ᠪᠤᠰᠤᠳ ᠤᠨ ᠲᠤᠭᠤᠭ᠎ᠠ ᠤᠷᠤᠭᠤ ᠦᠨᠳᠡᠯᠵᠡᠬᠦ ᠨᠢ ᠮᠠᠭᠤᠬᠠᠢ

ᠨᠢᠭᠡ


ᠮᠢᠨᠤ ᠣᠩᠰᠢᠵᠤ ᠪᠠᠢ᠌ᠭᠰᠠᠨ ᠰᠤᠨᠢᠨ ᠢ ᠨᠢᠭᠡᠨ ᠬᠠᠳᠤᠭᠳᠠᠢ ᠠᠪᠤᠨ ᠬᠠᠷᠠᠵᠤ᠂ ᠨᠢᠳᠤ ᠪᠠᠨ ᠪᠦᠯᠳᠡᠢ᠌ᠯᠭᠡᠨ ᠰᠢᠷᠳᠠᠵᠤ ᠪᠠᠢ᠌ᠭᠰᠠᠨ ᠶᠢᠡᠨ ᠪᠠᠶᠠᠰᠤᠨ ᠬᠠᠰᠭᠢᠷᠴᠤ᠂ ᠠᠮᠠᠨ ᠳᠠᠭᠠᠨ ᠠᠪᠣᠭᠠᠤᠨ ᠦᠨᠦᠰᠤᠮᠠᠷ ᠠᠭᠠᠰᠢᠯᠠᠨ ᠭᠦᠭᠡᠷᠡᠭᠡᠤᠨ᠄

᠊᠊᠊᠊᠊᠊᠊᠊᠊᠊᠊᠊᠊᠊᠊ ᠭᠦ᠂ ᠮᠤᠩᠭ᠋ᠤᠯ ᠰᠤᠨᠢᠨ ᠣᠯᠵᠤ ᠥᠵᠡᠭ᠍ᠰᠡᠨ ᠦᠭᠡᠶ ᠶᠡᠭᠡ ᠣᠳᠠᠯ᠎ᠠ᠃ ᠭᠡᠳᠦᠢ ᠳᠤᠯᠠᠭᠠᠨ ᠡᠭᠡᠯᠢᠳᠡᠢ ᠰᠠᠨᠠᠭᠳᠠᠬᠤ ᠶᠤᠮ ᠪᠣᠢ︕ ᠨᠠᠶᠠᠭᠠᠤᠨ ᠣᠨ ᠳᠤ ᠮᠤᠩᠭ᠋ᠤᠯ ᠰᠤᠨᠢᠨ ᠡᠡᠢ᠌ᠯ ᠭᠡᠷ᠂ ᠠᠯᠪᠠᠨ ᠪᠠᠢ᠌ᠭᠤᠯᠭ᠎ᠠ ᠬᠠᠮᠢᠭ᠎ᠠ ᠴᠤ ᠭᠡᠰᠡᠨ ᠬᠠᠷᠠᠭᠳᠠᠳᠠᠭ ᠪᠠᠢ᠌ᠭᠰᠠᠨ᠃ ᠣᠳᠤ ᠨᠡᠢ᠌ᠭᠡᠮ ᠭᠦᠭ᠍ᠵᠢᠵᠤ ᠨᠤᠳᠤᠭ ᠥᠭᠡᠷᠡᠴᠢᠯᠡᠭ᠍ᠳᠡᠭᠡᠤᠨ᠂ ᠮᠤᠩᠭ᠋ᠤᠯ ᠰᠤᠨᠢᠨ ᠡᠷᠢᠭᠡᠤᠨ ᠣᠯᠳᠠᠬᠤ ᠦᠭᠡᠶ ᠰᠢᠬᠠᠮ ᠪᠣᠯᠪᠠ ᠭᠡᠰᠡᠨ ᠶᠢᠡᠨ ᠨᠤᠳᠤᠭ ᠤᠨ ᠨᠢᠭᠡᠨ ᠵᠠᠯᠠᠭᠤ ᠵᠤᠬᠢᠶᠠᠯᠴᠢ ᠶᠢᠨ ᠳᠤᠰ ᠰᠤᠨᠢᠨ ᠳᠤ ᠰᠠᠶ‍ᠢᠬᠠᠨ ᠨᠡᠢ᠌ᠳᠡᠯᠡᠭᠦᠯᠦᠭ᠍ᠰᠡᠨ ᠥᠭᠦᠯᠡᠯ ᠡᠴᠡ ᠨᠢᠳᠤ ᠨᠢ ᠰᠠᠯᠬᠤ ᠦᠭᠡᠶ ᠪᠣᠯᠵᠤ᠂

᠊᠊᠊᠊᠊᠊᠊᠊᠊᠊᠊᠊᠊᠊᠊ ᠡᠨᠡ ᠥᠭᠦᠯᠡᠯ ᠶᠢᠡᠨ ᠰᠢᠨᠡᠭᠡᠨ ᠪᠢᠴᠢᠭ᠍ᠰᠡᠨ ᠶᠤᠮ ᠦᠦ︖ ᠭᠡᠵᠤ ᠦᠪᠡᠷ ᠲᠡᠭᠡᠨ ᠰᠢᠪᠠᠨᠡᠭᠡᠤᠨ ᠭᠤᠷᠪᠠ᠂ ᠳᠠᠪᠤᠨ ᠵᠠᠭᠤᠨ ᠵᠤᠭᠤᠰ ᠶᠢᠡᠷ ᠬᠤᠳᠠᠯᠳᠤᠭᠠᠤᠨ ᠥᠭ᠍ᠴᠢᠭᠡᠭᠦ ᠪᠢᠯᠢᠤ︖ ᠨᠠᠳᠠ ᠶᠠᠭ ᠡᠢ᠌ᠮᠤ ᠥᠭᠦᠯᠡᠯ ᠭᠡᠷᠡᠭ᠍ᠳᠡᠢ ᠪᠣᠯᠵᠤ ᠪᠠᠢ᠌ᠨ᠎ᠠ ᠰᠢᠤ ᠭᠡᠨ᠎ᠡ᠃

ᠰᠦᠪᠧᠢ ᠨᠤᠳᠤᠭ ᠲᠤ ᠨᠠᠷᠠ ᠰᠠᠷᠠ ᠮᠠᠳᠤ ᠭᠢᠯᠠᠯᠵᠠᠨ ᠬᠤᠪᠣᠷᠬᠠᠨ ᠬᠤᠶᠠᠷ ᠭᠤᠷᠪᠠ ᠪᠣᠯᠵᠤ ᠪᠠᠢ᠌ᠭ᠎ᠠ ᠵᠤᠬᠢᠶᠠᠯᠴᠢᠳ ᠤᠨ ᠪᠦᠳᠦᠭᠡᠯ ᠢ ᠳᠠᠸᠠᠷ ᠤᠨ ᠡᠩᠨᠡᠭᠡᠨ ᠳᠤ ᠣᠷᠤᠭᠤᠯᠤᠨ ᠳᠠᠪᠣ᠂ ᠭᠤᠷᠪᠠ ᠶᠢᠨ ᠥᠷᠳᠡᠭ᠌ ᠡᠯᠭᠦᠵᠤ ᠵᠢᠭ᠍ᠰᠢᠭᠦᠷᠢᠳᠡᠢ ᠰᠠᠨᠠᠭᠳᠠᠭᠰᠠᠨ ᠦᠨᠦ ᠬᠠᠳᠤᠭᠳᠠᠢ᠄

᠊᠊᠊᠊᠊᠊᠊᠊᠊᠊᠊᠊᠊᠊᠊ ᠮᠢᠨᠤ ᠰᠤᠶᠤᠯ ᠤᠨ ᠭᠡᠮᠵᠢᠶ᠎ᠡ ᠳᠤᠤᠷ᠎ᠠ ᠶᠡᠭᠡ ᠰᠤᠷᠭᠠᠭᠤᠯᠢ ᠶᠢᠨ ᠦᠨᠡᠮᠯᠠᠯ ᠪᠠᠢ᠌ᠬᠤ ᠦᠭᠡᠶ ᠪᠣᠯᠬᠤᠷ ᠴᠠᠯᠢᠩ ᠮᠥᠩᠭᠦ ᠴᠤ ᠮᠦᠨ ᠳᠤᠤᠷ᠎ᠠ᠂ ᠢᠩᠭᠢᠭᠡᠤᠨ ᠶᠡᠭᠡ ᠰᠤᠷᠭᠠᠭᠤᠯᠢ ᠶᠢᠨ ᠵᠠᠭᠢᠳᠠᠯ ᠶᠢᠡᠷ ᠣᠩᠰᠢᠬᠤ ᠮᠤᠩᠭ᠋ᠤᠯ ᠠᠩᠭᠢ ᠳᠤ ᠨᠠᠷ᠎ᠠ ᠮᠡᠳᠡᠭᠦᠯᠤᠨ ᠶᠡᠭᠡ ᠰᠤᠷᠭᠠᠭᠤᠯᠢ ᠶᠢᠨ ᠳᠡᠭᠦᠰᠭᠦ ᠦᠨᠡᠮᠯᠠᠯ ᠲᠡᠶ ᠪᠣᠯᠵᠤ ᠴᠠᠯᠢᠩ ᠶᠢᠡᠨ ᠥᠡᠳᠡᠷᠵᠢᠭᠦᠯᠭᠦ ᠪᠠᠷ ᠴᠢᠷᠮᠠᠢ᠌ᠵᠤ ᠪᠠᠢ᠌ᠭ᠎ᠠ᠃ ᠭᠡᠪᠠᠴᠤ ᠬᠤᠶᠠᠷ ᠵᠢᠯ ᠤᠨ ᠰᠤᠷᠤᠯᠴᠠᠯᠭ᠎ᠠ ᠠᠮᠵᠢᠯᠳᠠ ᠲᠡᠶ ᠪᠠᠷ ᠳᠠᠭᠤᠰᠬᠤ ᠲᠡᠶ ᠵᠡᠷᠭᠡ ᠠᠩᠭᠢ ᠶᠢᠨ ᠪᠠᠭᠰᠢ ᠡᠴᠡ᠄

᠊᠊᠊᠊᠊᠊᠊᠊᠊᠊᠊᠊᠊᠊᠊ ᠳᠡᠭᠦᠰᠭᠦ ᠥᠭᠦᠯᠡᠯ ᠶᠢᠡᠨ 〈ᠨᠤᠳᠤᠭ ᠤᠨ ᠶᠢᠡᠨ ᠣᠪᠣᠭ᠎ᠠ ᠨᠠᠢ᠌ᠷ ᠤᠨ ᠳᠤᠬᠠᠢ〉 ᠪᠢᠴᠢᠵᠤ ᠢᠷ᠎ᠠ ᠭᠡᠵᠤ ᠱᠠᠭᠠᠷᠳᠠᠭᠠᠤᠨ ᠠᠷᠭ᠎ᠠ ᠪᠠᠷᠠᠭᠤᠯᠤᠨ᠎ᠠ᠃ ᠣᠳᠠᠭᠠᠨ ᠡᠳᠦᠷ ᠵᠤᠵᠠᠭᠠᠨ ᠬᠤᠨᠤᠭ ᠮᠤᠩᠭ᠋ᠤᠯ ᠨᠤᠮ ᠡᠷᠭᠢᠭᠦᠯᠵᠤ ᠮᠤᠩᠭ᠋ᠤᠯ ᠪᠢᠴᠢᠭ᠌ ᠪᠢᠴᠢᠭᠦ ᠶᠠᠪᠣᠳᠠᠯ ᠦᠭᠡᠶ ᠪᠢ ᠶᠠᠭᠠᠭᠢᠭᠰᠠᠨ ᠴᠤ ᠦᠪᠡᠷ ᠶᠢᠡᠨ ᠪᠢᠴᠢᠵᠤ ᠴᠢᠳᠠᠬᠤ ᠦᠭᠡᠶ ᠭᠡᠤᠨ ᠭᠤᠩᠰᠢᠨ ᠭᠠᠰᠠᠯᠤᠨ᠎ᠠ᠃

ᠢᠩᠭᠢᠭᠡᠤᠨ ᠳᠠᠷᠠ ᠨᠤᠮ ᠰᠡᠳᠭᠦᠯ ᠡᠴᠡ ᠪᠣᠰᠤᠳ ᠤᠨ ᠥᠭᠦᠯᠡᠯ ᠢ ᠰᠢᠭᠤᠳ ᠭᠡᠷᠡᠭᠯᠡᠶ᠎ᠡ ᠭᠡᠭᠦ ᠳᠤ ᠬᠠᠤᠯᠢ ᠵᠠᠷᠭᠤ ᠳᠤ ᠣᠷᠤᠬᠤ ᠡᠴᠡ ᠪᠠᠷᠭᠡᠰᠢᠶᠡᠵᠤ ᠳᠠᠨᠢᠬᠤ ᠮᠡᠳᠡᠭᠦ ᠣᠶᠤᠳᠠᠤᠨ ᠶᠢᠡᠨ ᠡᠷᠢᠵᠤ ᠠᠭᠰᠠᠨ᠄

᠊᠊᠊᠊᠊᠊᠊᠊᠊᠊᠊᠊᠊᠊᠊ ᠳᠡᠭᠦᠰᠭᠦ ᠥᠭᠦᠯᠡᠯ ᠪᠢᠴᠢᠵᠤ ᠦᠭ‍ᠭᠦᠭᠡᠴᠢ ᠭᠡᠵᠤ ᠭᠤᠶᠤᠭᠰᠠᠨ ᠳᠤ᠂ ᠳᠠᠳᠠ ᠨᠡᠷ ᠳᠤᠯᠤᠭᠠᠢ ᠰᠡᠭ᠍ᠰᠦᠷᠡᠭᠡᠤᠨ ᠪᠠᠢ᠌ᠭᠰᠠᠨ ᠪᠣᠯᠪᠠᠴᠤ᠂ ᠬᠠᠷᠢᠭᠤ ᠳᠤᠨᠢ ᠨᠢᠭᠡᠨ 《ᠰᠠᠢ᠌ᠬᠠᠨ》 ᠰᠤᠷᠠᠭ ᠵᠠᠩᠭᠢ ᠳᠠᠮᠵᠢᠭᠤᠯᠤᠵᠤ ᠥᠭ᠍ᠴᠤ ᠭᠡᠨ᠎ᠡ᠃

᠊᠊᠊᠊᠊᠊᠊᠊᠊᠊᠊᠊᠊᠊᠊ ᠵᠤᠭᠤᠰ ᠲᠡᠶ ᠪᠣᠯ ᠶᠠᠭᠤ ᠴᠤ ᠪᠦᠳᠦᠭᠡᠵᠤ ᠴᠢᠳᠠᠨ᠎ᠠ᠃ ᠪᠣᠰᠤᠳ ᠲᠤ ᠳᠡᠭᠦᠰᠭᠦ ᠥᠭᠦᠯᠡᠯ ᠪᠢᠴᠢᠵᠤ ᠪᠠᠭ᠎ᠠ ᠰᠠᠭ᠎ᠠ ᠵᠤᠭᠤᠰ ᠣᠯᠳᠠᠭ ᠭᠦᠮᠦᠰ ᠪᠣᠢ ᠠᠵᠢ᠃ ᠳᠠᠳᠠᠨᠠᠷ ᠢ ᠣᠯᠤᠭᠠᠤᠨ ᠠᠪᠣᠪᠠᠯ ᠠᠯᠢᠪᠠ ᠭᠡᠷᠡᠭ᠌ ᠪᠦᠳᠦᠴᠢᠭᠦ ᠶᠤᠮ ᠪᠢᠰᠢᠤ︕ ᠭᠡᠰᠡᠨ ᠵᠣᠢ᠌ᠪᠣᠷᠢ ᠵᠠᠩᠭᠢ ᠰᠤᠨᠤᠰᠤᠭᠠᠤᠨ ᠬᠠᠳᠤᠭᠳᠠᠢ ᠮᠠᠨᠢ ᠶᠡᠭᠡ ᠪᠠᠶᠠᠰᠴᠤ᠂ ᠵᠤᠭᠤᠰ ᠶᠢᠡᠨ ᠬᠠᠷᠠᠮᠯᠠᠭᠠᠤᠨ ᠳᠡᠳᠡᠭᠡᠷ 《ᠳᠤᠰᠬᠠᠢ ᠭᠦᠮᠦᠰ》 ᠢ ᠡᠷᠢᠭ᠍ᠰᠡᠨ ᠪᠣᠯᠪᠠᠴᠤ ᠵᠠᠮ ᠢ ᠨᠢ ᠣᠯᠵᠤ᠂ ᠳᠠᠮ ᠢ ᠨᠢ ᠳᠠᠭᠠᠷᠠᠭᠤᠯᠵᠤ ᠠᠮᠵᠢᠭᠠᠳᠤᠢ ᠪᠠᠢ᠌ᠭᠰᠠᠭᠠᠷ᠃ ᠣᠤᠯ ᠨᠢ ᠡᠨᠡ ᠬᠠᠳᠤᠭᠳᠠᠢ ᠶᠢᠨ ᠪᠠᠬᠠᠷᠬᠠᠨ ᠰᠢᠷᠳᠡᠭᠡᠤᠨ ᠪᠠᠢ᠌ᠭᠰᠠᠨ ᠥᠭᠦᠯᠡᠯ ᠨᠢ ᠶᠠᠭ ᠳᠡᠭᠦᠨ ᠤ ᠪᠢᠴᠢᠭᠦ ᠭᠡᠰᠡᠨ ᠰᠠᠳᠤᠪ ᠊᠊᠊᠊᠊᠊᠊᠊᠊᠊᠊᠊᠊᠊᠊ ᠨᠤᠳᠤᠭ ᠤᠨ ᠣᠪᠣᠭ᠎ᠠ ᠨᠠᠢ᠌ᠷ ᠤᠨ ᠳᠤᠬᠠᠢ ᠪᠠᠢ᠌ᠭᠰᠠ ᠪᠣᠯᠬᠤᠷ᠂ ᠰᠠᠨᠠᠮᠰᠠᠷ ᠦᠭᠡᠶ ᠪᠠᠯᠠᠨ ᠣᠯᠵᠠ ᠲᠡᠶ ᠪᠣᠯᠤᠯ᠎ᠠ ᠭᠡᠤᠨ ᠣᠷᠤ ᠦᠭᠡᠶ ᠪᠠᠶᠠᠷᠯᠠᠭᠰᠠᠨ ᠨᠢ ᠡᠨᠡ ᠪᠠᠢ᠌ᠵᠢ᠃

ᠰᠦᠪᠧᠢ ᠶᠢᠨ ᠮᠤᠩᠭ᠋ᠤᠯᠴᠤᠳ ᠮᠤᠩᠭ᠋ᠤᠯ ᠰᠤᠨᠢᠨ ᠣᠯᠵᠤ ᠥᠵᠡᠳᠡᠭ᠌ ᠦᠭᠡᠶ ᠨᠢ ᠦᠨᠡᠨ ᠶᠤᠮ᠃ ᠮᠤᠩᠭ᠋ᠤᠯ ᠰᠤᠨᠢᠨ ᠵᠠᠭᠢᠶᠠᠯᠠᠳᠠᠭ ᠭᠦᠮᠤᠨ ᠲᠤᠩ ᠬᠤᠪᠣᠷ᠃ ᠨᠢᠭᠡᠨ ᠪᠦᠷᠢᠦᠡᠭᠡᠯ ᠢ ᠦᠨᠳᠦᠰᠦᠯᠠᠪᠠᠯ᠂ 4900 ᠮᠤᠩᠭ᠋ᠤᠯ ᠭᠦᠮᠤᠨ ᠠᠮᠠ ᠲᠡᠶ ᠰᠦᠪᠧᠢ ᠰᠢᠶᠠᠨ ᠳᠤ ᠬᠤᠪᠢᠨ ᠳᠡᠭᠡᠨ ᠮᠤᠩᠭ᠋ᠤᠯ ᠰᠤᠨᠢᠨ ᠵᠠᠭᠢᠶᠠᠯᠠᠭᠰᠠᠨ ᠨᠢ ᠵᠥᠪᠭᠡᠨ 28 ᠭᠦᠮᠤᠨ ᠪᠠᠢ᠌ᠵᠤ᠂ ᠪᠠᠢ᠌ᠭᠤᠯᠭ᠎ᠠ ᠨᠢᠭᠡᠴᠡ ᠪᠠᠷ ᠵᠠᠭᠢᠶᠠᠯᠠᠭᠰᠠᠨ ᠨᠢ ᠭᠤᠷᠪᠠᠬᠠᠨ ᠪᠠᠢ᠌ᠵᠤ ᠪᠢᠯᠠ᠃ ᠳᠡᠭ᠍ᠰᠢᠦᠡᠭᠡᠪᠠᠯ 163 ᠭᠦᠮᠤᠨ ᠤ ᠳᠦᠮᠳᠡ ᠵᠥᠪᠭᠡᠨ ᠨᠢᠭᠡ ᠮᠤᠩᠭ᠋ᠤᠯ ᠰᠤᠨᠢᠨ ᠲᠡᠶ ᠪᠠᠢ᠌ᠨ᠎ᠠ᠃ ᠭᠡᠳᠦᠢ ᠭᠦᠭᠡᠷᠦᠭᠦᠢ ᠪᠣᠢ︕

ᠥᠩᠭᠡᠷᠡᠭ᠍ᠰᠡᠨ ᠳᠤ ᠨᠤᠳᠤᠭ ᠤᠨ ᠰᠤᠮᠤ ᠪᠣᠯᠭᠠᠨ ᠳᠤ ᠰᠤᠷᠭᠠᠭᠤᠯᠢ ᠲᠡᠶ᠂ ᠰᠤᠷᠭᠠᠭᠤᠯᠢ ᠪᠣᠯᠭᠠᠨ ᠳᠠᠭᠠᠨ ᠰᠤᠨᠢᠨ ᠰᠡᠳᠭᠦᠯ ᠲᠡᠶ᠂ ᠰᠤᠨᠢᠷᠬᠠᠵᠤ ᠣᠩᠰᠢᠬᠤ ᠣᠩᠰᠢᠭᠴᠢ ᠲᠡᠶ ᠪᠠᠢ᠌ᠭᠰᠠᠨ᠂ ᠣᠳᠤ ᠭᠡᠭᠦ ᠳᠤ᠂ ᠨᠥᠭᠦᠴᠡᠯ ᠰᠠᠢ᠌ᠵᠢᠷᠠᠬᠤ ᠳᠤᠳᠤᠮ ᠰᠤᠷᠭᠠᠭᠤᠯᠢ ᠴᠥᠭᠡᠨ᠂ ᠰᠤᠷᠤᠭᠴᠢ ᠨᠠᠩ ᠴᠥᠭᠡᠨ ᠪᠣᠯᠵᠤ ᠶᠠᠪᠣᠨ᠎ᠠ᠃ ᠳᠠᠯᠠᠢ ᠶᠢᠨ ᠭᠦᠪᠠᠭᠡᠨ ᠳᠤ ᠳᠤᠭᠤᠯ ᠤᠨ ᠪᠠᠭᠠᠰᠤ ᠬᠠᠳᠠᠨ᠎ᠠ ᠭᠡᠭ᠍ᠴᠢ ᠪᠣᠯᠤᠭ᠎ᠠ ᠦᠦ︖ ᠮᠢᠨᠤ ᠡᠪᠦᠭᠡ ᠳᠡᠭᠡᠳᠦᠰ ᠤᠨ ᠦᠶ᠎ᠡ ᠳᠤ ᠪᠢᠴᠢᠭ᠌ ᠮᠡᠳᠡᠭᠦ ᠦᠭᠡᠶ ᠭᠦᠮᠤᠨ ᠣᠯᠠᠨ ᠪᠠᠢ᠌ᠭᠰᠠᠨ ᠪᠣᠯᠪᠠᠴᠤ ᠭᠡᠯᠡ ᠰᠤᠶᠤᠯ ᠳᠠᠭᠠᠨ ᠴᠠᠭᠠᠷᠠᠭᠰᠠᠤᠨ ᠴᠠᠭᠠᠳᠤ ᠵᠠᠬ᠎ᠠ ᠡᠴᠡ ᠪᠠᠨ ᠠᠪᠣᠭᠠᠤᠨ ᠴᠦᠮ ᠮᠦᠨ ᠪᠠᠢ᠌ᠭᠰᠠᠨ᠃ ᠣᠳᠤ ᠬᠠᠷᠢᠨ ᠮᠤᠩᠭ᠋ᠤᠯ ᠪᠠᠴᠢᠭ᠌ ᠶᠢᠡᠷ ᠶᠡᠭᠡ ᠰᠤᠷᠭᠠᠭᠤᠯᠢ ᠳᠤ ᠣᠷᠤᠴᠢᠬᠠᠭᠠᠤᠨ᠂ ᠮᠤᠩᠭ᠋ᠤᠯ ᠭᠡᠯᠡ ᠪᠠᠨ ᠮᠡᠳᠡᠭᠦ ᠦᠭᠡᠶ ᠰᠡᠩᠭᠢᠨᠡᠭᠦᠯᠵᠤ ᠶᠠᠪᠣᠭ᠎ᠠ ᠨᠢ ᠴᠤ ᠣᠯᠠᠨ ᠪᠣᠢ᠃

ᠣᠯᠤᠰ ᠡᠴᠡ ᠡᠯ᠎ᠡ ᠦᠨᠳᠦᠰᠦᠳᠠᠨ ᠨᠤᠭᠦᠳ ᠢ ᠦᠪᠡᠷ ᠦᠪᠡᠷ ᠤᠨ ᠰᠤᠶᠤᠯ ᠶᠢᠡᠨ ᠦᠪᠯᠠᠨ ᠬᠠᠮᠠᠭᠠᠯᠠᠵᠤ᠂ ᠭᠦᠭ᠍ᠵᠢᠭᠦᠯᠭᠦ ᠶᠢ ᠣᠷᠢᠶᠠᠯᠠᠨ ᠵᠤᠷᠢᠭᠵᠢᠭᠤᠯᠵᠤ ᠪᠠᠢ᠌ᠬᠤ ᠪᠠᠷ ᠦᠯᠦ ᠪᠠᠷᠠᠨ᠂ ᠪᠠᠰᠠ ᠬᠠᠤᠯᠢ ᠪᠠᠷ ᠪᠠᠳᠤᠯᠠᠭᠰᠠᠨ ᠪᠠᠢ᠌ᠬᠤ ᠳᠤ ᠪᠢᠳᠠ ᠦᠪᠡᠷᠰᠠᠤᠨ ᠶᠢᠡᠨ ᠬᠠᠷᠢᠨ ᠮᠤᠩᠭ᠋ᠤᠯ ᠨᠤᠮ ᠰᠤᠶᠤᠯ ᠶᠢᠡᠨ ᠭᠠᠯ ᠣᠷᠤᠭᠤ ᠰᠢᠳᠡᠭᠦ ᠭᠡᠤᠨ ᠳᠡᠨᠡᠭᠯᠡᠵᠤ᠂ ᠴᠢᠯᠦᠭᠡ ᠪᠠᠷ ᠭᠡᠷ ᠲᠡᠭᠡᠨ ᠬᠠᠷᠢᠭᠰᠠᠨ ᠭᠡᠦᠭᠡᠤᠨ ᠤᠨ ᠭᠢᠴᠢᠶᠠᠯ ᠤᠨ ᠨᠤᠮ᠂ ᠳᠠᠰᠬᠠᠯ ᠤᠨ ᠳᠠᠪᠳᠠᠷ ᠶᠢᠡᠷ ᠭᠠᠯ ᠶᠢᠡᠨ ᠭᠠᠯᠯᠠᠵᠤ ᠴᠠᠢ ᠪᠠᠨ ᠣᠤᠭᠤᠳᠠᠭ ᠵᠠᠩᠭᠢ ᠶᠢ ᠠᠯᠢ ᠴᠤ ᠰᠤᠷᠭᠠᠭᠤᠯᠢ ᠶᠢᠨ ᠭᠡᠦᠭᠡᠤᠨ ᠡᠴᠡ ᠪᠠᠨ ᠪᠠᠢ᠌ᠨ ᠰᠠᠭᠤᠨ ᠣᠯᠵᠤ ᠰᠤᠨᠤᠰᠤᠨ᠎ᠠ᠃ ᠡᠨᠡ ᠨᠢ ᠭᠠᠯ ᠭᠤᠮᠤᠯᠳᠠ ᠪᠠᠨ ᠭᠤᠳᠤᠭᠠᠵᠤ᠂ ᠭᠠᠯ ᠤᠨ ᠪᠣᠷᠬᠠᠨ ᠶᠢᠡᠨ ᠭᠤᠮᠤᠳᠠᠭᠠᠭᠰᠠᠨ ᠡᠴᠡ ᠴᠤ ᠭᠤᠳᠤᠮᠰᠢᠭᠳᠠᠢ ᠪᠣᠵᠠᠷ ᠶᠠᠪᠣᠳᠠᠯ ᠪᠣᠰᠤ ᠦᠦ︖ ᠭᠠᠯ ᠥᠭᠡᠳᠡ ᠣᠰᠤ ᠣᠷᠤᠭᠤ ᠭᠡᠳᠡᠭ᠌᠃ ᠪᠢᠳᠠ ᠪᠠᠶ᠎ᠠ ᠪᠠᠷ ᠶᠢᠡᠨ ᠣᠰᠤ ᠪᠣᠯᠵᠤ᠂ ᠭᠦᠭ᠍ᠵᠢᠭ᠍ᠰᠡᠨ ᠭᠠᠯ ᠶᠢᠡᠨ ᠣᠠᠳᠠᠷᠠᠭᠠᠬᠤ ᠶᠢᠨ ᠰᠠᠢ᠌ᠨ ᠨᠢ ᠶᠠᠭᠤ︖ ᠰᠠᠢ᠌ᠬᠠᠨ ᠨᠢ ᠶᠠᠭᠤ︖ ᠬᠠᠷ᠎ᠠ ᠨᠢᠳᠤᠳᠤ ᠨᠢ ᠨᠠᠰᠢ ᠳᠠᠳᠠᠬᠤ ᠳᠤ᠂ ᠰᠢᠷ᠎ᠠ ᠨᠢᠳᠤᠳᠤ ᠨᠢ ᠴᠠᠭᠠᠰᠢ ᠵᠢᠦᠡᠭᠦᠨ᠎ᠡ ᠭᠡᠭ᠍ᠴᠢ᠂ ᠪᠣᠰᠤᠳ ᠣᠯᠤᠰ ᠦᠨᠳᠦᠰᠦᠳᠠᠨ ᠭᠦᠷᠳᠡᠯ᠎ᠡ ᠮᠠᠨ ᠤ ᠰᠤᠶᠤᠯ ᠣᠷᠠᠯᠢᠭ ᠢ ᠰᠤᠨᠢᠷᠬᠠᠵᠤ᠂ ᠰᠤᠷᠴᠤ᠂ ᠰᠤᠳᠤᠯᠵᠤ ᠪᠠᠢ᠌ᠳᠠᠯ᠎ᠠ ᠪᠢᠳᠠ ᠬᠠᠷᠢᠨ ᠳᠠᠮᠤ (ᠪᠣᠳᠠᠩ) ᠣᠷᠤᠭᠤ ᠭᠦᠵᠦᠭᠦᠤ ᠰᠤᠩᠭ᠋ᠠᠨ ᠵᠢᠦᠡᠭᠦᠵᠡᠭᠡᠨ᠎ᠡ᠃ ᠵᠠᠷᠢᠮ ᠭᠠᠵᠠᠷ ᠤᠨ ᠭᠢᠳᠠᠤᠨ ᠰᠤᠷᠭᠠᠭᠤᠯᠢ ᠠᠩᠭᠢ ᠠᠩᠭᠢ ᠪᠠᠷ ᠶᠢᠡᠨ ᠮᠤᠩᠭ᠋ᠤᠯ ᠭᠡᠯᠡ ᠰᠤᠷᠴᠤ ᠪᠠᠢ᠌ᠬᠤ ᠳᠤᠳᠤᠷᠬᠠᠢ ᠮᠡᠳᠡᠭᠡ ᠪᠣᠢ᠃ ᠭᠡᠳᠡᠯ᠎ᠡ ᠪᠢᠳᠠ ᠬᠤᠶᠠᠷ ᠭᠤᠷᠪᠠᠨ ᠭᠡᠯᠡ ᠲᠡᠶ ᠪᠣᠯᠬᠤ ᠶᠤᠮ ᠭᠡᠭ᠍ᠰᠡᠭᠡᠷ ᠪᠠᠢ᠌ᠭᠠᠤᠨ ᠬᠤᠶᠠᠷ ᠤᠨ ᠬᠤᠭᠤᠷᠤᠠᠳᠤ᠂ ᠭᠤᠷᠪᠠ ᠶᠢᠨ ᠳᠤᠮᠳᠠ᠂ ᠰᠢᠪᠠᠭ ᠴᠤ ᠪᠢᠰᠢ᠂ ᠰᠢᠷᠠᠯᠵᠢ ᠴᠤ ᠪᠢᠰᠢ ᠪᠣᠯᠵᠤ ᠰᠠᠭᠤᠨ᠎ᠠ᠃ ᠶᠡᠭᠡ ᠰᠠᠨᠠᠭᠰᠠᠨ ᠠᠭᠤᠯᠠᠨ ᠳᠤ ᠭᠦᠷᠦᠭᠡᠰᠤ ᠦᠭᠡᠶ᠂ ᠢᠭᠢᠷ᠎ᠡ ᠰᠠᠨᠠᠭᠰᠠᠨ ᠢᠮᠠᠭᠠᠨ ᠳᠤ ᠢᠰᠢᠭᠡ ᠴᠤ ᠦᠭᠡᠶ︕ ᠭᠦᠮᠤᠨ ᠭᠡᠷᠪᠡ ᠣᠯᠵᠤ ᠠᠯᠳᠠᠬᠤ ᠪᠠ ᠢᠷᠠᠭᠤ ᠠᠯᠳᠠᠷ᠂ ᠢᠴᠡᠭᠦᠷᠢ ᠰᠤᠠᠵᠢᠭᠤᠷᠢ ᠶᠢ ᠢᠯᠭᠠᠵᠤ ᠳᠡᠢ᠌ᠯᠭᠦ ᠦᠭᠡᠶ ᠪᠣᠯ᠂ ᠨᠢᠭᠡ ᠮᠥᠭᠦᠯᠢᠭ᠌ ᠬᠤᠨᠢᠨ ᠤ ᠬᠤᠷᠭᠤᠯ ᠤᠨ ᠦᠨ᠎ᠡ ᠴᠤ ᠦᠭᠡᠶ ᠪᠣᠯᠤᠨ᠎ᠠ᠃ ᠭᠡᠷᠪᠡ ᠨᠢᠭᠡ ᠮᠥᠭᠦᠯᠢᠭ᠌ ᠬᠤᠷᠭᠤᠯ ᠪᠠᠢ᠌ᠭᠰᠠᠨ ᠪᠣᠯ ᠨᠢᠭᠡ ᠴᠤᠭ ᠪᠣᠯᠤᠨ ᠣᠯᠠᠢ᠌ᠵᠤ᠂ ᠡᠨᠡ ᠴᠤᠭ ᠣᠴᠢ ᠡᠴᠡ ᠠᠭᠤᠯᠠ ᠳᠠᠯ᠎ᠠ ᠶᠢ ᠭᠡᠷᠡᠯᠳᠦᠭᠦᠯᠭᠦ ᠶᠡᠭᠡ ᠭᠡᠭᠡ ᠴᠤ ᠮᠠᠠᠳᠤᠵᠤ ᠪᠣᠯᠬᠤ ᠶᠤᠮ᠃

ᠰᠦᠪᠧᠢ ᠶᠢᠨ ᠣᠯᠠᠨ ᠣᠯᠠᠨ ᠺᠠᠳ᠋᠊ᠷ ᠠᠵᠢᠯᠳᠠᠤᠨ ᠦᠪᠡᠷ ᠤᠨ ᠠᠰᠢᠭ ᠤᠨ ᠳᠦᠯᠦᠭᠡ ᠨᠠᠮ ᠵᠠᠰᠠᠭ ᠲᠠᠭᠠᠨ ᠶᠡᠭᠡᠯ᠎ᠡ ᠰᠢᠳᠤᠷᠭᠤ ᠪᠠᠷ ᠭᠦᠶ‍ᠦᠭᠦ ᠪᠣᠶᠤ ᠴᠠᠯᠢᠩ ᠮᠥᠩᠭᠦ ᠪᠠᠨ ᠥᠰᠭᠡᠭᠦ ᠶᠢᠨ ᠳᠦᠯᠦᠭᠡ ᠶᠡᠭᠡ ᠰᠤᠷᠭᠠᠭᠤᠯᠢ ᠶᠢᠨ ᠦᠨᠡᠮᠯᠠᠯ ᠠᠪᠬᠤ ᠬᠠᠯᠠᠭᠤᠨ ᠣᠷᠤᠰᠬᠠᠯ ᠤᠨ ᠭᠦᠯ ᠳᠤ ᠮᠠᠨ ᠤ ᠮᠤᠩᠭ᠋ᠤᠯᠴᠤᠳ ᠴᠤ ᠠᠷᠭ᠎ᠠ ᠦᠭᠡᠶ ᠵᠢᠪᠪᠣᠵᠠᠢ᠃ ᠠᠵᠤ ᠠᠬᠤᠢ ᠶᠢ ᠭᠦᠭ᠍ᠵᠢᠭᠦᠯᠭᠦ᠂ ᠠᠷᠠᠤᠨ ᠲᠦᠮᠡᠨ ᠳᠡᠭᠡᠨ ᠥᠢᠯᠡᠴᠢᠯᠡᠭᠦ ᠰᠠᠨᠠᠭ᠎ᠠ ᠲᠡᠶ ᠨᠢ ᠨᠠᠩ ᠴᠥᠭᠡᠨ ᠊᠊᠊᠊᠊᠊᠊᠊᠊᠊᠊᠊᠊᠊᠊ ᠡᠷᠭᠢᠮ︕ ᠬᠤᠪᠢ ᠶᠢᠨ ᠠᠰᠢᠭ ᠢ ᠭᠡᠳᠦᠷᠭᠡᠢ ᠭᠦᠭᠡᠭᠡᠴᠡᠯᠳᠦᠵᠤ ᠪᠠᠢ᠌ᠭ᠎ᠠ ᠨᠢ ᠣᠯᠠᠨ ᠊᠊᠊᠊᠊᠊᠊᠊᠊᠊᠊᠊᠊᠊᠊ ᠵᠢᠭ᠍ᠰᠢᠭᠦᠷᠢᠳᠡᠢ︕

ᠮᠤᠩᠭ᠋ᠤᠯᠴᠤᠳ ᠡᠷᠳᠡ ᠳᠡᠭᠡᠳᠤ ᠦᠶ᠎ᠡ ᠡᠴᠡ ᠪᠠᠨ ᠡᠷᠳᠡᠮᠳᠡᠨ ᠢ ᠭᠦᠡᠳᠦᠦᠡᠭᠡᠨ ᠭᠡᠷᠡᠭᠯᠡᠳᠡᠭ᠌ ᠶᠢᠡᠷ ᠶᠢᠡᠨ ᠳᠡᠯᠡᠭᠡᠢ ᠳᠤ ᠠᠯᠳᠠᠷᠰᠢᠭᠰᠠᠨ ᠪᠠᠢ᠌ᠳᠠᠭ ᠪᠦᠭᠡᠤᠨ ᠮᠡᠳᠡᠯᠭᠡ ᠴᠢᠳᠠᠪᠣᠷᠢᠳᠠᠢ ᠭᠦᠮᠦᠰ ᠢ ᠡᠷᠭᠢᠮᠯᠡᠳᠡᠭ᠌ ᠪᠠᠢ᠌ᠵᠠᠢ᠂ ᠵᠢᠱᠢᠶᠠᠯᠠᠪᠠᠯ ᠄ ᠶᠤᠸᠠᠨ ᠣᠯᠤᠰ ᠤᠨ ᠦᠶ᠎ᠡ ᠳᠤ ᠬᠤᠪᠢᠯᠠᠢ ᠰᠠᠴᠠᠨ ᠬᠠᠭᠠᠨ ᠢᠲ᠋ᠠᠯᠢ ᠶᠢᠨ ᠶᠡᠭᠡ ᠵᠢᠭᠤᠯᠴᠢᠨ ᠮᠡᠷᠭᠦ ᠪᠣᠯᠤ ᠶᠢ ᠠᠷᠪᠠᠨ ᠳᠤᠯᠤᠭᠠᠨ ᠵᠢᠯ ᠣᠯᠤᠰ ᠲᠦᠷᠦ ᠳᠤ ᠭᠡᠷᠡᠭᠯᠡᠭ᠍ᠰᠡᠨ ᠪᠠᠢ᠌ᠳᠠᠭ᠃ ᠣᠳᠤ ᠨᠡᠢ᠌ᠭᠡᠮ ᠭᠦᠭ᠍ᠵᠢᠯ᠎ᠡ ᠭᠡᠭᠦ ᠳᠤ᠂ ᠭᠦᠮᠦᠰ ᠤᠨ ᠮᠠᠭᠤ ᠦᠵᠡᠯ ᠣᠬᠠᠮᠰᠠᠷ ᠠᠶᠠᠠᠳᠠᠭᠠᠨ ᠭᠦᠭ᠍ᠵᠢᠵᠤ ᠪᠣᠢ ᠶᠢᠨ ᠨᠢᠭᠡᠨ ᠢᠯᠠᠷᠠᠯ ᠢ ᠵᠥᠪᠭᠡᠨ ᠥᠭᠡ ᠶᠠᠷᠢᠶᠠᠨ ᠡᠴᠡ ᠢᠯᠠ ᠣᠯᠵᠤ ᠦᠵᠡᠨ᠎ᠠ᠃ ᠳᠠᠷᠤᠢ ᠭᠦᠮᠦᠰ ᠤᠨ ᠣᠶᠤᠨ ᠤ ᠭᠦᠳᠡᠯᠮᠦᠷᠢ ᠳᠤ ᠥᠴᠦᠭᠡᠨ ᠵᠠᠰᠠᠯᠳᠠ ᠭᠢᠵᠤ ᠦᠪᠡᠷ ᠤᠨ ᠡᠳ᠋ ᠪᠠᠨ ᠪᠣᠯᠭᠠᠵᠤ ᠠᠪᠣᠭᠠᠤᠨ ᠳᠠᠰ ᠵᠡᠷᠭᠡ ᠳᠠᠪᠰᠢᠬᠤ᠂ ᠴᠠᠯᠢᠩ ᠮᠥᠩᠭᠦ ᠪᠠᠨ ᠥᠰᠭᠡᠭᠦ ᠭᠡᠰᠡᠨ ᠰᠠᠨᠠᠭ᠎ᠠ ᠶᠠᠭᠤ ᠶᠢ ᠥᠵᠡᠭᠦᠯᠦᠨ᠎ᠡ ᠪᠣᠢ ᠳ᠋ᠠ︖ ᠮᠤᠩᠭ᠋ᠤᠯᠴᠤᠳ ᠨᠢᠭᠡ ᠭᠡᠷ ᠪᠦᠯᠢ ᠲᠡᠶ ᠠᠳᠠᠯᠢ᠃ ᠪᠢᠳᠠ ᠭᠡᠦᠭᠡᠤᠨ ᠨᠢ ᠪᠣᠯᠵᠤ ᠥᠰᠦᠭᠡᠤᠨ ᠵᠠᠭᠤᠨ ᠳᠠᠰᠢ ᠵᠠᠳᠠᠷᠠᠭᠠᠤᠨ᠂ ᠵᠢᠷᠠᠨ ᠳᠠᠰᠢ ᠪᠣᠳᠠᠷᠠᠪᠠᠯ᠂ ᠠᠪᠣ ᠡᠵᠢ ᠨᠢ ᠭᠦᠭ᠍ᠰᠢᠷᠡᠨ ᠨᠠᠰᠤᠯᠠᠬᠤ ᠶᠢᠨ ᠴᠠᠭ ᠲᠤ ᠡᠨᠡ ᠭᠡᠷ ᠪᠦᠯᠢ ᠴᠤ ᠰᠥᠢᠷᠡᠭᠦ ᠶᠤᠮ᠃ ᠮᠤᠩᠭ᠋ᠤᠯᠴᠤᠳ ᠭᠦᠮᠤᠨ ᠪᠦᠷᠢ ᠦᠪᠡᠷ ᠤᠨ ᠰᠤᠶᠤᠯ ᠶᠢᠡᠨ ᠬᠠᠢ᠌ᠷᠠᠯᠠᠵᠤ᠂ ᠮᠤᠩᠭ᠋ᠤᠯᠴᠤᠳ ᠬᠤᠭᠤᠷᠤᠠᠳᠤ ᠪᠠᠨ ᠭᠦᠡᠳᠦᠦᠡᠭᠡᠨ ᠬᠠᠢ᠌ᠷᠠᠯᠠᠮᠠᠠᠵᠢᠨ᠂ ᠡᠨᠡ ᠭᠡᠷ ᠪᠦᠯᠢ ᠰᠠ‍‌ᠶᠢ ᠪᠦᠷᠢᠨ ᠪᠦᠳᠤᠨ᠂ ᠪᠦᠯᠢᠶᠡᠨ ᠳᠤᠯᠠᠭᠠᠨ ᠪᠠᠢ᠌ᠵᠤ ᠴᠢᠳᠠᠨ᠎ᠠ᠃

ᠰᠠᠶ‍ᠢ ᠶᠢᠨ ᠬᠠᠳᠤᠭᠳᠠᠢ ᠮᠤᠩᠭ᠋ᠤᠯ ᠰᠤᠨᠢᠨ ᠳᠠᠭᠠᠨ ᠬᠠᠢ᠌ᠷᠠᠳᠠᠢ ᠭᠡᠵᠤ ᠠᠭᠠᠰᠢᠯᠠᠭᠰᠠᠨ ᠨᠢ ᠱᠠᠯ ᠬᠤᠳᠠᠯ᠃ ᠮᠠᠨ ᠤ ᠨᠤᠳᠤᠭ ᠤᠨ ᠵᠠᠷᠢᠮ ᠮᠤᠩᠭ᠋ᠤᠯᠴᠤᠳ ᠡᠨᠡ ᠡᠮᠡᠭ᠍ᠳᠡᠢ ᠮᠠᠳᠤ ᠮᠤᠩᠭ᠋ᠤᠯ ᠰᠤᠶᠤᠯ ᠶᠢᠡᠨ ᠬᠠᠢ᠌ᠷᠠᠯᠠᠬᠤ ᠦᠭᠡᠶ ᠪᠣᠯᠤᠭᠰᠠᠨ ᠨᠢ ᠰᠠ‍‌ᠶᠢ ᠦᠨᠡᠨ︕ ᠣᠳᠤᠮ ᠤᠨ ᠡᠪᠠᠦᠡᠴᠢᠨ ᠊᠊᠊᠊᠊᠊᠊᠊᠊᠊᠊᠊᠊᠊᠊ 《ᠣᠢ᠌ᠷ᠎ᠠ ᠬᠠᠷᠠᠭ᠎ᠠ》 ᠳ᠋ᠤ ᠰᠤᠬᠤᠷᠠᠨ᠂ ᠦᠪᠡᠷ ᠤᠨ ᠪᠠᠶ᠎ᠠ ᠪᠠᠨ 《ᠭᠡᠭᠡᠵᠤ》 ᠣᠷᠭᠢᠭᠠᠤᠨ ᠥᠭᠡᠷ᠎ᠡ ᠪᠣᠰᠤᠳ ᠤᠨ ᠳᠤᠳᠤᠷ᠎ᠠ ᠣᠷᠤᠮ ᠦᠭᠡᠶ ᠪᠣᠯᠳᠠᠯ᠎ᠠ ᠰᠠᠷᠨᠢᠵᠤ᠂ ᠳᠤᠭᠤᠰᠤᠨ ᠳ᠋ᠤᠨᠢ ᠪᠣᠯᠠᠭᠳᠠᠵᠤ᠂ ᠦᠯᠮᠠᠢ ᠳ᠋ᠤᠨᠢ ᠭᠢᠰᠭᠢᠭ᠍ᠳᠡᠭᠦ ᠳᠤ ᠪᠠᠯᠡᠭᠡᠨ ᠪᠣᠢ᠃


ᠬᠤᠶᠠᠷ


ᠭᠦᠮᠤᠨ ᠪᠦᠷᠢ᠌᠌ ᠶᠢᠨ ᠰᠠᠤᠠᠭᠢᠯ ᠳᠤ ᠨᠢᠭᠡ ᠳᠡᠩᠴᠡᠭᠦᠷᠢ ᠶᠢᠨ ᠵᠢᠩ ᠪᠠᠢ᠌ᠳᠠᠭ᠃ ᠮᠤᠩᠭ᠋ᠤᠯ ᠦᠨᠳᠦᠰᠦᠳᠠᠨ ᠢ ᠭᠠᠮᠰᠢᠭ ᠤᠨ ᠳᠠᠯᠠᠢ ᠣᠷᠤᠭᠤ ᠲᠦᠯᠬᠢᠵᠤ ᠪᠠᠢ᠌ᠭᠰᠠᠨ ᠳᠡᠦᠭᠡ ᠪᠢᠳᠠᠨ ᠡᠴᠡ ᠬᠤᠯᠠᠳᠠᠭ᠎ᠠ ᠦᠭᠡᠶ᠂ ᠭᠤᠷᠪᠠᠨ ᠵᠠᠭᠤᠨ ᠵᠢᠯ ᠤᠨ ᠡᠮᠦᠨᠡᠭᠡᠨ︕ ᠮᠠᠷᠳᠠᠬᠤ ᠪᠣᠯᠤᠭ᠎ᠠ ᠦᠭᠡᠶ᠂ ᠮᠠᠷᠳᠠᠵᠤ ᠴᠤ ᠴᠢᠳᠠᠬᠤ ᠦᠭᠡᠶ᠃ ᠣᠳᠤ ᠬᠠᠷᠢᠨ ᠠᠭᠤᠴᠢᠯᠠᠯ ᠶᠢᠡᠷ ᠮᠠᠷᠳᠠᠬᠤᠢ᠌ ᠳᠦᠯᠦᠭᠡᠯᠡᠭᠦᠯᠭᠦ ᠡᠪᠠᠦᠡᠴᠢᠨ ᠭᠠᠵᠠᠷ ᠠᠪᠴᠤ ᠭᠦᠮᠦᠰ ᠵᠥᠪᠭᠡᠨ ᠣᠷᠤᠭᠰᠢᠯᠠᠬᠤ ᠶᠢ ᠵᠤᠷᠢᠭᠠᠤᠨ ᠪᠠᠢ᠌ᠬᠤᠯᠠᠷ᠂ ᠶᠠᠪᠣᠵᠤ ᠢᠷᠡᠭ᠍ᠰᠡᠨ ᠵᠠᠮ ᠮᠦᠷ ᠶᠢᠡᠨ ᠡᠷᠭᠢᠵᠤ ᠭᠢᠨᠠᠬᠤ ᠪᠠᠨ ᠠᠮᠠᠷᠬᠠᠨ ᠣᠮᠳᠤᠭᠠᠢ᠌ᠯᠠᠳᠠᠭ᠃ ᠰᠢᠷᠬ᠎ᠠ ᠨᠢ ᠡᠳᠡᠭᠡᠷᠡᠵᠤ᠂ ᠡᠪᠠᠦᠡᠭᠦ ᠪᠠᠨ ᠮᠠᠷᠳᠠᠭᠰᠠᠨ ᠦᠶ᠎ᠡ᠂ ᠴᠡᠭᠡᠵᠢᠯᠡᠭ᠍ᠳᠡᠭ᠍ᠰᠡᠨ ᠵᠣᠢ᠌ᠯ ᠡᠴᠡ ᠪᠠᠨ ᠳᠤᠭᠤᠷᠢᠵᠤ᠂ ᠳᠡᠭᠦᠨ ᠢ ᠪᠠᠨ ᠠᠷᠴᠢᠵᠤ᠂ 《ᠮᠠᠷᠳᠠᠬᠤ》 ᠶᠡᠭᠡ ᠳᠤᠷᠠᠳᠠᠢ ᠪᠠᠢ᠌ᠳᠠᠭ ᠪᠣᠯᠵᠠᠢ᠃ ᠭᠡᠪᠠᠴᠤ ᠶᠠᠷᠠ ᠭᠦᠷᠦᠭ᠍ᠰᠡᠨ ᠭᠦᠮᠤᠨ ᠤ ᠴᠡᠭᠡᠵᠢ ᠴᠤ ᠲᠤᠩ ᠰᠠᠢ᠌ᠨ ᠪᠠᠢ᠌ᠳᠠᠭ᠂ ᠡᠨᠡ ᠪᠣᠯ ᠲᠦᠷᠦᠯᠭᠢ ᠶᠢᠨ ᠴᠢᠳᠠᠪᠣᠷᠢ ᠮᠦᠨ᠃

ᠠᠷᠭᠠᠯᠠᠵᠤ ᠪᠠᠢ᠌ᠭᠠᠤᠨ ᠴᠡᠭᠡᠵᠢᠯᠡᠭᠦ ᠴᠢᠳᠠᠪᠣᠷᠢ ᠪᠠᠨ 《ᠠᠮᠵᠢᠯᠳᠠᠳᠠᠢ》 ᠪᠠᠷ ᠮᠠᠭᠤ ᠪᠣᠯᠭᠠᠭᠰᠠᠨ ᠭᠦᠮᠤᠨ ᠨᠢᠳᠤ ᠪᠠᠨ ᠠᠨᠢᠨ ᠶᠠᠭᠤ ᠴᠤ ᠣᠢ᠌ᠰᠢᠶᠠᠯ ᠦᠭᠡᠶ ᠥᠩᠭᠡᠷᠡᠭᠡᠵᠤ ᠵᠢᠷᠭᠠᠵᠤ ᠪᠠᠢ᠌ᠨ᠎ᠠ᠂ ᠣᠷᠳᠤ ᠨᠠᠰᠤᠯᠠᠵᠤ ᠪᠠᠢ᠌ᠨ᠎ᠠ ᠭᠡᠵᠤ ᠪᠣᠳᠤᠳᠠᠭ ᠪᠣᠯᠤᠯᠳᠠᠢ᠃ ᠳᠤᠯᠠᠭᠠᠨ ᠰᠠᠯᠭᠢ ᠬᠠᠴᠠᠷ ᠢ ᠨᠢ ᠭᠦᠩᠭᠡᠨ ᠢᠯᠪᠢᠪᠠᠯ ᠰᠤᠭᠳᠤᠭᠤᠷᠠᠵᠤ᠂ ᠣᠯᠠᠭᠠᠨ ᠨᠤᠭᠤᠭᠠᠨ ᠳ᠋ᠸᠩ ᠤᠨ ᠳᠤᠮᠳᠠ ᠪᠠᠶᠠᠰᠤᠨ ᠭᠦᠭᠡᠷᠦᠭᠡᠤᠨ ᠬᠠᠭᠤᠷᠮᠠᠭ ᠶᠢᠡᠷ ᠠᠮᠢᠳᠤᠷᠠᠭ᠎ᠠ ᠪᠠᠨ ᠦᠪᠡᠷ ᠶᠢᠡᠨ ᠮᠡᠳᠡᠳᠡᠭ᠌ ᠳᠤᠯᠠ ᠠᠮᠢᠰᠬᠤᠭᠠᠨ ᠳᠤᠭ᠎ᠠ ᠨᠢ ᠭᠡᠨ ᠡᠴᠡ ᠴᠤ ᠳᠦᠷᠭᠡᠨ ᠪᠠᠢ᠌ᠳᠠᠭ᠃ ᠳᠡᠦᠭᠡᠨ ᠡᠮᠦᠨ᠎ᠡ ᠪᠢᠳᠠ ᠮᠠᠷᠳᠠᠭᠰᠠᠨ ᠵᠣᠢ᠌ᠯ ᠶᠢᠡᠨ ᠰᠡᠷᠭᠦᠭᠡᠭᠦ ᠵᠣᠢ᠌ᠳᠠᠢ ᠮᠥᠷᠳᠡᠭᠡᠨ ᠲᠦᠪ ᠭᠤᠤᠯᠴᠢ ᠬᠠᠷᠢᠭᠤᠴᠠᠯᠭᠠᠳᠤ ᠣᠪᠣᠷ ᠨᠠᠩ ᠴᠢᠬᠤᠯᠠ᠂ ᠵᠥᠪᠭᠡᠨ ᠵᠤᠷᠢᠭᠳᠠᠢ ᠪᠠᠷ ᠬᠠᠷᠢᠭᠤᠴᠠᠪᠠᠯ ᠰᠠ‍‌ᠶᠢ ᠮᠠᠷᠳᠠᠭᠠᠤᠨ ᠳᠠᠰᠤᠴᠢᠬᠠᠭᠰᠠᠨ ᠵᠤᠷᠰᠢᠯ ᠶᠢᠡᠨ ᠡᠪᠳᠡᠵᠤ ᠴᠢᠳᠠᠨ᠎ᠠ᠃ ᠦᠪᠡᠷ ᠦᠪᠡᠷ ᠤᠨ ᠠᠷᠭ᠎ᠠ ᠪᠠᠷᠢᠯ ᠶᠢᠡᠷ ᠶᠢᠡᠨ ᠬᠠᠷᠢᠭᠤᠴᠠᠮᠠᠠᠵᠢᠨ ᠭᠦᠯ ᠠᠯᠳᠠᠭᠰᠠᠨ ᠭᠠᠵᠠᠷ ᠶᠢᠡᠨ ᠳᠠᠭᠢᠨ ᠣᠢ᠌ᠴᠢᠬᠤ ᠦᠭᠡᠶ᠂ ᠨᠢᠭᠡ ᠣᠢ᠌ᠴᠢᠭᠰᠠᠨ ᠭᠠᠵᠠᠷ ᠬᠤᠶᠠᠷ ᠪᠦᠳᠦᠷᠢᠭᠦ ᠦᠭᠡᠶ᠃ ᠳᠡᠦᠭᠡ ᠪᠠᠨ ᠮᠠᠷᠳᠠᠭᠰᠠᠨ ᠦᠨᠳᠦᠰᠦᠳᠠᠨ ᠢ ᠭᠦᠡᠳᠦᠦᠡᠭᠡᠭᠦ ᠭᠦᠮᠤᠨ ᠦᠭᠡᠶ᠂ ᠭᠦᠡᠳᠤ ᠪᠠᠨ ᠠᠯᠳᠠᠭᠰᠠᠨ ᠭᠦᠮᠤᠨ ᠨᠢ ᠭᠦᠮᠤᠨ ᠤ ᠨᠢᠳᠤᠨ ᠳᠤ ᠣᠷᠤᠬᠤ ᠦᠭᠡᠶ᠃

ᠮᠠᠯᠴᠢᠳ ᠦᠪᠡᠷ ᠤᠨ ᠶᠢᠡᠨ ᠭᠤᠤᠯ ᠣᠷᠤᠯᠭ᠎ᠠ ᠪᠣᠯᠤᠭᠰᠠᠨ ᠨᠤᠤᠰᠤ ᠨᠤᠤᠯᠤᠷ᠂ ᠮᠢᠬ᠎ᠠ᠂ ᠠᠷᠠᠰᠤ ᠬᠠᠩᠰᠢ ᠶᠢ ᠳᠤᠤᠷ ᠰᠦᠯᠵᠢᠶ᠎ᠠ ᠪᠣᠶᠤ ᠰᠤᠨᠢᠨ ᠰᠡᠳᠭᠦᠯ ᠡᠴᠡ ᠬᠠᠢ᠌ᠨ᠂ ᠳᠤᠰ ᠵᠢᠯ ᠤᠨ ᠪᠣᠷᠤᠯᠠᠭᠤᠯᠬᠤ ᠦᠨ᠎ᠡ ᠪᠣᠶᠤ ᠵᠠᠮ ᠶᠢᠡᠨ ᠦᠪᠡᠷ ᠶᠢᠡᠨ ᠣᠷᠢᠳᠠᠪᠠᠷ ᠪᠠᠷᠤᠭᠯᠠᠨ ᠳᠤᠭᠳᠠᠭᠠᠭᠠᠤᠨ᠂ ᠳᠠᠷᠠᠭ᠎ᠠ ᠳ᠋ᠤᠨᠢ ᠳᠦᠯᠦᠭᠡᠯᠡᠭ᠍ᠴᠢ ᠰᠤᠩᠭ᠋ᠤᠨ ᠣᠢ᠌ᠯᠠᠤᠠᠪᠣᠷᠢ ᠡᠷᠢᠭᠦ ᠪᠣᠶᠤ ᠵᠤᠬᠢᠶᠠᠨ ᠪᠠᠢ᠌ᠭᠤᠯᠤᠯᠳᠠ ᠳᠠᠭᠠᠨ ᠳᠠᠭᠠᠭᠠᠯᠭᠠᠨ ᠪᠣᠷᠤᠯᠠᠭᠤᠯᠬᠤ ᠣᠢ᠌ᠯᠠᠤᠠᠪᠣᠷᠢ ᠲᠡᠶ ᠬᠤᠯᠪᠣᠭ᠎ᠠ ᠪᠠᠢ᠌ᠭᠤᠯᠵᠤ ᠪᠣᠯᠤᠨ᠎ᠠ᠂ ᠬᠠᠷᠢᠨ ᠬᠤᠳᠠᠯᠳᠤᠨ ᠠᠪᠣᠭᠴᠢᠳ ᠤᠨ ᠭᠠᠷ ᠬᠠᠷᠠᠨ᠂ ᠬᠤᠪᠢ ᠬᠤᠪᠢᠨ ᠳᠡᠭᠡᠨ ᠭᠢᠮᠳᠠ ᠪᠠᠷ ᠥᠭ᠍ᠴᠢᠭᠡᠭᠡᠤᠨ ᠣᠷᠢᠳᠤ ᠵᠢᠯ ᠤᠨ ᠦᠷᠢ ᠰᠢᠷᠢ ᠪᠠᠨ ᠰᠤᠯᠢᠭᠠᠤᠨ ᠭᠠᠠᠵᠤᠭ᠎ᠠ ᠬᠤᠭᠤᠰᠤᠨ ᠪᠣᠴᠠᠳᠠᠭ ᠵᠠᠩᠰᠢᠯ ᠶᠢᠠᠨ ᠥᠭᠡᠷᠡᠴᠢᠯᠡᠵᠤ ᠪᠣᠯᠤᠨ᠎ᠠ᠃ ᠡᠨᠡ ᠨᠢ ᠮᠦᠨᠴᠤ ᠰᠤᠨᠢᠨ ᠰᠡᠳᠭᠦᠯ ᠴᠥᠭᠡᠨ ᠣᠩᠰᠢᠵᠤ᠂ ᠴᠠᠭ ᠨᠡᠢ᠌ᠭᠡᠮ ᠤᠨ ᠬᠤᠪᠢᠷᠠᠯᠳᠠ ᠶᠢ ᠳᠠᠮᠠᠢ ᠣᠢ᠌ᠯᠠᠭᠠᠬᠤ ᠦᠭᠡᠶ ᠪᠠᠢ᠌ᠬᠤ ᠶᠢᠨ ᠭᠡᠷᠡᠴᠢ ᠶᠤᠮ︕

ᠨᠤᠳᠤᠭ ᠤᠨ ᠮᠠᠯᠴᠢᠳ᠂ ᠬᠤᠪᠬᠠᠢ᠌ᠷᠠᠵᠤ ᠬᠠᠯᠴᠠᠭᠠᠢ᠌ᠷᠠᠭᠰᠠᠨ ᠡᠪᠠᠰᠤ ᠪᠠᠯᠴᠢᠭᠡᠷ ᠶᠢᠠᠨ ᠪᠣᠯᠢᠶᠠᠯᠴᠠᠨ᠂ ᠭᠡᠷᠡᠭᠦᠯ ᠵᠤᠳᠤᠭᠠᠨ ᠭᠢᠭᠦ ᠪᠣᠶᠤ ᠬᠤᠷᠤᠭᠤ ᠳᠠᠷᠤᠨ ᠮᠡᠳᠡᠴᠢᠭᠡᠮᠡᠷ ᠭᠡᠳᠦᠭᠡᠨ ᠥᠭᠡᠷ ᠠᠳᠤᠭᠤ ᠪᠠᠨ ᠬᠤᠯᠠᠭᠠᠢ ᠳᠡᠭᠡᠷᠡᠮ ᠳᠤ ᠠᠯᠳᠠᠴᠢᠬᠠᠭᠠᠤᠨ ᠬᠠᠤᠯᠢ ᠵᠠᠷᠭᠤ ᠳᠤ ᠭᠦᠶ‍ᠦᠭᠦ ᠨᠢ ᠠᠷᠪᠢᠤᠠᠴᠤ ᠪᠣᠢ᠃

ᠬᠠᠤᠯᠢ ᠪᠠᠷ ᠣᠯᠤᠰ ᠦᠨᠳᠦᠰᠦᠳᠠᠨ ᠶᠢᠡᠨ ᠵᠠᠰᠠᠬᠤ ᠡᠨᠡᠭᠦ ᠳᠤᠮᠤ ᠰᠢᠭᠦᠷ ᠤᠨ ᠳᠤᠤᠷ᠎ᠠ᠂ ᠮᠠᠯᠴᠢᠳ ᠲᠤ ᠮᠠᠨᠢ ᠬᠠᠤᠯᠢ ᠳᠦᠷᠢᠮ ᠤᠨ ᠮᠡᠳᠡᠯᠭᠡ ᠲᠤᠩ ᠭᠡᠷᠡᠭ᠍ᠳᠡᠢ ᠪᠣᠯᠵᠤ ᠪᠠᠢ᠌ᠪᠠᠴᠤ ᠮᠡᠨᠡᠢ᠌ᠭᠡᠨ ᠳᠤᠮᠤ ᠰᠢᠭᠦᠷ ᠲᠤ ᠣᠷᠤᠬᠤ ᠠᠷᠭ᠎ᠠ ᠵᠠᠮ ᠢ ᠬᠠᠷᠬᠠᠨ ᠣᠯᠤᠭᠠᠳᠤᠢ ᠯᠠ ᠪᠠᠢ᠌ᠭᠰᠠᠭᠠᠷ᠃ ᠮᠦᠨ ᠯᠠ ᠨᠤᠮ ᠰᠤᠳᠤᠷ᠂ ᠰᠤᠨᠢᠨ ᠰᠤᠨᠭᠦᠯ ᠭᠡᠮᠡᠭ᠍ᠴᠢ ᠶᠢ ᠦᠯᠦ ᠬᠠᠢ᠌ᠬᠤᠷᠠᠨ᠂ ᠰᠢᠡᠵᠢᠯᠡᠭᠦ ᠣᠬᠠᠭᠠᠠᠴᠢ ᠪᠠᠷ ᠮᠠᠯᠵᠢᠬᠤ ᠮᠡᠷᠭᠡᠵᠢᠯ ᠢ ᠰᠤᠷᠤᠯᠴᠠᠵᠤ ᠭᠡᠷᠡᠭᠯᠡᠭᠦ ᠦᠭᠡᠶ᠂ ᠰᠤᠬᠤᠷ ᠪᠠᠯᠠᠢ ᠪᠠᠷ ᠬᠠᠭᠤᠴᠢᠨ ᠮᠠᠯ ᠨᠡᠭᠦᠳᠡᠯ ᠳᠡᠭᠡᠨ ᠰᠠᠤᠠᠭᠢᠯ ᠬᠠᠨᠤᠵᠤ ᠶᠠᠪᠣᠭᠰᠠᠨ ᠤ ᠭᠠᠢ ᠭᠡᠯᠳᠡᠢ ᠳ᠋ᠠ︕ ᠭᠡᠯᠡᠪᠠᠯ ᠪᠠᠰᠠ ᠢᠴᠢᠮᠠᠷ᠂ ᠦᠨᠦ ᠨᠢᠭᠡ᠊ᠨᠳᠡ ᠬᠤᠷᠢᠨ ᠨᠢᠭᠡᠳᠦᠭᠡᠷ ᠵᠠᠭᠤᠨ ᠳᠤ ᠣᠷᠤᠭᠠᠤᠨ ᠪᠠᠢ᠌ᠨ᠎ᠠ ᠰᠢᠤ ᠪᠢᠳᠠ︕

ᠰᠦᠪᠧᠢ ᠳᠤ ᠮᠤᠩᠭ᠋ᠤᠯ ᠰᠤᠨᠢᠨ ᠪᠠᠢ᠌ᠭ᠎ᠠ ᠦᠭᠡᠶ ᠳᠡᠦᠭᠡ ᠶᠢ ᠭᠦᠡᠳᠡᠵᠤ ᠭᠦᠳᠡᠯᠭᠡᠭ᠍ᠰᠡᠨ ᠳᠤᠮᠤ ᠶᠠᠪᠣᠳᠠᠯ ᠪᠣᠯ ᠮᠤᠩᠭ᠋ᠤᠯ ᠰᠤᠷᠭᠠᠭᠤᠯᠢ ᠶᠢᠨ ᠣᠷᠠᠨ᠎ᠠ᠂ ᠰᠠᠴᠠᠨ ᠵᠡᠷᠭᠡ ᠪᠠᠭᠰᠢ ᠨᠡᠷ ᠤᠨ ᠵᠤᠷᠢᠭᠳᠠᠢ ᠪᠦᠭᠡᠤᠨ ᠳᠤᠤᠱᠳᠠᠢ ᠣᠷᠤᠯᠳᠤᠯᠭ᠎ᠠ ᠪᠠᠷ 2005 ᠣᠨ ᠳᠤ ᠮᠡᠡᠳᠦᠯᠡᠭ᠍ᠰᠡᠨ 《ᠴᠠᠰᠤᠳᠤ ᠬᠠᠢ᠌ᠷᠬᠠᠨ》 ᠭᠡᠭᠦ ᠳᠤᠰ ᠰᠤᠷᠭᠠᠭᠤᠯᠢ ᠶᠢᠨ ᠣᠯᠠᠷᠢᠯ ᠤᠨ ᠰᠤᠨᠢᠨ ᠪᠢᠯᠠ᠃ ᠡᠨᠡ ᠰᠤᠨᠢᠨ ᠬᠤᠭᠤᠴᠠᠭ᠎ᠠ ᠪᠦᠷᠢ ᠳᠡᠭᠡᠨ 50 ᠊᠊᠊᠊᠊᠊᠊᠊᠊᠊᠊᠊᠊᠊᠊ 60 ᠬᠤᠪᠢ ᠭᠡᠪᠯᠡᠭ᠍ᠳᠡᠵᠤ ᠄ 《ᠰᠤᠷᠤᠭᠴᠢᠳ ᠤᠨ ᠶᠢᠡᠨ ᠵᠤᠬᠢᠶᠠᠨ ᠪᠢᠴᠢᠭᠦ ᠴᠢᠳᠠᠪᠣᠷᠢ ᠶᠢ ᠳᠡᠭᠡᠭ᠍ᠰᠢᠯᠡᠭᠦᠯᠭᠦ ᠶᠢᠨ ᠳᠦᠯᠦᠭᠡ》 ᠭᠡᠭᠦ ᠪᠠᠭᠰᠢ ᠨᠡᠷ ᠤᠨ ᠭᠢᠨᠢ ᠪᠠᠯᠭᠡᠳᠤ ᠰᠠᠢ᠌ᠬᠠᠨ ᠰᠠᠨᠠᠭ᠎ᠠ ᠪᠦᠷᠢᠨ ᠳᠤᠰᠬᠠᠭᠳᠠᠵᠤ ᠪᠣᠢ᠃ ᠭᠡᠳᠡᠯ᠎ᠡ 1989 ᠣᠨ ᠡᠴᠡ 2004 ᠣᠨ ᠤ ᠬᠤᠭᠤᠷᠤᠠᠳᠤ 10 ᠬᠤᠭᠤᠴᠠᠭ᠎ᠠ ᠭᠡᠪᠯᠡᠭ᠍ᠳᠡᠭ᠍ᠰᠡᠨ 《ᠳ᠋ᠠᠩ ᠤᠨ ᠭᠤᠤᠯ》 ᠰᠡᠳᠭᠦᠯ ᠵᠠᠷᠤᠳᠠᠯ ᠮᠥᠩᠭᠦᠨ ᠤ ᠭᠠᠴᠢᠭᠳᠠᠯ ᠡᠴᠡ ᠪᠣᠯᠵᠤ 《ᠣᠷᠤᠰᠬᠠᠯ》 ᠨᠢ ᠳᠠᠰᠤᠷᠠᠭᠠᠤᠨ ᠮᠦᠨ ᠣᠳᠠᠯ᠎ᠠ᠃

ᠭᠦᠷᠰᠢ ᠵᠡᠷᠭᠡᠯᠳᠡᠭᠡ ᠭᠦᠭᠡᠨᠡᠭᠤᠷ ᠮᠤᠩᠭ᠋ᠤᠯᠴᠤᠳ ᠤᠨ 《ᠴᠠᠢ᠌ᠳᠠᠮ ᠤᠨ ᠰᠤᠨᠢᠨ》 ᠪᠣᠯ ᠶᠠᠭ ᠯᠠ ᠮᠠᠯᠴᠢᠳ ᠤᠨ ᠳᠤᠳᠠᠭᠳᠠᠵᠤ ᠪᠣᠯᠤᠰᠢ ᠦᠭᠡᠶ ᠠᠮᠢᠳᠤᠷᠠᠯ ᠤᠨ ᠬᠠᠨᠢ᠂ ᠳᠤᠠᠳᠠᠷᠠᠵᠤ ᠪᠣᠯᠤᠰᠢ ᠦᠭᠡᠶ ᠣᠶᠤᠨ ᠤ ᠭᠦᠨᠡᠰᠤ ᠨᠢ ᠪᠠᠢ᠌ᠵᠠᠢ᠃ ᠳᠤᠰ ᠰᠤᠨᠢᠨ ᠮᠠᠯᠴᠢᠳ ᠤᠨ ᠬᠠᠨᠢ᠂ ᠬᠠᠮ ᠰᠤᠨᠢᠨ ᠮᠡᠳᠡᠭᠡ᠂ ᠣᠨᠤᠯ ᠰᠤᠷᠤᠯᠴᠠᠯᠭ᠎ᠠ ᠮᠠᠳᠤ ᠪᠠᠶᠠᠯᠢᠭ ᠠᠭᠤᠯᠭ᠎ᠠ ᠪᠠᠷ ᠶᠢᠡᠨ ᠮᠠᠯᠴᠢᠳ ᠤᠨ ᠪᠣᠳᠠᠳᠤ ᠭᠡᠷᠡᠭ᠍ᠴᠡᠭᠡ ᠳ᠋ᠤᠨᠢ ᠳᠤᠭᠢᠷᠠᠭᠰᠠᠨ ᠬᠠᠤᠯᠢ ᠪᠠᠷ ᠦᠪᠡᠷ ᠤᠨ ᠡᠷᠭᠡ ᠮᠠᠳᠠᠯ ᠶᠢᠡᠨ ᠬᠠᠮᠠᠭᠠᠯᠠᠬᠤ ᠪᠣᠶᠤ ᠶᠠᠳᠠᠭᠤᠷᠠᠯ ᠡᠴᠡ ᠰᠠᠯᠵᠤ ᠴᠢᠨᠡᠭᠡᠯᠢᠭ᠌ ᠵᠥᠭ᠌ ᠳᠡᠮᠡᠤᠯᠡᠭᠦ ᠰᠠᠢ᠌ᠨ ᠰᠠᠢ᠌ᠬᠠᠨ ᠠᠷᠭ᠎ᠠ ᠵᠠᠮ ᠢ ᠵᠢᠭᠠᠵᠤ ᠥᠭ᠍ᠴᠤ ᠪᠠᠢ᠌ᠳᠠᠭ᠃ ᠨᠢᠭᠡᠨ ᠡᠳᠦᠷ ᠪᠢ ᠨᠤᠳᠤᠭ ᠤᠨ ᠭᠡᠳᠤᠨ ᠮᠠᠯᠴᠢᠨ ᠠᠢ᠌ᠯ ᠶᠢᠡᠷ ᠶᠠᠪᠣᠵᠤ᠄

᠊᠊᠊᠊᠊᠊᠊᠊᠊᠊᠊᠊᠊᠊᠊ ᠮᠤᠩᠭ᠋ᠤᠯ ᠰᠤᠨᠢᠨ ᠶᠢᠡᠨ ᠵᠠᠭᠢᠶᠠᠯᠠᠵᠤ ᠥᠵᠡᠭᠦ ᠦᠦ︖ ᠭᠡᠰᠡᠨ ᠳᠤ

᠊᠊᠊᠊᠊᠊᠊᠊᠊᠊᠊᠊᠊᠊᠊ ᠮᠠᠨ ᠤ ᠳᠤ ᠮᠤᠩᠭ᠋ᠤᠯ ᠰᠤᠨᠢᠨ ᠥᠵᠡᠳᠡᠭ᠌ ᠭᠦᠮᠤᠨ ᠦᠭᠡᠶ᠂ ᠭᠡᠦᠭᠡᠤᠨ ᠭᠢᠳᠠᠤᠨ ᠶᠢᠡᠷ ᠰᠤᠷᠤᠯᠴᠠᠵᠤ ᠪᠠᠢ᠌ᠨ᠎ᠠ᠃ ᠮᠤᠩᠭ᠋ᠤᠯ ᠥᠰᠦᠭ᠌ ᠶᠢᠡᠨ ᠨᠢᠭᠡ᠊ᠨᠳᠡ ᠮᠠᠷᠳᠠᠵᠤ᠂ ᠳᠠᠨᠢᠬᠤ ᠦᠭᠡᠶ ᠪᠣᠯᠵᠠᠢ᠃ ᠭᠢᠳᠠᠤᠨ ᠰᠤᠨᠢᠨ ᠶᠠᠭᠠᠭᠢᠵᠤ ᠵᠠᠭᠢᠶᠠᠯᠠᠳᠠᠭ ᠪᠣᠢ︖ ᠵᠤᠭᠤᠰ ᠢ ᠨᠢ ᠪᠠᠯᠠᠨ ᠦᠭ‍ᠭᠦᠶ᠎ᠡ ᠭᠡᠨ᠎ᠡ᠃

ᠠᠢ ᠳ᠋ᠠ︕ ᠰᠥ᠋ᠨ ᠰᠠᠤᠠᠭᠢᠯ ᠤᠨ ᠬᠠᠷᠢᠭᠤ ᠳᠤ ᠭᠦ᠋ ᠭᠡᠭ᠍ᠴᠢ᠂ ᠨᠢᠭᠤᠷ ᠥᠭᠡᠳᠡ ᠮᠢᠨᠢ ᠭᠦᠢᠳᠡᠨ ᠣᠰᠤ ᠰᠠᠴᠤᠭᠰᠠᠨ ᠮᠠᠳᠤ ᠡᠪ ᠦᠭᠡᠶ ᠰᠠᠨᠠᠭᠳᠠᠭᠰᠠᠨ᠂ ᠮᠦᠨᠴᠤ ᠮᠠᠯᠴᠢᠳ ᠮᠢᠨᠢ ᠶᠠᠭ ᠯᠠ ᠨᠢᠮᠭᠡᠨ ᠮᠦᠰᠤᠨ ᠳᠡᠭᠡᠷ᠎ᠡ ᠠᠯᠬᠤᠵᠤ ᠠᠮᠢᠳᠤᠷᠠᠭ᠎ᠠ ᠰᠢᠭ ᠰᠠᠨᠠᠭᠳᠠᠨ ᠰᠠᠤᠠᠭᠢᠯ ᠮᠢᠨᠢ ᠦᠪᠡᠷ ᠤᠨ ᠡᠷᠭᠡ ᠦᠭᠡᠶ ᠵᠤᠪᠠᠨᠢᠵᠤ ᠪᠢᠳᠡᠭᠦᠤ ᠰᠡᠭᠦᠷᠡᠰᠤ ᠵᠢᠷᠦᠭᠡᠨ ᠳᠤ ᠰᠢᠩᠭᠡᠭ᠍ᠰᠡᠨ᠃


ᠭᠤᠷᠪᠠ


ᠦᠪᠡᠷ ᠤᠨ ᠮᠤᠩᠭ᠋ᠤᠯ ᠦᠨᠳᠦᠰᠦᠳᠠᠨ ᠤ ᠳᠡᠦᠭᠡ ᠶᠢ ᠬᠠᠭᠠᠰ ᠳᠤᠳᠠᠭᠤ ᠮᠡᠳᠡᠭᠦ ᠪᠣᠶᠤ ᠳᠠᠭ ᠮᠡᠳᠡᠭᠦ ᠦᠭᠡᠶ ᠮᠤᠩᠭ᠋ᠠᠨᠢᠵᠤ ᠶᠠᠪᠣᠭ᠎ᠠ ᠮᠠᠯᠴᠢᠳ ᠮᠢᠨᠢ᠂ ᠲᠦᠮᠡ ᠵᠢᠷᠭᠤᠭᠠᠨ ᠮᠢᠩᠭ᠋᠎ᠠ ᠭᠠᠷᠤᠢ ᠥᠰᠦᠭ᠌ ᠲᠡᠶ᠂ ᠳᠠᠪᠤᠨ ᠮᠢᠩᠭ᠋ᠠᠨ ᠵᠢᠯ ᠤᠨ ᠰᠤᠶᠤᠯ ᠲᠡᠶ ᠭᠢᠳᠠᠤᠨ ᠦᠨᠳᠦᠰᠦᠳᠠᠨ ᠢ ᠭᠡᠳᠦᠢ ᠯᠠ ᠣᠢ᠌ᠯᠠᠭᠠᠵᠤ ᠮᠠᠳᠠᠪᠠ︖ ᠭᠡᠳᠤᠨ ᠠᠷᠪᠠᠨ ᠭᠢᠳᠠᠤᠨ ᠥᠰᠦᠭ᠌ ᠳᠠᠨᠢᠳᠠᠭ ᠮᠠᠯᠴᠢᠳ ᠣᠯᠠᠨ ᠪᠠᠢ᠌ᠪᠠᠴᠤ᠂ ᠭᠡᠳᠤᠨ ᠵᠠᠭᠤ ᠶᠢ ᠳᠠᠨᠢᠳᠠᠭ ᠮᠠᠯᠴᠢᠳ ᠮᠦᠨ ᠴᠥᠭᠡᠨ ᠶᠤᠮ᠃ ᠠᠮᠢᠳᠤᠷᠠᠯ ᠰᠠᠢ᠌ᠵᠢᠷᠠᠬᠤ ᠶᠢ ᠳᠠᠭᠠᠯᠳᠤᠨ ᠭᠦᠮᠦᠰ ᠵᠠᠯᠬᠠᠭᠤᠷᠠᠵᠤ ᠪᠠᠢ᠌ᠭ᠎ᠠ ᠨᠠᠵᠠᠭᠠᠢ ᠰᠤᠷᠳᠠᠯ ᠤᠨ ᠨᠥᠯᠦᠭᠡ ᠳᠤᠤᠷ᠎ᠠ᠂ ᠮᠠᠯᠴᠢᠳ ᠭᠢᠳᠠᠤᠨ ᠰᠤᠶᠤᠯ ᠰᠤᠷᠬᠤ ᠭᠡᠷᠡᠭ᠍ᠴᠡᠭᠡ ᠲ᠋ᠡᠢ ᠪᠣᠯᠤᠭᠠᠤᠨ ᠰᠤᠷᠤᠯᠴᠠᠬᠤ ᠰᠠᠨᠠᠭ᠎ᠠ ᠪᠠᠢ᠌ᠬᠤ ᠪᠠᠷ ᠪᠣᠳᠤᠪᠠᠴᠤ᠂ ᠣᠨᠤᠭ᠎ᠠ ᠨᠢ ᠭᠦᠷᠦᠯᠴᠡᠭᠦ ᠦᠭᠡᠶ ᠭᠡᠳᠡᠭ᠌ ᠨᠢ ᠮᠡᠳᠡᠭᠡᠵᠢ᠃ ᠭᠢᠳᠠᠤᠨ ᠰᠤᠷᠭᠠᠭᠤᠯᠢ ᠳᠤ ᠰᠤᠷᠤᠯᠴᠠᠵᠤ ᠪᠠᠢ᠌ᠭ᠎ᠠ ᠭᠡᠦᠭᠡᠤᠨ ᠲᠡᠭᠡᠨ ᠳᠠᠰᠬᠠᠯ ᠳᠠᠭᠠᠯᠭᠠᠪᠣᠷᠢ ᠶᠢ ᠨᠢ ᠵᠢᠭᠠᠵᠤ ᠬᠠᠪᠰᠤᠷᠴᠤ ᠴᠢᠳᠠᠬᠤ ᠦᠭᠡᠶ ᠭᠡᠵᠤ ᠠᠪᠣ ᠡᠵᠢ ᠨᠢ ᠭᠡᠦᠭᠡᠤᠨ ᠤᠨ ᠶᠢᠠᠨ ᠡᠮᠦᠨ᠎ᠡ ᠠᠯᠳᠠᠭ᠎ᠠ ᠭᠠᠷᠭᠠᠭᠰᠠᠨ ᠶᠤᠮ ᠰᠢᠭ ᠠᠷᠭ᠎ᠠ ᠪᠠᠷᠠᠨ ᠵᠤᠭᠰᠤᠳᠠᠭ ᠪᠠᠢ᠌ᠯᠭᠦᠢ᠂ ᠭᠦᠭᠡᠷᠦᠭᠦᠢ︕

ᠠᠢ᠌ᠯ ᠭᠡᠷ᠂ ᠠᠪᠣ ᠡᠵᠢ ᠪᠣᠯ ᠭᠡᠦᠭᠡᠤᠨ ᠤᠨ ᠠᠩᠬᠠᠨ ᠤ ᠰᠤᠷᠭᠠᠭᠤᠯᠢ ᠮᠦᠨ᠃ ᠰᠤᠶᠤᠯ ᠮᠡᠳᠡᠯᠭᠡ ᠲᠡᠶ ᠠᠢ᠌ᠯ ᠳᠤ ᠡᠷᠳᠡᠮᠳᠡᠨ ᠭᠦᠮᠦᠵᠢᠭ᠍ᠳᠡᠵᠤ᠂ ᠰᠤᠬᠤᠷ ᠪᠠᠯᠠᠢ ᠶᠢᠨ ᠳᠤᠮᠳᠠ ᠳᠡᠨᠡᠭ᠌ ᠭᠡᠦᠭᠡᠤᠨ ᠥᠰᠳᠡᠭ᠌ ᠭᠡᠰᠡᠨ ᠢ ᠭᠡᠨ ᠪᠦᠭᠦᠨ ᠮᠠᠳᠠᠨ᠎ᠠ᠃ ᠮᠠᠰᠢᠠᠴᠢᠯᠠᠭᠰᠠᠨ ᠮᠠᠯᠴᠢᠨ ᠠᠢ᠌ᠯ ᠳᠤ ᠴᠤ ᠭᠡᠰᠡᠨ ᠭᠢᠳᠠᠤᠨ ᠰᠤᠶᠤᠯ ᠤᠨ ᠠᠭᠤᠷ ᠠᠮᠢᠰᠬᠤᠯ ᠳᠤᠳᠠᠭᠤ ᠶᠤᠮ ᠴᠢᠨᠢ᠂ ᠭᠡᠦᠭᠡᠤᠨ ᠶᠢᠡᠨ ᠭᠢᠳᠠᠤᠨ ᠰᠤᠶᠤᠯ ᠳᠤ ᠨᠡᠪᠳᠡᠷᠡᠭᠦᠯᠦᠶ᠎ᠡ ᠭᠡᠪᠠᠯ᠂ ᠡᠵᠢ ᠠᠪᠣ ᠨᠢ ᠭᠡᠦᠭᠡᠤᠨ ᠡᠴᠡ ᠪᠠᠨ ᠢᠯᠡᠭᠦᠤ ᠴᠢᠷᠮᠠᠢ᠌ᠨ ᠭᠢᠳᠠᠤᠨ ᠰᠤᠶᠤᠯ ᠰᠤᠷᠤᠯᠴᠠᠬᠤ ᠵᠤᠷᠢᠭ ᠰᠦᠰᠦ ᠲᠡᠶ ᠪᠠᠢ᠌ᠮᠠᠠᠵᠢᠨ ᠨᠢᠭᠡ ᠣᠴᠢᠷ ᠨᠢ ᠣᠯᠳᠠᠨ᠎ᠠ᠃ ᠦᠭᠡᠶ ᠪᠣᠯ ᠭᠡᠦᠭᠡᠤᠨ ᠲᠡᠭᠡᠨ ᠡᠰᠢ ᠦᠭᠡᠶ ᠰᠥᠭᠡ ᠪᠠᠷᠢᠭᠤᠯᠤᠭᠰᠠᠨ ᠶᠠᠪᠣᠳᠠᠯ ᠳᠠᠷᠠ᠃ ᠭᠢᠳᠠᠤᠨ ᠶᠢᠡᠷ ᠰᠤᠷᠤᠯᠴᠠᠪᠠᠯ ᠠᠵᠢᠯ ᠣᠯᠬᠤ ᠳᠤ ᠪᠠᠳᠤᠳᠠᠢ᠂ ᠮᠤᠩᠭ᠋ᠤᠯ ᠶᠢᠡᠷ ᠰᠤᠷᠤᠯᠴᠠᠪᠠᠯ ᠠᠵᠢᠯ ᠣᠯᠬᠤ ᠳᠤ ᠭᠦᠴᠢᠷᠳᠡᠢ ᠭᠡᠰᠡᠨ ᠪᠠᠳᠤᠯᠠᠭᠳᠠᠭ᠎ᠠ ᠦᠭᠡᠶ ᠪᠠᠳᠤᠶᠤᠰᠤ ᠳᠤᠭᠳᠠᠠᠰᠠᠨ ᠡᠨᠡ ᠬᠤᠪᠢᠰᠤᠯᠳᠠ ᠳᠠᠢ ᠨᠡᠢ᠌ᠭᠡᠮ ᠳᠤ ᠮᠠᠯᠴᠢᠳ ᠭᠢᠳᠠᠤᠨ ᠶᠢᠡᠷ ᠭᠡᠦᠭᠡᠤᠨ ᠥᠰᠭᠡᠭᠦ ᠶᠢᠨ ᠳᠦᠯᠦᠭᠡ ᠠᠯᠢᠪᠠ ᠪᠠᠨ ᠦᠷᠠᠵᠤ ᠪᠠᠷᠠᠵᠤ ᠶᠠᠪᠣᠨ᠎ᠠ᠁

ᠮᠠᠨ ᠤ ᠨᠤᠳᠤᠭ ᠪᠣᠯ ᠮᠤᠩᠭ᠋ᠤᠯ ᠦᠨᠳᠦᠰᠦᠳᠠᠨ ᠤ ᠥᠪᠠᠷᠳᠡᠭᠡᠨ ᠵᠠᠰᠠᠬᠤ ᠰᠢᠶᠠᠨ ᠪᠣᠯᠪᠠᠴᠤ᠂ ᠮᠤᠩᠭ᠋ᠤᠯ ᠥᠰᠦᠭ᠌ ᠪᠢᠴᠢᠭ᠌ ᠭᠡᠷᠡᠭᠯᠡᠳᠡᠭ᠌ ᠪᠠᠢ᠌ᠭᠤᠯᠭ᠎ᠠ ᠨᠢᠭᠡᠴᠡ ᠡᠳᠦᠷ ᠤᠨ ᠣᠳᠤ ᠮᠠᠳᠤ ᠴᠥᠭᠡᠨ ᠪᠠᠢ᠌ᠳᠠᠭ᠃ ᠮᠢᠨᠤ ᠠᠵᠢᠯ ᠤᠨ ᠳᠤᠮᠳᠠ ᠴᠤ ᠭᠡᠰᠡᠨ ᠮᠤᠩᠭ᠋ᠤᠯ ᠮᠠᠲ᠋ᠸᠷᠢᠶᠠᠯ ᠥᠵᠡᠭ᠍ᠳᠡᠳᠡᠭ᠌ ᠦᠭᠡᠶ᠂ ᠦᠪᠣᠷ ᠮᠤᠩᠭ᠋ᠤᠯ ᠤᠨ ᠰᠢᠯᠢ ᠶᠢᠨ ᠭᠤᠤᠯ ᠮᠠᠳᠤ ᠭᠠᠵᠠᠷ ᠣᠷᠤᠨ ᠳᠤ ᠠᠯᠪᠠᠨ ᠪᠢᠴᠢᠭ᠌᠂ ᠮᠠᠲ᠋ᠸᠷᠢᠶᠠᠯ᠂ ᠳᠠᠩᠰᠠ ᠡᠪᠭᠡᠮᠡᠯ ᠢ ᠪᠦᠷ ᠮᠤᠩᠭ᠋ᠤᠯ ᠶᠢᠡᠷ ᠪᠢᠴᠢᠵᠤ ᠳᠠᠷᠬᠠᠭᠠᠳᠠᠭ ᠨᠢ ᠶᠠᠷᠤ ᠶᠢᠨ ᠶᠠᠪᠣᠳᠠᠯ ᠪᠣᠯᠵᠤ ᠪᠣᠢ᠃ ᠮᠠᠨ ᠤ ᠨᠤᠳᠤᠭ ᠲᠤ ᠵᠥᠪᠭᠡᠨ ᠵᠠᠰᠠᠭ ᠤᠨ ᠣᠷᠳᠤᠨ᠂ ᠨᠠᠮ ᠤᠨ ᠬᠤᠷᠢᠶ᠎ᠠ ᠪᠣᠶᠤ ᠪᠣᠰᠤᠳ ᠳᠤᠮᠤ ᠪᠠᠢ᠌ᠭᠤᠯᠭ᠎ᠠ ᠨᠢᠭᠡᠴᠡ ᠤᠳ ᠮᠠᠲ᠋ᠸᠷᠢᠶᠠᠯ ᠤᠨ ᠶᠢᠡᠨ ᠳᠦᠷᠦᠭᠦᠤ ᠶᠢ ᠯᠠ ᠮᠤᠩᠭ᠋ᠤᠯ ᠭᠢᠳᠠᠤᠨ ᠶᠢᠡᠷ ᠵᠡᠷᠭᠡᠴᠡᠭᠦᠯᠤᠨ ᠳᠠᠷᠤᠮᠯᠠᠳᠠᠭ ᠶᠤᠮ ᠪᠠᠢ᠌ᠨ᠎ᠠ᠃ ᠡᠭᠦᠨ ᠢ ᠭᠢᠳᠠᠤᠨ ᠤᠨ ᠭᠡᠪ ᠪᠠᠷ ᠤᠨ ᠠᠷᠠᠯᠵᠢᠶᠠᠴᠢᠨ ᠮᠠᠨ ᠤ ᠮᠤᠩᠭ᠋ᠤᠯ ᠣᠶᠤᠳᠠᠨ ᠳᠤ ᠳᠠᠪᠣ᠂ ᠠᠷᠪᠠᠨ ᠳᠦᠭᠦᠷᠢᠭ᠌ ᠥᠭ᠍ᠴᠤ ᠪᠠᠢ᠌ᠭᠠᠤᠨ ᠮᠠᠰᠢᠠᠳᠠᠭᠠᠤᠨ ᠠᠪᠴᠤ ᠣᠢ᠌ᠯᠠᠤᠠᠪᠣᠷᠢ ᠳᠡᠭᠡᠨ ᠭᠦᠷᠭᠡᠵᠤ ᠳᠠᠷᠤᠮᠯᠠᠭᠠᠤᠨ ᠮᠠᠰᠢ ᠳᠤᠮᠤ ᠵᠤᠭᠤᠰ ᠬᠤᠠᠵᠢᠵᠤ ᠪᠠᠢ᠌ᠭ᠎ᠠ ᠨᠢ ᠭᠢᠳᠠᠤᠨ ᠨᠢ ᠪᠢᠳᠠᠨ ᠡᠴᠡ ᠢᠯᠡᠭᠦᠤ ᠮᠤᠩᠭ᠋ᠤᠯ ᠰᠤᠶᠤᠯ ᠤᠨ ᠦᠨ᠎ᠡ ᠥᠷᠳᠡᠭ᠌ ᠢ ᠪᠣᠳᠤᠵᠤ ᠣᠯᠤᠭᠰᠠᠨ ᠪᠠᠢ᠌ᠨ᠎ᠠ ᠰᠢᠤ ᠳ᠋ᠠ᠃

ᠪᠢ ᠦᠰᠦᠨ ᠪᠢᠷ ᠶᠢᠡᠷ ᠳ᠋·ᠨᠠᠴᠤᠭᠳᠤᠷᠵᠢ ᠶᠢᠨ ᠰᠢᠯᠦᠭ᠌ ᠢ ᠰᠡᠢ᠌ᠷᠡᠭᠦᠯᠤᠨ ᠪᠢᠴᠢᠵᠤ ᠰᠠᠭᠤᠳᠠᠯ᠎ᠠ᠂ ᠨᠢᠭᠡᠨ ᠭᠢᠳᠠᠤᠨ ᠵᠠᠯᠠᠭᠤ ᠰᠤᠨᠢᠭᠤᠴᠢᠯᠠᠨ᠄

᠊᠊᠊᠊᠊᠊᠊᠊᠊᠊᠊᠊᠊᠊᠊ ᠳᠠᠨ ᠤ ᠮᠤᠩᠭ᠋ᠤᠯ ᠥᠰᠦᠭ᠌ ᠣᠯᠠᠨ ᠦᠨᠳᠦᠰᠦᠳᠠᠨ ᠤ ᠭᠡᠯᠡ ᠶᠢ ᠪᠦᠷ ᠰᠢᠭᠤᠳ ᠵᠦᠪ ᠠᠪᠢᠶᠠᠯᠠᠵᠤ ᠴᠢᠳᠠᠳᠠᠭ ᠭᠡᠨ᠎ᠡ ᠪᠢᠯᠠ ᠦᠦ︖ ᠭᠡᠭᠦ ᠳ᠋ᠤᠨᠢ ᠪᠢ᠄

᠊᠊᠊᠊᠊᠊᠊᠊᠊᠊᠊᠊᠊᠊᠊ ᠳᠠᠢ᠌ᠮᠤ ᠡ᠂ ᠵᠥᠪᠭᠡᠨ ᠡᠯ᠎ᠡ ᠣᠯᠤᠰ ᠤᠨ ᠨᠠᠷ᠎ᠠ ᠶᠢ ᠣᠷᠴᠢᠭᠤᠯᠬᠤ ᠪᠠᠷ ᠵᠢᠱᠢᠶᠠᠯᠠᠪᠠᠯ ᠄ ᠶᠠᠫᠣᠨ᠂ ᠣᠷᠤᠰ᠂ ᠠᠮᠸᠷᠢᠺᠠ᠂ ᠡᠡᠩᠭᠯᠢ ᠵᠡᠷᠭᠡ ᠨᠠᠷ᠎ᠠ ᠶᠢ ᠭᠢᠳᠠᠤᠨ ᠶᠢᠡᠷ ᠴᠠᠪᠠᠷ ᠠᠪᠢᠶᠠᠯᠠᠵᠤ ᠴᠢᠳᠠᠬᠤ ᠦᠭᠡᠶ᠂ ᠮᠤᠩᠭ᠋ᠤᠯ ᠭᠡᠯᠡ ᠪᠠᠷ ᠪᠣᠯ ᠡᠳᠡᠭᠡᠷ ᠬᠠᠷᠢ ᠨᠠᠷ᠎ᠠ ᠶᠢ ᠣᠭ ᠳᠠᠭᠤᠳᠠᠯᠭ᠎ᠠ ᠪᠠᠷ ᠨᠢ ᠠᠪᠢᠶᠠᠯᠠᠵᠤ ᠴᠢᠳᠠᠨ᠎ᠠ ᠭᠡᠵᠤ ᠪᠠᠶᠠᠰᠤᠨ ᠭᠡᠯᠡᠳᠡᠯ᠎ᠡ ᠨᠢᠭᠡ ᠮᠤᠩᠭ᠋ᠤᠯ ᠵᠠᠯᠠᠭᠤ ᠣᠷᠤᠵᠤ ᠢᠷᠡᠭᠡᠤᠨ᠄

᠊᠊᠊᠊᠊᠊᠊᠊᠊᠊᠊᠊᠊᠊᠊ ᠴᠢ ᠮᠤᠩᠭ᠋ᠤᠯ ᠥᠰᠦᠭ᠌ ᠪᠢᠴᠢᠭᠡᠤᠨ ᠶᠠᠭᠠᠭᠢᠬᠤ ᠭᠡᠰᠡᠨ ᠶᠤᠮ ᠪᠣᠢ︖ ᠭᠡᠵᠤ ᠵᠢᠭ᠍ᠳᠡᠢ ᠨᠢᠳᠤ ᠪᠠᠷ ᠭᠠᠢ᠌ᠬᠠᠵᠤ᠂ ᠵᠢᠭᠡᠭᠦᠨ ᠶᠢᠡᠷ ᠢᠨᠢᠶᠠᠨ ᠠᠰᠠᠭᠤᠬᠤ ᠳᠤ᠂ ᠮᠢᠨᠤ ᠳᠤᠳᠤᠷ᠎ᠠ ᠮᠦᠰᠤ ᠵᠠᠯᠭᠢᠭᠰᠠᠨ ᠰᠢᠭ᠌ ᠮᠦᠯᠣᠢ᠌ᠵᠤ ᠣᠷᠭᠢᠭᠰᠠᠨ ᠶᠤᠮ᠃ 《ᠮᠤᠩᠭ᠋ᠤᠯ ᠥᠰᠦᠭ᠌ ᠪᠢᠴᠢᠭᠡᠤᠨ ᠶᠠᠭᠠᠭᠢᠬᠤ ᠭᠡᠰᠡᠨ ᠶᠤᠮ᠂ ᠶᠠᠭᠠᠭᠢᠬᠤ ᠭᠡᠰᠡᠨ ᠶᠤᠮ᠁》 ᠭᠡᠰᠡᠨ ᠵᠢᠭᠡᠭᠦᠨ ᠥᠭᠡ ᠴᠢᠭᠢᠨ᠎ᠠ ᠠᠭᠢᠨ ᠳᠠᠭᠢᠨ ᠬᠠᠩᠭᠢᠨᠠᠬᠤ ᠰᠢᠭ ᠪᠣᠯᠪᠠ᠃ ᠮᠤᠩᠭ᠋ᠤᠯ ᠤᠨ ᠦᠷ᠎ᠡ ᠪᠣᠯᠤᠨ ᠲᠦᠷᠦᠵᠤ᠂ ᠮᠤᠩᠭ᠋ᠤᠯ ᠤᠨ ᠦᠪ ᠪᠣᠶᠠᠨ ᠳᠤ ᠢᠳᠡᠭᠡᠰᠢᠨ ᠭᠦᠮᠤᠨ ᠪᠣᠯᠤᠭᠰᠠᠨ ᠤ ᠣᠴᠢᠷ ᠲᠤ᠂ ᠠᠤᠭ᠎ᠠ ᠶᠡᠭᠡ ᠦᠨᠳᠦᠰᠦᠳᠠᠨ ᠤ ᠪᠠᠨ ᠳᠦᠯᠦᠭᠡ ᠠᠰᠤᠷᠤ ᠳᠤᠮᠤ ᠶᠢ ᠪᠦᠳᠦᠭᠡᠵᠤ ᠴᠢᠳᠠᠬᠤ ᠦᠭᠡᠶ ᠴᠤ ᠭᠡᠰᠡᠨ ᠭᠡᠳᠤᠨ ᠮᠢᠩᠭ᠋ᠠᠨ ᠵᠢᠯ ᠤᠨ ᠪᠣᠯᠪᠠᠰᠤᠨ ᠰᠤᠶᠤᠯ ᠢ ᠨᠢ ᠬᠠᠢ᠌ᠷᠠᠯᠠᠵᠤ᠂ ᠬᠠᠮᠠᠭᠠᠯᠠᠵᠤ᠂ ᠬᠠᠷᠢ ᠭᠦᠷᠰᠢ ᠶᠢᠨ ᠡᠮᠦᠨ᠎ᠡ ᠮᠠᠠᠳᠤᠭᠤᠯᠵᠤ ᠶᠠᠪᠣᠬᠤ ᠨᠢ ᠪᠢᠳᠠ ᠪᠦᠭᠦᠨ ᠤ ᠳᠠᠷᠬᠠᠨ ᠬᠠᠷᠢᠭᠤᠴᠠᠯᠭ᠎ᠠ ᠪᠣᠶᠤ ᠦᠦ︖ ᠬᠠᠷᠢᠨ᠄

《ᠮᠤᠩᠭ᠋ᠤᠯ ᠥᠰᠦᠭ᠌ ᠪᠢᠴᠢᠭᠡᠤᠨ ᠶᠠᠭᠠᠭᠢᠬᠤ ᠭᠡᠰᠡᠨ ᠶᠤᠮ ᠪᠣᠢ︖》 ᠭᠡᠵᠤ ᠳᠠᠷᠠ ᠭᠤᠸᠠᠢ ᠶᠠᠭᠤ ᠭᠡᠯᠡᠵᠤ ᠪᠠᠢ᠌ᠨ᠎ᠠ ᠪᠢᠯᠠ ᠳ᠋ᠠ︖ ᠪᠢ ᠡᠯᠳᠡᠪ ᠢ ᠡᠷᠭᠢᠴᠡᠭᠦᠯᠤᠨ ᠭᠡᠰᠡᠭ᠌ ᠪᠣᠳᠤᠭᠠᠤᠨ᠄

᠊᠊᠊᠊᠊᠊᠊᠊᠊᠊᠊᠊᠊᠊᠊ ᠮᠤᠩᠭ᠋ᠤᠯ ᠥᠰᠦᠭ᠌ ᠶᠢᠡᠨ ᠪᠢᠴᠢᠵᠤ᠂ ᠰᠠᠤᠠᠭᠢᠯ ᠶᠢᠡᠨ ᠵᠠᠰᠠᠬᠤ ᠭᠡᠰᠡᠨ ᠳᠠᠳᠤᠢ ᠭᠡᠭᠦ ᠡᠴᠡ ᠥᠭᠡᠷ᠎ᠡ ᠶᠠᠭᠤ ᠴᠤ ᠭᠡᠯᠡᠭᠡ ᠦᠭᠡᠶ ᠶᠤᠮ᠃

ᠭᠦᠮᠤᠨ ᠪᠠ ᠭᠦᠮᠤᠨ ᠳᠦᠷᠦᠯᠭᠡᠳᠡᠨ ᠤ ᠪᠣᠯᠪᠠᠰᠤᠨ ᠭᠡᠭ᠍ᠴᠢ ᠨᠢ ᠪᠠᠢ᠌ᠭᠠᠯᠢ ᠶᠢᠨ ᠲᠦᠮᠡᠨ ᠪᠣᠳᠠᠰ ᠯᠤᠭ᠎ᠠ ᠪᠠᠨ ᠠᠳᠠᠯᠢ ᠶᠤᠮ ᠪᠢᠵᠠ︕ ᠦᠯ ᠰᠢᠮ᠎ᠠ ᠣᠰᠤ ᠠᠭᠠᠷ ᠳᠤᠳᠠᠪᠠᠯ ᠦᠬᠢᠷᠠᠵᠤ ᠬᠤᠪᠬᠠᠢ᠌ᠷᠠᠨ᠎ᠠ᠃ ᠮᠠᠨ ᠤ ᠦᠨᠳᠦᠰᠦᠳᠠᠨ ᠳᠤ ᠠᠪᠴᠤ ᠭᠡᠯᠡᠭ᠍ᠰᠡᠨ ᠴᠤ ᠨᠢᠭᠡᠨ ᠠᠳᠠᠯᠢ᠂ ᠮᠤᠩᠭ᠋ᠤᠯ ᠭᠦᠮᠤᠨ ᠦᠪᠡᠷ ᠤᠨ ᠥᠰᠦᠭ᠌ ᠪᠢᠴᠢᠭ᠌ ᠶᠢᠡᠨ ᠰᠤᠷᠴᠤ ᠭᠡᠷᠡᠭᠯᠡᠭᠦ ᠦᠭᠡᠶ ᠪᠣᠯ᠂ ᠮᠤᠩᠭ᠋ᠤᠯ ᠰᠤᠶᠤᠯ ᠤᠨ ᠦᠨᠢᠷ ᠪᠠᠶᠠᠯᠢᠭ ᠪᠠᠯᠴᠢᠭᠡᠷ ᠬᠤᠪᠬᠠᠢ᠌ᠷᠠᠨ᠂ ᠮᠤᠩᠭ᠋ᠤᠯ ᠭᠦᠮᠤᠨ ᠠᠮᠢᠳᠠᠨ ᠣᠷᠭᠤᠮᠠᠯ ᠲᠡᠶ ᠪᠠᠨ ᠠᠳᠠᠯᠢ ᠦᠬᠢᠷᠠᠵᠤ ᠣᠰᠠᠤᠠᠬᠤ ᠪᠢᠰᠢ ᠶᠤᠮ ᠦᠦ ᠳ᠋ᠠ︖ ᠮᠤᠩᠭ᠋ᠤᠯᠴᠤᠳ ᠮᠠᠨᠢ ᠦᠨᠢᠷ ᠪᠠᠶᠠᠯᠢᠭ ᠰᠤᠶᠤᠯ ᠤᠨ ᠪᠠᠯᠴᠢᠭᠡᠷ ᠶᠢᠡᠨ ᠦᠪᠡᠷ ᠤᠨ ᠭᠠᠷ ᠲᠠᠭᠠᠨ ᠥᠭᠢᠷᠡᠰᠢᠭᠦᠯᠤᠨ᠂ ᠶᠠᠭ ᠯᠠ ᠦᠯᠪᠡᠷᠴᠤ ᠥᠭᠦᠭᠦ ᠶᠢᠨ ᠡᠮᠦᠨ᠎ᠡ ᠳᠠᠷᠴᠢᠯᠠᠵᠤ ᠪᠠᠢ᠌ᠭ᠎ᠠ ᠮᠠᠯ ᠠᠳᠤᠭᠤᠰᠤ ᠠᠳᠠᠯᠢ ᠪᠣᠯᠬᠤ ᠶᠤᠮ ᠪᠢᠰᠢᠤ ᠳ᠋ᠠ︖

ᠳᠡᠯᠡᠭᠡᠢ ᠶᠢᠨ ᠣᠯᠠᠨ ᠦᠨᠳᠦᠰᠦᠳᠠᠨ ᠮᠤᠩᠭ᠋ᠤᠯ ᠰᠤᠶᠤᠯ ᠤᠨ ᠬᠤᠪᠣᠷ ᠦᠨ᠎ᠡ ᠴᠠᠨ᠎ᠠ ᠶᠢ ᠣᠯᠠᠮ ᠶᠢᠡᠷ ᠥᠷᠳᠡᠭᠯᠡᠨ ᠳᠠᠨᠢᠵᠤ᠂ ᠭᠡᠳᠤᠨ ᠵᠠᠭᠤᠨ ᠤ ᠳᠤᠷᠰᠢ ᠦᠶ᠎ᠡ ᠦᠶ᠎ᠡ ᠶᠢᠨ ᠰᠢᠡᠵᠢᠯᠡᠭᠡᠴᠢ ᠬᠠᠢ᠌ᠭᠤᠯᠴᠢᠨ ᠮᠠᠨ ᠤ ᠮᠤᠩᠭ᠋ᠤᠯ ᠡᠴᠡ ᠣᠯᠳᠠᠰᠢ ᠦᠭᠡᠶ ᠶᠠᠭᠤᠮ᠎ᠠ ᠪᠠᠨ ᠡᠪᠦᠷᠯᠡᠭᠡᠤᠨ ᠪᠣᠴᠠᠵᠤ ᠠᠬᠤᠳᠠᠯ᠎ᠠ᠂ ᠮᠤᠩᠭ᠋ᠤᠯᠴᠤᠳ ᠮᠠᠨᠢ ᠬᠠᠷᠢᠨ ᠦᠪᠡᠷ ᠢ ᠪᠠᠨ 《ᠮᠤᠩᠬᠠᠭ ᠤᠨ ᠳᠣᠢ᠌ᠯ ᠳᠤ ᠳᠤᠯᠵᠤ᠂ ᠳᠡᠯᠡᠭᠡᠢ ᠶᠢᠨ ᠪᠣᠯᠪᠠᠰᠤᠨ ᠡᠴᠡ ᠬᠤᠴᠤᠷᠠᠪᠠ》 ᠭᠡᠵᠤ ᠭᠤᠯᠤᠵᠤ ᠭᠤᠳᠤᠷᠠᠵᠤ᠂ ᠦᠪ ᠰᠤᠶᠤᠯ ᠶᠢᠡᠨ ᠬᠠᠶᠠᠬᠤ ᠪᠣᠯᠴᠢᠬᠠᠭᠠᠤᠨ᠂ ᠪᠣᠰᠤᠳ ᠤᠨ ᠳᠤᠭᠤᠭ᠎ᠠ ᠣᠷᠤᠭᠤ ᠥᠡᠳᠡᠯᠵᠢᠭᠦ ᠪᠣᠯᠤᠭᠰᠠᠨ ᠨᠢ ᠶᠠᠭᠤ ᠶᠤᠮ ᠪᠣᠢ ᠳ᠋ᠠ︕


ᠵᠤᠬᠢᠶᠠᠭᠴᠢ᠄ ᠴᠦ᠊·ᠤᠷᠠᠩᠬᠤᠸᠠᠷ
ᠢᠷᠡᠯᠲᠡ᠄ ᠨᠠᠷᠠᠨᠴᠡᠴᠡᠭ ᠬᠠᠩᠭᠠᠪᠠ
ᠬᠠᠷᠢᠶ᠎ᠠ᠄ ᠨᠠᠢᠷᠠᠭᠤᠯᠤᠯ
ᠳᠠᠷᠤᠮ᠄ 5664
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ