ᠦᠨᠳᠦᠰᠦᠳᠠᠨ ᠤ ᠰᠤᠶᠤᠯ ᠤᠨ ᠳᠠᠯᠠᠢ ᠳᠤ ᠨᠡᠮᠡᠷᠢᠯᠡᠭ᠍ᠰᠡᠨ ᠨᠢᠭᠡᠨ ᠳᠤᠰᠤᠯ
《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠭᠦ ᠨᠤᠮ ᠢ ᠰᠤᠳᠤᠯᠤᠨ ᠶᠠᠷᠢᠯᠴᠠᠬᠤ ᠪᠠ ᠳᠠᠷᠬᠠᠭᠠᠬᠤ ᠶᠤᠰᠤᠯᠠᠯ ᠳᠡᠭᠡᠷᠡᠭᠢ ᠶᠠᠷᠢᠶ᠎ᠠ

ᠵᠤᠯ ᠵᠢᠷᠭᠠᠯ ᠤᠨ ᠨᠠᠷᠠ ᠵᠤᠯᠠᠢ ᠳᠤ ᠭᠡᠷᠡᠯᠳᠦᠵᠤ ᠪᠣᠶᠠᠨ ᠲᠡᠶ ᠵᠢᠯ ᠪᠣᠱᠤᠭᠠᠨ ᠳ᠋ᠤ ᠰᠠᠭᠠᠳᠠᠭᠰᠠᠨ ᠡᠨᠡᠭᠦ ᠰᠠᠢ᠌ᠬᠠᠨ ᠴᠠᠭ ᠲᠤ ᠪᠢ ᠶᠠᠭᠤᠨ ᠤ ᠤᠷᠢᠳ ᠦᠨᠦᠳᠤᠷ ᠡ᠊ᠨᠳᠡ ᠮᠤᠷᠢᠯᠠᠨ ᠰᠠᠭᠠᠳᠠᠭᠰᠠᠨ ᠳᠠ ᠪᠦᠭᠦᠨ ᠤ ᠪᠠᠨ ᠰᠢᠨ᠎ᠠ ᠵᠢᠯ ᠤᠨ ᠠᠮᠤᠷ ᠠᠮᠤᠭᠤᠯᠠᠩ ᠢ ᠠᠢ᠌ᠯᠠᠤᠠᠬᠠᠵᠤ ᠪᠠᠢ᠌ᠨ᠎ᠠ᠃

ᠦᠳᠡᠯᠠᠵᠤ ᠭᠦᠭ᠍ᠰᠢᠷᠡᠭᠦ ᠳᠤᠳᠤᠮ ᠦᠨᠳᠦᠰᠦᠳᠠᠨ ᠶᠠᠰᠤᠳᠠᠨ ᠮᠢᠨᠢ ᠣᠯᠠᠮ ᠣᠢ᠌ᠷᠠᠬᠠᠨ ᠰᠠᠨᠠᠭᠳᠠᠵᠤ ᠨᠠᠷᠠᠯᠠᠭ ᠰᠠᠢ᠌ᠬᠠᠨ ᠭᠦᠮᠤᠨ ᠤ ᠬᠤᠷᠸ᠎ᠠ ᠳᠤ ᠠᠮᠢᠳᠤ ᠪᠠᠢ᠌ᠬᠤ ᠳᠠᠭᠠᠨ ᠵᠠᠪᠳᠤᠵᠤ ᠦᠪᠡᠷ ᠤᠨ ᠦᠨᠳᠦᠰᠦᠳᠠᠨ ᠭᠢᠭᠡᠤᠨ ᠦᠷ᠎ᠡ ᠬᠣᠢ᠌ᠴᠢᠰ ᠲᠠᠭᠠᠨ ᠶᠠᠭᠤ ᠨᠢᠭᠡ ᠶᠢ ᠦᠪᠯᠠᠨ ᠥᠯᠡᠳᠡᠭᠡᠭᠦ ᠭᠡᠷᠡᠭ᠍ᠳᠡᠢ ᠪᠣᠯᠤᠯ᠎ᠠ ᠭᠡᠵᠤ ᠪᠣᠳᠤᠳᠠᠭ ᠪᠣᠯᠤᠭᠰᠠᠨ ᠶᠤᠮᠰᠠᠨ᠃

ᠠᠭᠤᠯᠠ ᠮᠦᠷᠠᠨ ᠳᠤᠷᠠᠤᠠᠬᠠᠯ ᠤᠨ ᠴᠡᠴᠡᠭᠡᠰ ᠲᠤ ᠥᠩᠭᠡ ᠪᠣᠳᠤᠭ ᠨᠠᠮᠠᠵᠤ ᠣᠷᠢᠳᠠ ᠶᠢᠨ ᠰᠤᠷᠭᠠᠯ ᠳᠤᠷᠠᠰᠤᠯ ᠤᠨ ᠨᠠᠪᠴᠢᠰ ᠲᠤ ᠪᠣᠯᠤᠷ ᠮᠥᠭᠦᠯᠢᠭ᠌ ᠡᠯᠭᠦᠭᠦ ᠳᠤ ᠣᠤᠯ ᠡᠴᠡ ᠣᠯᠠᠮᠵᠢᠯᠠᠭᠳᠠᠭᠰᠠᠨ ᠦᠨᠳᠦᠰᠦᠳᠠᠨ ᠤ ᠮᠢᠨᠢ ᠰᠤᠶᠤᠯ ᠣᠬᠠᠭᠠᠨ ᠪᠣᠳᠤᠯ ᠢ ᠭᠦᠪᠭᠡᠭᠡᠵᠤ ᠣᠵᠤᠭᠤᠷ ᠲᠤ ᠳᠠᠯᠪᠢᠭᠰᠠᠨ ᠪᠢᠷ ᠪᠠᠭᠡᠰ ᠢ ᠳᠠᠭᠢᠨ ᠠᠤᠠᠬᠤᠭᠤᠯᠵᠤ ᠪᠢᠯᠠ ᠨᠠᠳᠠᠳᠤ᠃

ᠳᠡᠭᠡᠭᠡᠤᠨ ᠯᠠ ᠪᠢ ᠡᠮᠡᠭᠡᠷᠡᠭ᠍ᠰᠡᠨ ᠪᠣᠯᠪᠠᠴᠤ ᠡᠵᠢ ᠭᠦᠮᠤᠨ ᠤ ᠳᠠᠷᠬᠠᠨ ᠬᠠᠷᠢᠭᠤᠴᠠᠯᠭ᠎ᠠ ᠪᠠᠷ ᠮᠤᠩᠭ᠋ᠤᠯ ᠦᠨᠳᠦᠰᠦᠳᠠᠨ ᠤ ᠪᠠᠨ ᠰᠤᠶᠤᠯ ᠤᠨ ᠨᠡᠯᠦᠭᠡᠷ ᠶᠡᠭᠡ ᠳᠠᠯᠠᠢ ᠡᠴᠡ ᠱᠥᠭᠦᠵᠤ ᠣᠯᠤᠭᠰᠠᠨ ᠣᠶᠤᠳᠠᠯ ᠣᠷᠠᠯᠠᠯ ᠭᠢᠭᠡᠤᠨ ᠭᠡ ᠣᠭᠠᠯᠵᠠ ᠤᠳ ᠶᠢᠡᠨ ᠡᠮᠭᠢᠦᠡᠭᠡᠨ ᠴᠤᠭᠯᠠᠭᠤᠯᠵᠤ ᠳᠡᠪᠳᠡᠷᠯᠡᠭᠦ ᠪᠠᠷ ᠦᠳᠡᠯᠠ ᠪᠠᠶ᠎ᠠ ᠶᠢᠨ ᠶᠠᠳᠠᠷᠠᠯ ᠵᠦᠳᠡᠷᠡᠯ ᠶᠢᠡᠨ ᠥᠴᠦᠭᠡᠨ ᠴᠠ ᠬᠠᠢ᠌ᠬᠤᠷᠤᠯ ᠦᠭᠡᠶ᠂ ᠮᠥᠩᠭᠦ ᠵᠤᠭᠤᠰ ᠤᠨ ᠭᠦᠷᠦᠯᠴᠡᠭᠦ ᠡᠰᠡᠭᠦ ᠶᠢ ᠵᠢᠭᠠᠬᠠᠨ ᠴᠤ ᠪᠣᠳᠤᠯᠭᠢᠯᠠᠯ ᠦᠭᠡᠶ ᠪᠠᠷ 《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠳᠡᠭ᠌ ᠨᠤᠮ ᠶᠢᠡᠨ ᠡᠮᠭᠢᠦᠡᠭᠡᠵᠤ ᠳᠡᠭᠦᠰᠭᠡᠭᠡᠤᠨ ᠭᠡᠪᠯᠡᠯ ᠳᠤ ᠳᠤᠰᠢᠶᠠᠵᠤ ᠪᠢᠯᠠ᠃

《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠭᠦ ᠨᠤᠮ ᠮᠠᠨᠢ ᠦᠨᠡᠨ ᠳᠡᠭᠡᠨ ᠦᠨᠦᠳᠤᠷ ᠡᠨᠡ ᠳᠢᠩᠭᠢᠮ ᠳᠤ ᠮᠤᠷᠢᠯᠠᠨ ᠰᠠᠭᠠᠳᠠᠭᠰᠠᠨ ᠡᠷᠭᠢᠮ ᠭᠦᠡᠳᠦᠳᠤ ᠳᠠᠷᠤᠭ᠎ᠠ ᠨᠡᠷ ᠪᠣᠯᠤᠨ ᠮᠢᠨᠤ ᠬᠠᠮᠳᠤ ᠠᠵᠢᠯᠯᠠᠵᠤ ᠶᠠᠪᠣᠭᠰᠠᠨ ᠨᠠᠢ᠌ᠵᠠ ᠨᠡᠷ ᠭᠢᠭᠡᠤᠨ ᠲᠦᠷᠦᠯ ᠰᠠᠳᠤᠨ ᠳᠠ ᠪᠦᠭᠦᠨ ᠤ ᠬᠠᠯᠠᠭᠤᠨ ᠬᠠᠪᠰᠤᠷᠤᠯᠭ᠎ᠠ ᠪᠠᠷ ᠯᠠ ᠰᠠ‍‌ᠶᠢ ᠣᠩᠰᠢᠭᠴᠢᠳ ᠲᠡᠶ ᠵᠤᠯᠭᠠᠵᠤ ᠴᠢᠳᠠᠭᠰᠠᠨ ᠶᠤᠮ᠃ ᠭᠡᠷᠪᠡ ᠳᠠ ᠪᠦᠭᠦᠨ ᠤ ᠳᠡᠮᠵᠢᠯᠭᠡ ᠪᠠᠢ᠌ᠭ᠎ᠠ ᠦᠭᠡᠶ ᠳᠤ ᠭᠦᠷᠪᠠᠯ ᠡᠨᠡᠭᠦ ᠨᠤᠮ ᠮᠠᠨᠢ ᠭᠡᠪᠯᠡᠯ ᠤᠨ ᠬᠤᠷᠢᠶᠠᠨ ᠤ ᠬᠤᠭ ᠤᠨ ᠣᠪᠣᠭᠠᠨ ᠳᠤ ᠭᠦᠷᠦᠭ᠍ᠰᠡᠨ ᠢ ᠪᠢ ᠶᠠᠭᠠᠭᠢᠯᠳᠠᠢ ᠴᠤ ᠪᠢᠰᠢ ᠰᠠᠨ᠃

ᠦᠨᠳᠦᠰᠦᠳᠠᠨ ᠤ ᠪᠠᠨ ᠦᠪ ᠰᠤᠶᠤᠯ ᠢ ᠣᠯᠠᠮᠵᠢᠯᠠᠵᠤ ᠭᠦᠭ᠍ᠵᠢᠭᠦᠯᠭᠦ ᠶᠢ ᠠᠯᠢᠪᠠ ᠶᠢᠨ ᠳᠡᠷᠢᠭᠦᠨ ᠳᠤ ᠳᠠᠯᠪᠢᠵᠤ᠂ ᠭᠠᠷ ᠮᠡᠭᠦᠰ ᠭᠠᠠᠵᠤᠭ᠎ᠠ ᠳᠠᠳᠠᠭᠤ ᠶᠢ ᠦᠵᠡᠪᠠᠯ ᠬᠠᠢ᠌ᠷ᠎ᠠ ᠶᠢᠨ ᠰᠠᠤᠠᠭᠢᠯ ᠨᠢᠯᠴᠢᠭᠢᠨᠡᠭᠦᠯᠵᠤ ᠬᠠᠯᠠᠮᠵᠢ ᠶᠢᠨ ᠭᠠᠷ ᠰᠤᠩᠭ᠋ᠠᠨ ᠬᠠᠷᠠᠮ ᠦᠭᠡᠶ ᠳᠡᠮᠵᠢᠯᠭᠡ ᠥᠵᠡᠭᠦᠯᠳᠡᠭ᠌ ᠳᠠ ᠨᠡᠷ ᠤᠨ ᠶᠢᠡᠨ ᠳᠤᠰᠠᠯᠠᠮᠵᠢ ᠲᠡᠶ ᠡᠴᠡ ᠯᠠ ᠪᠢ ᠰᠠ‍‌ᠶᠢ ᠦᠨᠦᠳᠤᠷ ᠡᠨᠡ ᠨᠤᠮ ᠤᠨ ᠵᠤᠬᠢᠶᠠᠭᠴᠢ ᠭᠡᠮᠡᠭ᠍ᠳᠡᠵᠤ ᠨᠤᠮ ᠳᠠᠪᠳᠠᠷ ᠲᠤ ᠨᠠᠷ᠎ᠠ ᠪᠠᠨ ᠳᠡᠮᠳᠡᠭᠯᠡᠭᠦᠯᠭᠦᠭᠡᠤᠨ ᠰᠠᠤᠠᠭᠢᠯ ᠦᠨᠳᠦᠷ ᠶᠠᠪᠣᠭ᠎ᠠ᠃ ᠳᠠᠢ᠌ᠮᠤ ᠡᠴᠡ ᠪᠢ ᠦᠨᠦᠳᠤᠷ ᠨᠤᠮ ᠡᠮᠭᠢᠦᠡᠭᠡᠵᠤ ᠭᠡᠪᠯᠡᠭᠦᠯᠭᠦ ᠳᠤ ᠨᠠᠮᠢ᠋ᠢ ᠬᠠᠯᠠᠭᠤᠨ ᠳᠡᠮᠵᠢᠭ᠍ᠰᠡᠨ ᠣᠳᠤᠷᠢᠳᠤᠯᠭ᠎ᠠ ᠪᠣᠯᠤᠨ ᠨᠥᠭᠦᠤᠨ ᠲᠤ ᠴᠢᠩ ᠰᠠᠤᠠᠭᠢᠯ ᠤᠨ ᠪᠠᠶᠠᠷ ᠳᠠᠯᠠᠷᠬᠠᠯ ᠶᠢᠡᠨ ᠳᠡᠪᠰᠢᠭᠦᠯᠵᠤ ᠪᠠᠢ᠌ᠨ᠎ᠠ᠃

ᠪᠢ ᠦᠨᠦᠳᠤᠷ ᠤᠨ ᠰᠤᠳᠤᠯᠤᠨ ᠶᠠᠷᠢᠯᠴᠠᠬᠤ ᠬᠤᠷᠠᠯ ᠢ ᠡᠷᠭᠢᠯᠡᠵᠤ ᠭᠢᠭ᠍ᠰᠡᠨ ᠵᠠᠷᠤᠳ ᠬᠤᠰᠢᠭᠤᠨ ᠤ ᠨᠠᠮ ᠤᠨ ᠬᠤᠷᠢᠶ᠎ᠠ ᠶᠢᠨ ᠪᠠᠢ᠌ᠩᠭ᠋ᠤ ᠶᠢᠨ ᠭᠡᠰᠢᠭᠦᠨ᠂ ᠰᠠᠭᠢᠯᠭ᠎ᠠ ᠪᠠᠳᠤ ᠪᠠᠢ᠌ᠴᠠᠭᠠᠬᠤ ᠬᠤᠷᠢᠶ᠎ᠠ ᠶᠢᠨ ᠱᠦᠵᠢ ᠰᠠᠢ᠌ᠠᠪᠠᠶᠠᠷ᠂ ᠬᠤᠰᠢᠭᠤᠨ ᠤ ᠷᠠᠳᠢᠤ᠋ ᠳᠸᠯᠸᠢᠰ ᠳᠤᠪᠴᠢᠶ᠎ᠠ ᠶᠢᠨ ᠳᠤᠪᠴᠢᠶᠠᠨ ᠳᠠᠷᠤᠭ᠎ᠠ᠂ ᠬᠤᠰᠢᠭᠤᠨ ᠤ ᠣᠤᠠᠬ᠎ᠠ ᠣᠷᠠᠯᠢᠭ ᠤᠨ ᠭᠢᠨ ᠤ ᠬᠤᠯᠪᠣᠭᠠᠨ ᠤ ᠳᠡᠷᠢᠭᠦᠯᠡᠭ᠍ᠴᠢ ᠰᠢᠤᠢ ᠸᠧᠨ ᠶᠠᠨ᠂ ᠦᠨᠳᠦᠰᠦᠳᠠᠨ ᠤ ᠭᠡᠷᠡᠭ᠌ ᠡᠷᠭᠢᠯᠡᠭᠦ ᠳᠤᠪᠴᠢᠶ᠎ᠠ ᠶᠢᠨ ᠳᠤᠪᠴᠢᠶᠠᠨ ᠳᠠᠷᠤᠭ᠎ᠠ ᠦᠯᠵᠡᠢ᠌ᠪᠠᠶᠠᠷ ᠵᠡᠷᠭᠡ ᠣᠳᠤᠷᠢᠳᠤᠯᠭ᠎ᠠ ᠳᠤ ᠴᠢᠩ ᠰᠠᠤᠠᠭᠢᠯ ᠡᠴᠡ ᠪᠠᠨ ᠳᠠᠯᠠᠷᠬᠠᠵᠤ ᠪᠠᠢ᠌ᠨ᠎ᠠ᠃

《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠭᠦ ᠨᠤᠮ ᠪᠣᠯ ᠮᠢᠨᠤ ᠠᠮᠢ ᠨᠠᠰᠤᠨ ᠳᠠᠭᠠᠨ ᠣᠯᠵᠤᠷᠬᠠᠵᠤ ᠶᠠᠪᠣᠭᠰᠠᠨ ᠵᠢᠷᠭᠠᠯᠳᠤ ᠨᠢᠭᠡᠨ ᠬᠤᠷᠤᠮ᠂ ᠦᠷ᠎ᠡ ᠭᠡᠦᠭᠡᠤᠨ ᠲᠡᠭᠡᠨ ᠦᠪᠯᠠᠵᠤ ᠥᠯᠡᠳᠡᠭᠡᠭᠦ ᠡᠷᠭᠢᠮ ᠨᠠᠠᠳᠢᠨ ᠳᠤᠷᠠᠰᠬᠠᠯ ᠪᠣᠯᠬᠤ ᠪᠠᠷ ᠪᠠᠷᠠᠬᠤ ᠦᠭᠡᠶ ᠨᠠᠩ ᠴᠢᠬᠤᠯᠠ ᠨᠢ ᠮᠢᠨᠤ ᠣᠯᠳᠠᠭᠰᠠᠨ ᠭᠠᠭᠴᠠᠬᠠᠨ ᠨᠠᠰᠤᠨ ᠤ ᠪᠠᠨ ᠨᠠᠮᠤᠷ ᠲᠤ ᠦᠨᠳᠦᠰᠦᠳᠠᠨ ᠤ ᠪᠠᠨ ᠰᠤᠶᠤᠯ ᠤᠨ ᠳᠠᠯᠠᠢ ᠳᠤ ᠨᠡᠮᠡᠷᠢᠯᠡᠭ᠍ᠰᠡᠨ ᠥᠴᠦᠭᠡᠨ ᠨᠢᠭᠡᠨ ᠳᠤᠰᠤᠯ ᠪᠣᠯᠬᠤ ᠶᠤᠮ᠃

ᠳᠠᠢ᠌ᠮᠤ ᠡᠴᠡ ᠪᠢ ᠡᠨᠡᠭᠦ ᠨᠤᠮ ᠶᠢᠡᠨ ᠳᠤᠷᠠᠤᠠᠬᠠᠯ ᠳᠤ ᠠᠮᠢᠯᠠᠭᠰᠠᠨ ᠮᠥᠩᠭᠡ ᠨᠤᠭᠤᠭᠠᠨ ᠮᠦᠴᠢᠷ᠂ ᠰᠠᠤᠠᠭᠢᠯ ᠳᠤ ᠬᠤᠨᠤᠭᠰᠢᠭᠰᠠᠨ ᠦᠨᠢ ᠭᠢᠯᠪᠠᠭᠠᠳᠤ ᠰᠤᠶᠤᠯ ᠭᠡᠵᠤ ᠪᠠᠶᠠᠰᠤᠨ ᠭᠡᠯᠡᠭᠦ ᠶᠤᠰᠤᠳᠠᠢ ᠪᠢᠯᠠ᠃

ᠣᠶᠤᠳᠠᠯ ᠣᠷᠠᠯᠠᠯ ᠪᠣᠯ ᠨᠡᠢ᠌ᠭᠡᠮ ᠤᠨ ᠭᠦᠭ᠍ᠵᠢᠯᠳᠡ ᠶᠢᠨ ᠶᠠᠪᠣᠴᠠ ᠳᠤ ᠮᠤᠩᠭ᠋ᠤᠯᠴᠤᠳ ᠤᠨ ᠠᠵᠢᠯᠴᠢ ᠭᠠᠷ ᠶᠢᠡᠷ ᠡᠭᠦᠳᠦᠭ᠍ᠳᠡᠨ ᠪᠦᠳᠦᠭᠡᠭ᠍ᠳᠡᠭ᠍ᠰᠡᠨ ᠪᠦᠭᠡᠤᠨ ᠳᠠᠷᠠ ᠨᠢ ᠴᠠᠭ ᠡᠷᠡᠨ ᠤ ᠭᠦᠭ᠍ᠵᠢᠯ ᠢ ᠠᠯᠳᠠᠯ ᠦᠭᠡᠶ ᠳᠠᠭᠠᠵᠤ ᠭᠦᠭ᠍ᠵᠢᠭ᠍ᠰᠡᠭᠡᠷ ᠢᠷᠡᠭᠡᠤᠨ ᠦᠨᠦᠳᠤᠷ ᠦᠨᠳᠦᠰᠦᠳᠠᠨ ᠤ ᠰᠤᠶᠤᠯ ᠤᠨ ᠨᠢᠭᠡᠨ ᠭᠡᠰᠡᠭ᠌ ᠪᠣᠯᠵᠤ ᠪᠦᠷᠢᠯᠳᠦᠭ᠍ᠰᠡᠨ ᠶᠤᠮ᠃ ᠳᠠᠷᠠ ᠨᠢ ᠬᠠᠮᠤᠭ ᠠᠩᠬᠠᠨ ᠳᠠᠭᠠᠨ ᠭᠡᠯᠭᠢᠭᠦ᠂ ᠳᠤᠪᠭᠢᠬᠤ᠂ ᠭᠦᠰᠢᠭᠦ ᠵᠡᠷᠭᠡ ᠪᠠᠯᠠᠷᠯᠢᠭ ᠪᠦᠳᠦᠭᠦᠯᠢᠭ᠌ ᠣᠶᠤᠳᠠᠯ ᠪᠠᠢ᠌ᠭᠰᠠᠨ ᠡᠴᠡ ᠪᠠᠨ ᠠᠭᠠᠵᠢᠮ ᠶᠢᠡᠷ ᠣᠷᠠᠯᠠᠨ ᠬᠠᠤᠠᠬᠤᠮᠠᠯᠯᠠᠬᠤ᠂ ᠣᠭᠠᠯᠵᠠᠯᠠᠨ ᠣᠷᠢᠶᠠᠮᠠᠯᠯᠠᠬᠤ᠂ ᠨᠠᠭᠠᠮᠠᠯ᠂ ᠰᠠᠢ᠌ᠯᠤᠮᠠᠯ ᠭᠡᠭᠦ ᠮᠠᠳᠤ ᠪᠠᠷ ᠨᠠᠩ ᠣᠷᠠᠨ ᠨᠠᠷᠢᠨ ᠭᠠᠷ ᠣᠷᠠᠯᠠᠯ ᠪᠣᠯᠵᠤ ᠭᠦᠭ᠍ᠵᠢᠭ᠍ᠰᠡᠨ ᠶᠢᠡᠷ ᠪᠠᠷᠠᠬᠤ ᠦᠭᠡᠶ ᠬᠤᠷᠢᠨ ᠨᠢᠭᠡᠳᠦᠭᠡᠷ ᠵᠠᠭᠤᠨ ᠳᠤ ᠭᠦᠷᠴᠤ ᠢᠷᠡᠭᠡᠤᠨ ᠺᠤᠮᠫᠢᠦ᠋ᠲ᠋ᠧᠷ ᠶᠢᠡᠷ ᠣᠷᠠᠯᠠᠨ ᠬᠠᠤᠠᠬᠤᠮᠠᠯᠯᠠᠬᠤ ᠭᠡᠮᠵᠢᠶᠡᠨ ᠳᠤ ᠭᠦᠷᠴᠤ ᠮᠤᠩᠭ᠋ᠤᠯᠴᠤᠳ ᠤᠨ ᠠᠮᠢᠳᠤᠷᠠᠯ ᠠᠬᠤᠢ ᠶᠢ ᠪᠣᠳᠤᠭᠯᠠᠨ ᠴᠢᠮᠡᠭᠯᠡᠭ᠍ᠰᠡᠭᠡᠷ ᠦᠨᠡᠳᠤ ᠨᠠᠠᠳᠢᠨ ᠦᠪ ᠰᠤᠶᠤᠯ ᠪᠣᠯᠤᠭᠰᠠᠨ ᠶᠤᠮ᠃

ᠮᠤᠩᠭ᠋ᠤᠯ ᠰᠤᠶᠤᠯ ᠦᠨᠦᠳᠤᠷ ᠳᠡᠯᠡᠭᠡᠢ ᠶᠢᠨ ᠳᠠᠪᠴᠠᠩ ᠳᠡᠭᠡᠷ᠎ᠡ ᠥᠩᠭᠡ ᠭᠢᠯᠪᠠᠭ᠎ᠠ ᠦᠨ᠎ᠡ ᠥᠷᠳᠡᠭ᠌ ᠶᠢᠡᠨ ᠭᠠᠢ᠌ᠬᠠᠭᠤᠯᠵᠤ ᠪᠠᠢ᠌ᠭ᠎ᠠ ᠨᠢ ᠰᠡᠵᠢᠭᠯᠡᠯ ᠦᠭᠡᠶ ᠶᠠᠪᠣᠳᠠᠯ ᠪᠣᠯᠤᠭᠰᠠᠨ᠃ ᠭᠡᠪᠠᠴᠤ ᠮᠤᠩᠭ᠋ᠤᠯ ᠣᠶᠤᠳᠠᠯ ᠣᠷᠠᠯᠠᠯ ᠤᠨ ᠰᠤᠶᠤᠯ ᠶᠢᠡᠨ ᠪᠢᠳᠠ ᠵᠢᠩᠭᠢᠨᠢ ᠪᠠᠷ ᠨᠥᠯᠦᠭᠡ ᠶᠢ ᠨᠢ ᠶᠡᠭᠡᠳᠭᠡᠵᠤ᠂ ᠭᠡᠪᠴᠢᠶ᠎ᠡ ᠶᠢ ᠨᠢ ᠦᠷᠭᠡᠳᠭᠡᠵᠤ ᠳᠡᠯᠡᠭᠡᠢ ᠳ᠋ᠠᠭᠢᠨ ᠳᠤ ᠭᠠᠢ᠌ᠬᠠᠭᠤᠯᠤᠨ᠂ ᠳᠡᠯᠡᠭᠡᠢ ᠶᠢᠨ ᠵᠠᠬ᠎ᠠ ᠳᠡᠯᠭᠡᠭᠦᠷ ᠢ ᠡᠵᠡᠯᠡᠭᠦᠯᠭᠦ ᠭᠡᠮᠵᠢᠶᠡᠨ ᠳᠤ ᠭᠦᠷᠳᠡᠯ᠎ᠡ ᠭᠡᠯᠡᠯᠭᠡᠨ ᠦᠭᠡᠶ ᠠᠨᠢᠷ ᠬᠤᠯᠠ ᠪᠠᠢ᠌ᠭᠰᠠᠭᠠᠷ ᠭᠡᠵᠤ ᠪᠢ ᠥᠷᠭᠦᠯᠵᠢ ᠪᠣᠳᠤᠳᠠᠭ᠃

ᠣᠷᠠᠯᠢᠭ ᠤᠨ ᠳᠠᠢ᠌ᠰᠠᠨ ᠡᠴᠡ ᠣᠠᠳᠤᠤ ᠭᠠᠵᠠᠷ ᠮᠤᠩᠭ᠋ᠤᠯ ᠬᠤᠪᠴᠠᠰᠤ ᠭᠤᠳᠤᠯ ᠢ ᠣᠯᠵᠤ ᠬᠠᠷᠠᠬᠤ ᠦᠭᠡᠶ ᠪᠣᠯᠵᠤ ᠪᠠᠢ᠌ᠭ᠎ᠠ ᠦᠨᠦᠳᠤᠷ ᠳᠤᠭᠠᠳᠠᠢ ᠭᠡᠳᠤᠨ ᠣᠶᠤᠵᠤ ᠣᠷᠤᠯᠳᠤᠳᠠᠭ ᠭᠦᠮᠦᠰ ᠶᠢᠡᠨ ᠰᠤᠨᠢᠨ ᠰᠡᠳᠭᠦᠯ ᠳᠸᠯᠸᠢᠰ ᠭᠦᠰᠢᠭᠡᠨ ᠳᠡᠭᠡᠷ᠎ᠡ ᠰᠤᠨᠢᠨ ᠮᠡᠳᠡᠭᠡ ᠪᠣᠯᠭᠠᠵᠤ ᠣᠯᠵᠠᠷᠬᠠᠳᠠᠭ ᠶᠠᠪᠣᠳᠠᠯ ᠨᠢ ᠳᠠᠷᠤᠢ ᠮᠠᠨᠤᠰ ᠲᠤ ᠮᠤᠩᠭ᠋ᠤᠯ ᠣᠶᠤᠳᠠᠯ ᠣᠷᠠᠯᠠᠯ ᠤᠨ ᠭᠦᠷᠢᠶ᠎ᠡ ᠭᠡᠪᠴᠢᠶ᠎ᠡ ᠶᠠᠪᠣᠬᠤ ᠳᠤᠳᠤᠮ ᠵᠢᠷᠦᠭᠡ ᠰᠢᠮᠰᠢᠷᠠᠳᠠᠯ᠎ᠠ ᠢᠪᠴᠤᠤᠳᠠᠵᠤ ᠪᠠᠢ᠌ᠭ᠎ᠠ ᠶᠢ ᠳᠤᠳᠤᠬᠠᠨ ᠬᠠᠷᠠᠭᠤᠯᠵᠤ ᠪᠠᠢ᠌ᠭ᠎ᠠ ᠶᠤᠮ᠃

ᠮᠦᠨ ᠦᠨᠦᠳᠤᠷ ᠮᠠᠨ ᠤ ᠮᠤᠩᠭ᠋ᠤᠯ ᠦᠨᠳᠦᠰᠦᠳᠠᠨ ᠤ ᠦᠬᠢᠳ ᠨᠢ ᠣᠢ᠌ᠯᠠ ᠣᠶᠤᠳᠠᠯ ᠣᠶᠤᠵᠤ ᠴᠢᠳᠠᠬᠤ ᠦᠭᠡᠶ ᠭᠦᠤ ᠨᠢ ᠴᠢᠳᠤᠷ ᠮᠤᠰᠭᠢᠵᠤ ᠳᠠᠰᠢᠭᠤᠷ ᠭᠦᠷᠦᠵᠤ ᠴᠢᠳᠠᠬᠤ ᠦᠭᠡᠶ ᠪᠣᠯᠵᠤ ᠪᠠᠢ᠌ᠭ᠎ᠠ ᠨᠢ ᠮᠤᠩᠭ᠋ᠤᠯ ᠰᠤᠶᠤᠯ ᠤᠨ ᠭᠦᠷᠦᠰᠤᠨ ᠤ ᠳᠠᠴᠢᠷᠳᠠᠯ ᠮᠦᠨ ᠭᠡᠵᠤ ᠪᠣᠳᠤᠬᠤ ᠡᠴᠡ ᠮᠢᠨᠤ ᠵᠢᠷᠦᠭᠡ ᠦᠪᠡᠷ ᠤᠨ ᠡᠷᠭᠡ ᠦᠭᠡᠶ ᠡᠮᠵᠡᠭᠯᠡᠵᠤ ᠵᠤᠪᠠᠳᠠᠭ ᠪᠢᠯᠠ᠃ ᠳᠡᠭᠡᠭᠦ ᠳᠡᠭᠡᠨ ᠪᠢ ᠦᠨᠳᠦᠰᠦᠳᠠᠨ ᠤ ᠪᠠᠨ ᠰᠤᠶᠤᠯ ᠢ ᠠᠪᠣᠷᠠᠬᠤ᠂ ᠬᠠᠢ᠌ᠷᠠᠯᠠᠬᠤ᠂ ᠣᠯᠠᠮᠵᠢᠯᠠᠬᠤ᠂ ᠭᠦᠭ᠍ᠵᠢᠭᠦᠯᠭᠦ ᠭᠡᠰᠡᠨ ᠣᠯᠠᠭᠠᠨ ᠵᠢᠷᠦᠭᠡᠨ ᠤ ᠣᠭ ᠡᠴᠡ ᠬᠠᠢ᠌ᠷ᠎ᠠ ᠵᠤᠷᠢᠭ ᠬᠤᠶᠠᠷ ᠤᠨ ᠶᠢᠡᠨ ᠭᠦᠴᠤᠨ ᠳᠤ ᠶ‍ᠢᠰᠦᠭᠡᠨ ᠨᠠᠰᠤᠳᠠᠢ ᠦᠶ᠎ᠡ ᠡᠴᠡ ᠡᠭᠢᠯᠡᠵᠤ ᠰᠤᠷᠤᠭᠰᠠᠨ ᠮᠤᠩᠭ᠋ᠤᠯ ᠣᠶᠤᠳᠠᠯ ᠣᠷᠠᠯᠠᠯ ᠶᠢᠡᠨ ᠦᠪᠡᠷ ᠤᠨ ᠦᠨᠳᠦᠰᠦᠳᠠᠨ ᠤ ᠪᠠᠨ ᠬᠠᠳᠠᠨ ᠪᠣᠰᠤᠭ᠎ᠠ ᠣᠭᠠᠯᠵᠠᠨ ᠥᠰᠦᠭ᠌ ᠪᠢᠴᠢᠭ᠌ ᠶᠢᠡᠷ ᠶᠢᠡᠨ ᠳᠡᠮᠳᠡᠭᠯᠡᠵᠤ ᠥᠯᠡᠳᠡᠭᠡᠭᠦ ᠪᠠᠷ ᠦᠪᠡᠷ ᠤᠨ ᠪᠠᠶ᠎ᠠ ᠶᠢᠨ ᠳᠡᠩᠭᠡᠭᠡ ᠳᠠᠮᠢᠷ ᠶᠢᠡᠨ ᠰᠢᠪᠬᠠᠵᠤ ᠪᠢᠯᠠ᠃ ᠮᠢᠨᠤ ᠢᠩᠭᠢᠵᠤ ᠭᠢᠭ᠍ᠰᠡᠨ ᠨᠢ ᠪᠢ ᠡᠭᠦᠨ ᠶᠢᠡᠷ ᠠᠯᠳᠠᠷ ᠨᠠᠷ᠎ᠠ ᠮᠠᠠᠳᠤᠶ᠎ᠠ ᠭᠡᠰᠡᠨ ᠪᠢᠰᠢ᠂ ᠮᠦᠨ ᠴᠤ ᠮᠥᠩᠭᠦ ᠵᠤᠭᠤᠰ ᠣᠯᠵᠤ ᠪᠠᠶᠠᠵᠢᠶ᠎ᠠ ᠭᠡᠰᠡᠨ ᠴᠤ ᠪᠢᠰᠢ᠂ ᠬᠠᠷᠢᠨ ᠦᠨᠳᠦᠰᠦᠳᠠᠨ ᠤ ᠪᠠᠨ ᠡᠨᠡᠭᠦ ᠭᠡᠰᠡᠭ᠌ ᠰᠤᠶᠤᠯ ᠢ ᠭᠡᠭᠡᠭ᠍ᠳᠡᠵᠤ ᠣᠷᠭᠢᠭᠳᠠᠬᠤ ᠠᠶᠤᠯ ᠡᠴᠡ ᠠᠪᠣᠷᠠᠬᠤ ᠣᠯᠠᠮᠵᠢ ᠵᠠᠯᠭᠠᠮᠵᠢ ᠲᠡᠶ ᠪᠣᠯᠭᠠᠶ᠎ᠠ ᠭᠡᠰᠡᠨ ᠴᠤᠷ ᠤᠨ ᠭᠠᠭᠴᠠ ᠵᠤᠷᠢᠯᠭ᠎ᠠ ᠪᠣᠯᠬᠤ ᠶᠤᠮ᠃

ᠦᠨᠳᠦᠰᠦᠳᠠᠨ ᠤ ᠳᠤᠮᠤ ᠣᠷᠤᠨ᠂ ᠳᠤᠮᠤ ᠬᠤᠳᠠ ᠳᠤᠮᠤ ᠬᠤᠰᠢᠭᠤ ᠶᠢ ᠪᠠᠢ᠌ᠭᠤᠯᠬᠤ ᠶᠢ ᠨᠠᠮ ᠵᠠᠰᠠᠭ ᠡᠴᠡ ᠡᠷᠴᠢᠮᠳᠡᠢ ᠣᠷᠢᠶᠠᠯᠠᠵᠤ ᠪᠠᠢ᠌ᠭ᠎ᠠ ᠦᠨᠦᠳᠤᠷ ᠮᠤᠩᠭ᠋ᠤᠯ ᠰᠤᠶᠤᠯ ᠤᠨ ᠮᠢᠨᠢ ᠭᠦᠭ᠍ᠵᠢᠯ ᠮᠠᠠᠳᠤᠯ ᠵᠣᠢ᠌ᠷᠯᠠᠰᠢ ᠦᠭᠡᠶ ᠶᠡᠭᠡ ᠭᠦᠰᠡᠯ ᠡᠷᠡᠮᠡᠯᠵᠡᠯ ᠲᠡᠶ ᠪᠣᠯᠤᠭᠰᠠᠨ ᠪᠦᠭᠡᠤᠨ ᠪᠠᠳᠤᠯᠭ᠎ᠠ ᠲᠡᠶ ᠪᠣᠯᠤᠯ᠎ᠠ᠃ ᠦᠨᠳᠦᠰᠦᠳᠠᠨ ᠤ ᠮᠢᠨᠢ ᠭᠦᠭ᠍ᠵᠢᠯ ᠮᠠᠠᠳᠤᠯ ᠨᠠᠩ ᠭᠡᠭᠡᠨ ᠰᠠᠷᠠᠭᠤᠯ ᠢᠷᠡᠭᠡᠳᠦᠢ ᠲᠡᠶ ᠪᠣᠯᠤᠯ᠎ᠠ᠃

ᠨᠠᠮ ᠤᠨ ᠦᠨᠳᠦᠰᠦᠳᠠᠨ ᠤ ᠲᠦᠷᠦ ᠶᠢᠨ ᠪᠣᠳᠤᠯᠭ᠎ᠠ ᠶᠢᠨ ᠳᠤᠶᠠᠭᠠᠯᠠᠯ ᠳᠤᠤᠷ᠎ᠠ ᠦᠨᠳᠦᠰᠦᠳᠠᠨ ᠤ ᠪᠠᠨ ᠡᠭᠡ ᠰᠤᠶᠤᠯ ᠤᠨ ᠭᠦᠭ᠍ᠵᠢᠯ ᠤᠨ ᠳᠦᠯᠦᠭᠡ ᠡᠷᠳᠡᠮ ᠤᠨ ᠡᠷᠢᠯ ᠳᠤ ᠮᠤᠷᠳᠤᠭ᠎ᠠ ᠵᠠᠯᠠᠭᠤ ᠨᠢᠭᠡ ᠦᠶ᠎ᠡ ᠶᠢᠨ ᠭᠢᠳ ᠮᠢᠨᠢ᠂ ᠮᠤᠩᠭ᠋ᠤᠯ ᠦᠨᠳᠦᠰᠦᠳᠠᠨ ᠤ ᠰᠤᠶᠤᠯ ᠤᠨ ᠭᠢᠵᠠᠭᠠᠯᠠᠰᠢ ᠦᠭᠡᠶ ᠦᠨ᠎ᠡ ᠴᠠᠨ᠎ᠠ ᠲᠡᠶ ᠮᠥᠷᠳᠡᠭᠡᠨ ᠣᠷᠭᠢᠭᠳᠠᠨ ᠭᠡᠭᠡᠭ᠍ᠳᠡᠵᠤ ᠪᠣᠯᠤᠰᠢ ᠦᠭᠡᠶ ᠴᠢᠬᠤᠯᠠ ᠨᠢᠭᠡᠨ ᠭᠡᠰᠡᠭ᠌ ᠪᠣᠯᠬᠤ ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ ᠤᠨ ᠶᠢᠡᠨ ᠭᠦᠷᠢᠶ᠎ᠡ ᠭᠡᠪᠴᠢᠶ᠎ᠡ ᠶᠢ ᠨᠠᠩ ᠳᠦᠷᠭᠡᠨ ᠦᠷᠭᠡᠳᠭᠡᠵᠤ᠂ ᠣᠯᠤᠰ ᠤᠨ ᠳᠤᠳᠤᠭᠠᠳᠤ ᠭᠠᠳᠠᠭᠠᠳᠤ ᠶᠢᠨ ᠰᠤᠶᠤᠯ ᠤᠨ ᠣᠭᠢ ᠰᠢᠯᠢᠳᠡᠭ᠌ ᠳᠠᠯ᠎ᠠ ᠶᠢ ᠳᠡᠭᠦᠨ ᠳᠡᠭᠡᠨ ᠠᠭᠤᠰᠬᠠᠨ ᠰᠢᠩᠭᠡᠭᠡᠵᠤ᠂ ᠣᠶᠤᠳᠠᠯ ᠣᠷᠠᠯᠠᠯ ᠶᠢᠡᠨ ᠣᠯᠠᠮ ᠣᠷᠠᠯᠢᠭ ᠨᠠᠷᠢᠯᠢᠭ ᠪᠣᠯᠭᠠᠵᠤ᠂ ᠥᠭᠡᠷᠡᠴᠢᠯᠡᠯᠳᠡ ᠰᠢᠨᠠᠴᠢᠯᠠᠯᠳᠠ ᠲᠡᠶ ᠪᠠᠷ ᠣᠯᠠᠮᠵᠢᠯᠠᠨ ᠳᠡᠯᠭᠡᠷᠡᠭᠦᠯᠵᠤ ᠳᠡᠯᠡᠭᠡᠢ᠌ᠵᠢᠭᠦᠯᠭᠦ ᠶᠢ ᠴᠢᠨᠢ ᠪᠢ ᠭᠦᠰᠡᠨ ᠵᠦᠩᠨᠠᠶ᠎ᠠ︕ ᠦᠨᠳᠦᠰᠦᠳᠠᠨ ᠤ ᠰᠤᠶᠤᠯ ᠤᠨ ᠢᠷᠡᠭᠡᠳᠦᠢ ᠪᠣᠯ ᠳᠠᠨ ᠤ ᠭᠢ ᠶᠤᠮ᠃

ᠮᠢᠨᠤ ᠰᠤᠶᠤᠯ ᠤᠨ ᠭᠡᠮᠵᠢᠶ᠎ᠡ ᠪᠣᠯᠤᠨ ᠢᠯᠡᠳᠭᠡᠭᠦ ᠴᠢᠳᠠᠪᠣᠷᠢ ᠶᠢᠨ ᠭᠢᠵᠠᠭᠠᠷᠯᠠᠯ ᠡᠴᠡ ᠪᠣᠯᠵᠤ ᠨᠤᠮ ᠳᠤ ᠮᠠᠨᠢ ᠪᠦᠷᠢᠨ ᠭᠦᠢᠴᠡᠳ ᠦᠭᠡᠶ ᠳᠠᠯ᠎ᠠ ᠣᠯᠠᠨ ᠪᠠᠢ᠌ᠵᠤ ᠮᠠᠳᠠᠨ᠎ᠠ᠃ ᠨᠤᠮ ᠪᠢᠴᠢᠭ᠌ ᠤᠨ ᠦᠨᠡᠠᠴᠢ ᠭᠤᠤᠯᠴᠢ ᠳᠡᠩᠨᠡᠭᠦᠷ ᠨᠢ ᠪᠣᠯᠤᠭᠰᠠᠨ ᠡᠷᠭᠢᠮ ᠣᠩᠰᠢᠭᠴᠢᠳ ᠮᠢᠨᠢ ᠡᠨᠡᠭᠦ ᠳᠠᠪᠳᠠᠷ ᠤᠨ ᠦᠨ᠎ᠡ ᠴᠠᠨ᠎ᠠ ᠲᠡᠶ ᠳᠠᠯ᠎ᠠ ᠶᠢ ᠣᠯᠠᠮᠵᠢᠯᠠᠨ ᠭᠦᠭ᠍ᠵᠢᠭᠦᠯᠵᠤ ᠭᠦᠢᠴᠡᠳ ᠦᠭᠡᠶ ᠳᠠᠯ᠎ᠠ ᠶᠢ ᠨᠢ ᠢᠯᠳᠠᠷ ᠦᠭᠡᠶ ᠰᠢᠭᠦᠮᠵᠢᠯᠡᠨ ᠡᠷᠭᠢᠮ ᠦᠨᠡᠳᠤ ᠰᠤᠷᠭᠠᠯ ᠶᠢᠡᠨ ᠰᠤᠶᠤᠷᠬᠠᠬᠤ ᠶᠢ ᠡ᠊ᠨᠳᠡ ᠪᠢ ᠣᠠᠴᠠᠯᠠᠨ ᠭᠦᠰᠡᠵᠤ ᠪᠠᠢ᠌ᠭ᠎ᠠ ᠪᠠᠨ ᠢᠯᠡᠳᠭᠡᠶ᠎ᠡ᠃

ᠬᠠᠮᠤᠭ ᠡᠴᠦᠰ ᠲᠤ᠂ ᠦᠨᠦᠳᠤᠷ ᠤᠨ ᠬᠤᠷᠠᠯ ᠳᠡᠭᠡᠷ᠎ᠡ ᠦᠪᠡᠷ ᠤᠨ ᠦᠵᠡᠯᠳᠠ ᠦᠨᠡᠯᠠᠯᠳᠠ ᠭᠢᠭᠡᠤᠨ ᠡᠷᠭᠢᠮ ᠦᠨᠡᠳᠤ ᠰᠤᠷᠭᠠᠯ ᠶᠢᠡᠨ ᠬᠠᠷᠠᠮ ᠦᠭᠡᠶ ᠬᠠᠢ᠌ᠷᠠᠯᠠᠭᠰᠠᠨ ᠨᠠᠷ᠎ᠠ ᠭᠦᠡᠳᠦᠳᠤ ᠡᠷᠳᠡᠮᠳᠡᠨ ᠰᠤᠳᠤᠯᠭᠠᠳᠠᠤᠨ ᠲᠤ ᠴᠢᠩ ᠰᠠᠤᠠᠭᠢᠯ ᠤᠨ ᠳᠠᠯᠠᠷᠬᠠᠯ ᠶᠢᠡᠨ ᠳᠡᠪᠰᠢᠭᠦᠯᠦᠶ᠎ᠡ︕

ᠦᠨᠳᠦᠰᠦᠳᠠᠨ ᠤ ᠮᠢᠨᠢ ᠰᠤᠶᠤᠯ ᠤᠨ ᠥᠩᠭᠡ ᠭᠢᠯᠪᠠᠭ᠎ᠠ ᠦᠨᠢ ᠡᠭᠦᠷᠢᠳᠡ ᠰᠠᠴᠤᠷᠠᠳᠤᠭᠠᠢ︕

ᠳᠠ ᠪᠦᠭᠦᠨ ᠳᠡᠭᠡᠨ ᠠᠵᠠ ᠵᠢᠷᠭᠠᠯ ᠭᠦᠰᠡᠶ᠎ᠡ︕

ᠳᠠᠯᠠᠷᠬᠠᠯ᠎ᠠ︕

ᠵᠤᠬᠢᠶᠠᠭᠴᠢ᠄ ᠰᠠᠷᠵᠢᠮ᠎ᠠ
ᠢᠷᠡᠯᠲᠡ᠄ ᠳᠤᠰ ᠰᠦᠯᠵᠢᠶ᠎ᠠ
ᠬᠠᠷᠢᠶ᠎ᠠ᠄ ᠰᠤᠶᠤᠯ ᠣᠷᠠᠯᠢᠭ
ᠳᠠᠷᠤᠮ᠄ 6997
ᠴᠠᠭ᠄ 2006 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ