠯᠠᠭᠠᠢ ᠳᠤ ᠠᠯᠳᠠᠭᠰᠠᠨ ᠳᠠᠭᠠᠨ ᠮᠠᠩᠨᠠᠢ ᠪᠠᠨ ᠠᠯᠠᠭᠠᠳᠠᠵᠤ ᠦᠪᠡᠷ ᠢ ᠪᠠᠨ ᠪᠣᠷᠤᠭᠤᠳᠬᠠᠨ᠎ᠠ᠃ ᠰᠠᠶ‍ᠢᠬᠠᠨ ᠮᠤᠬᠤᠷ ᠣᠯᠤᠭᠠᠢ ᠶᠢᠨ ᠦᠷᠪᠢᠰᠤᠯ ᠶᠢᠡᠷ ᠮᠠᠰᠠ ᠵᠠᠰᠠᠯ ᠭᠢᠯᠭᠡᠭᠡᠳ ᠢᠷᠡᠭ᠍ᠰᠡᠨ ᠭᠦᠭ᠍ᠰᠢᠨ ᠳᠡᠯᠭᠡᠷᠮ᠎ᠡ ᠨᠢ᠄

᠊᠊᠊᠊᠊᠊᠊᠊᠊᠊᠊᠊᠊᠊᠊ ᠴᠠᠭ ᠳᠦᠷᠤ ᠡᠢ᠌ᠮᠤ ᠪᠣᠯᠴᠢᠬᠠᠭᠰᠠᠨ ᠢ ᠶᠠᠭᠠᠭᠢᠨ᠎ᠠ ᠳ᠋ᠠ︕ ᠭᠡᠳ ᠰᠡᠭᠦᠷᠡᠰᠦᠯᠡᠨ᠎ᠡ᠃

᠊᠊᠊᠊᠊᠊᠊᠊᠊᠊᠊᠊᠊᠊᠊ ᠳᠠᠨᠤᠰ ᠪᠢᠳᠡᠭᠡᠢ ᠵᠤᠪᠠᠭᠠᠤᠨ ᠪᠠᠢ︕ ᠪᠢ ᠠᠪᠠᠭ᠎ᠠ ᠳᠤ ᠣᠳᠠᠰᠤ ᠠᠪᠣᠭᠰᠠᠨ᠂ ᠳᠤᠮᠢᠯᠠᠭᠰᠠᠨ ᠰᠠᠯᠪᠣᠷᠢ ᠳᠤ ᠴᠤ ᠭᠡᠷᠡᠭ᠌ ᠮᠡᠳᠡᠭᠦᠯᠴᠢᠭᠡᠭ᠍ᠰᠡᠨ᠃

ᠭᠡᠭᠡᠵᠤ ᠠᠯᠳᠠᠭᠰᠠᠨ ᠶᠠᠭᠤᠮᠠᠨ ᠤ ᠬᠣᠢ᠌ᠨ᠎ᠠ ᠡᠴᠡ ᠳᠠᠮᠠᠢ ᠵᠤᠪᠠᠭᠠᠤᠨ ᠶᠠᠭᠠᠭᠢᠨ᠎ᠠ︖ ᠢᠳᠡᠭ᠍ᠰᠡᠨ ᠡᠷᠡᠤ ᠬᠤᠪᠠᠬᠠᠢ᠌ᠷᠠᠵᠤ᠂ ᠢᠳᠡᠭ᠍ᠳᠡᠭ᠍ᠰᠡᠨ ᠳᠤᠪᠣ ᠨᠤᠭᠤᠭᠠᠷᠠᠨ᠎ᠠ ᠭᠡᠵᠤ ᠳᠠᠨᠤᠰ ᠶᠠᠷᠢᠳᠠᠭ ᠪᠢᠰᠢ ᠦᠦ︕ ᠭᠡᠵᠤ ᠭᠦᠤ ᠰᠠᠢ᠌ᠵᠢᠷᠠᠬᠤ ᠨᠢ ᠴᠢᠳᠠᠬᠤ ᠶᠢᠨ ᠭᠢᠷᠢ ᠪᠠᠷ ᠶᠢᠡᠨ ᠠᠪᠣ ᠡᠵᠢ ᠪᠠᠨ ᠳᠠᠢ᠌ᠤᠠᠬᠤᠷᠠᠭᠤᠯᠤᠨ᠎ᠠ᠃

ᠵᠤᠷᠢᠭᠳᠤ ᠳᠡᠯᠭᠡᠷᠮ᠎ᠡ ᠬᠤᠶᠠᠭᠤᠯᠠ ᠳᠦᠴᠢ ᠳᠦᠭᠦᠭᠡᠳ ᠰᠠ‍‌ᠶᠢ ᠭᠦᠤ ᠣᠯᠤᠭᠰᠠᠨ ᠶᠤᠮ᠃ ᠰᠤᠷᠭᠠᠭᠤᠯᠢ ᠰᠤᠶᠤᠯ ᠤᠨ ᠮᠦᠷ ᠢ ᠠᠷᠪᠠᠨ ᠭᠡᠳᠤᠨ ᠵᠢᠯ ᠭᠦᠭᠡᠭᠡᠵᠤ᠂ ᠳᠡᠭᠡᠳᠤ ᠳᠤᠮᠳᠠᠳᠤ ᠪᠠᠨ ᠳᠡᠭᠦᠰᠭᠡᠭ᠍ᠰᠡᠨ ᠴᠤ ᠶᠡᠭᠡ ᠰᠤᠷᠭᠠᠭᠤᠯᠢ ᠶᠢᠨ ᠪᠣᠱᠤᠭ᠎ᠠ ᠶᠢ ᠠᠯᠬᠤᠵᠤ ᠳᠡᠢ᠌ᠯᠦᠭ᠍ᠰᠡᠨ ᠦᠭᠡᠶ᠃ ᠨᠠᠰᠤ ᠠᠭᠢᠭᠰᠠᠨ ᠠᠪᠣ ᠡᠵᠢ ᠶᠢᠨ ᠶᠢᠡᠨ ᠵᠦᠳᠠᠵᠤ ᠶᠠᠪᠣᠭ᠎ᠠ ᠶᠢ ᠬᠠᠷᠠᠭᠠᠤᠨ ᠳᠠᠪᠳᠠᠨ ᠰᠤᠷᠤᠯᠴᠠᠬᠤ ᠪᠣᠳᠤᠯ ᠶᠢᠡᠨ ᠣᠷᠭᠢᠵᠤ ᠮᠠᠯᠴᠢᠨ ᠨᠢᠭᠡ ᠨᠡᠮᠡᠭ᠍ᠳᠡᠪᠡ᠃ ᠵᠤᠷᠢᠭᠳᠤ ᠨᠠᠰᠤᠳᠠᠨ ᠤ ᠨᠢᠭᠡ ᠭᠡᠷ ᠨᠤᠮᠤᠬᠠᠨ ᠰᠢᠳᠤᠷᠭᠤ᠂ ᠦᠨᠡᠠᠴᠢ ᠴᠠᠭᠠᠪᠣᠷ᠂ ᠠᠵᠢᠯᠰᠠᠭ ᠮᠦᠷᠳᠡᠭᠡᠨ ᠠᠢ᠌ᠯ ᠠᠢ᠌ᠮᠠᠭ ᠲᠡᠶ ᠪᠠᠨ ᠡᠶ᠎ᠡ ᠨᠠᠢ᠌ᠷᠳᠠᠢ ᠪᠠᠢ᠌ᠳᠠᠭ ᠤᠨ ᠣᠴᠢᠷ ᠠᠢ᠌ᠯ ᠠᠢ᠌ᠮᠠᠭ ᠤᠨ ᠭᠢᠨᠢ ᠭᠦᠮᠦᠰ ᠳᠡᠯᠭᠡᠷᠮ᠎ᠡ ᠭᠦᠭ᠍ᠰᠢᠨ ᠤ ᠡᠪᠡᠳᠴᠢᠨ ᠢ ᠨᠢ ᠪᠣᠯᠭᠤᠭᠠᠵᠤ᠂ ᠬᠤᠨᠢ ᠪᠠᠨ ᠬᠤᠯᠠᠭᠠᠢ ᠳᠤ ᠠᠯᠳᠠᠭᠠᠤᠨ ᠵᠤᠪᠠᠵᠤ ᠪᠠᠢ᠌ᠭ᠎ᠠ ᠰᠡᠳᠬᠢᠯᠭᠡ ᠶᠢ ᠨᠢ ᠳᠠᠢ᠌ᠤᠠᠬᠤᠷᠠᠭᠤᠯᠬᠤ ᠪᠠᠷ ᠭᠦᠷᠦᠯᠴᠡᠨ ᠢᠷᠡᠵᠡᠭᠡᠪᠡ᠃

᠊᠊᠊᠊᠊᠊᠊᠊᠊᠊᠊᠊᠊᠊᠊ ᠨᠢᠳᠤᠨᠤᠨ ᠤ ᠴᠤᠭᠢᠯᠳᠠ ᠦᠭ‍ᠭᠦ ᠭᠦᠳᠡᠯᠭᠡᠭᠡᠨ ᠳᠤ ᠳᠠᠪᠢ ᠭᠠᠷᠤᠢ ᠭᠦᠮᠤᠨ ᠢ ᠪᠠᠷᠢᠵᠤ ᠳᠤᠷᠭᠤᠭᠠᠭᠰᠠᠨ ᠡᠴᠡ ᠨᠠᠭᠠᠰᠢ ᠭᠡᠰᠡᠭ᠌ ᠬᠤᠭᠤᠴᠠᠭ᠎ᠠ ᠳᠠᠪᠠᠭᠤ ᠴᠤ ᠳᠠᠢ᠌ᠪᠣᠩ ᠪᠠᠢ᠌ᠭᠰᠠᠨ᠃ ᠣᠳᠤ ᠳᠠᠭᠢᠭᠠᠤᠨ ᠯᠠ ᠰᠠᠮᠠᠭᠤᠷᠠᠬᠤ ᠨᠢ ᠡ︕ ᠭᠡᠷᠰᠡᠤᠯᠡᠭᠦ ᠦᠭᠡᠶ ᠪᠣᠯᠬᠤ ᠦᠭᠡᠶ᠃

᠊᠊᠊᠊᠊᠊᠊᠊᠊᠊᠊᠊᠊᠊᠊ ᠯᠠᠪ ᠳᠤᠯᠤᠠᠵᠢᠩ ᠬᠤᠯᠠᠭᠠᠢ᠌ᠯᠠᠵᠠᠢ᠃

᠊᠊᠊᠊᠊᠊᠊᠊᠊᠊᠊᠊᠊᠊᠊ ᠳᠠᠢ᠌ᠮᠤ᠂ ᠡᠳᠡᠨ ᠤ ᠭᠢ ᠬᠤᠨᠢ ᠪᠠᠨ ᠭᠡᠭᠡᠭᠦ ᠡᠴᠡ ᠡᠮᠦᠨᠡᠭᠢ ᠦᠳᠡ ᠶᠢᠨ ᠬᠣᠢ᠌ᠨ᠎ᠠ ᠬᠠᠷᠢᠵᠤ ᠢᠷᠡᠭᠡᠳ ᠪᠠᠢ᠌ᠭᠰᠠᠨ ᠭᠡᠨ᠎ᠡ᠃

᠊᠊᠊᠊᠊᠊᠊᠊᠊᠊᠊᠊᠊᠊᠊ ᠦᠭᠡᠶ ᠪᠠᠢ᠌ᠯᠭᠦᠢ︕ ᠳᠠᠷᠠ ᠵᠢᠷᠭᠠᠯ ᠭᠤᠸᠠᠢ ᠲᠡᠶ ᠪᠦᠳᠤᠨ ᠰᠦᠨᠢ ᠠᠷᠢᠭᠢᠳᠠᠵᠤ ᠬᠤᠨᠤᠭᠰᠠᠨ ᠭᠡᠵᠤ ᠰᠠᠢ᠌ᠨ᠎ᠠ ᠭᠦᠭ᠍ᠰᠢᠨ ᠭᠡᠯᠡᠵᠤ ᠪᠠᠢ᠌ᠭᠰᠠᠨ᠃

᠊᠊᠊᠊᠊᠊᠊᠊᠊᠊᠊᠊᠊᠊᠊ ᠁

᠊᠊᠊᠊᠊᠊᠊᠊᠊᠊᠊᠊᠊᠊᠊ ᠭᠠᠳᠠᠨ᠎ᠠ ᠶᠢᠨ ᠬᠤᠯᠠᠭᠠᠢ᠌ᠴᠢ ᠯᠠ ᠪᠠᠢ᠌ᠵᠤ ᠮᠡᠳᠡᠭᠦ ᠶᠤᠮ᠃ ᠡᠯᠳᠡᠪ ᠮᠠᠢ᠌ᠮᠠᠢ ᠶᠢᠨ ᠨᠠᠷ᠎ᠠ ᠪᠠᠷ ᠡᠷᠭᠢᠴᠡᠳᠡᠭ᠌ ᠳᠠᠨᠢᠬᠤ ᠦᠭᠡᠶ ᠭᠦᠮᠦᠰ ᠠᠷᠪᠢᠳᠠᠭᠰᠠᠨ ᠪᠠᠢ᠌ᠨ᠎ᠠ ᠰᠢᠤ᠃

᠊᠊᠊᠊᠊᠊᠊᠊᠊᠊᠊᠊᠊᠊᠊ ᠳᠠᠷᠠ ᠡᠳᠦᠷ ᠰᠢᠠᠵᠢᠯᠠᠳᠤ ᠡᠨᠡᠭᠦᠷ ᠬᠤᠯᠭᠢᠵᠤ ᠯᠠ ᠪᠠᠢ᠌ᠭᠰᠠᠨ᠂ ᠳᠠᠷᠠ ᠬᠤᠯᠠᠭᠠᠢ᠌ᠯᠠᠭᠰᠠᠨ ᠴᠤ ᠮᠠᠭᠠᠤᠨ ᠦᠭᠡᠶ᠃ ᠭᠦᠮᠦᠰ ᠦᠪᠡᠷ ᠦᠪᠡᠷ ᠤᠨ ᠦᠵᠡᠵᠤ ᠰᠤᠨᠤᠰᠤᠭᠰᠠᠨ ᠪᠣᠳᠤᠯ ᠳᠠᠭᠠᠮᠠᠭᠯᠠᠯ ᠶᠢᠡᠨ ᠶᠠᠷᠢᠵᠠᠭᠠᠨ᠎ᠠ᠃ ᠭᠠᠭᠴᠠ ᠭᠦ ᠰᠠᠢ᠌ᠵᠢᠷᠠᠬᠤ ᠭᠦᠤ ᠯᠠ ᠭᠦᠭᠡᠷᠦᠭᠦᠢ᠂ ᠢᠷᠡᠭ᠍ᠰᠡᠨ ᠣᠯᠠᠨ ᠳᠤ ᠴᠠᠢ ᠠᠶᠠᠭᠠᠯᠠᠬᠤ᠂ ᠡᠵᠢ ᠶᠢᠨ ᠶᠢᠡᠨ ᠣᠤᠭᠤᠬᠤ ᠡᠮ ᠢ ᠴᠢᠨᠠᠵᠤ ᠤᠢ᠌ᠷᠠᠳᠤᠭᠤᠯᠬᠤ ᠭᠡᠳ ᠯᠠ ᠶᠠᠭᠠᠷᠠᠤ᠃

᠊᠊᠊᠊᠊᠊᠊᠊᠊᠊᠊᠊᠊᠊᠊ ᠠᠢ᠂ ᠨᠢᠳᠤᠨᠤᠨ ᠤ ᠳᠠᠷᠠ ᠴᠤᠭᠢᠯᠳᠠ ᠦᠭ‍ᠭᠦᠭ᠍ᠰᠡᠨ ᠴᠤ ᠭᠡᠵᠤ ᠳᠠᠢ᠌ᠮᠤ ᠯᠠ ᠨᠢᠭᠡ ᠭᠡᠷᠡᠭ᠌ ᠡ︕ ᠭᠡᠵᠤ ᠨᠢᠭᠡ ᠨᠢ ᠭᠡᠯᠡᠭᠦ ᠳᠤ ᠪᠦᠭᠦᠳᠡᠭᠡᠷ ᠰᠡᠭᠦᠷᠡᠰᠦᠯᠡᠪᠡ᠃ ᠳᠠᠢ᠌ᠮᠤ᠂ ᠨᠢᠳᠤᠨᠤᠨ ᠵᠢᠯ ᠤᠨ ᠶᠠᠯᠠᠳᠤ ᠡᠳᠡᠭᠡᠳ ᠳᠤ ᠭᠦᠡᠳᠤ ᠴᠤᠭᠢᠯᠳᠠ ᠦᠭ‍ᠭᠦ ᠭᠦᠳᠡᠯᠭᠡᠭᠡᠨ ᠳᠤ ᠬᠠᠢ᠌ᠯᠠᠰᠤᠳᠠᠢ ᠶᠢᠨ ᠠᠢ᠌ᠯ ᠡᠴᠡ ᠳᠠᠪᠢ ᠭᠠᠷᠤᠢ ᠭᠦᠮᠤᠨ ᠭᠠᠬᠠᠢ ᠳᠠᠭᠢᠶ᠎ᠠ ᠬᠤᠯᠠᠭᠠᠢ᠌ᠯᠠᠭᠰᠠᠨ᠂ ᠨᠤᠬᠠᠢ ᠬᠤᠯᠠᠭᠠᠢ᠌ᠯᠠᠨ ᠠᠯᠠᠵᠤ ᠢᠳᠡᠭ᠍ᠰᠡᠨ ᠮᠠᠳᠤ ᠵᠢᠵᠢᠭ᠌ ᠰᠠᠵᠢᠭ ᠬᠤᠯᠠᠭᠠᠢ᠌ᠴᠢ ᠶᠢᠨ ᠭᠡᠷᠡᠭ᠌ ᠲᠤ ᠬᠤᠯᠪᠣᠭᠳᠠᠭᠰᠠᠤᠨ ᠢ ᠪᠠᠷᠢᠪᠴᠢᠯᠠᠨ᠂ ᠪᠦᠷ ᠯᠠ ᠳᠤᠷᠭᠤᠭᠤᠯᠢ ᠶᠢᠨ ᠮᠥᠩᠭᠦ ᠳᠤᠰᠢᠶᠠᠭᠠᠤᠨ ᠭᠠᠷᠤᠭᠠᠤᠨ ᠢᠷᠡᠴᠢᠭᠡᠭ᠍ᠰᠡᠨ᠃ ᠭᠡᠳᠡᠯ᠎ᠡ 《ᠭᠡᠳᠡᠯ᠎ᠡ ᠭᠡᠳᠡᠭ᠌ ᠳᠡᠭᠡᠷ᠎ᠡ ᠭᠡᠮ ᠭᠠᠷᠴᠢᠬᠠᠳᠠᠭ ᠡᠨᠡ ᠬᠤᠷᠸ᠎ᠠ ᠶᠢ ᠶᠠᠭᠠᠭᠢᠯᠳᠠᠢ ᠪᠢᠯᠠ》 ᠭᠡᠵᠤ ᠶᠠᠮᠠᠷ ᠨᠢᠭᠡᠨ ᠵᠤᠬᠢᠶᠠᠯ ᠳᠤ ᠬᠠᠷᠠᠭᠰᠠᠨ ᠶᠢᠡᠨ ᠪᠢ ᠮᠠᠷᠳᠠᠴᠢᠬᠠᠯ᠎ᠠ᠃ ᠳᠤᠯᠤᠠᠵᠢᠩ᠂ ᠰᠢᠠᠵᠢᠯᠠᠳᠤ ᠵᠡᠷᠭᠡ ᠣᠯᠠᠨ ᠶᠢᠡᠷ ᠶᠢᠡᠨ ᠮᠡᠳᠡᠳᠡᠭ᠌ ᠭᠡᠳᠤᠨ ᠨᠠᠷᠠᠳᠤ ᠬᠤᠯᠠᠭᠠᠢ᠌ᠴᠢ ᠶᠢᠨ ᠨᠢᠭᠡ ᠶᠢ ᠨᠢ ᠴᠤ ᠪᠠᠷᠢᠭᠰᠠᠨ ᠦᠭᠡᠶ ᠪᠠᠢ᠌ᠯ᠎ᠠ᠃

᠊᠊᠊᠊᠊᠊᠊᠊᠊᠊᠊᠊᠊᠊᠊ ᠳᠤᠯᠤᠠᠵᠢᠩ ᠤᠨ ᠰᠢᠷ᠎ᠠ ᠪᠦᠰᠡᠭᠦᠢ ᠴᠢᠨᠢ ᠳᠤᠮᠢᠯᠠᠭᠰᠠᠨ ᠰᠠᠯᠪᠣᠷᠢ ᠶᠢᠨ ᠢᠯᠠᠯᠲᠠ ᠳᠠᠷᠤᠭ᠎ᠠ ᠲᠡᠶ ᠨᠢᠭᠡ ᠠᠢ᠌ᠯ ᠤᠨ ᠮᠦᠷᠳᠡᠭᠡᠨ ᠰᠠᠳᠤᠨ ᠪᠣᠯᠳᠠᠭ ᠭᠡᠵᠤ ᠶᠠᠷᠢᠵᠤ ᠪᠠᠢ᠌ᠭᠰᠠᠨ᠂ ᠶᠠᠭᠠᠭᠢᠯ᠎ᠠ ᠭᠡᠰᠡᠨ ᠴᠤ ᠳᠤᠯᠤᠠᠵᠢᠩ ᠢ ᠪᠠᠷᠢᠬᠤ ᠪᠠᠷ ᠦᠭᠡᠶ ᠪᠠᠢ᠌ᠯᠭᠦᠢ︕ ᠭᠡᠵᠤ ᠨᠢᠭᠡ ᠨᠢ ᠥᠭᠡ ᠥᠳᠦᠭᠡᠨ᠎ᠡ᠃

᠊᠊᠊᠊᠊᠊᠊᠊᠊᠊᠊᠊᠊᠊᠊ ᠡᠴᠢᠭᠡ ᠶᠢᠨ ᠭᠢᠨᠢ ᠳᠤᠯᠤᠭᠠᠢ ᠭᠡᠨ᠎ᠡ᠂ ᠠᠯᠢ ᠶ‍ᠢᠰᠤᠨ ᠳᠦᠷᠤᠯ ᠤᠨ ᠭᠢᠨᠢ ᠰᠠᠳᠤᠨ ᠨᠢ ᠪᠣᠢ᠃ ᠢᠯᠠᠯᠲᠠ ᠳᠠᠷᠤᠭ᠎ᠠ ᠴᠢᠨᠢ ᠳᠤᠯᠤᠠᠵᠢᠩ ᠤᠨ ᠰᠢᠷ᠎ᠠ ᠪᠦᠰᠡᠭᠦᠢ ᠲᠡᠶ ᠵᠢᠭᠤᠷᠠᠯᠳᠤᠭᠠᠤᠨ ᠰᠠᠯᠳᠠᠭ ᠦᠭᠡᠶ ᠠᠮᠢᠳᠠᠨ᠂ ᠬᠠᠷ᠎ᠠ ᠡᠳᠦᠷ ᠶᠢᠡᠷ ᠡᠭᠡ ᠡᠴᠡ ᠪᠠᠨ ᠳᠦᠷᠦᠭ᠍ᠰᠡᠨ ᠨᠢᠴᠦᠭᠦᠨ ᠪᠠᠶ᠎ᠠ ᠪᠠᠷ ᠶᠢᠡᠨ ᠳᠤᠯᠤᠠᠵᠢᠩ ᠳᠤ ᠭᠡᠳᠤ ᠣᠳᠠᠭ᠎ᠠ ᠪᠠᠷᠢᠭᠳᠠᠴᠢᠬᠠᠭᠠᠤᠨ ᠶᠠᠮᠠᠷ ᠨᠢᠭᠤᠷ ᠶᠢᠡᠷ ᠭᠦᠮᠤᠨ ᠢ ᠪᠠᠷᠢᠪᠴᠢᠯᠠᠬᠤ ᠶᠤᠮ︕ ᠭᠡᠵᠤ ᠰᠤᠨᠤᠰᠤᠭᠰᠠᠨ ᠶᠢᠡᠨ ᠶᠠᠷᠢᠨ᠎ᠠ᠃

᠊᠊᠊᠊᠊᠊᠊᠊᠊᠊᠊᠊᠊᠊᠊ ᠭᠦ᠋᠂ ᠳᠤᠯᠤᠠᠵᠢᠩ ᠳᠤ ᠪᠠᠷᠢᠭᠳᠠᠴᠢᠬᠠᠭᠠᠤᠨ ᠪᠠᠰᠠ ᠳᠤᠯᠤᠠᠵᠢᠩ ᠴᠢ ᠮᠠᠭᠤ ᠵᠤᠯᠢᠭ᠂ ᠴᠢᠨᠤ ᠶᠠᠭᠤ ᠶᠠᠭᠠᠭᠢᠵᠤ ᠶᠠᠪᠣᠳᠠᠭ ᠢ ᠪᠢ ᠶᠠᠮᠠᠷ ᠮᠡᠳᠡᠭᠦ ᠦᠭᠡᠶ ᠦᠦ︖ ᠡᠨᠡ ᠡᠴᠢᠭᠡ ᠪᠠᠨ ᠠᠭᠤᠷᠯᠠᠭᠤᠯᠪᠠᠯ ᠭᠢᠠᠳᠠᠨ ᠳᠤ ᠴᠢᠭᠢᠨ᠎ᠠ ᠰᠢᠤ ᠴᠢᠮᠢ᠋ᠢ᠌︕ ᠭᠡᠵᠤ ᠵᠠᠩᠨᠠᠭᠠᠤᠨ ᠦᠮᠦᠳᠦ ᠪᠠᠨ ᠳᠠᠳᠠᠭᠰᠠᠭᠠᠷ ᠯᠠ ᠮᠠᠰᠢᠨ ᠳᠠᠭᠠᠨ ᠭᠠᠷᠤᠭᠰᠠᠨ ᠭᠡᠨ᠎ᠡ ᠯᠠᠢ︕ ᠭᠡᠵᠤ ᠪᠠᠰᠠ ᠨᠢᠭᠡ ᠨᠢ ᠨᠠᠮᠠᠵᠤ ᠭᠡᠯᠡᠨ᠎ᠡ᠃

᠊᠊᠊᠊᠊᠊᠊᠊᠊᠊᠊᠊᠊᠊᠊ ᠪᠢ ᠭᠡᠷᠪᠡ ᠳᠤᠯᠤᠠᠵᠢᠩ ᠪᠣᠯᠤᠭᠰᠠᠨ ᠪᠣᠯ ᠭᠡᠳᠥᠢᠨ ᠤ ᠳᠠᠷᠠ ᠮᠠᠭᠤ ᠰᠢᠷ᠎ᠠ ᠡᠮ᠎ᠡ ᠶᠢ ᠭᠡᠭᠡᠭᠡᠳ ᠥᠭ᠍ᠴᠢᠭᠡᠨ᠎ᠡ ᠭᠡᠵᠤ ᠨᠢᠭᠡ ᠨᠢ ᠦᠴᠢᠭᠦ ᠳᠤ᠄

᠊᠊᠊᠊᠊᠊᠊᠊᠊᠊᠊᠊᠊᠊᠊ ᠬᠠᠢ᠂ ᠣᠷᠤᠭ ᠰᠠᠯᠤᠨ᠎ᠠ ᠭᠡᠵᠤ ᠳᠤᠯᠤᠠᠵᠢᠩ ᠡᠭᠡᠨᠡᠷ ᠲᠡᠶ ᠪᠠᠨ ᠭᠡᠷᠡᠭᠦᠯ ᠭᠢᠭ᠍ᠰᠡᠨ ᠭᠡᠨ᠎ᠡ᠃ ᠬᠠᠷᠢᠨ ᠪᠦᠰᠡᠭᠦᠢ ᠨᠢ᠄ 《ᠴᠢ ᠮᠠᠭᠤ ᠶᠢ ᠡᠵᠢ ᠴᠢᠨᠢ ᠨᠢᠭᠡ ᠳᠦᠷᠦᠭ᠍ᠰᠡᠨ᠂ ᠬᠠᠷᠢᠨ ᠪᠢ ᠴᠢᠮ᠎ᠠ ᠶᠢ ᠳᠦᠷᠪᠠ ᠳᠦᠷᠤᠵᠤ ᠪᠠᠢ᠌ᠨ᠎ᠠ》 ᠭᠡᠵᠤ ᠳᠦᠷᠪᠠ ᠣᠳᠠᠭᠠᠨ ᠤ ᠭᠡᠷᠡᠭ᠌ ᠨᠢ ᠯᠡᠪᠠᠷᠡᠭ᠍ᠰᠡᠨ ᠳᠤ ᠢᠯᠠᠯᠲᠠ ᠳᠠᠷᠤᠭ᠎ᠠ ᠶᠢ ᠭᠤᠶᠤᠵᠤ ᠪᠠᠢ᠌ᠭᠠᠤᠨ ᠬᠠᠷ᠎ᠠ ᠭᠡᠷ ᠲᠤ ᠴᠢᠭᠢᠭᠦᠯᠦᠭ᠍ᠰᠡᠨ ᠦᠭᠡᠶ ᠭᠠᠪᠢᠶ᠎ᠠ ᠪᠠᠨ ᠳᠤᠭᠠᠴᠢᠨ ᠶᠠᠷ᠎ᠠ ᠶᠢ ᠨᠢ ᠮᠠᠯᠳᠠᠵᠤ ᠳᠤᠯᠤᠠᠵᠢᠩ ᠢ ᠨᠤᠮᠤᠬᠠᠷᠠᠭᠤᠯᠵᠤ ᠠᠪᠣᠭᠰᠠᠨ ᠭᠡᠨ᠎ᠡ ᠯᠠᠢ ᠭᠡᠵᠤ ᠪᠠᠰᠠ ᠨᠢᠭᠡ ᠨᠢ ᠶᠠᠷᠢᠨ᠎ᠠ᠃

ᠶᠠᠭ ᠡᠨᠡ ᠦᠶᠡᠰ ᠴᠠᠭᠳᠠᠭᠠᠨ ᠰᠦᠯᠳᠡᠳᠤ ᠭᠦᠭᠡ ᠠᠯᠠᠭ ᠥᠩᠭᠡ ᠲᠡᠶ ᠭᠦᠩᠭᠡᠨ ᠮᠠᠰᠢᠨ ᠵᠤᠷᠢᠭᠳᠤ ᠶᠢᠨ ᠡᠭᠦᠳᠡᠨ ᠳᠤ ᠢᠷᠡᠭᠡᠳ ᠵᠤᠭᠰᠤᠪᠠ᠃ ᠴᠤᠭᠯᠠᠷᠠᠭᠰᠠᠨ ᠣᠯᠠᠨ ᠭᠡᠯᠡ ᠠᠮᠠᠨ ᠳᠤ ᠣᠷᠢᠶᠠᠭᠳᠠᠬᠤ ᠶᠠᠭᠤ ᠮᠠᠭᠠᠤᠨ ᠭᠡᠵᠤ ᠳᠦᠷᠭᠡᠭᠡᠨ ᠭᠡᠭ᠍ᠴᠢ ᠶᠠᠪᠣᠵᠤ ᠣᠤᠠᠪᠠ᠃ ᠭᠦᠩᠭᠡᠨ ᠮᠠᠰᠢᠨ ᠤ ᠡᠭᠦᠳᠡ ᠨᠡᠭᠡᠭᠡᠭ᠍ᠳᠡᠵᠤ ᠰᠤᠯᠠ ᠬᠤᠪᠴᠠᠰᠤᠳᠠᠢ ᠳᠦᠷᠪᠠᠨ ᠭᠦᠮᠤᠨ ᠪᠠᠭᠤᠵᠤ ᠢᠷᠡᠭ᠍ᠰᠡᠨ ᠤ ᠨᠢᠭᠡ ᠨᠢ ᠠᠭᠤᠯᠠ ᠳᠤᠪᠴᠢᠶᠠᠨ ᠳᠠᠷᠤᠭ᠎ᠠ ᠪᠠᠢ᠌ᠪᠠ᠃ ᠳᠠᠷᠠ ᠦᠯᠦ ᠳᠠᠨᠢᠬᠤ ᠭᠤᠷᠪᠠᠨ ᠴᠠᠭᠳᠠᠭ᠎ᠠ ᠪᠠᠨ ᠳᠠᠭᠠᠭᠤᠯᠵᠤ ᠭᠡᠷ ᠲᠤ ᠣᠷᠤᠭᠠᠤᠨ ᠠᠬ᠎ᠠ ᠪᠠᠷᠭᠡᠨ ᠳᠡᠭᠡᠨ ᠮᠠᠠᠳᠤᠴᠢᠯᠠᠪᠠ᠃ ᠵᠤᠷᠢᠭᠳᠤ ᠭᠤᠸᠠᠢ ᠳᠡᠭᠦᠤ ᠪᠠᠨ ᠬᠠᠷᠠᠭᠠᠤᠨ ᠬᠠᠷᠢᠨ ᠭᠢᠯᠢᠰᠳᠡᠭ᠍ᠰᠡᠨ ᠬᠡᠦᠬᠡᠳ ᠰᠢᠭ᠌ ᠡᠪᠭᠡᠷᠡᠳᠡᠯ᠎ᠡ ᠣᠭᠢᠯᠠᠪᠠ᠃

᠊᠊᠊᠊᠊᠊᠊᠊᠊᠊᠊᠊᠊᠊᠊ ᠴᠢ ᠶᠠᠭᠤᠨ ᠳᠠᠭᠠᠨ ᠳᠡᠭᠡᠵᠤ ᠣᠭᠢᠯᠠᠴᠢᠬᠠᠭᠰᠠᠨ ᠪᠣᠢ︖ ᠪᠠᠷᠭᠡᠨ ᠪᠠᠰᠠ ᠡᠪᠠᠦᠡᠴᠢᠳᠡᠢ ᠪᠠᠢ᠌ᠬᠤ ᠳᠤ᠂ ᠭᠡᠳᠤᠨ ᠬᠤᠨᠢ ᠯᠠ ᠪᠢᠰᠢ ᠦᠦ᠂ ᠪᠢ ᠣᠯᠤᠭᠠᠤᠨ ᠦᠭ‍ᠭᠦᠶ᠎ᠡ︕ ᠭᠡᠵᠤ ᠠᠭᠤᠯᠠ ᠳᠤᠪᠴᠢᠶᠠᠨ ᠳᠠᠷᠤᠭ᠎ᠠ ᠠᠶᠤᠩᠭ᠋᠎ᠠ ᠶᠢᠨ ᠳᠠᠭᠤᠨ ᠢ ᠴᠤ ᠰᠤᠨᠤᠰᠬᠤ ᠦᠭᠡᠶ ᠠᠬ᠎ᠠ ᠳᠠᠭᠠᠨ ᠰᠤᠨᠤᠰᠬᠠᠬᠤ ᠰᠠᠨᠠᠭᠠᠳᠠᠢ ᠳᠡᠭᠡᠷ᠎ᠡ ᠳᠠᠭᠤᠨ ᠶᠢᠡᠷ ᠶᠠᠷᠢᠪᠠ᠃

᠊᠊᠊᠊᠊᠊᠊᠊᠊᠊᠊᠊᠊᠊᠊ ᠵᠠ᠂ ᠳᠠ ᠨᠡᠷ ᠰᠠᠢ᠌ᠨ ᠶᠠᠪᠣᠵᠤ ᠢᠷᠡᠯ᠎ᠡ᠂ ᠳᠡᠭᠡᠭ᠍ᠰᠢ ᠪᠠᠨ ᠰᠠᠭᠤ︕ ᠭᠡᠵᠤ ᠰᠠᠢ᠌ᠵᠢᠷᠠᠬᠤ ᠭᠦᠤ ᠮᠡᠡᠳᠦᠴᠢᠯᠡᠭᠡᠳ ᠴᠠᠢ ᠣᠰᠤ ᠴᠠᠭᠠᠨ ᠢᠳᠡᠭᠡ ᠭᠡᠵᠤ ᠪᠠᠰᠠ ᠯᠠ ᠶᠠᠭᠠᠷᠠᠵᠤ ᠡᠭᠢᠯᠡᠪᠡ᠃

᠊᠊᠊᠊᠊᠊᠊᠊᠊᠊᠊᠊᠊᠊᠊ ᠭᠡᠵᠢᠶ᠎ᠡ ᠭᠡᠭᠡᠭ᠍ᠰᠡᠨ ᠪᠣᠢ︖ ᠭᠡᠳᠤᠨ ᠬᠤᠨᠢ ᠪᠣᠢ︖ ᠳᠤᠮᠢᠯᠠᠭᠰᠠᠨ ᠰᠠᠯᠪᠣᠷᠢ ᠳᠠᠭᠠᠨ ᠭᠡᠷᠡᠭ᠌ ᠮᠡᠳᠡᠭᠦᠯᠦᠭ᠍ᠰᠡᠨ ᠦᠦ︖ ᠭᠡᠵᠤ ᠠᠪᠠᠭ᠎ᠠ ᠨᠢ ᠣᠯᠠᠨ ᠠᠰᠠᠭᠤᠯᠳᠠ ᠣᠭᠰᠠᠷᠠᠭᠤᠯᠵᠤ ᠳᠠᠯᠪᠢᠪᠠ᠃

᠊᠊᠊᠊᠊᠊᠊᠊᠊᠊᠊᠊᠊᠊᠊ ᠡᠵᠢ ᠪᠢᠳᠠ ᠬᠤᠶᠠᠷ ᠢ ᠬᠠᠷᠢᠵᠤ ᠢᠷᠡᠭᠦ ᠡᠴᠡ ᠭᠤᠷᠪᠠᠨ ᠡᠳᠦᠷ ᠤᠨ ᠡᠮᠦᠨ᠎ᠡ᠂ ᠨᠠᠢ᠌ᠳᠠ ᠵᠢᠷᠠᠨ ᠪᠦᠳᠦᠭᠦᠨ ᠬᠤᠨᠢ᠂ ᠳᠤᠮᠢᠯᠠᠭᠰᠠᠨ ᠰᠠᠯᠪᠣᠷᠢ ᠳᠤ ᠭᠡᠷᠡᠭ᠌ ᠮᠡᠳᠡᠭᠦᠯᠦᠭ᠍ᠰᠡᠨ ᠪᠣᠯᠪᠠᠴᠤ ᠣᠳᠤ ᠪᠣᠯᠳᠠᠯ᠎ᠠ ᠢᠷᠡᠭ᠍ᠰᠡᠨ ᠭᠦᠮᠤᠨ ᠠᠯᠠᠭ᠎ᠠ᠃ ᠨᠢᠭᠡᠨᠲᠡ ᠳᠦᠷᠪᠠ ᠬᠤᠨᠤᠴᠢᠬᠠᠭᠰᠠᠨ ᠰᠢᠤ︕ ᠭᠡᠵᠤ ᠰᠠᠢ᠌ᠵᠢᠷᠠᠬᠤ ᠭᠦᠤ ᠶᠢᠨ ᠨᠢᠳᠤᠨ ᠳᠤ ᠨᠢᠯᠪᠣᠰᠤ ᠴᠢ᠌ᠯᠡᠭᠡᠨᠡᠪᠡ᠃

ᠬᠠᠷᠭᠠᠨᠠᠳᠤ ᠰᠤᠮᠤᠨ ᠡᠴᠡ ᠬᠠᠢ᠌ᠯᠠᠰᠤᠳᠠᠢ ᠭᠦᠷᠭᠦ ᠮᠠᠩᠬᠠᠨ ᠵᠠᠮ ᠶᠢᠡᠷ ᠢᠯᠠᠯᠲᠠ ᠳᠠᠷᠤᠭ᠎ᠠ ᠬᠠᠭᠤᠴᠢᠪᠳᠤᠷ 《ᠪᠠᠭᠡᠵᠢᠩ 2020》 ᠶ᠋ᠢᠡᠨ ᠵᠢᠯᠤᠭᠤᠳᠴᠤ ᠥᠭᠡᠷ ᠬᠠᠰᠠᠭ ᠰᠢᠭ ᠯᠠ ᠣᠳᠠᠭᠠᠨ ᠶᠠᠪᠣᠨ᠎ᠠ᠃

᠊᠊᠊᠊᠊᠊᠊᠊᠊᠊᠊᠊᠊᠊᠊ ᠵᠠᠮ ᠡᠢ᠌ᠮᠤ ᠮᠠᠭᠤ ᠪᠠᠢ᠌ᠳᠠᠯ᠎ᠠ ᠭᠡᠷᠡᠭ᠌ ᠵᠠᠷᠭᠤ ᠳᠠᠰᠤᠷᠠᠳᠠᠭ ᠦᠭᠡᠶ ᠶᠠᠮᠠᠷ ᠬᠠᠰᠢ ᠶᠢᠨ ᠭᠠᠵᠠᠷ ᠪᠣᠢ︕ ᠭᠡᠵᠤ ᠢᠯᠠᠯᠲᠠ ᠳᠠᠷᠤᠭ᠎ᠠ ᠠᠮᠠᠨ ᠳᠠᠭᠠᠨ ᠳᠦᠳᠦᠨᠡᠭᠡᠳ ᠡᠪᠰᠢᠶᠡᠯᠭᠡᠭ᠍ᠰᠡᠭᠡᠷ ᠳᠡᠷᠭᠡ ᠪᠠᠨ ᠵᠤᠭᠰᠤᠭᠠᠪᠠ᠃ ᠰᠦᠨᠢᠵᠢᠨ ᠮᠠᠵᠢᠶᠠᠩ ᠨᠠᠭᠠᠳᠤᠭᠰᠠᠨ ᠤ ᠪᠣᠯᠤᠯᠳᠠᠢ ᠰᠦᠷᠡᠭᠡᠢ ᠨᠣᠢ᠌ᠷᠮᠤᠭᠯᠠᠵᠤ ᠪᠠᠢ᠌ᠪᠠ᠃ ᠨᠢᠭᠡ ᠨᠣᠢ᠌ᠷ ᠣᠠᠳᠠᠭᠠᠤᠨ ᠠᠪᠣᠶ᠎ᠠ᠂ ᠦᠨᠦ ᠰᠦᠨᠢ ᠰᠢᠷ᠎ᠠ ᠡᠭᠡᠴᠢ ᠶᠢᠨ ᠳᠡᠭᠡᠨ ᠬᠤᠨᠤᠴᠢᠬᠠᠶ᠎ᠠ︕ ᠭᠡᠵᠤ ᠲᠦᠳᠦᠨᠡᠵᠤ ᠪᠠᠢ᠌ᠭᠰᠠᠭᠠᠷ ᠵᠠᠯᠠᠭᠤᠷ ᠶᠢᠡᠨ ᠳᠦᠰᠢᠭᠡᠳ ᠴᠢᠮᠡᠭᠡ ᠳᠠᠰᠤᠷᠠᠪᠠ᠃

ᠭᠠᠷ ᠣᠳᠠᠰᠤᠨ ᠤ ᠬᠤᠩᠬᠤ ᠶᠢᠨ ᠵᠢᠩᠭᠢᠨᠡᠭ᠍ᠰᠡᠨ ᠳᠠᠭᠤᠨ ᠳᠤ ᠰᠤᠴᠢᠨ ᠰᠠᠷᠠᠪᠠᠯ ᠨᠠᠷᠠ ᠦᠳᠡ ᠭᠡᠯᠪᠠᠢ᠌ᠵᠤ ᠬᠤᠨᠢᠳ ᠤᠨ ᠳᠤᠯᠤᠭᠠᠢ ᠬᠤᠳᠠ ᠵᠥᠭ᠌ ᠶᠢᠡᠨ ᠡᠷᠭᠢᠭ᠍ᠰᠡᠨ ᠪᠠᠢ᠌ᠪᠠ᠃

᠊᠊᠊᠊᠊᠊᠊᠊᠊᠊᠊᠊᠊᠊᠊ ᠪᠠᠰᠠ ᠯᠠ ᠭᠡᠨ ᠨᠢ ᠣᠳᠠᠰᠤ ᠢᠷᠡᠭᠦᠯᠴᠢᠭᠡᠪᠡ︕ ᠭᠡᠵᠤ ᠣᠴᠠᠭᠠᠷᠳᠠᠨ ᠪᠠᠢ᠌ᠵᠤ ᠭᠠᠷ ᠣᠳᠠᠰᠤ ᠪᠠᠨ ᠬᠠᠷᠠᠭᠠᠤᠨ ᠮᠡᠯᠡᠷᠡᠴᠢᠭᠡᠪᠡ᠃

ᠳᠠᠷᠠ ᠨᠢᠭᠡ ᠣᠴᠢᠷ ᠢ ᠪᠣᠳᠤᠭᠠᠤᠨ ᠣᠯᠵᠠᠢ᠃ ᠳᠡᠭᠡᠷ᠎ᠡ ᠣᠳᠠᠭ᠎ᠠ ᠬᠤᠷᠠᠯ ᠶᠢᠡᠷ ᠳᠤᠪᠴᠢᠶᠠᠨ ᠳᠠᠭᠠᠨ ᠭᠦᠷᠭᠦ ᠳᠤ ᠠᠭᠤᠯᠠ ᠳᠤᠪᠴᠢᠶᠠᠨ ᠳᠠᠷᠤᠭ᠎ᠠ ᠳᠡᠭᠦᠨ ᠳᠤ ᠠᠬ᠎ᠠ ᠪᠣᠯᠤᠨ ᠠᠴᠢ ᠭᠦᠤ ᠪᠠᠨ ᠳᠤᠷᠠᠳᠴᠤ ᠪᠠᠢ᠌ᠭᠰᠠᠨ ᠶᠤᠮ ᠪᠢᠯᠠ᠃

᠊᠊᠊᠊᠊᠊᠊᠊᠊᠊᠊᠊᠊᠊᠊ ᠣᠳᠤ ᠴᠤ ᠬᠠᠷᠠᠯᠠᠭᠰᠠᠨ ᠭᠡᠵᠤ ᠭᠠᠭᠴᠠᠭᠠᠷ ᠶᠢᠡᠨ ᠬᠠᠰᠭᠢᠷᠴᠤ ᠠᠪᠣᠭᠠᠤᠨ ᠳᠦᠭᠦᠰᠢ ᠪᠠᠨ ᠬᠤᠶᠠᠷ ᠠᠯᠠᠭᠠᠳᠠᠪᠠ᠃ ᠡᠨᠡ ᠮᠠᠭᠤ ᠭᠡᠷᠡᠭ᠌ ᠤᠨ ᠳᠦᠷᠦᠭᠦᠤ ᠮᠢᠨᠢ ᠳᠤᠰ ᠭᠡᠷᠡᠭ᠌ ᠲᠤ ᠬᠤᠯᠪᠣᠭᠳᠠᠬᠤ ᠦᠭᠡᠶ ᠯᠠ ᠪᠣᠯᠤᠭᠠᠰᠠᠢ ᠭᠡᠵᠤ ᠭᠦᠷᠢ ᠳᠡᠭᠦᠤ ᠰᠢᠠᠵᠢᠯᠠᠳᠤ ᠶᠢᠨ ᠶᠢᠡᠨ ᠲᠦᠯᠦᠭᠡ ᠰᠠᠨᠠᠭ᠎ᠠ ᠪᠣᠯᠵᠤ ᠰᠡᠭᠦᠷᠡᠰᠦᠯᠡᠪᠡ᠃

ᠵᠠᠮ ᠳᠤᠵᠢ ᠳᠤᠪᠴᠢᠶᠠᠨ ᠳᠠᠷᠤᠭ᠎ᠠ ᠪᠠᠨ ᠶᠠᠭᠠᠭᠢᠵᠤ ᠠᠷᠭᠠᠴᠠᠭᠠᠬᠤ ᠠᠷᠭ᠎ᠠ ᠪᠢᠰᠢᠯᠭᠠᠭᠰᠠᠨ ᠢᠯᠠᠯᠲᠠ ᠳᠠᠷᠤᠭ᠎ᠠ ᠶᠢᠨ ᠳᠡᠷᠭᠡ ᠣᠨᠠᠬᠤ ᠨᠠᠷᠠ ᠲᠡᠶ ᠣᠷᠤᠯᠳᠤᠨ ᠪᠠᠢ᠌ᠵᠤ ᠵᠤᠷᠢᠭᠳᠤ ᠶᠢᠨ ᠡᠭᠦᠳᠡᠨ ᠳᠤ ᠵᠤᠭᠰᠤᠪᠠ᠃

ᠰᠢᠷᠭᠠᠯᠳᠤᠨ ᠭᠢᠯᠠᠯᠵᠠᠭᠰᠠᠨ ᠨᠠᠷᠠᠨ ᠤ ᠪᠣᠮᠠᠨ ᠰᠠᠴᠤᠷᠠᠭ ᠤᠳ ᠠᠭᠤᠯᠠᠨ ᠴᠠᠭᠠᠨ᠎ᠠ ᠳᠠᠯᠳᠠᠷᠢᠵᠤ ᠦᠳᠡᠰᠢ ᠶᠢᠨ ᠪᠦᠷᠦᠢ ᠨᠦᠮᠤᠷᠳᠤᠨ ᠠᠢ᠌ᠰᠤᠢ᠃ ᠳᠤᠭᠤᠭ᠎ᠠ ᠲᠡᠶ ᠬᠤᠨᠢᠨ ᠮᠢᠬᠠᠨ ᠡᠴᠡ ᠠᠭᠤᠷ ᠰᠠᠪᠰᠠᠬᠤ ᠪᠠᠨ ᠵᠤᠭᠰᠤᠭᠰᠠᠨ ᠴᠤ ᠵᠢᠷᠭᠠᠯ ᠭᠤᠸᠠᠢ ᠴᠢᠷᠠᠢ ᠪᠠᠷᠤᠭᠠᠷ ᠠᠷᠢᠭᠢ ᠪᠠᠨ ᠰᠢᠮᠠᠵᠤ ᠮᠢᠬ᠎ᠠ ᠢᠳᠡᠯ ᠦᠭᠡᠶ ᠰᠠᠭᠤᠨ᠎ᠠ᠃ ᠰᠢᠷᠡᠭᠡᠨ ᠤ ᠵᠡᠭᠦᠨ ᠳᠠᠯ᠎ᠠ ᠳᠤ ᠰᠠᠢ᠌ᠨ᠎ᠠ ᠭᠦᠭ᠍ᠰᠢᠨ ᠮᠥᠴᠢᠳᠭᠡᠨ ᠰᠠᠭᠤᠵᠤ ᠬᠤᠠᠳᠠᠭᠠᠨ ᠳᠠᠭᠠᠨ ᠠᠷᠢᠭᠢ ᠭᠢᠭ᠍ᠰᠡᠨ ᠶᠢᠡᠨ ᠣᠤᠭᠤᠯ ᠦᠭᠡᠶ ᠡᠪᠦᠭᠡᠨ ᠤ ᠪᠠᠨ ᠠᠮᠠ ᠶᠢ ᠬᠠᠷᠠᠨ᠎ᠠ᠃

᠊᠊᠊᠊᠊᠊᠊᠊᠊᠊᠊᠊᠊᠊᠊ ᠵᠤᠷᠢᠭᠳᠤ ᠮᠠᠨ ᠳᠤ ᠠᠴᠢ ᠲᠡᠶ ᠭᠦᠮᠤᠨ᠂ ᠳᠠᠷᠠ ᠵᠢᠯ ᠴᠢ ᠮᠤᠬᠤᠷ ᠣᠯᠤᠭᠠᠢ ᠶᠢᠨ ᠦᠷᠪᠢᠰᠤᠯ ᠣᠯᠤᠭᠠᠤᠨ ᠥᠭᠦᠮᠡᠷ ᠪᠠᠢ᠌ᠬᠤ ᠳᠤ ᠴᠢᠨᠢ ᠡᠮᠨᠡᠯᠭᠡ ᠳᠤ ᠭᠦᠷᠭᠡᠭᠡᠳ ᠠᠪᠣᠷᠠᠵᠤ ᠠᠪᠣᠭᠰᠠᠨ᠂ ᠡᠮᠨᠡᠯᠭᠡ ᠶᠢᠨ ᠵᠠᠷᠤᠳᠠᠯ ᠮᠢᠩᠭ᠋ᠠᠨ ᠳᠦᠭᠦᠷᠢᠭ᠌ ᠢ ᠨᠢ ᠴᠢ ᠭᠦᠮᠤᠨ ᠳᠤ ᠪᠣᠴᠠᠭᠠᠭᠰᠠᠨ ᠦᠦ︖ ᠭᠡᠵᠤ ᠰᠢᠷᠦᠭᠦᠨ ᠬᠠᠷᠠᠨ᠎ᠠ᠃

᠊᠊᠊᠊᠊᠊᠊᠊᠊᠊᠊᠊᠊᠊᠊ ᠴᠢ ᠵᠤᠷᠢᠭᠳᠤ ᠶᠢᠨ ᠳᠤ ᠬᠤᠶᠠᠷ ᠰᠠᠷ᠎ᠠ ᠬᠤᠨᠢ ᠬᠠᠷᠢᠭᠤᠯᠵᠤ ᠦᠭ‍ᠭᠦᠭ᠍ᠰᠡᠨ ᠪᠢᠰᠢ ᠦᠦ︕ ᠭᠡᠳ ᠰᠠᠢ᠌ᠨ᠎ᠠ ᠭᠦᠭ᠍ᠰᠢᠨ ᠳᠤᠷᠤᠢ ᠳᠤᠤᠭᠠᠷᠪᠠ᠃

᠊᠊᠊᠊᠊᠊᠊᠊᠊᠊᠊᠊᠊᠊᠊ ᠮᠠᠭᠤ ᠭᠦᠮᠤᠨ ᠤ ᠰᠠᠪᠠᠰᠤ ᠦᠭᠡᠶ ᠠᠮᠢᠳᠠᠨ ᠢ ᠵᠥᠭᠡᠷ ᠴᠢ᠂ ᠭᠦᠴᠤᠨ ᠤ ᠣᠷᠤᠨ ᠳᠤ ᠠᠷᠪᠠᠨ ᠪᠦᠳᠦᠭᠦᠨ ᠬᠤᠨᠢ ᠰᠠᠯᠭᠠᠵᠤ ᠦᠭ‍ᠭᠦᠭ᠍ᠰᠡᠨ ᠦᠭᠡᠶ ᠪᠣᠯ ᠬᠠᠮᠢᠭ᠎ᠠ ᠡᠴᠡ ᠳᠠᠪᠢ ᠵᠢᠷᠠᠨ ᠬᠤᠨᠢ ᠲᠡᠶ ᠪᠣᠯᠵᠤ ᠴᠢᠳᠠᠬᠤ ᠶᠤᠮ︕ ᠭᠡᠵᠤ ᠵᠢᠷᠭᠠᠯ ᠭᠤᠸᠠᠢ ᠶᠢᠨ ᠳᠠᠭᠤ ᠨᠢ ᠴᠢᠩᠭ᠋ᠠᠷᠠᠪᠠ᠃

᠊᠊᠊᠊᠊᠊᠊᠊᠊᠊᠊᠊᠊᠊᠊ ᠳᠡᠭᠡᠯ᠎ᠡ ᠭᠡᠳ ᠴᠢ ᠳᠤᠯᠤᠠᠵᠢᠩ ᠤᠨ ᠬᠤᠯᠠᠭᠠᠢ᠌ᠯᠠᠭᠰᠠᠨ ᠢ ᠣᠯᠵᠤ ᠬᠠᠷᠠᠭᠰᠠᠨ ᠦᠭᠡᠶ ᠪᠢᠵᠠ ᠭᠡᠵᠤ ᠰᠠᠮᠠᠭᠠᠨ ᠨᠢ ᠭᠡᠳᠡᠷᠯᠡᠪᠡ᠃

᠊᠊᠊᠊᠊᠊᠊᠊᠊᠊᠊᠊᠊᠊᠊ ᠮᠡᠭᠡᠯᠡ ᠴᠢ᠂ ᠴᠠᠭᠳᠠᠭ᠎ᠠ ᠶᠢ ᠭᠦᠷᠳᠡᠯ᠎ᠡ ᠮᠡᠭᠡᠯᠡᠭᠦ ᠴᠢᠨᠢ᠂ ᠦᠨᠦᠳᠤᠷ ᠪᠢ ᠪᠠᠳᠤ ᠭᠦᠤ ᠡᠴᠡ ᠰᠤᠨᠤᠰᠤᠭᠰᠠᠨ᠃ ᠬᠤᠳᠠᠯ ᠭᠡᠷᠡᠴᠢ ᠵᠤᠬᠢᠶᠠᠪᠠᠯ ᠬᠠᠤᠯᠢ ᠶᠢ ᠵᠦᠷᠢᠴᠠᠵᠤ ᠭᠢᠠᠳᠠᠨ ᠳᠤ ᠰᠠᠭᠤᠨ᠎ᠠ ᠭᠡᠵᠤ ᠪᠠᠢ᠌ᠭᠰᠠᠨ ᠭᠡᠵᠤ ᠡᠪᠦᠭᠡᠨ ᠠᠭᠰᠤᠮᠨᠠᠨ᠎ᠠ᠃

᠊᠊᠊᠊᠊᠊᠊᠊᠊᠊᠊᠊᠊᠊᠊ ᠦᠭᠡᠶ ᠪᠠᠢ᠌ᠯᠭᠦᠢ᠂ ᠪᠢ ᠦᠨᠡᠨ ᠣᠯᠵᠤ ᠬᠠᠷᠠᠭᠰᠠᠨ ᠦᠭᠡᠶ ᠶᠤᠮ ᠴᠢᠨᠢ᠂ ᠳᠤᠯᠤᠠᠵᠢᠩ ᠬᠤᠯᠠᠭᠠᠢ᠌ᠯᠠᠯ᠎ᠠ ᠭᠡᠵᠤ ᠭᠡᠯᠡᠵᠤ ᠴᠢᠳᠠᠨ᠎ᠠ ᠦᠦ ᠭᠡᠳ ᠰᠠᠢ᠌ᠨ᠎ᠠ ᠭᠦᠭ᠍ᠰᠢᠨ ᠦᠪᠡᠷ ᠢ ᠪᠠᠨ ᠵᠥᠪᠳᠡᠭᠡᠨ᠎ᠡ᠃

᠊᠊᠊᠊᠊᠊᠊᠊᠊᠊᠊᠊᠊᠊᠊ ᠳᠤᠯᠤᠠᠵᠢᠩ ᠮᠠᠨ ᠤ ᠭᠢᠨ ᠳᠤ ᠪᠦᠭᠦᠯᠢ ᠰᠦᠨᠢ ᠠᠷᠢᠭᠢᠳᠠᠯ᠎ᠠ ᠭᠡᠳᠡᠭ᠌ ᠴᠢᠨᠢ ᠦᠨᠡᠨ ᠶᠠᠪᠣᠳᠠᠯ ᠦᠦ ᠭᠡᠳ ᠡᠪᠦᠭᠡᠨ ᠬᠠᠰᠭᠢᠷᠤᠨ᠎ᠠ᠃

᠊᠊᠊᠊᠊᠊᠊᠊᠊᠊᠊᠊᠊᠊᠊ ᠦᠭᠡᠶ ᠶᠠᠷᠤ ᠨᠢ ᠳᠤᠤᠷ᠎ᠠ ᠳᠠᠭᠤ ᠪᠠᠷ ᠶᠠᠷᠢᠵᠤ ᠪᠣᠯᠳᠠᠭ ᠦᠭᠡᠶ ᠦᠦ᠂ ᠪᠢ ᠦᠨᠡᠨ ᠭᠢᠠᠳᠠᠨ ᠳᠤ ᠰᠠᠭᠤᠴᠢᠬᠠᠪᠠᠯ ᠶᠠᠭᠤ ᠭᠡᠯᠳᠡᠢ ᠪᠢᠯᠠ᠃ ᠪᠦᠷ ᠵᠢᠷᠠ ᠳᠦᠭᠦᠴᠢᠭᠡᠭ᠍ᠰᠡᠨ ᠭᠦᠮᠦᠰ ᠪᠠᠢ᠌ᠭᠠᠤᠨ︕ ᠭᠡᠵᠤ ᠬᠤᠭᠤᠯᠠᠢ ᠨᠢ ᠴᠠᠴᠠᠷᠭᠢᠯᠠᠪᠠ᠃ ᠳᠠᠳᠠ ᠬᠤᠶᠠᠭᠤᠯᠠ ᠥᠭᠡ ᠳᠠᠭᠤᠨ ᠦᠭᠡᠶ ᠭᠡᠰᠡᠭ᠌ ᠰᠠᠭᠤᠭᠰᠠᠨ ᠶᠢᠡᠨ ᠪᠣᠳᠠᠭ᠎ᠠ ᠴᠤ ᠢᠳᠡᠯ ᠦᠭᠡᠶ ᠰᠢᠷᠡᠭᠡ ᠪᠠᠨ ᠬᠤᠷᠢᠶᠠᠪᠠ᠃

ᠭᠦᠮᠤᠨ ᠭᠡᠭ᠍ᠴᠢ ᠵᠠᠩᠭᠢᠯᠠᠭ᠎ᠠ ᠶᠢᠨ ᠦᠶᠡᠰ ᠰᠠ‍‌ᠶᠢ ᠵᠢᠩᠭᠢᠨᠢ ᠭᠦᠮᠤᠨ ᠴᠢᠨᠠᠷ ᠶᠢᠡᠨ ᠣᠢ᠌ᠯᠠᠭᠠᠳᠠᠭ ᠴᠤ ᠶᠤᠮ ᠦᠦ⁈ ᠵᠢᠷᠭᠠᠯ ᠭᠤᠸᠠᠢ ᠲᠤᠩ ᠰᠡᠳᠭᠢᠯ ᠳᠤᠭᠳᠠᠪᠣᠷᠢ ᠦᠭᠡᠶ ᠣᠷᠤᠨ ᠳᠠᠭᠠᠨ ᠣᠪᠣᠯᠵᠠᠭᠠᠤᠨ ᠪᠠᠢ᠌ᠪᠠ᠃ ᠳ᠋ᠸᠩ ᠨᠤᠴᠤᠭᠠᠬᠤ ᠦᠶ᠎ᠡ ᠪᠠᠷ ᠳᠤᠯᠤᠠᠵᠢᠩ ᠤᠨ ᠭᠡᠷ ᠲᠤ ᠮᠠᠢ᠌ᠵᠢᠭᠢᠨᠠᠨ ᠣᠷᠤᠭᠰᠠᠨ ᠭᠦᠭ᠍ᠰᠢᠨ ᠶᠢᠡᠨ ᠬᠠᠷᠠᠭᠠᠤᠨ ᠵᠢᠷᠭᠠᠯ ᠭᠤᠸᠠᠢ ᠣᠷᠳᠤᠬᠠᠨ ᠭᠡᠭ᠍ᠴᠢ ᠰᠠᠨᠠᠭ᠎ᠠ ᠠᠯᠳᠠᠵᠤ ᠵᠤᠷᠢᠭᠳᠤ ᠶᠢᠨ ᠭᠡᠷ ᠵᠥᠭ᠌ ᠳᠦᠷᠭᠡᠯᠡᠨ ᠠᠯᠬᠤᠯᠠᠪᠠ᠃

ᠮᠥᠩᠭᠦᠨ ᠰᠠᠷᠠᠨ ᠰᠦᠨ ᠴᠠᠭᠠᠨ ᠳᠤᠶᠠᠭ᠎ᠠ ᠪᠠᠨ ᠠᠰᠬᠠᠵᠤ ᠡᠭᠡ ᠳᠡᠯᠡᠭᠡᠢ ᠶᠢᠨ ᠲᠦᠮᠡᠨ ᠪᠣᠳᠠᠰ ᠶᠢᠡᠨ ᠢᠯᠪᠢᠨ ᠳᠠᠭᠠᠯᠠᠵᠤ ᠦᠴᠦᠭᠡᠨ ᠴᠤ ᠭᠡᠰᠡᠨ ᠪᠠᠷᠠᠭᠠᠨ ᠰᠡᠭᠦᠳᠡᠷ ᠥᠯᠡᠳᠡᠭᠡᠭᠦ ᠦᠭᠡᠶ ᠭᠡᠭᠦ ᠰᠢᠭ᠌ ᠳᠡᠷᠭᠡᠯᠰᠢᠭ᠍ᠰᠡᠭᠡᠷ ᠯᠠ ᠪᠠᠢ᠌ᠭ᠎ᠠ ᠠᠵᠢ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠭᠦᠡᠳᠦᠯ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 8674
ᠴᠠᠭ᠄ 2011 ᠤᠨ ᠤ 07 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ