ᠭᠡᠷᠪᠡ ᠴᠦᠮ᠎ᠡ ᠶᠢᠨ ᠵᠡᠪᠰᠡᠭ᠌ ᠭᠠᠷᠤᠭ᠎ᠠ ᠦᠭᠡᠶ ᠪᠣᠯ ᠁

  ᠭᠡᠷᠪᠡ ᠴᠦᠮ᠎ᠡ ᠶᠢᠨ ᠵᠡᠪᠰᠡᠭ᠌ ᠭᠠᠷᠤᠭ᠎ᠠ ᠦᠭᠡᠶ ᠪᠣᠯ

  ᠠᠭᠠᠷ ᠲᠤ ᠭᠠᠩᠭ᠋ᠠᠨᠠᠬᠤ ᠭᠠᠯᠠᠭᠤᠳ ᠤᠨ ᠦᠳᠦᠨ ᠳᠡᠭᠡᠷ᠎ᠡ

  ᠭᠠᠵᠠᠷ ᠤᠨ ᠳᠤᠭᠤᠰᠤ ᠣᠨᠠᠵᠤ ᠦᠷᠭᠦᠭᠡᠭᠦ ᠦᠭᠡᠶ ᠪᠠᠢ᠌ᠭᠰᠠᠨ︕

  ᠠᠷᠠᠯ ᠤᠨ ᠭᠡᠮ ᠦᠭᠡᠶ ᠢᠷᠭᠡᠳ ᠤᠨ ᠳᠤᠯᠤᠭᠠᠢ ᠳᠡᠭᠡᠷ᠎ᠡ

  ᠭᠠᠯᠪᠠ ᠶᠢᠨ ᠭᠠᠢ * ᠪᠠᠭᠤᠵᠤ ᠬᠤᠷᠤᠮᠬᠠᠨ ᠵᠠᠭᠤᠷ᠎ᠠ ᠰᠥᠨᠦᠭᠦ ᠦᠭᠡᠶ ᠪᠠᠢ᠌ᠭᠰᠠᠨ︕

  ᠴᠤᠮᠤᠷᠯᠢᠭ ᠶᠢᠡᠨ ᠳᠡᠯᠭᠡᠭᠡ ᠨᠢᠯᠬ᠎ᠠ ᠴᠡᠴᠡᠭ᠌ ᠤᠨ ᠳᠠᠯᠪᠢ ᠳᠡᠭᠡᠷ᠎ᠡ

  ᠭᠦᠮᠤᠨ ᠤ ᠴᠢᠰᠤᠨ ᠦᠰᠦᠷᠴᠤ ᠣᠯᠠᠢ᠌ᠳᠠᠬᠤ ᠦᠭᠡᠶ ᠪᠠᠢ᠌ᠭᠰᠠᠨ︕

  ᠴᠤᠩᠬᠤ ᠪᠠᠷ ᠱᠠᠭᠠᠢ᠌ᠭ᠎ᠠ ᠪᠠᠯᠴᠢᠷ ᠬᠡᠦᠬᠡᠳ ᠤᠨ ᠨᠢᠳᠤ

  ᠭᠦᠨᠦᠭᠡᠯᠳᠤ ᠣᠳᠤᠭᠠᠨ ᠳᠤ ᠬᠤᠷᠤᠰᠴᠤ ᠰᠤᠬᠤᠷᠬᠤ ᠦᠭᠡᠶ ᠪᠠᠢ᠌ᠭᠰᠠᠨ︕

  ᠦᠷ᠎ᠡ ᠪᠠᠨ ᠠᠯᠳᠠᠭᠰᠠᠨ ᠣᠯᠠᠨ ᠡᠵᠢ ᠶᠢᠨ ᠨᠢᠯᠪᠣᠰᠤ

  ᠦᠶᠡᠷ ᠪᠠᠭᠤᠨ ᠨᠠᠢ᠌ᠯᠠᠵᠤ ᠥᠭᠦᠯ ᠤᠨ ᠭᠠᠯ ᠳᠤ ᠪᠣᠴᠠᠯᠬᠤ ᠦᠭᠡᠶ ᠪᠠᠢ᠌ᠭᠰᠠᠨ︕

  ᠦᠨᠡᠰᠤ ᠪᠣᠯᠤᠨ ᠭᠡᠢ᠌ᠰᠦᠭ᠍ᠰᠡᠨ ᠴᠡᠷᠢᠭ᠌ ᠡᠷᠡᠰ ᠤᠨ ᠰᠦᠨᠠᠰᠤ

  ᠦᠷᠦᠭᠡᠯ ᠤᠨ ᠨᠤᠳᠤᠭ ᠲᠤ ᠦᠨᠦᠴᠢᠷᠠᠵᠤ ᠳᠡᠨᠦᠭᠦᠯ ᠴᠢᠦᠡᠭᠦᠷ ᠪᠣᠯᠬᠤ ᠦᠭᠡᠶ ᠪᠠᠢ᠌ᠭᠰᠠᠨ︕

  ᠪᠦᠪᠠᠢ ᠠᠶᠠᠯᠭᠰᠠᠨ ᠪᠦᠰᠡᠭᠦᠢ ᠳᠡᠷᠭᠡᠯ ᠵᠠᠶᠠᠭ᠎ᠠ

  ᠪᠦᠳᠤᠨ ᠶᠢᠡᠷ ᠵᠢᠠᠨ ᠬᠠᠳᠠᠵᠤ ᠪᠠᠯᠪᠠᠰᠤᠷᠠᠯ ᠤᠨ ᠨᠥᠭᠦᠭᠡᠰᠤ ᠪᠣᠯᠬᠤ ᠦᠭᠡᠶ ᠪᠠᠢ᠌ᠭᠰᠠᠨ︕

  ᠪᠣᠯᠪᠠᠰᠤᠷᠠᠵᠤ ᠭᠦᠢᠴᠡᠭᠡ ᠦᠭᠡᠶ ᠬᠠᠢ᠌ᠷ᠎ᠠ ᠶᠢᠨ ᠠᠯᠳᠠᠨ ᠵᠢᠮᠢᠰ

  ᠨᠤᠭᠤᠭᠠᠨ ᠶᠢᠡᠷ ᠶᠢᠡᠨ ᠭᠡᠢ᠌ᠰᠴᠤ ᠨᠠᠰᠤᠨ ᠤ ᠭᠤᠨᠢᠭ ᠲᠤ ᠳᠡᠪᠳᠦᠭᠦ ᠦᠭᠡᠶ ᠪᠠᠢ᠌ᠭᠰᠠᠨ︕


  ᠭᠡᠷᠪᠡ ᠴᠦᠮ᠎ᠡ ᠶᠢᠨ ᠵᠡᠪᠰᠡᠭ᠌ ᠭᠠᠷᠤᠭ᠎ᠠ ᠦᠭᠡᠶ ᠪᠣᠯ

  ᠬᠤᠤᠷ ᠤᠨ ᠥᠮᠡᠭᠡᠢ ᠣᠳᠤᠭ᠎ᠠ ᠳᠢᠪ ᠠᠯᠤᠰᠯᠠᠨ ᠬᠠᠩᠬᠤᠯᠵᠤ

  ᠠᠭᠠᠷ ᠠᠮᠢᠰᠬᠤᠯ ᠢ ᠪᠣᠭᠢᠷᠳᠤᠭᠤᠯᠤᠨ ᠡᠪᠡᠳᠴᠢᠨ ᠵᠤᠪᠠᠯᠠᠩ ᠠᠪᠴᠢᠷᠠᠬᠤ ᠦᠭᠡᠶ ᠪᠠᠢ᠌ᠭᠰᠠᠨ︕

  ᠬᠤᠪᠳᠤᠭ ᠠᠮᠢᠠᠴᠢᠷ ᠰᠠᠨᠠᠭ᠎ᠠ ᠳᠡᠯᠡᠭᠡᠢ ᠭᠦᠡᠳᠡᠢ᠌ᠯᠡᠨ ᠨᠡᠭᠦᠯᠭᠡᠵᠤ

  ᠠᠮᠢ ᠠᠬᠤᠢ ᠶᠢ ᠡᠪᠳᠡᠯᠡᠨ ᠠᠮᠢᠳᠠᠨ ᠭᠤᠤᠯᠳᠠᠨ ᠢ ᠬᠤᠷᠤᠭᠠᠬᠤ ᠦᠭᠡᠶ ᠪᠠᠢ᠌ᠭᠰᠠᠨ︕

  ᠠᠰᠢᠳᠠ ᠶᠢᠨ ᠰᠢᠷᠭᠠᠯ ᠡᠯᠡᠰᠤ ᠬᠤᠤᠷᠠᠳᠤ ᠭᠡᠢ ᠳᠤ * ᠳᠠᠭᠤᠰᠴᠤ

  ᠥᠩᠭᠡ ᠴᠢᠨᠠᠷ ᠶᠢᠡᠨ ᠠᠯᠳᠠᠬᠤ ᠦᠭᠡᠶ ᠪᠠᠢ᠌ᠭᠰᠠᠨ︕

  ᠠᠮᠤᠭᠤᠯᠠᠩ ᠴᠡᠩᠭᠡᠷ ᠳᠡᠯᠡᠭᠡᠢ ᠳᠠᠮᠤᠷ ᠰᠠᠪᠠᠷ ᠲᠤ ᠢᠳᠡᠭ᠍ᠳᠡᠵᠤ

  ᠲ᠋ᠤᠰᠤ ᠣᠰᠤ ᠪᠠᠨ ᠰᠤᠷᠤᠭᠤᠯᠤᠨ ᠵᠡᠮᠳᠡᠭ᠌ ᠪᠣᠯᠤᠨ ᠬᠤᠭᠤᠰᠤᠷᠠᠬᠤ ᠦᠭᠡᠶ ᠪᠠᠢ᠌ᠭᠰᠠᠨ︕

  ᠨᠢᠳᠤᠨ ᠳᠤ ᠥᠵᠡᠭ᠍ᠳᠡᠭᠦ ᠦᠭᠡᠶ ᠬᠤᠤᠷ ᠴᠢᠰᠤᠨ ᠳᠤ ᠰᠢᠩᠭᠡᠵᠤ

  ᠵᠡᠮᠳᠡᠭ᠌ ᠬᠡᠦᠬᠡᠳ ᠤᠳ ᠳᠦᠷᠦᠭᠦ ᠦᠭᠡᠶ ᠪᠠᠢ᠌ᠭᠰᠠᠨ︕

  ᠨᠢᠴᠦᠭᠦᠷᠡᠵᠤ ᠬᠤᠪᠬᠠᠢ᠌ᠷᠠᠭᠰᠠᠨ ᠪᠠᠢ᠌ᠭᠠᠯᠢ ᠳᠡᠰᠭᠦ ᠠᠯᠳᠠᠷᠠᠵᠤ

  ᠡᠯᠡᠰᠤᠨ ᠰᠢᠭᠤᠷᠭ᠎ᠠ ᠪᠣᠰᠬᠤ ᠦᠭᠡᠶ ᠪᠠᠢ᠌ᠭᠰᠠᠨ︕

  ᠲᠤᠢ᠌ᠯ ᠤᠨ ᠮᠦᠰᠤᠨ ᠳᠠᠯᠠᠢ ᠬᠠᠢ᠌ᠯᠤᠨ ᠨᠢᠮᠭᠡᠷᠡᠵᠤ

  ᠲ᠋ᠤᠰᠤᠨ ᠪᠦᠮᠪᠦᠷᠴᠡᠭ᠌ ᠵᠢᠮ᠎ᠠ ᠪᠠᠨ ᠠᠯᠳᠠᠬᠤ ᠦᠭᠡᠶ ᠪᠠᠢ᠌ᠭᠰᠠᠨ︕

  ᠲ᠋ᠤᠭᠤᠰᠬᠠᠨ ᠳᠤ ᠳᠠᠷᠤᠭᠳᠠᠭᠰᠠᠨ * ᠡᠭᠡ ᠭᠠᠵᠠᠷ ᠪᠠᠶ᠎ᠠ ᠪᠠᠨ ᠰᠢᠯᠭᠡᠭᠡᠵᠤ

  ᠭᠠᠵᠠᠷ ᠭᠦᠳᠡᠯᠤᠨ ᠭᠠᠮᠰᠢᠭ ᠵᠤᠪᠠᠯᠠᠩ ᠳᠠᠷᠢᠬᠤ ᠦᠭᠡᠶ ᠪᠠᠢ᠌ᠭᠰᠠᠨ︕


  ᠭᠡᠷᠪᠡ ᠴᠦᠮ᠎ᠡ ᠶᠢᠨ ᠵᠡᠪᠰᠡᠭ᠌ ᠭᠠᠷᠤᠭ᠎ᠠ ᠦᠭᠡᠶ ᠪᠣᠯ

  ᠡᠷ᠎ᠡ ᠵᠤᠷᠢᠭ ᠠᠪᠳᠠᠷ᠎ᠠ ᠶᠢᠨ ᠢᠷᠤᠭᠠᠷ ᠲᠤ ᠵᠢᠪᠠᠷᠠᠵᠤ

  ᠭᠦᠮᠤᠨ ᠤ ᠬᠤᠭᠤᠯᠠ ᠪᠣᠯᠬᠤ ᠦᠭᠡᠶ ᠪᠠᠢ᠌ᠭᠰᠠᠨ︕

  ᠡᠷᠭᠡ ᠴᠢᠯᠦᠭᠡ ᠣᠯᠤᠰ ᠤᠨ ᠭᠢᠯᠢ ᠳᠤ ᠬᠠᠰᠢᠭᠳᠠᠵᠤ

  ᠭᠦᠯᠦᠭ᠌ ᠤᠨ ᠨᠠᠭᠠᠳᠤᠮ ᠴᠤ ᠪᠣᠯᠬᠤ ᠦᠭᠡᠶ ᠪᠠᠢ᠌ᠭᠰᠠᠨ︕

  ᠡᠵᠡᠷᠭᠡᠭ᠌ ᠭᠡᠳᠤᠨ ᠭᠦᠷᠤᠨ ᠡᠩᠭᠡ ᠶᠢᠨ ᠳᠤᠭ ᠡᠷᠭᠦᠴᠢᠭᠡᠭᠡᠳ

  ᠲ᠋ᠡᠯᠡᠭᠡᠢ ᠶᠢ ᠬᠤᠪᠢᠶᠠᠯᠴᠠᠬᠤ ᠭᠡᠵᠤ ᠰᠠᠭᠰᠠᠭᠤᠷᠠᠬᠤ ᠦᠭᠡᠶ ᠪᠠᠢ᠌ᠭᠰᠠᠨ︕

  ᠡᠪ ᠨᠠᠢ᠌ᠷᠠᠮᠳᠠᠯ ᠤᠨ ᠨᠠᠷᠠᠨ ᠬᠣᠢ᠌ᠮᠤᠷ ᠡᠴᠡ

  ᠡᠭᠡᠯ ᠠᠷᠠᠤᠨ ᠤᠨ ᠪᠠᠢ᠌ᠷᠢ ᠬᠤᠰᠤᠭᠳᠠᠬᠤ ᠦᠭᠡᠶ ᠪᠠᠢ᠌ᠭᠰᠠᠨ︕

  ᠰᠠᠢ᠌ᠬᠠᠨ ᠪᠦᠮᠪᠦᠷᠴᠡᠭ᠌ ᠶᠢᠡᠨ ᠡᠪᠳᠡᠯᠡᠵᠤ ᠬᠠᠶᠠᠴᠢᠬᠠᠭᠠᠤᠨ

  ᠰᠠᠠᠰᠠᠷ ᠲᠤ ᠭᠠᠷᠬᠤ ᠭᠡᠵᠤ ᠰᠠᠨᠠᠭᠠᠷᠬᠠᠬᠤ ᠦᠭᠡᠶ ᠪᠠᠢ᠌ᠭᠰᠠᠨ︕

  ᠰᠠᠷᠠᠨ ᠤ ᠰᠢᠷᠤᠢ ᠳᠤ ᠭᠦᠷᠳᠡᠯ᠎ᠡ ᠊ᠭ᠍‍ᠬᠢᠷ ᠲᠡᠶ ᠭᠠᠷ ᠶᠢᠡᠨ ᠰᠤᠩᠭ᠋ᠠᠵᠤ

  ᠰᠠᠪᠠ ᠶ‍ᠢᠷᠳᠢᠠᠴᠤ ᠶᠢ ᠭᠦᠨᠳᠡᠭᠦ ᠦᠭᠡᠶ ᠪᠠᠢ᠌ᠭᠰᠠᠨ︕

  ᠠᠷᠠᠰᠤᠳᠠᠨ ᠤ ᠭᠠᠳᠠᠭᠤᠷᠴᠢᠯᠠᠯ ᠳᠤ ᠳᠤᠷ᠎ᠠ ᠥᠭᠡᠢ᠌ᠴᠡᠵᠤ

  ᠠᠹᠷᠢᠺᠠ᠎ ᠶᠢᠨ ᠳᠠᠯ᠎ᠠ ᠵᠦᠩᠳᠡᠭᠡᠨ ᠰᠢᠷᠠᠯᠠᠬᠤ ᠦᠭᠡᠶ ᠪᠠᠢ᠌ᠭᠰᠠᠨ︕

  ᠠᠷᠠᠤᠨ ᠤᠨ ᠡᠰᠡᠷᠭᠦᠴᠡᠯ ᠳᠤ ᠵᠦᠪ ᠥᠭ᠍ᠴᠤ

  ᠠᠽᠢᠶ᠎ᠠ ᠶᠢᠨ ᠭᠡᠭᠡᠷ᠎ᠡ ᠵᠢᠷᠦᠭᠡᠨ ᠡᠴᠡ ᠪᠠᠨ ᠰᠢᠳᠠᠬᠤ ᠦᠭᠡᠶ ᠪᠠᠢ᠌ᠭᠰᠠᠨ︕


  ᠭᠡᠷᠪᠡ ᠴᠦᠮ᠎ᠡ ᠶᠢᠨ ᠵᠡᠪᠰᠡᠭ᠌ ᠭᠠᠷᠤᠭ᠎ᠠ ᠦᠭᠡᠶ ᠪᠣᠯ

  ᠣᠰᠤᠨ ᠪᠦᠮᠪᠦᠷᠴᠡᠭ᠌ ᠣᠰᠤ ᠪᠠᠷ ᠭᠠᠴᠢᠭᠳᠠᠬᠤ ᠦᠭᠡᠶ ᠪᠠᠢ᠌ᠭᠰᠠᠨ︕

  ᠠᠭᠤᠳᠠᠮ ᠣᠷᠴᠢᠯᠠᠩ ᠳᠠᠷᠢ ᠪᠠᠷ ᠠᠮᠢᠰᠬᠤᠯᠯᠠᠬᠤ ᠦᠭᠡᠶ ᠪᠠᠢ᠌ᠭᠰᠠᠨ︕

  ᠣᠷᠭᠤᠮᠠᠯ ᠤᠨ ᠦᠨᠳᠦᠰᠦ ᠭᠦᠷᠦᠰᠤᠨ ᠳᠡᠭᠡᠨ ᠥᠭᠢᠷᠡᠭᠦ * ᠦᠭᠡᠶ ᠪᠠᠢ᠌ᠭᠰᠠᠨ︕

  ᠣᠨᠠᠭᠰᠠᠨ ᠰᠢᠷᠤᠢ ᠪᠠᠨ ᠦᠪᠠᠰᠤᠪᠠᠨ ᠶᠢᠡᠨ ᠳᠡᠯᠪᠠᠴᠡᠭᠦ ᠦᠭᠡᠶ ᠪᠠᠢ᠌ᠭᠰᠠᠨ︕

  ᠪᠣᠯᠪᠠᠰᠤᠨ ᠨᠡᠢ᠌ᠭᠡᠮ ᠤᠨ ᠨᠢᠭᠤᠷ ᠲᠤ ᠭᠦ᠋ ᠳᠦᠷᠭᠢᠭᠦ ᠦᠭᠡᠶ ᠪᠠᠢ᠌ᠭᠰᠠᠨ︕

  ᠪᠣᠳᠤᠭ ᠭᠦᠷᠦᠭᠡ ᠦᠭᠡᠶ ᠠᠮᠢᠳᠤᠷᠠᠯ ᠳᠤ ᠳᠤᠯᠪᠣ ᠰᠠᠭᠤᠬᠤ ᠦᠭᠡᠶ ᠪᠠᠢ᠌ᠭᠰᠠᠨ︕

  ᠪᠣᠯᠠᠭ ᠤᠨ ᠠᠷᠢᠭᠤᠨ ᠣᠰᠤᠨ ᠳᠤ ᠰᠢᠷᠤᠢ ᠰᠠᠴᠤᠬᠤ ᠦᠭᠡᠶ ᠪᠠᠢ᠌ᠭᠰᠠᠨ︕

  ᠪᠣᠶᠠᠠᠳᠤ ᠬᠣᠢ᠌ᠴᠢᠰ ᠤᠨ ᠵᠢᠷᠦᠭᠡᠨ ᠳᠤ ᠰᠤᠷᠪᠢ ᠥᠯᠡᠳᠡᠭᠡᠭᠦ ᠦᠭᠡᠶ ᠪᠠᠢ᠌ᠭᠰᠠᠨ ᠡ︕

  ᠰᠤᠷᠪᠢ ᠥᠯᠡᠳᠡᠭᠡᠭᠦ ᠦᠭᠡᠶ ᠪᠠᠢ᠌ᠭᠰᠠᠨ︕


      


  ᠲ᠋ᠠᠢ᠌ᠯᠪᠣᠷᠢ

* ᠳᠡᠯᠡᠭᠡᠢ ᠶᠢᠨ ᠬᠤᠶᠠᠳᠤᠭᠠᠷ ᠳᠠᠢ᠌ᠨ ᠤ ᠦᠶ᠎ᠡ ᠳᠤ ᠠᠮᠸᠷᠢᠺᠠ᠎ ᠠᠲ᠋ᠤᠮ ᠤᠨ ᠪᠦᠮᠪᠦᠭᠡ ᠪᠠᠨ ᠶᠠᠫᠣᠨ ᠤ ᠡᡁᠢᠷᠦᠰᠢᠮᠡ ᠪᠣᠯᠤᠨ ᠨᠠᠭᠠᠰᠠᠺᠢ ᠬᠤᠶᠠᠷ ᠠᠷᠠᠯ ᠳᠡᠭᠡᠷ᠎ᠡ ᠬᠠᠶᠠᠭᠰᠠᠨ ᠢ ᠵᠢᠭᠠᠵᠤ ᠪᠣᠢ᠃

* ᠡᠵᠡᠭᠦᠢ ᠡᠯᠡᠰᠤᠨ ᠭᠤᠪᠢ ᠳᠤ ᠣᠯᠠᠨ ᠣᠳᠠᠭ᠎ᠠ ᠠᠲ᠋ᠤᠮ ᠤᠨ ᠲ᠋ᠤᠷᠰᠢᠯᠳᠠ ᠭᠢᠭ᠍ᠰᠡᠨ ᠢ ᠵᠢᠭᠠᠵᠤ ᠪᠣᠢ᠃

* ᠠᠰᠠᠷ ᠳᠠᠭᠳᠤ ᠣᠯᠠᠰᠢᠷᠠᠭᠰᠠᠨ ᠢ ᠵᠢᠭᠠᠵᠠᠢ

* ᠬᠠᠳᠠᠬᠤ


ᠵᠤᠬᠢᠶᠠᠭᠴᠢ ᠶᠢᠨ ᠬᠠ‍‌ᠶᠢᠭ ᠄ ᠯᠤ ᠰᠢᠶᠦ᠋ᠨ ᠤ ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2489
ᠴᠠᠭ᠄ 2011 ᠤᠨ ᠤ 04 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ