ᠦᠭᠦᠯ

ᠠᠭᠤᠤ ᠶᠡᠭᠡ ᠭᠦᠮᠤᠨ ᠴᠤ ᠠᠷᠭ᠎ᠠ ᠥᠭᠡᠢ

ᠠᠪᠰᠠᠨ ᠳᠤ ᠭᠡᠪᠳᠡᠭᠦ ᠨᠢᠭᠡ ᠡᠳᠦᠷ ᠭᠠᠷᠤᠨ᠎ᠡ

ᠠᠯᠳᠠᠭᠰᠠᠨ ᠣᠯᠤᠭᠰᠠᠨ ᠶᠢᠡᠨ ᠴᠦᠮ ᠣᠷᠭᠢᠭᠠᠤᠨ

ᠠᠯᠳᠠᠨ ᠳᠡᠯᠡᠭᠡᠢ ᠡᠴᠠ ᠳᠤᠷ᠎ᠠ ᠦᠭᠡᠶ ᠴᠤ ᠰᠠᠯᠤᠨ᠎ᠡ᠃

ᠠᠷᠤ ᠡᠴᠠ ᠨᠢ ᠳᠡᠭᠡᠭᠡᠳ ᠠᠮᠢᠳᠤ ᠥᠯᠡᠳᠡᠭ᠍ᠰᠡᠨ ᠨᠢ

ᠠᠷᠪᠠᠨ ᠤ ᠭᠡᠳᠤ ᠭᠡᠵᠤ ᠳᠠᠮᠠᠢ ᠳ᠋ᠦ᠋ᠩᠨᠠᠨ᠎ᠠ᠃

ᠠᠢ ᠭᠦᠭᠡᠷᠦᠭᠦᠢ ︕ ᠠᠳᠠᠭ ᠰᠡᠭᠦᠯ ᠳ᠋ᠤᠨᠢ

ᠠᠪᠣ ᠵᠢᠨ  ᠬᠡᠦᠬᠡᠳ ᠲᠤ ᠭᠢᠠᠵᠢ ᠥᠯᠡᠳᠡᠭᠡᠨ᠎ᠡ᠃


ᠡᠭᠡᠯ ᠭᠠᠷᠤᠯ ᠲᠡᠶ ᠴᠤ ᠡᠴᠦᠰ ᠤᠨ ᠮᠦᠴᠡ ᠳ᠋ᠤ

ᠡᠪᠳᠡᠢ ᠭᠠᠵᠠᠷ ᠶᠢᠡᠨ ᠶᠠᠰᠤ ᠣᠯᠵᠤ ᠠᠮᠠᠷᠠᠨ᠎ᠠ

ᠡᠷᠢᠶᠡᠨ ᠬᠤᠷᠸ᠎ᠠ ᠶᠢ ᠡᠭᠦᠷᠢᠳᠡ ᠮᠠᠷᠳᠠᠵᠤ

ᠡᠢ᠌ᠮᠤ ᠳᠠᠢ᠌ᠮᠤ ᠦᠭᠡᠶ ᠴᠢᠭᠢ ᠠᠮᠠᠷᠠᠨ᠎ᠠ

ᠡᠯᠢᠭᠡᠨ ᠰᠠᠳᠤᠨ ᠨᠢ ᠡᠭᠡᠷᠡᠳᠡᠯ᠎ᠡ ᠣᠭᠢᠯᠠᠵᠤ

ᠡᠷᠳᠡᠨᠢᠳᠤ ᠪᠠᠶ᠎ᠠ ᠶᠢ ᠨᠢ ᠳᠡᠭ᠍ᠷᠢ ᠳᠤ ᠳᠡᠭ᠍ᠳᠡᠭᠡᠨ᠎ᠡ

ᠡᠷᠭᠢᠭᠦ ᠳᠦᠷᠤᠯ ᠦᠨᠡᠨ ᠪᠠᠢ᠌ᠳᠠᠭ ᠪᠣᠯ ᠁

ᠡᠯᠢᠭᠡ ᠪᠠᠷ ᠶᠢᠡᠨ ᠵᠤᠯᠭᠠᠬᠤ ᠶᠢ᠌ ᠰᠢᠪᠰᠢᠨ ᠬᠤᠴᠤᠷᠤᠨ᠎ᠠ᠃


ᠳᠠᠩ ᠭᠠᠭᠴᠠ ᠳᠤᠷᠠᠰᠬᠤ ᠮᠠᠷᠳᠠᠬᠤ ᠬᠤᠶᠠᠷ ᠯᠠ

ᠳᠠᠪᠬᠤᠷ ᠴᠢᠭ᠌ ᠶᠢᠡᠷ ᠣᠨᠢᠰᠤᠭ᠎ᠠ ᠬᠠᠰᠢᠨ᠎ᠠ᠃

ᠳᠡᠯᠡᠭᠡᠢ ᠳᠤ ᠬᠤᠴᠤᠷᠬᠤ ᠠᠯᠳᠠᠷ ᠨᠠᠷ᠎ᠠ ᠵᠢ

ᠳᠡᠩᠨᠡᠭᠦᠷ ᠤᠨ ᠣᠳᠤᠨ ᠳᠤ ᠭᠡᠯᠪᠠᠯᠵᠢᠯ ᠨᠠᠮᠠᠨ᠎ᠠ

ᠲ᠋ᠡᠭ᠍ᠷᠢ ᠳᠤ ᠳᠠᠪᠰᠢᠬᠤ ᠳ᠋ᠧᠪᠠᠵᠠᠨ ᠤ ᠵᠠᠮ ᠳ᠋ᠤ

ᠳᠡᠷᠭᠡ ᠲᠡᠶ ᠮᠤᠷᠢ ᠲᠡᠶ ᠳᠤᠰ ᠲᠠᠭᠠᠨ ᠵᠠᠮᠨᠠᠨ᠎ᠠ

ᠶ‍ᠢᠰᠤᠨ ᠭᠦᠰᠡᠯ ᠶᠢᠡᠨ ᠡᠴᠦᠰ ᠲᠡᠭᠡᠨ ᠣᠷᠭᠢᠵᠤ

ᠶ‍ᠢᠷᠳᠢᠠᠴᠤ ᠶᠢᠨ ᠠᠮᠢᠳᠤᠷᠠᠯ ᠳᠤ ᠬᠤᠷᠭᠤᠳᠠᠭᠰᠠᠭᠠᠷ ᠣᠳᠤᠨ᠎ᠠ᠃


20011.8.8


ᠵᠤᠬᠢᠶᠠᠭᠴᠢ ᠶᠢᠨ ᠬᠠ‍‌ᠶᠢᠭ ᠄   ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11894
ᠴᠠᠭ᠄ 2011 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ