《ᠳᠤᠩᠭ᠋ᠠᠯᠠᠭ ᠳᠠᠮᠢᠷ》 ᠡᠴᠡ ᠱᠥᠭᠦᠭ᠍ᠰᠡᠨ ᠱᠢᠷᠤ ᠰᠤᠪᠣᠤᠨ

《ᠳᠤᠩᠭ᠋ᠠᠯᠠᠭ ᠳᠠᠮᠢᠷ》 ᠭᠡᠮᠡᠭᠦ ᠡᠨᠡᠭᠦ ᠭᠠᠢ᠌ᠬᠠᠮᠰᠢᠭᠳᠤ ᠷᠤᠮᠠᠨ ᠢ ᠣᠩᠰᠢᠭᠰᠠ ᠦᠭᠡᠶ ᠮᠤᠩᠭ᠋ᠤᠯ ᠭᠦᠮᠤᠨ ᠭᠡᠵᠤ ᠪᠠᠢ᠌ᠳᠠᠭ ᠪᠣᠯᠪᠠᠤ︖ ᠮᠢᠨᠤ ᠬᠠᠮᠤᠭ ᠤᠨ ᠳᠤᠷ᠎ᠠ ᠲᠡᠶ ᠵᠤᠬᠢᠶᠠᠯ ᠶᠤᠮ᠃ ᠭᠡᠭᠡᠨ ᠪᠠᠯᠴᠢᠷ ᠨᠠᠰᠤᠨ ᠳᠠᠭᠠᠨ 《ᠭᠡᠷᠪᠡ ᠭᠠᠳᠠᠭᠠᠳᠤ ᠳᠤ ᠣᠯᠠᠨ ᠵᠢᠯ ᠰᠠᠷ᠎ᠠ ᠪᠠᠷ ᠠᠮᠢᠳᠤᠷᠠᠬᠤ ᠪᠣᠯᠪᠠᠯ ᠡᠨᠡ ᠯᠠ ᠨᠤᠮ ᠢ ᠠᠪᠴᠤ ᠶᠠᠪᠣᠨ᠎ᠠ》 ᠭᠡᠵᠤ ᠪᠣᠳᠤᠳᠠᠭ ᠪᠠᠢ᠌ᠯ᠎ᠠ᠃ ᠳᠡᠭᠡᠭᠡᠳ ᠴᠤ ᠨᠠᠯᠢᠶᠠᠤᠨ ᠭᠡᠳᠤᠨ ᠵᠢᠯ ᠤᠨ ᠡᠮᠦᠨ᠎ᠡ ᠪᠦᠭᠦᠳᠡ ᠨᠠᠢ᠌ᠷᠠᠮᠳᠠᠬᠤ ᠰᠤᠯᠤᠩᠭ᠋ᠤᠰ ᠣᠯᠤᠰ ᠲᠤ ᠠᠵᠢᠯᠯᠠᠵᠤ ᠪᠠᠢ᠌ᠬᠤ ᠳᠠᠭᠠᠨ ᠬᠠᠢ᠌ᠷ᠎ᠠ ᠲᠡᠶ ᠨᠤᠮ ᠶᠢᠡᠷ ᠶᠢᠡᠨ 《ᠬᠠᠨᠢ》 ᠪᠠᠨ ᠭᠢᠭ᠍ᠰᠡᠨ ᠰᠡᠳᠭᠢᠯ ᠳ᠋ᠡᠭᠡᠨ ᠲ᠋ᠡᠪᠳᠦᠭᠡᠵᠤ ᠶᠠᠪᠣᠭᠰᠠᠨ ᠳ᠋ᠠ᠃

ᠴᠠᠭᠢᠭᠤᠷ ᠳᠠᠮᠤᠷ ᠮᠤᠷᠢᠨ ᠳᠡᠭᠡᠷ᠎ᠡ ᠳᠠᠪᠭᠢᠵᠤ ᠶᠠᠪᠣᠬᠤ ᠳᠠᠭᠠᠨ ᠥᠷᠭᠦᠯᠵᠢ 《ᠡᠷᠳᠡᠨᠢ ᠵᠠᠰᠠᠭ ᠤᠨ ᠣᠨᠠᠭ᠎ᠠ》 ᠳᠠᠭᠤᠤ ᠶᠢ ᠳᠠᠭᠤᠯᠠᠵᠤ ᠶᠠᠪᠣᠳᠠᠭ᠂ ᠡᠭᠦᠨ ᠢ ᠠᠩᠵᠠᠷᠠᠭᠰᠠᠨ ᠳᠤᠯᠮ᠎ᠠ ᠨᠢᠭᠡ ᠣᠳᠠᠭ᠎ᠠ 《ᠴᠢ ᠡᠨᠡ ᠳᠠᠭᠤᠤ ᠶᠢ ᠶᠠᠭᠤᠨ ᠳᠤ ᠥᠷᠭᠦᠯᠵᠢ ᠳᠠᠭᠤᠯᠠᠳᠠᠭ ᠶᠤᠮ ᠪᠣᠢ︖》 ᠭᠡᠭᠦ ᠳᠤ : 《ᠬᠤᠯᠠ ᠵᠠᠮ ᠳᠠᠪᠭᠢᠵᠤ ᠶᠠᠪᠣᠬᠤ ᠳᠤ ᠨᠤᠳᠤᠭ ᠮᠢᠨᠢ ᠪᠣᠯᠳᠠᠭ᠂ ᠶᠠᠳᠠᠷᠠᠬᠤ ᠳᠤ ᠭᠦᠴᠤ᠂ ᠥᠯᠦᠰᠭᠦ ᠳᠤ ᠬᠤᠭᠤᠯᠠ ᠪᠣᠯᠳᠠᠭ ᠰᠠᠢ᠌ᠬᠠᠨ ᠳᠠᠭᠤᠤ ᠶᠤᠮ ᠰᠢᠤ》 ᠭᠡᠮᠡᠨ ᠬᠠᠷᠢᠭᠤᠯᠳᠠᠭ ᠪᠠᠢ᠌ᠭᠰᠠᠨ ᠳ᠋ᠠ᠃ ᠳᠡᠭᠦᠨ ᠯᠦᠭᠡ ᠨᠢᠭᠡᠨ ᠠᠳᠠᠯᠢ ᠡᠭᠡ ᠣᠷᠤᠨ ᠡᠴᠡ ᠪᠠᠨ ᠠᠯᠤᠰ ᠲᠤ ᠶᠠᠪᠣᠭᠰᠠᠨ ᠮᠢᠨᠤ ᠰᠡᠳᠭᠢᠯ ᠳᠤ ᠨᠤᠳᠤᠭ ᠮᠢᠨᠢ ᠪᠣᠯᠵᠤ᠂ ᠶᠠᠳᠠᠷᠠᠬᠤ ᠳᠤ ᠭᠦᠴᠤ᠂ ᠥᠯᠦᠰᠭᠦ ᠳᠤ ᠬᠤᠭᠤᠯᠠ ᠪᠣᠯᠵᠤ ᠪᠠᠢ᠌ᠭᠰᠠᠨ ᠬᠤᠪᠢᠯᠭᠠᠨ ᠰᠢᠳᠢ ᠡᠨᠡ ᠷᠤᠮᠠᠨ ᠳᠤ ᠪᠣᠢ᠃

ᠣᠩᠰᠢᠭᠴᠢ ᠶᠢᠨ ᠰᠡᠳᠭᠢᠯ ᠣᠶᠤᠨ ᠢ ᠰᠤᠷᠢᠠᠵᠢᠨ ᠮᠠᠳᠤ ᠳᠠᠳᠠᠬᠤ ᠣᠪᠠᠳᠢᠰ᠂ ᠢᠳᠠ ᠰᠢᠳᠢ ᠲᠡᠶ ᠡᠨᠡᠭᠦ ᠷᠤᠮᠠᠨ ᠢ ᠠᠩᠬ᠎ᠠ ᠭᠤᠷᠪᠠᠳᠤᠭᠠᠷ ᠠᠩᠭᠢ ᠳᠤ ᠪᠠᠢ᠌ᠬᠤ ᠳᠠᠭᠠᠨ ᠵᠤᠨ ᠤ ᠠᠮᠷᠠᠯᠳᠠ ᠪᠠᠷ ᠶᠢᠡᠨ ᠣᠩᠰᠢᠭᠰᠠᠨ ᠶᠢᠡᠨ ᠮᠠᠷᠳᠠᠭ᠎ᠠ ᠦᠭᠡᠶ ᠶᠤᠮ᠃ ᠳᠠᠷᠠ ᠦᠶ᠎ᠡ ᠳᠤ ᠠᠷᠪᠠᠨ ᠨᠠᠰᠤ ᠲᠡᠶ ᠵᠢᠭᠠᠯ ᠭᠦᠤ ᠡᠨᠡ ᠳᠤᠮᠤ ᠷᠤᠮᠠᠨ ᠡᠴᠡ ᠶᠠᠭᠤ ᠣᠢ᠌ᠯᠠᠭᠠᠵᠤ ᠪᠠᠢ᠌ᠭᠰᠠᠨ ᠪᠣᠯ ᠪᠣᠤ ᠮᠠᠳᠠ᠃ ᠭᠡᠭᠦ ᠳᠡᠭᠡᠨ ᠯᠠ ᠮᠢᠨᠤ ᠰᠡᠳᠭᠢᠯ ᠵᠢᠷᠦᠭᠡᠨ ᠤ ᠬᠠᠮᠢᠭ᠎ᠠ ᠨᠢᠭᠡ ᠣᠷᠠᠨ ᠵᠤᠬᠢᠶᠠᠯ ᠳᠤ ᠳᠤᠷᠠᠯᠠᠬᠤ ᠨᠢᠭᠡᠨ ᠪᠢᠴᠢᠬᠠᠨ ᠭᠠᠯ ᠠᠰᠠᠭᠰᠠᠨ ᠪᠠᠢ᠌ᠬ᠎ᠠ᠃

ᠣᠤᠠᠬ᠎ᠠ ᠵᠤᠬᠢᠶᠠᠯ ᠳᠤ ᠡᠴᠦᠨᠡᠨ ᠰᠤᠷᠤᠯᠴᠠᠵᠤ᠂ ᠪᠢᠴᠢᠭᠦ ᠠᠷᠭ᠎ᠠ ᠵᠦᠢ᠌ ᠳᠤ ᠪᠠᠶ᠎ᠠ ᠪᠠᠨ ᠳᠠᠭᠠᠭᠠᠨ ᠪᠣᠯᠪᠠᠰᠤᠷᠠᠬᠤ ᠣᠷᠠᠨ ᠢᠷᠠᠭᠤ ᠨᠠᠢ᠌ᠷᠠᠭᠤᠯᠭ᠎ᠠ ᠡᠵᠡᠮᠰᠢᠭᠦ ᠭᠡᠰᠡᠨ ᠭᠦᠰᠡᠯ ᠮᠥᠷᠦᠭᠡᠳᠦᠯ ᠡᠴᠡ ᠮᠢᠨᠢ ᠰᠤᠷᠭᠠᠮᠵᠢᠳᠤ ᠪᠠᠭᠰᠢ ᠨᠢ ᠡᠨᠡ ᠷᠤᠮᠠᠨ ᠪᠣᠶᠤ᠃ ᠭᠡᠯᠡᠶ᠎ᠡ ᠭᠡᠰᠡᠨ ᠰᠠᠨᠠᠭ᠎ᠠ ᠪᠠᠨ ᠭᠡᠯᠡᠵᠤ ᠴᠢᠳᠠᠬᠤ ᠦᠭᠡᠶ ᠣᠬᠠᠭᠠᠨ ᠮᠡᠭᠦᠰᠳᠡᠭᠦ᠂ ᠣᠨᠤᠪᠴᠢᠳᠠᠢ ᠥᠭᠡ ᠶᠢ ᠣᠯᠵᠤ ᠳ᠋ᠦᠩᠨᠡᠭᠦ ᠦᠭᠡᠶ᠂ ᠥᠵᠦᠭ᠌ ᠶᠢᠡᠨ ᠮᠡᠷᠡᠭᠦ ᠦᠶ᠎ᠡ ᠳᠡᠭᠡᠨ ᠮᠦᠨ ᠴᠤ ᠣᠯᠠᠨ ᠣᠳᠠᠭ᠎ᠠ ᠰᠥᠭᠦᠵᠤ ᠬᠠᠷᠠᠭᠰᠠᠨ ᠳ᠋ᠠ᠃ ᠣᠩᠰᠢᠬᠤ ᠪᠦᠷᠢ ᠣᠬᠠᠭᠠᠨ ᠳᠠᠯᠠᠵᠤ᠂ ᠳᠤᠪᠣ ᠰᠤᠠᠳᠤᠯᠢ ᠦᠭᠡᠶ ᠳᠡᠭ᠍ᠰᠢ ᠰᠠᠢ᠌ᠬᠠᠨ ᠳᠠᠯ᠎ᠠ ᠭᠠᠵᠠᠷ ᠶᠢᠡᠷ ᠬᠠᠳᠠᠷᠢᠭᠤᠯᠬᠤ ᠮᠠᠳᠤ ᠰᠡᠳᠭᠢᠯ ᠤᠨ ᠴᠡᠩᠭᠡᠯ ᠡᠳ᠋ᠯᠡᠭᠦᠯᠭᠦ ᠨᠢ ᠳᠠᠩᠴᠢ ᠣᠷᠮ᠎ᠠ ᠲᠡᠶ ᠶᠤᠮ᠃

ᠨᠠᠢ᠌ᠷᠠᠭᠤᠯᠭ᠎ᠠ ᠰᠠᠢ᠌ᠵᠢᠷᠠᠭᠤᠯᠬᠤ᠂ ᠥᠭᠡ ᠶᠢᠨ ᠣᠤᠠᠬ᠎ᠠ ᠳᠤ ᠨᠡᠪᠳᠡᠷᠡᠭᠦ ᠶᠢᠨ ᠳᠤᠯᠠᠳᠠ ᠯ·ᠳᠤᠯᠰᠲ᠋ᠤᠢ᠂ ᠪᠠᠸᠧᠪᠧᠯ ᠤᠨ ᠰᠤᠳᠤᠯᠤᠳᠠ ᠶᠢ ᠣᠯᠠᠠᠳᠠ ᠣᠩᠰᠢᠵᠤ ᠬᠠᠭᠤᠯᠤᠨ ᠪᠢᠴᠢᠵᠤ ᠪᠠᠢ᠌ᠭᠰᠠᠨ ᠭᠡᠮᠡᠳᠡᠭ᠌᠃ ᠪᠠᠰᠠ ᠠᠮᠸᠷᠢᠺᠠ ᠶᠢᠨ ᠶᠡᠷᠦᠩᠭᠡᠢ᠌ᠯᠡᠭ᠍ᠴᠢ ᠡ᠊·ᠯᠢᠩᠺᠦᠯᠢ ᠡᠭᠡ ᠭᠡᠯᠡ ᠪᠠᠨ ᠪᠦᠷᠢᠨ ᠡᠵᠡᠮᠰᠢᠭᠦ᠂ ᠥᠭᠡ ᠶᠢᠨ ᠨᠥᠭᠡᠴᠡ ᠪᠠᠨ ᠪᠠᠶᠠᠯᠢᠭᠵᠢᠭᠤᠯᠬᠤ ᠶᠢᠨ ᠳᠤᠯᠠᠳᠠ ᠱᠸᠺᠰᠫᠧᠷ ᠢ ᠰᠤᠳᠤᠯᠵᠤ᠂ ᠪᠧᠷᠢᠨᠠᠽ ᠶᠢᠨ ᠳᠤᠬᠠᠢ ᠯᠢᠺᠽ ᠪᠢᠴᠢᠵᠤ᠂ ᠪᠧᠸᠷᠦᠧ ᠶᠢᠨ ᠰᠢᠯᠦᠭ᠌ ᠤᠳ ᠢ ᠴᠡᠭᠡᠵᠢᠯᠡᠵᠤ ᠪᠠᠢ᠌ᠭᠰᠠᠨ ᠭᠡᠳᠡᠭ᠌᠃ ᠳᠡᠭᠡᠪᠠᠯ ᠴᠠ᠊·ᠯᠤᠳᠣᠢ᠌ᠳᠠᠮᠪᠠ ᠶᠢᠨ 《ᠳᠤᠩᠭ᠋ᠠᠯᠠᠭ ᠳᠠᠮᠢᠷ》 ᠷᠤᠮᠠᠨ ᠨᠢ ᠮᠤᠬᠤᠭᠤ ᠮᠦᠴᠢᠳ ᠪᠣᠳᠤᠯ ᠲᠡᠶ᠂ ᠮᠤᠳᠤᠨ ᠥᠭᠡ ᠭᠡᠯᠯᠡᠭᠡ ᠲᠡᠶ᠂ ᠮᠤᠯᠤᠭᠠᠢ ᠪᠢᠴᠢᠭᠡᠴᠢ ᠮᠢᠨᠤ ᠰᠡᠳᠭᠢᠯ ᠳᠤ ᠡᠭᠦᠯᠡᠨ ᠴᠢᠯᠦᠭᠡᠨ ᠤ ᠨᠠᠷᠠᠨ ᠳᠤᠰᠬᠤ ᠮᠠᠳᠤ᠂ ᠭᠦᠪᠴᠢ ᠳᠠᠢ᠌ᠭ᠎ᠠ ᠳᠤ ᠳᠦᠭᠡᠷᠢᠨ ᠠᠩᠭ᠋ᠠᠵᠤ ᠴᠠᠩᠭ᠋ᠠᠵᠤ ᠶᠠᠪᠣᠬᠤ ᠳᠤ ᠬᠤᠷᠴᠢᠭᠢᠨᠠᠨ ᠣᠷᠤᠰᠬᠤ ᠭᠤᠷᠤᠬ᠎ᠠ ᠲᠡᠶ ᠣᠴᠠᠷᠠᠨ ᠴᠡᠭᠡᠵᠢ ᠳᠡᠪᠳᠡᠭᠡᠭᠦ ᠮᠠᠳᠤ ᠡᠢ᠌ᠮᠤ ᠳᠠᠢ᠌ᠮᠤ ᠢᠷᠠᠭᠤᠬᠠᠨ ᠪᠠᠶᠠᠷ ᠲᠡᠶ ᠪᠣᠳᠤᠯ ᠳᠦᠷᠦᠭ᠍ᠳᠡᠭᠦᠯᠦᠭᠡᠳ ᠪᠠᠶᠠᠰᠬᠠᠭᠰᠠᠨ ᠨᠤᠮ ᠰᠠᠨ᠃

ᠬᠡᠦᠬᠡᠳ ᠨᠠᠰᠤᠨ ᠳᠠᠭᠠᠨ᠂ ᠰᠠᠪᠠᠭ᠎ᠠ ᠥᠭᠡᠢ᠌ᠭᠡᠨ᠂ ᠵᠤᠬᠢᠶᠠᠯ ᠳᠤ ᠭᠠᠷᠴᠤ ᠪᠣᠢ ᠪᠦᠭᠦ ᠪᠠᠭᠠᠳᠤᠷᠴᠤᠳ ᠢ ᠨᠢ ᠨᠢᠭᠡᠳ ᠨᠢᠭᠡ ᠪᠠᠷ ᠨᠢ ᠳᠡᠭᠦᠪᠦᠷᠢᠯᠡᠵᠤ ᠥᠵᠡᠳᠡᠭ᠌ ᠪᠠᠢ᠌ᠭᠰᠠᠨ᠂ ᠪᠠᠷᠤᠭ 200 ᠳᠦᠭᠦᠵᠤ ᠪᠠᠢ᠌ᠭᠰᠠᠨ ᠰᠢᠭ᠃ ᠵᠥᠪᠭᠡᠨ᠂ ᠯᠤᠤ ᠭᠦᠩ ᠤᠨ ᠪᠠᠶᠠᠨ ᠢᠳᠡᠭᠡᠯ ᠤᠨ ᠳᠤᠬᠠᠢ ᠵᠤᠬᠢᠶᠠᠭᠴᠢ ᠶᠢᠨ ᠳᠤᠳᠤᠷᠬᠠᠢ᠌ᠯᠠᠯᠳᠠ᠂ ᠪᠣᠰᠤᠳ ᠪᠠᠭᠠᠳᠤᠷ ᠤᠳ ᠤᠨ ᠶᠠᠷᠢᠶ᠎ᠠ᠂ ᠦᠪᠡᠷ ᠤᠨ ᠭᠢᠨᠢ ᠥᠭᠦᠯᠡᠵᠤ ᠪᠠᠢ᠌ᠭ᠎ᠠ ᠥᠭᠡ ᠭᠡᠯᠯᠡᠭᠡ᠂ ᠶᠠᠷᠢᠶ᠎ᠠ ᠭᠦᠭᠡᠷᠦᠭᠡ᠂ ᠪᠣᠳᠤᠯ ᠰᠠᠨᠠᠯ ᠵᠡᠷᠭᠡ ᠶᠢ ᠳᠡᠭᠦᠪᠦᠷᠢᠯᠡᠨ ᠨᠢᠭᠡ ᠳᠠᠪᠳᠠᠷ ᠪᠣᠯᠭᠠᠭᠰᠠᠨ ᠶᠢᠡᠨ ᠰᠡᠳᠭᠦᠯᠴᠢ ᠠᠠᠳᠠ ᠳᠠᠭᠠᠨ ᠪᠠᠯᠡᠭ᠌ ᠪᠣᠯᠭᠠᠨ ᠪᠠᠷᠢᠭᠰᠠᠨ ᠪᠢᠯᠠ᠃ ᠦᠨᠦᠳᠤᠷ ᠨᠠᠳᠠ ᠳᠤ ᠭᠦᠯᠢᠶᠡᠨ ᠵᠥᠪᠰᠢᠶᠡᠷᠡᠭ᠍ᠳᠡᠵᠤ᠂ ᠨᠠᠷ᠎ᠠ ᠳᠤ ᠭᠠᠷᠤᠭᠰᠠᠨ ᠵᠠᠯᠠᠭᠤ ᠨᠠᠰᠤᠨ ᠤ ᠮᠢᠨᠢ ᠠᠠᠳᠠ ᠳᠠᠷᠠ ᠮᠢᠨᠢ 《ᠴᠢᠯᠠᠭᠤ (ᠡᠷᠳᠡᠨᠢ) ᠪᠣᠯᠭᠠᠵᠤ ᠴᠢᠳᠠᠭᠰᠠᠨ ᠡᠰᠡᠭᠦ ᠶᠢ ᠨᠢ ᠬᠠᠷᠢᠨ ᠮᠡᠳᠡᠭᠡ ᠦᠭᠡᠶ ᠨᠢ ᠡ》᠃

ᠰᠠᠶ‍ᠢᠬᠠᠨ ᠭᠡᠷᠡᠭ᠌ ᠲᠡᠶ ᠭᠡᠷᠡᠭ᠌ ᠦᠭᠡᠶ ᠪᠢᠴᠢᠭ᠌ ᠴᠠᠭᠠᠰᠤ᠂ ᠬᠠᠭᠤᠴᠢᠨ ᠪᠢᠴᠢᠮᠠᠯ᠂ ᠨᠤᠤᠷᠠᠭ ᠰᠠᠯᠳᠠ ᠪᠠᠨ ᠶᠠᠩᠵᠤᠯᠠᠵᠤ ᠰᠠᠭᠤᠳᠠᠯ᠎ᠠ 《ᠴᠠᠳᠠᠷᠪᠠᠯ ᠤᠨ ᠯᠤᠳᠣᠢ᠌ᠳᠠᠮᠪᠠ ᠶᠢᠨ ᠊᠊᠊᠊᠊᠊᠊᠊᠊᠊᠊᠊᠊᠊᠊ ᠳᠤᠩᠭ᠋ᠠᠯᠠᠭ ᠳᠠᠮᠢᠷ》 ᠭᠡᠮᠡᠨ ᠬᠠᠶ‍ᠢᠭᠯᠠᠭᠰᠠᠨ ᠨᠢᠭᠡᠨ ᠳᠠᠪᠳᠠᠷ ᠭᠠᠷᠴᠤ ᠢᠷᠠᠵᠤ᠂ ᠭᠡᠴᠢᠨᠡᠨ ᠶᠡᠭᠡ ᠪᠠᠷ ᠪᠠᠶᠠᠷᠯᠠᠭᠰᠠᠨ ᠢ ᠪᠣᠤ ᠮᠠᠳᠠ᠃ 《ᠪᠠᠢ᠌ᠷᠢ ᠡᠴᠡ ᠪᠠᠨ ᠭᠦᠳᠡᠯᠦᠭ᠍ᠰᠡᠨ ᠴᠢᠯᠠᠭᠤ ᠭᠤᠷᠪᠠᠨ ᠵᠢᠯ ᠵᠤᠪᠠᠳᠠᠭ》 ᠭᠡᠭ᠍ᠴᠢ ᠪᠠᠷ ᠰᠡᠭᠦᠯ ᠤᠨ ᠭᠡᠳᠤᠨ ᠵᠢᠯ ᠤᠨ ᠵᠠᠯᠬᠠᠭᠤᠷᠠᠮᠠᠷ ᠣᠯᠠᠨ ᠨᠡᠭᠦᠳᠡᠯ ᠰᠠᠭᠤᠳᠠᠯ᠂ ᠭᠦᠯ ᠭᠦᠳᠡᠯᠭᠡᠭᠡᠨ ᠡᠴᠡ ᠪᠣᠯᠤᠭᠠᠤᠨ ᠬᠠᠮᠢᠭ᠎ᠠ ᠶᠠᠭᠤ ᠭᠢᠭ᠍ᠰᠡᠨ ᠶᠢᠡᠨ ᠣᠯᠬᠤ ᠪᠠᠨ ᠪᠣᠯᠢᠳᠠᠭ ᠪᠠᠢ᠌ᠭᠰᠠᠨ ᠶᠤᠮ᠃ ᠭᠡᠷᠡᠭ᠍ᠳᠡᠢ ᠵᠠᠷᠢᠮ ᠵᠣᠢ᠌ᠯ ᠶᠢᠡᠨ ᠬᠠᠶᠠᠵᠤ ᠭᠡᠭᠡᠭ᠍ᠰᠡᠨ ᠶᠠᠪᠣᠳᠠᠯ ᠴᠤ ᠪᠣᠢ᠃

《ᠡᠷᠢᠵᠤ ᠶᠠᠪᠣᠭᠰᠠᠨ ᠭᠦᠮᠤᠨ ᠲᠡᠶ ᠪᠠᠨ ᠠᠭᠤᠯᠵᠠᠭᠰᠠᠨ ᠭᠦᠮᠤᠨ ᠤ ᠰᠡᠳᠭᠢᠯ ᠪᠠᠶᠠᠷ᠂ ᠰᠠᠠᠳᠤᠷᠠᠭᠤᠯ ᠶᠢᠡᠷ ᠳᠦᠭᠦᠷᠳᠡᠭ᠌ ᠭᠡᠰᠡᠨ᠃ ᠡᠨᠡ ᠡᠷᠢᠯ ᠨᠢ ᠭᠡᠴᠢᠨᠡᠨ ᠣᠳᠠᠭᠠᠨ᠂ ᠭᠡᠴᠡᠭᠦᠤ ᠪᠠᠢ᠌ᠭᠰᠠᠨ ᠪᠣᠯ᠂ ᠳᠠᠷᠠ ᠰᠡᠳᠭᠢᠯ ᠳᠠᠳᠣᠢ᠌ᠴᠢᠨᠠᠨ ᠶᠡᠭᠡ ᠪᠠᠢ᠌ᠳᠠᠭ》 ᠭᠡᠮᠡᠨ 《ᠳᠤᠩᠭ᠋ᠠᠯᠠᠭ ᠳᠠᠮᠢᠷ》 ᠷᠤᠮᠠᠨ ᠳᠤ ᠪᠠᠢ᠌ᠳᠠᠭ ᠪᠢᠯᠠ᠃ ᠣᠯᠠᠨ ᠵᠢᠯ ᠤᠨ ᠡᠮᠦᠨ᠎ᠡ ᠭᠦᠳᠦᠯᠵᠤ ᠪᠠᠢ᠌ᠭᠰᠠᠨ ᠳᠡᠮᠳᠡᠭᠯᠡᠯ ᠤᠨ ᠳᠠᠪᠳᠠᠷ ᠶᠢᠡᠨ ᠬᠠᠷᠠᠬᠤ ᠳᠤ ᠵᠤᠯ ᠲᠡᠶ ᠯᠠ ᠨᠢᠯᠪᠣᠰᠤ ᠠᠷᠠᠢ ᠣᠨᠠᠭᠠᠭᠰᠠᠨ ᠦᠭᠡᠶ ᠪᠠᠢ᠌ᠵᠤ ᠪᠢᠯᠠ᠃ ᠳᠡᠮᠳᠡᠭᠯᠡᠯ ᠶᠢᠡᠨ ᠳᠠᠭᠢᠨ ᠣᠩᠰᠢᠭᠠᠤᠨ ᠪᠢ ᠦᠪᠡᠷ ᠲᠡᠭᠡᠨ ᠪᠠᠶᠠᠷᠯᠠᠯ᠎ᠠ᠃ ᠪᠢ ᠣᠭ ᠷᠤᠮᠠᠨ ᠡᠴᠡ ᠪᠠᠷᠤᠭ ᠬᠠᠮᠤᠭ ᠰᠠᠢ᠌ᠨ ᠱᠢᠷᠤ ᠰᠤᠪᠣᠤᠨ ᠢ ᠨᠢ ᠳᠡᠭᠦᠭ᠍ᠰᠡᠨ ᠶᠤᠮ ᠪᠢᠰᠢ ᠭᠡᠵᠢ ᠦᠦ᠁

᠁ ᠨᠠᠮᠤᠷ ᠤᠨ ᠭᠤᠶᠤᠯ ᠶᠢᠡᠨ ᠡᠮᠦᠰᠴᠤ᠂ ᠣᠷᠭᠤᠮᠠᠯ ᠤᠨ ᠥᠩᠭᠡ ᠨᠢ ᠰᠢᠷ᠎ᠠ ᠨᠤᠭᠤᠭᠠᠨ ᠳᠤᠶᠠᠭ᠎ᠠ ᠲᠡᠶ ᠪᠣᠯᠴᠢᠬᠠᠭᠠᠤᠨ᠂ ᠥᠷᠯᠦᠭᠡ ᠦᠳᠡᠰᠢ ᠪᠠᠷ ᠭᠦᠭᠡᠮᠳᠦᠭ᠌ ᠮᠠᠨᠠᠨ ᠳᠤᠨᠤᠷᠠᠨ᠂ ᠳᠠᠷᠭᠤ ᠭᠦᠴᠤ ᠠᠪᠣᠭᠰᠠᠨ ᠮᠠᠯ ᠰᠥᠷᠦᠭ᠌ ᠨᠠᠯᠣᠢ᠌ᠨ ᠪᠠᠯᠴᠢᠵᠤ᠂ ᠦᠩ ᠲᠡᠶ ᠭᠠᠵᠠᠷ ᠤᠨ ᠰᠠᠢ᠌ᠬᠠᠨ ᠥᠩᠭᠡ ᠵᠢᠪᠬᠤᠭ᠎ᠠ ᠪᠦᠷᠢᠳᠦᠭ᠍ᠰᠡᠨ ᠰᠢᠪᠠᠭᠤᠳ ᠳᠡᠭ᠍ᠳᠡᠭᠡᠢ ᠨᠤᠭᠦᠳ ᠶᠢᠡᠨ ᠳᠠᠭᠠᠭᠤᠯᠤᠨ ᠭᠠᠩᠭ᠋ᠠᠯᠳᠤᠵᠤ ᠪᠠᠢ᠌ᠭ᠎ᠠ ᠳᠠᠮᠢᠷ ᠤᠨ ᠭᠤᠤᠯ ᠤᠨ ᠭᠦᠡᠳᠡᠢ ᠨᠢ ᠰᠠᠶ‍ᠢᠬᠠᠨ ᠰᠠᠭᠤᠭᠰᠠᠨ ᠨᠥᠭᠦᠷ ᠶᠢᠡᠨ ᠳᠠᠭᠠᠭᠠᠤᠨ ᠨᠠᠭᠠᠳᠤᠮ ᠳᠤ ᠶᠠᠪᠣᠬᠤ ᠭᠡᠵᠤ ᠦᠰᠦ ᠭᠡᠵᠢᠭᠡ ᠪᠠᠨ ᠰᠠᠮᠠᠨᠠᠭᠰᠠᠨ ᠵᠠᠯᠠᠭᠤ ᠪᠦᠰᠡᠭᠦᠢ ᠲᠡᠶ ᠠᠳᠠᠯᠢ ᠪᠠᠢ᠌ᠯ᠎ᠠ᠁

᠁ ᠭᠡᠨ ᠴᠤ ᠬᠠᠵᠠᠭᠠᠢ ᠭᠢᠰᠭᠢᠵᠤ ᠪᠣᠯᠤᠨ᠎ᠠ᠂ ᠭᠡᠪᠠᠴᠤ ᠶᠠᠭᠤᠨ ᠤ ᠡᠮᠦᠨ᠎ᠡ ᠳᠡᠭᠦᠨ ᠢ ᠳᠠᠳᠠᠵᠤ ᠠᠪᠬᠤ ᠶᠢ ᠭᠢᠴᠢᠶᠡᠳᠡᠭ᠌ ᠶᠤᠮ᠃ ᠡᠨᠡ ᠪᠣᠯ ᠭᠦᠮᠤᠨ ᠤ ᠶᠤᠰᠤᠨ ᠪᠠᠢ᠌ᠳᠠᠯ᠎ᠠ᠂ ᠠᠬ᠎ᠠ ᠨᠢ ᠬᠠᠵᠠᠭᠠᠢ ᠭᠢᠰᠭᠢᠭ᠍ᠰᠡᠨ ᠡᠭᠡᠨᠡᠷ ᠶᠢᠡᠨ ᠳᠠᠳᠠᠵᠤ ᠠᠪᠬᠤ ᠶᠢᠨ ᠣᠷᠤᠨ ᠳᠤ ᠲᠦᠯᠬᠢᠵᠤ ᠣᠷᠭᠢᠭᠰᠠᠨ ᠪᠠᠢ᠌ᠪᠠ᠃ ᠳᠠᠯ᠎ᠠ ᠳᠤ ᠥᠯᠡᠳᠡᠭ᠍ᠰᠡᠨ ᠦᠨᠦᠴᠢᠨ ᠢᠰᠢᠭᠡ ᠰᠢᠭ᠌ ᠬᠤᠴᠤᠷᠠᠭᠰᠠᠨ ᠳᠤᠯᠭᠠᠷ ᠤᠨ ᠭᠠᠭᠴᠠ ᠨᠠᠢ᠌ᠳᠠᠯᠭ᠎ᠠ ᠪᠣᠯᠤᠭᠰᠠᠨ ᠭᠦᠤ ᠨᠢ ᠪᠠᠰᠠ ᠳᠡᠭᠦᠨ ᠢ ᠣᠷᠭᠢᠨ ᠠᠯᠠᠭ᠎ᠠ ᠪᠣᠯᠵᠠᠢ᠁ ᠡᠨᠡ ᠣᠴᠢᠷ ᠡᠴᠡ ᠳᠤᠯᠭᠠᠷ ᠤᠨ ᠪᠦᠭᠦ ᠵᠤᠪᠠᠯᠠᠩ ᠤᠨ ᠡᠵᠡᠨ ᠪᠣᠯ ᠡᠴᠢᠭᠡ ᠭᠦᠤ ᠬᠤᠶᠠᠷ ᠭᠡᠵᠤ ᠳᠠᠮᠤᠷ ᠪᠣᠳᠤᠵᠤ ᠪᠠᠢ᠌ᠯ᠎ᠠ᠃ ᠳᠠᠮᠤᠷ ᠢᠩᠭᠢᠵᠤ ᠴᠤ ᠪᠣᠳᠤᠬᠤ ᠡᠷᠭᠡ ᠲᠡᠶ ᠭᠦᠮᠤᠨ᠂ ᠭᠡᠷᠪᠡ ᠭᠦᠮᠤᠨ ᠤ ᠡᠭᠡᠨᠡᠷ ᠪᠣᠯᠤᠭᠠᠤᠨ ᠪᠠᠢ᠌ᠭᠰᠠᠨ ᠳᠤᠯᠮ᠎ᠠ ᠶᠢᠨ ᠠᠷᠭ᠎ᠠ ᠦᠭᠡᠶ ᠡᠷᠭᠡᠨ ᠳᠤ ᠭᠢᠭ᠍ᠰᠡᠨ ᠭᠡᠮ ᠢ ᠠᠭᠤᠵᠢᠮ ᠰᠡᠳᠭᠢᠯ ᠶᠢᠡᠷ ᠠᠭᠤᠴᠢᠯᠠᠵᠤ ᠴᠢᠳᠠᠭᠰᠠᠨ ᠶᠢᠡᠷ᠂ ᠣᠳᠤ ᠳᠠᠷᠠ ᠬᠤᠶᠠᠷ ᠪᠠᠶ᠎ᠠ ᠶᠢᠨ ᠰᠡᠳᠭᠢᠯ ᠳᠤ ᠭᠠᠩᠳᠠᠰᠢ ᠦᠭᠡᠶ ᠴᠡᠴᠡᠭ᠌ ᠪᠣᠯᠤᠨ ᠬᠠᠮᠳᠤ ᠶᠠᠪᠣᠭ᠎ᠠ ᠠᠵᠠᠢ᠁

᠁ ᠮᠢᠬ᠎ᠠ ᠠᠮᠳᠠᠷᠬᠠᠨ ᠢᠳᠠᠵᠤ ᠪᠠᠢ᠌ᠭ᠎ᠠ ᠳᠤᠮᠤ ᠨᠤᠬᠠᠢ ᠶᠢᠨ ᠳᠡᠭᠡᠷᠳᠡ᠂ ᠰᠢᠯᠤᠰᠤ ᠪᠠᠨ ᠵᠠᠯᠭᠢᠨ ᠵᠤᠭᠰᠤᠵᠤ ᠪᠠᠢ᠌ᠭ᠎ᠠ ᠭᠦᠯᠦᠭᠡ᠂ ᠨᠤᠬᠠᠢ ᠶᠢᠨ ᠠᠷᠴᠠᠭ᠎ᠠ ᠦᠭᠡᠶ ᠪᠦᠭᠡᠳ ᠠᠳᠠᠭᠠᠷᠬᠠᠭᠰᠠᠨ ᠨᠢᠳᠤ ᠪᠠᠷ ᠰᠢᠷᠳᠠᠵᠤ ᠪᠠᠢ᠌ᠭᠰᠠᠨ ᠶᠢᠡᠨ ᠣᠷᠳᠤ ᠭᠡᠭ᠍ᠴᠢ ᠨᠢ ᠰᠠᠨᠠᠭ᠎ᠠ ᠠᠯᠳᠠᠪᠠ᠁

᠁ ᠨᠢᠭᠡ ᠨᠢ ᠨᠥᠭᠦᠭᠡ ᠪᠠᠨ ᠮᠡᠭᠡᠯᠡᠭᠦ᠂ ᠭᠦᠴᠤ ᠲᠡᠶ ᠨᠢ ᠭᠦᠴᠤ ᠦᠭᠡᠶ ᠪᠠᠨ ᠢᠳᠡᠭᠦ ᠪᠣᠰᠤᠳ ᠤᠨ ᠴᠢᠮᠦᠭᠡ ᠶᠢ ᠳᠠᠭᠰᠢᠵᠤ ᠪᠠᠢ᠌ᠭᠠᠤᠨ ᠴᠤ ᠣᠯᠵᠠ ᠣᠯᠬᠤ ᠡᠷᠡᠮᠡᠯᠵᠡᠯ ᠪᠣᠯ ᠡᠨᠡᠭᠡᠨ ᠬᠤᠷᠸ᠎ᠠ ᠶᠢᠨ ᠵᠢᠮ ᠠᠵᠠᠢ ᠁

᠁ ᠥᠷᠦᠪᠳᠡᠭᠦ ᠡᠴᠡ ᠬᠠᠢ᠌ᠷᠠᠯᠠᠬᠤ ᠳᠤ ᠣᠷᠤᠬᠤ ᠳᠤ ᠲᠤᠩ ᠣᠢ᠌ᠷᠠᠬᠠᠨ ᠵᠠᠢ ᠪᠠᠢ᠌ᠳᠠᠭ ᠠᠵᠠᠢ᠁

ᠭᠡᠭᠦᠴᠢᠯᠡᠨ ᠶᠠᠭᠠᠭᠢᠵᠤ ᠢᠩᠭᠢᠵᠤ ᠰᠠᠢ᠌ᠬᠠᠨ ᠪᠢᠴᠢᠵᠤ ᠴᠢᠳᠠᠵᠤ ᠪᠠᠢ᠌ᠨ᠎ᠠ ᠭᠡᠵᠤ ᠳᠠᠭᠤ ᠠᠯᠳᠠᠮᠠᠷ ᠳᠠᠩᠰᠤᠭ᠂ ᠢᠷᠠᠭᠤ ᠰᠤᠨᠤᠰᠤᠯᠳᠠᠢ᠂ ᠣᠬᠠᠭᠠᠷᠠᠯ ᠬᠠᠢ᠌ᠷᠠᠯᠠᠭᠰᠠᠨ ᠮᠦᠷ ᠤᠳ ᠳᠤᠰ ᠷᠤᠮᠠᠨ ᠳᠤ ᠣᠯᠠᠨ ᠪᠣᠢ᠂ ᠪᠦᠷ ᠳᠡᠩᠳᠡᠭᠦᠤ ᠣᠯᠠᠨ ᠪᠣᠢ᠃ 《ᠳᠤᠩᠭ᠋ᠠᠯᠠᠭ ᠳᠠᠮᠢᠷ》 ᠷᠤᠮᠠᠨ ᠡᠴᠡ ᠦᠪᠡᠷ ᠲᠡᠭᠡᠨ ᠳᠠᠭᠠᠯᠠᠭᠳᠠᠭᠰᠠᠨ᠂ ᠨᠢᠭᠡ ᠶᠢ ᠪᠣᠳᠤᠭᠳᠤᠭᠤᠯᠵᠤ᠂ ᠬᠤᠶᠠᠷ ᠢ ᠰᠠᠨᠠᠭᠤᠯᠤᠭᠰᠠᠨ ᠳᠡᠭᠡᠷᠡᠭᠢ ᠶᠢᠨ ᠠᠳᠠᠯᠢ ᠴᠠᠴᠠᠨ ᠮᠦᠷ ᠤᠳ ᠢ ᠳᠡᠮᠳᠡᠭᠯᠡᠵᠤ ᠠᠪᠣᠭᠰᠠᠨ ᠮᠠᠨᠢ᠂ ᠬᠠᠭᠤᠴᠢᠨ ᠳᠠᠪᠳᠠᠷ ᠲᠤ ᠮᠢᠨᠢ ᠦᠯᠠᠳᠠᠵᠠᠢ᠃

᠁ ᠰᠠᠢ᠌ᠨ ᠡᠴᠢᠭᠡ ᠶᠢᠨ ᠨᠠᠷ᠎ᠠ ᠪᠠᠷ ᠪᠠᠮᠪᠠᠢ ᠭᠢᠨ ᠠᠷᠠᠤᠨ ᠤᠨ ᠵᠥᠴᠦᠭ᠍ᠴᠢᠨ ᠴ·ᠳᠤᠯᠭᠠᠷᠰᠦ᠋ᠷᠤᠩ ᠭᠤᠸᠠᠢ ᠶᠢᠨ ᠠᠮᠢᠳᠤ ᠰᠡᠷᠢᠭᠦᠨ ᠳᠤ ᠨᠢ ᠠᠭᠤᠯᠵᠠᠵᠤ ᠠᠵᠠ ᠲᠡᠶ ᠵᠠᠪᠰᠢᠶᠠᠨ ᠳᠠᠭᠠᠷᠠᠵᠤ ᠪᠢᠯᠠ᠃ ᠳᠦᠴᠢᠨ ᠮᠢᠩᠭ᠋ᠠᠳᠤ ᠶᠢᠨ ᠵᠢᠷᠠᠨ ᠬᠤᠶᠠᠳᠤᠭᠠᠷ ᠪᠠᠢ᠌ᠷᠠᠢ ᠳ᠋ᠠᠭᠢ ᠭᠡᠷ ᠲᠤ ᠨᠢ ᠣᠴᠢᠭᠠᠤᠨ ᠮᠢᠨᠤ ᠬᠠᠮᠤᠭ ᠤᠨ ᠳᠡᠷᠢᠭᠦᠨ ᠠᠩᠵᠠᠭᠠᠷᠠᠵᠤ ᠬᠠᠷᠠᠭᠰᠠᠨ ᠵᠣᠢ᠌ᠯ ᠪᠣᠯ ᠶᠡᠭᠡ ᠵᠤᠬᠢᠶᠠᠯᠴᠢ ᠶᠢᠨ ᠡᠳ᠋ᠯᠡᠵᠤ ᠭᠡᠷᠡᠭᠯᠡᠵᠤ ᠪᠠᠢ᠌ᠭᠰᠠᠨ ᠬᠤᠤᠰ ᠨᠤᠮ ᠤᠨ ᠱᠥᠭᠦᠢ ᠪᠠᠢ᠌ᠪᠠ᠃

《ᠮᠠᠨ ᠤ ᠯᠤᠳᠤᠢ ᠠᠪᠣ ᠳᠠᠭᠠᠨ ᠵᠤᠷᠢᠭᠤᠯᠵᠤ 〈ᠳᠤᠩᠭ᠋ᠠᠯᠠᠭ ᠳᠠᠮᠢᠷ〉 ᠷᠤᠮᠠᠨ ᠤ ᠪᠠᠨ ᠡᠭᠢᠨ ᠳᠤ ᠊᠊᠊᠊᠊᠊᠊᠊᠊᠊᠊᠊᠊᠊᠊ ᠠᠴᠢᠳᠤ ᠡᠴᠢᠭᠡ ᠶᠢᠨ ᠶᠢᠡᠨ ᠭᠡᠭᠡᠨ ᠳᠤᠷᠠᠳᠬᠠᠯ ᠳᠤ ᠵᠤᠷᠢᠭᠤᠯᠪᠠ ᠊᠊᠊᠊᠊᠊᠊᠊᠊᠊᠊᠊᠊᠊᠊ ᠭᠡᠵᠤ ᠪᠢᠴᠢᠭ᠍ᠰᠡᠨ᠃ ᠠᠪᠣ ᠶᠢ ᠪᠠᠨ ᠥᠩᠭᠡᠷᠡᠭᠦ ᠳᠤ ᠢᠯᠠ ᠳᠠᠯᠪᠢᠭᠰᠠᠨ ᠶᠤᠮ ᠪᠢᠯᠠ᠃ ᠳᠠᠷᠠ ᠦᠶ᠎ᠡ ᠳᠤ ᠳᠠᠢ᠌ᠮᠤ ᠶᠤᠰᠤ ᠵᠠᠩᠰᠢᠯ ᠲᠡᠶ ᠪᠠᠢ᠌ᠭᠰᠠᠨ ᠭᠡᠳᠡᠭ᠌᠃ ᠳᠡᠭᠡᠭᠡᠳ ᠪᠢ ᠠᠪᠣ ᠳᠠᠭᠠᠨ ᠵᠤᠷᠢᠭᠤᠯᠵᠤ ᠭᠡᠵᠤ ᠶᠠᠷᠢᠭᠰᠠᠭᠠᠷ ᠳᠠᠷᠠ ᠢ ᠪᠠᠨ ᠭᠢᠭ᠍ᠰᠡᠨ》 ᠭᠡᠮᠡᠨ ᠥᠭᠦᠯᠡᠭᠦ ᠴ·ᠳᠤᠯᠭᠠᠷᠰᠦ᠋ᠷᠤᠩ ᠭᠤᠸᠠᠢ ᠶᠢᠨ ᠶᠠᠷᠢᠶ᠎ᠠ ᠶᠢ ᠰᠤᠨᠤᠰᠬᠤ ᠊ᠭ᠍ᠱᠡᠨ ᠳᠤ 《ᠯᠤᠳᠣᠢ᠌ᠳᠠᠮᠪᠠ ᠭᠤᠸᠠᠢ ᠶᠢᠨ ᠡᠨᠡ ᠨᠤᠮ ᠤᠨ ᠱᠥᠭᠦᠢ ᠶᠢᠨ ᠬᠠᠭᠠᠯᠭ᠎ᠠ ᠡᠴᠡ ᠪᠠᠷᠢᠵᠤ ᠵᠤᠭᠰᠤᠭᠰᠠᠨ ᠳ᠋ᠤᠤ᠂ ᠳᠤᠳᠤᠷ ᠪᠦᠷ ᠠᠳᠢᠰ ᠠᠪᠣᠮᠠᠷ ᠰᠠᠨᠠᠭᠳᠠᠵᠤ ᠪᠠᠢ᠌ᠭᠰᠠᠨ ᠪᠢᠯᠠ》᠃

《ᠳᠤᠩᠭ᠋ᠠᠯᠠᠭ ᠳᠠᠮᠢᠷ》 ᠷᠤᠮᠠᠨ ᠪᠣᠯ ᠮᠠᠨ ᠤ ᠣᠤᠠᠬ᠎ᠠ ᠵᠤᠬᠢᠶᠠᠯ ᠳᠤ ᠭᠠᠷᠤᠭᠰᠠᠨ ᠢᠭᠢᠷ᠎ᠠ ᠦᠭᠡᠶ ᠥᠵᠡᠭ᠍ᠳᠡᠯ ᠶᠤᠮ ᠭᠡᠵᠤ ᠯ·ᠳ᠋ᠦ᠋ᠳᠤᠪ ᠭᠤᠸᠠᠢ ᠭᠡᠯᠡᠭ᠍ᠰᠡᠨ ᠪᠠᠢ᠌ᠳᠠᠭ᠃ ᠳᠡᠭᠡᠪᠠᠯ ᠡᠨᠡ ᠰᠠᠢ᠌ᠬᠠᠨ ᠷᠤᠮᠠᠨ ᠢ ᠣᠯᠠᠠᠳᠠ ᠣᠩᠰᠢᠭᠰᠠᠨ ᠳᠡᠭᠡᠭᠡᠳ ᠪᠦᠷ ᠰᠢᠷᠡᠭᠡᠨ ᠤ ᠪᠠᠨ ᠨᠤᠮ ᠪᠣᠯᠭᠠᠭᠰᠠᠨ ᠣᠯᠠᠨ ᠭᠦᠮᠤᠨ ᠲᠡᠶ ᠠᠭᠤᠯᠵᠠᠵᠤ ᠣᠴᠠᠷᠠᠵᠤ ᠶᠠᠪᠣᠯ᠎ᠠ᠃ ᠮᠤᠩᠭ᠋ᠤᠯ ᠤᠨ ᠳᠸᠯᠸᠢᠰ ᠭᠦᠳᠦᠯᠦᠭ᠍ᠴᠢ ᠨᠠᠢ᠌ᠷᠠᠭᠤᠯᠤᠭᠴᠢ᠂ ᠰᠡᠳᠭᠦᠯᠴᠢ ᠱ·ᠶ‍ᠦᠯᠺᠧ ᠡ᠊ᠨᠳᠡ ᠳᠠᠠᠳᠠ ᠪᠣᠯᠤᠭᠰᠠᠨ ᠠᠭᠤᠯᠵᠠᠯᠳᠠ ᠥᠳᠡᠰᠢᠯᠡᠭᠡ ᠳᠡᠭᠡᠷ᠎ᠡ ᠳᠤᠰ ᠷᠤᠮᠠᠨ ᠢ ᠭᠡᠰᠡᠭ᠌ ᠪᠠᠳᠠᠭ ᠡᠴᠡ ᠨᠢ ᠰᠢᠭᠤᠳ ᠴᠡᠭᠡᠵᠢ ᠪᠠᠷ ᠣᠩᠰᠢᠵᠤ ᠪᠠᠢ᠌ᠬᠤ ᠶᠢ ᠬᠠᠷᠠᠭᠠᠤᠨ ᠪᠢ᠂ ᠪᠢᠰᠢᠷᠠᠵᠤ ᠰᠠᠭᠤᠭᠰᠠᠨ᠃ ᠮᠢᠨᠤ ᠭᠦᠡᠳᠦᠯᠡᠵᠤ ᠶᠠᠪᠣᠳᠠᠭ ᠰᠡᠭᠡᠭᠡᠳᠡᠨ ᠨ·ᠭᠠᠩᠪᠠᠳᠤ ᠠᠭᠰᠠᠨ (ᠮᠤᠩᠭ᠋ᠤᠯ ᠤᠨ ᠳᠸᠯᠸᠢᠰ ᠤᠨ 《ᠣᠷᠮ᠎ᠠ》 ᠭᠡᠮᠡᠭᠦ ᠰᠠᠢ᠌ᠬᠠᠨ ᠨᠡᠪᠳᠡᠷᠡᠭᠦᠯᠭᠡ ᠭᠢᠳᠡᠭ᠌ ᠪᠠᠢ᠌ᠭᠰᠠᠨ᠂ ᠣᠶᠤᠨ ᠤ ᠦᠨᠳᠦᠷ ᠪᠣᠯᠪᠰᠤᠷᠠᠯ ᠲᠡᠶ ᠰᠡᠭᠡᠭᠡᠳᠡᠨ) 《ᠳᠤᠩᠭ᠋ᠠᠯᠠᠭ ᠳᠠᠮᠢᠷ》 ᠷᠤᠮᠠᠨ ᠢ ᠭᠠᠳᠠᠭᠠᠳᠤ ᠳᠤᠳᠤᠭᠠᠳᠤ ᠳᠤ ᠭᠡᠪᠯᠡᠭ᠍ᠳᠡᠭ᠍ᠰᠡᠨ ᠪᠦᠭᠦ ᠬᠤᠪᠢ ᠶᠢ ᠴᠤᠭᠯᠠᠭᠤᠯᠤᠨ ᠨᠢᠭᠡᠳᠦᠭᠡᠷ ᠰᠤᠷᠭᠠᠭᠤᠯᠢ ᠳᠡᠭᠡᠷ᠎ᠡ ᠮᠦᠽᠸᠢ ᠪᠠᠢ᠌ᠭᠤᠯᠬᠤ ᠮᠥᠷᠦᠭᠡᠳᠦᠯ ᠲᠡᠶ ᠶᠠᠪᠣᠳᠠᠭ ᠶᠢᠡᠨ ᠶᠠᠷᠢᠳᠠᠭ ᠪᠠᠢ᠌ᠭᠰᠠᠨ ᠪᠣᠯᠪᠠᠴᠤ ᠭᠡᠨᠡᠳᠲᠡ ᠶᠢᠨ ᠨᠠᠰᠤ ᠪᠠᠷᠠᠭᠰᠠᠨ ᠡᠴᠡ᠂ ᠭᠡᠭᠡᠨ ᠭᠦᠰᠡᠯ ᠨᠢ ᠪᠠᠶᠡᠯᠡᠭᠡ ᠦᠭᠡᠶ ᠪᠢᠯᠠ᠃

ᠥᠩᠭᠡᠷᠡᠭ᠍ᠰᠡᠨ ᠵᠢᠯ ᠪᠣᠯᠤᠭᠰᠠᠨ 《ᠡᠯᠢᠭᠡᠨ ᠨᠤᠳᠤᠭ》 ᠷᠠᠳᠢᠤ᠋ ᠶᠢᠨ ᠬᠠᠮᠳᠤ ᠣᠯᠠᠨ ᠰᠤᠩᠭ᠋ᠤᠳᠠᠭ ᠪᠦᠳᠦᠭᠡᠯ ᠢ ᠮᠤᠩᠭ᠋ᠤᠯ ᠤᠨ ᠠᠩᠬᠠᠨ ᠤ ᠠᠦ᠋ᠳᠢᠤ᠋ ᠪᠣᠯᠭᠠᠨ ᠭᠡᠪᠯᠡᠭᠦᠯᠦᠭ᠍ᠰᠡᠨ ᠨᠢ ᠲᠤᠩ ᠠᠶᠠᠳᠠᠢ᠌ᠬᠠᠨ ᠪᠣᠯᠤᠭᠰᠠᠨ ᠪᠢᠯᠠ᠃

《ᠵᠠᠭᠤᠨ ᠤ ᠮᠡᠳᠡᠭᠡ》 ᠰᠤᠨᠢᠨ᠂ 《ᠮᠤᠩᠭ᠋ᠤᠯ ᠤᠨ ᠮᠡᠳᠡᠭᠡ》 ᠴᠢᠮᠡᠭᠡᠯᠡᠯ ᠤᠨ ᠬᠤᠷᠢᠶ᠎ᠠ ᠡᠴᠡ ᠬᠠᠮᠳᠤᠷᠠᠨ ᠵᠤᠬᠢᠶᠠᠨ ᠪᠠᠢ᠌ᠭᠤᠯᠤᠭᠰᠠᠨ 《ᠵᠠᠭᠤᠨ ᠤ ᠮᠡᠡᠭᠯᠡᠢ》 ᠰᠠᠨᠠᠯ ᠠᠰᠠᠭᠤᠯᠳᠠ ᠪᠠᠷ 《ᠳᠤᠩᠭ᠋ᠠᠯᠠᠭ ᠳᠠᠮᠢᠷ》 ᠷᠤᠮᠠᠨ ᠰᠢᠯᠢᠳᠡᠭ᠌ ᠷᠤᠮᠠᠨ ᠪᠣᠯᠵᠤ ᠳᠠᠰᠤᠷᠬᠠᠢ ᠪᠠᠷ ᠳᠡᠷᠢᠭᠦᠯᠦᠭ᠍ᠰᠡᠨ ᠨᠢ ᠶᠤᠰᠤ ᠲᠡᠶ ᠯᠠ ᠨᠢᠳᠤ ᠪᠠᠨ ᠣᠯᠤᠭᠰᠠᠨ ᠭᠡᠷᠡᠭ᠌ ᠪᠠᠢ᠌ᠭᠰᠠᠨ ᠶᠤᠮ᠃ ᠴᠠᠭ ᠢ ᠡᠵᠡᠯᠡᠭ᠍ᠰᠡᠨ ᠭᠡᠵᠤ ᠶᠡᠭᠡ ᠶᠠᠷᠢᠵᠤ ᠪᠢᠴᠢᠭᠦ ᠪᠣᠯᠵᠠᠢ᠃ ᠳᠡᠭᠡᠪᠠᠯ 《ᠳᠤᠩᠭ᠋ᠠᠯᠠᠭ ᠳᠠᠮᠢᠷ》 ᠷᠤᠮᠠᠨ ᠥᠨᠡᠭᠡᠷ ᠴᠠᠭ ᠢ ᠡᠵᠡᠯᠡᠭ᠍ᠰᠡᠨ ᠪᠦᠳᠦᠭᠡᠯ ᠪᠣᠯᠬᠤ ᠨᠢ ᠣᠨ ᠵᠢᠯ ᠠᠯᠤᠰᠯᠠᠨ ᠬᠤᠯᠠᠳᠠᠬᠤ ᠳᠤᠰᠤᠮ ᠣᠯᠠᠮ ᠳᠤᠳᠤᠷᠠᠨ ᠮᠡᠳᠡᠭ᠍ᠳᠡᠵᠤ ᠪᠠᠢ᠌ᠬᠤ ᠪᠣᠰᠤ ᠦᠦ᠃

ᠣᠯᠠᠨ ᠵᠢᠯ ᠤᠨ ᠡᠮᠦᠨ᠎ᠡ 《ᠳᠤᠩᠭ᠋ᠠᠯᠠᠭ ᠳᠠᠮᠢᠷ》 ᠷᠤᠮᠠᠨ ᠡᠴᠡ ᠳᠡᠭᠦᠭ᠍ᠰᠡᠨ ᠱᠢᠷᠤ ᠰᠤᠪᠣᠤᠨ ᠶᠢᠡᠨ ᠣᠳᠤ ᠪᠢ ᠳᠠ ᠣᠯᠠᠨ ᠤ ᠠᠯᠠᠭᠠᠨ ᠳᠡᠭᠡᠷ᠎ᠡ ᠳᠠᠯᠪᠢᠵᠤ ᠪᠠᠢ᠌ᠨ᠎ᠠ᠃ 《ᠠᠪᠬᠤ ᠭᠦᠮᠤᠨ ᠳᠤ ᠭᠠᠭᠴᠠ ᠥᠭᠡ ᠴᠤ ᠡᠷᠭᠢᠮ》 ᠭᠡᠮᠡᠳᠡᠭ᠌ ᠪᠢᠯᠠ᠃ ᠴᠠᠭ ᠢ ᠡᠵᠡᠯᠡᠭ᠍ᠰᠡᠨ ᠡᠨᠡ ᠷᠤᠮᠠᠨ ᠡᠴᠡ ᠳᠡᠭᠦᠪᠦᠷᠢᠯᠡᠭ᠍ᠰᠡᠨ ᠴᠢᠯᠠᠭᠤ ᠠᠭᠤᠯᠠᠰ ᠤᠨ ᠭᠠᠢ᠌ᠬᠠᠮᠰᠢᠭᠳᠤ ᠮᠦᠷ ᠤᠳ᠂ ᠨᠤᠳᠤᠭ ᠬᠤᠯᠠ ᠶᠠᠪᠣᠭ᠎ᠠ ᠨᠢᠭᠡᠨ ᠳᠤ ᠨᠥᠭᠦᠷ ᠨᠢ ᠪᠣᠯᠤᠭ᠂ ᠶᠠᠳᠠᠷᠠᠬᠤ ᠳᠤ ᠨᠢ ᠭᠦᠴᠤ ᠳᠠᠮᠢᠷ ᠢ ᠨᠢ ᠰᠡᠷᠭᠦᠭᠡᠭ᠌᠂ ᠥᠯᠦᠰᠭᠦ ᠳᠤ ᠨᠢ ᠬᠤᠭᠤᠯᠠ ᠴᠠᠢ᠂ ᠡᠪᠠᠦᠡᠭᠦ ᠳᠤ ᠨᠢ ᠷᠠᠰᠢᠶᠠᠨ ᠪᠣᠯᠬᠤ ᠪᠣᠯᠳᠤᠭᠠᠢ᠃

ᠵᠤᠬᠢᠶᠠᠭᠴᠢ᠄ ᠮᠢ᠊·ᠨᠠᠷᠠᠨ ᠪᠠᠭᠤᠯᠭᠠᠪᠠ
ᠢᠷᠡᠯᠲᠡ᠄ ᠬᠠᠯᠬ᠎ᠠ ᠶᠢᠨ ᠰᠦᠯᠵᠢᠶᠠᠨ ᠡᠴᠡ
ᠬᠠᠷᠢᠶ᠎ᠠ᠄ ᠰᠤᠶᠤᠯ ᠣᠷᠠᠯᠢᠭ
ᠳᠠᠷᠤᠮ᠄ 7327
ᠴᠠᠭ᠄ 2009 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ