ᠮᠤᠩᠭ᠋ᠤᠯ

ᠳᠠᠰ ᠬᠠᠷ᠎ᠠ ᠰᠦᠯᠳᠡᠨ ᠳ᠋ᠡᠭᠡᠨ

ᠳᠠᠩᠭ᠋ᠠᠷᠢᠭ ᠡᠷᠭᠦᠭ᠍ᠰᠡᠨ ᠮᠤᠩᠭ᠋ᠤᠯ

ᠳᠠᠢ᠌ᠰᠤᠨ ᠨᠥᠭᠦᠷ ᠬᠤᠶᠠᠷ ᠳᠠᠭᠠᠨ

ᠳᠠᠮ ᠴᠠᠴᠠᠭᠤ ᠮᠤᠩᠭ᠋ᠤᠯ

ᠳᠠᠯ᠎ᠠ ᠭᠤᠪᠢ ᠬᠠᠩᠭ᠋ᠠᠢ ᠳ᠋ᠠᠭᠠᠨ

ᠳᠠᠯᠪᠢᠭ᠎ᠠ ᠵᠢᠷᠤᠭ᠎ᠠ ᠮᠤᠩᠭ᠋ᠤᠯ

ᠳᠠᠪᠤᠨ ᠳᠢᠪ ᠤᠨ ᠣᠯᠤᠰ ᠳᠤ

ᠳᠠᠷᠠᠭ ᠴᠠᠭᠠᠨ ᠮᠤᠩᠭ᠋ᠤᠯ

ᠠᠳᠠᠭ᠎ᠠ ᠳᠠᠪᠤᠨ ᠳᠡᠭ᠍ᠷᠢ ᠳᠡᠭᠡᠨ

ᠠᠠᠳᠠᠭ᠎ᠠ ᠳᠠᠩᠭ᠋ᠠᠷᠢᠭ ᠲᠡᠶ ᠮᠤᠩᠭ᠋ᠤᠯ

ᠠᠷᠠᠪ ᠬᠣᠢ᠌ᠭ ᠤᠨ ᠣᠷᠤᠨ ᠵᠢᠠᠷ

ᠮᠦᠷ ᠣᠯᠠ ᠲᠡᠶ ᠮᠤᠩᠭ᠋ᠤᠯ

ᠠᠳᠠᠨ ᠳᠡᠮᠡᠭᠡᠨ ᠤ ᠠᠯᠬᠤᠳᠠᠯ ᠳᠤ

ᠠᠴᠢᠶ᠎ᠠ ᠳᠡᠩᠴᠡᠭᠦᠤ ᠮᠤᠩᠭ᠋ᠤᠯ

ᠠᠶᠠᠨ ᠳᠠᠢ᠌ᠨ ᠤ ᠬᠤᠯᠠ ᠳ᠋ᠤ

ᠠᠯᠵᠢᠶᠠᠯ ᠠᠪᠣᠭ᠎ᠠ ᠦᠭᠡᠶ ᠮᠤᠩᠭ᠋ᠤᠯ

ᠣᠳᠤᠷᠴᠢᠨ ᠵᠠᠩ ᠶᠢᠡᠨ ᠠᠪᠣᠭᠠᠤᠨ

ᠣᠷᠴᠢᠯᠠᠩ ᠳᠤ ᠳᠡᠨᠦᠭ᠍ᠰᠡᠨ ᠮᠤᠩᠭ᠋ᠤᠯ

ᠣᠯᠪᠣᠭ ᠵᠤᠵᠠᠭᠠᠨ ᠭᠦᠷᠦᠰᠤᠨ ᠳ᠋ᠡᠭᠡᠨ

ᠦᠷ᠎ᠡ ᠶᠢᠨ ᠬᠤᠳᠤᠭ ᠲᠡᠶ ᠮᠤᠩᠭ᠋ᠤᠯ

ᠰᠢᠨ᠎ᠠ ᠵᠠᠭᠤᠨ ᠤ ᠥᠷᠯᠦᠭᠡᠭᠦᠷ

ᠱᠠᠯ ᠰᠤᠭᠳᠤᠭᠤ ᠮᠤᠩᠭ᠋ᠤᠯ

ᠰᠢᠨᠠᠯᠠᠭᠰᠠᠨ ᠰᠢᠷᠬ᠎ᠠ ᠪᠠᠨ ᠡᠳᠡᠭᠡᠭᠦ ᠪᠠᠷ

ᠱᠠᠯᠪᠠᠷᠠᠮ ᠳᠤ ᠠᠶᠠᠯᠠᠭ᠎ᠠ ᠮᠤᠩᠭ᠋ᠤᠯ

ᠥᠷᠦᠭᠡᠯ ᠤᠨ ᠡᠮᠦᠨ᠎ᠡ

ᠥᠶ‍ᠦᠭ᠌ ᠵᠥᠭᠡᠯᠡᠨ ᠮᠤᠩᠭ᠋ᠤᠯ

ᠦᠪᠡᠷ ᠵᠠᠭᠤᠷ᠎ᠠ ᠪᠠᠨ

ᠦᠰ ᠬᠠᠳᠠᠭᠤ ᠮᠤᠩᠭ᠋ᠤᠯ

ᠪᠣᠷᠬᠠᠨ ᠨᠤᠮ ᠬᠤᠶᠠᠷ ᠳᠠᠭᠠᠨ

ᠪᠠᠳᠤ ᠢᠳᠡᠭᠡᠯ ᠲᠡᠶ ᠮᠤᠩᠭ᠋ᠤᠯ

ᠪᠠᠶᠠᠨ ᠨᠢᠭᠦᠯ ᠬᠤᠶᠠᠷ ᠳᠠᠭᠠᠨ

ᠬᠤᠪᠢ ᠳᠡᠩᠴᠡᠭᠦᠤ ᠮᠤᠩᠭ᠋ᠤᠯ

ᠵᠡᠭᠦᠳᠤ ᠵᠡᠷᠭᠡᠯᠭᠡᠨ ᠤ ᠳᠤᠮᠳᠠ ᠡᠴᠡ

ᠵᠢᠷᠦᠭᠡ ᠰᠢᠨᠠᠯᠬᠤ ᠮᠤᠩᠭ᠋ᠤᠯ

ᠵᠦᠩ ᠰᠤᠪᠢᠩ ᠤᠨ ᠠᠶᠠᠯᠠᠯ ᠳ᠋ᠤ

ᠵᠢᠭᠦᠷ ᠦᠭ‍ᠭᠦᠭᠡ ᠦᠭᠡᠶ ᠮᠤᠩᠭ᠋ᠤᠯ᠃


2006.02.28

ᠣᠯᠠᠭᠠᠠᠪᠠᠭᠠᠳᠤᠷ ᠳ᠋ᠤ

ᠵᠤᠬᠢᠶᠠᠭᠴᠢ᠄ ᠶ‍·ᠳᠡᠯᠡᠢ᠌ᠭᠦᠤ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 36436
ᠴᠠᠭ᠄ 2007 ᠤᠨ ᠤ 11 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ