ᠮᠤᠩᠭᠤᠯ ᠬᠡᠯᠡᠨ ᠤ ᠬᠡᠷᠡᠭᠯᠡᠭᠡ ᠶᠢᠨ ᠠᠰᠠᠭᠤᠳᠠᠯ ᠳᠤ

ᠮᠤᠩᠭ᠋ᠤᠯ ᠭᠡᠯᠡ ᠪᠠᠨ ᠰᠤᠷᠴᠤ ᠭᠡᠷᠡᠭᠯᠡᠭᠦ ᠠᠰᠠᠭᠤᠳᠠᠯ ᠨᠢ ᠮᠠᠨ ᠤ ᠦᠪᠣᠷ ᠮᠤᠩᠭ᠋ᠤᠯᠴᠤᠳ ᠲᠤ ᠠᠪᠴᠤ ᠭᠡᠯᠡᠪᠠᠯ ᠳᠡᠦᠭᠡᠨ ᠳᠤ ᠣᠷᠢᠳᠤ ᠡᠮᠤᠨ᠎ᠡ ᠭᠠᠷᠤᠭ᠎ᠠ ᠦᠭᠡᠶ ᠭᠦᠡᠳᠦᠷᠡᠯ ᠲᠡᠶ ᠪᠠᠢ᠌ᠳᠠᠯ ᠳᠤ ᠣᠷᠤᠭᠠᠤᠨ ᠪᠠᠢ᠌ᠨ᠎ᠠ ᠭᠡᠭᠦ ᠳᠤ ᠢᠯᠡᠭᠦᠳᠡᠭᠦ ᠪᠠᠷ ᠦᠭᠡᠶ᠂ ᠬᠠᠢ᠌ᠷ᠎ᠠ ᠰᠡᠳᠬᠢᠯᠭᠡ ᠲᠡᠶ ᠭᠦᠮᠤᠨ ᠪᠦᠭᠦᠨ ᠤ ᠦᠷᠦ ᠵᠢᠷᠦᠭᠡᠨ ᠡᠴᠡ ᠨᠢ ᠴᠢᠯᠠᠭᠤ ᠳᠡᠭᠦᠵᠢᠯᠡᠭ᠍ᠰᠡ ᠰᠢᠭ᠌ ᠡᠪᠠᠷᠰᠢᠶᠡᠯ ᠶᠡᠭᠡᠳᠡᠢ ᠴᠠᠭ ᠦᠶ᠎ᠡ ᠳᠤ ᠡᠨᠡᠭᠦ ᠠᠷᠬᠠᠭ ᠭᠡᠮ ᠤᠨ ᠣᠭ ᠦᠨᠳᠦᠰᠦ ᠶᠢ ᠳᠤᠳᠤᠯᠠᠵᠤ᠂ ᠵᠠᠰᠠᠨ ᠡᠳᠡᠭᠡᠷᠡᠭᠦᠯᠭᠦ ᠰᠠᠢ᠌ᠨ ᠵᠤᠷ ᠪᠠᠴᠢᠮ ᠳᠤᠯᠭᠠᠭᠤ ᠱᠠᠭᠠᠷᠳᠠᠭᠳᠠᠵᠤ ᠪᠠᠢ᠌ᠨ᠎ᠠ᠃

ᠣᠯᠤᠰ ᠡᠴᠡ ᠳᠤᠭᠳᠠᠭᠠᠵᠤ ᠦᠭ‍ᠭᠦᠭ᠍ᠰᠡᠨ ᠦᠨᠳᠦᠰᠦᠳᠠᠨ ᠤ ᠣᠷᠤᠨ ᠤ ᠥᠪᠠᠷᠳᠡᠭᠡᠨ ᠵᠠᠰᠠᠬᠤ ᠬᠠᠤᠯᠢ ᠪᠠᠢ᠌ᠨ᠎ᠠ᠂ ᠣᠷᠤᠨ ᠡᠴᠡ ᠳᠤᠭᠳᠠᠭᠠᠭᠰᠠᠨ ᠮᠤᠩᠭ᠋ᠤᠯ ᠥᠭᠡ ᠭᠡᠯᠡ ᠥᠰᠦᠭ᠌ ᠪᠢᠴᠢᠭ᠌ ᠤᠨ ᠠᠵᠢᠯ ᠤᠨ ᠳᠦᠷᠢᠮ ᠪᠠᠢ᠌ᠨ᠎ᠠ᠂ ᠶᠠᠭᠠᠭᠢᠭᠠᠤᠨ ᠳᠤᠤᠱᠯᠠᠭᠤᠯᠤᠭᠳᠠᠨ ᠭᠡᠷᠡᠭ᠍ᠵᠢᠭᠦᠯᠦᠭ᠍ᠳᠡᠭᠦ ᠦᠭᠡᠶ ᠪᠣᠢ ︖ ᠭᠡᠨ ᠨᠢ ᠭᠡᠷᠡᠭ᠍ᠵᠢᠭᠦᠯᠭᠦ ᠦᠭᠡᠶ ᠪᠠᠢ᠌ᠬᠤ ᠪᠣᠢ ︖ ᠬᠠᠷᠢᠭᠤᠴᠠᠯᠭ᠎ᠠ ᠶᠢ ᠭᠡᠨ ᠡᠴᠡ ᠡᠷᠢᠭᠦ ᠪᠣᠢ ︖ ᠮᠢᠨᠤ ᠥᠵᠡᠭᠦ ᠪᠠᠷ ᠭᠤᠤᠯ ᠨᠢ ᠡᠯ᠎ᠡ ᠱᠠᠳᠤᠨ ᠤ ᠣᠳᠤᠷᠢᠳᠤᠯᠭ᠎ᠠ (ᠨᠤᠶᠠᠤᠨ) ᠭᠦᠡᠳᠦᠦᠡᠭᠡᠨ ᠥᠵᠡᠭᠦ ᠦᠭᠡᠶ ᠪᠠᠢ᠌ᠬᠤ ᠶᠠᠪᠣᠳᠠᠯ ᠨᠢ ᠵᠠᠩᠭᠢᠯᠠᠭ᠎ᠠ ᠪᠣᠯᠤᠨ᠎ᠠ᠃

ᠣᠢ᠌ᠯᠠᠭᠠᠭᠰᠠᠨ ᠶᠢᠡᠷ ᠭᠤᠴᠢᠭᠠᠤᠨ ᠲᠦᠮᠡᠨ ᠭᠦᠮᠤᠨ ᠠᠮᠠ ᠲᠡᠶ᠂ ᠮᠤᠩᠭ᠋ᠤᠯ ᠦᠨᠳᠦᠰᠦᠳᠠᠨ ᠶᠢᠡᠷ ᠭᠤᠤᠯ ᠴᠤᠭᠴᠠ ᠪᠣᠯᠭᠠᠭᠰᠠ ᠨᠢᠭᠡ ᠮᠠᠯᠵᠢᠬᠤ ᠬᠤᠰᠢᠭᠤᠨ ᠤ ᠨᠠᠮ ᠤᠨ ᠬᠤᠷᠢᠶᠠᠨ ᠤ ᠪᠠᠢ᠌ᠩᠭ᠋ᠤ ᠶᠢᠨ ᠭᠡᠰᠢᠭᠦᠨ 11 ᠭᠦᠮᠤᠨ ᠤ 7 ᠨᠢ ᠮᠤᠩᠭ᠋ᠤᠯ ᠦᠨᠳᠦᠰᠦᠳᠠᠨ ᠶᠢᠡᠷ ᠳᠠᠩᠰᠠᠯᠠᠭᠤᠯᠵᠤ ᠪᠠᠢ᠌ᠨ᠎ᠠ᠂ ᠭᠡᠳᠡᠯ᠎ᠡ ᠮᠤᠩᠭ᠋ᠤᠯ ᠭᠡᠯᠡ ᠪᠠᠨ ᠮᠡᠳᠡᠳᠡᠭ᠌ ᠨᠢ ᠬᠤᠶᠠᠷᠬᠠᠨ ᠭᠦᠮᠤᠨ᠃ ᠵᠠᠰᠠᠭ ᠤᠨ ᠣᠷᠳᠤᠨ ᠤ ᠭᠤᠤᠯ ᠳᠠᠳ᠋ ᠳᠠᠷᠤᠭ᠎ᠠ 7 ᠭᠦᠮᠤᠨ ᠡᠴᠡ 4 ᠨᠢ ᠮᠤᠩᠭ᠋ᠤᠯ᠂ ᠮᠤᠩᠭ᠋ᠤᠯ ᠭᠡᠯᠡ ᠪᠠᠨ ᠮᠡᠳᠡᠳᠡᠭ᠌ ᠨᠢ ᠮᠦᠨ ᠯᠠ 2 ᠭᠦᠮᠤᠨ᠃ ᠮᠤᠩᠭ᠋ᠤᠯ ᠭᠡᠯᠡ ᠪᠠᠨ ᠳᠠᠭ ᠮᠡᠳᠡᠭᠦ ᠦᠭᠡᠶ ᠳᠠᠷᠤᠭ᠎ᠠ ᠨᠡᠷ ᠮᠤᠩᠭ᠋ᠤᠯ ᠥᠭᠡ ᠭᠡᠯᠡ ᠥᠰᠦᠭ᠌ ᠪᠢᠴᠢᠭ᠌ ᠤᠨ ᠠᠵᠢᠯ ᠢ ᠭᠦᠡᠳᠦᠦᠡᠭᠡᠨ ᠦᠵᠡᠨ᠎ᠠ ᠭᠡᠵᠤ ᠭᠡᠯᠡᠭᠦ ᠶᠢᠨ ᠠᠷᠭ᠎ᠠ ᠦᠭᠡᠶ᠃

ᠳᠡᠭᠡᠷᠡᠭᠢ ᠡᠴᠡ ᠭᠠᠳᠠᠨ᠎ᠠ ᠭᠡᠯᠡᠨ ᠤ ᠣᠷᠴᠢᠨ ᠤ ᠪᠣᠭᠢᠷᠳᠤᠯ᠂ ᠰᠤᠶᠤᠯ ᠤᠨ ᠢᠳᠡᠭ᠍ᠳᠡᠯ ᠪᠠ ᠳᠠᠯᠭᠢᠭᠳᠠᠯ᠂ ᠠᠵᠤ ᠠᠬᠤᠢ ᠶᠢᠨ ᠳᠠᠷᠤᠯᠳᠠ᠂ ᠰᠤᠷᠭᠠᠭᠤᠯᠢ ᠡᠷᠭᠢᠯᠡᠭᠦ ᠣᠷᠤᠨ ᠪᠠᠢ᠌ᠷᠢ ᠶᠢᠨ ᠭᠢᠵᠠᠭᠠᠷᠳᠠᠮᠠᠯ ᠳᠠᠯ᠎ᠠ᠂ ᠠᠵᠢᠯ ᠣᠯᠭᠤᠯᠳᠠ᠂ ᠰᠢᠯᠭᠠᠯᠳᠠ ᠶᠢᠨ ᠳᠦᠷᠢᠮ᠂ ᠵᠢᠴᠢ ᠵᠠᠷᠢᠮ ᠭᠡᠷ ᠤᠨ ᠠᠬᠠᠮᠠᠤᠨ ᠤᠨ ᠦᠵᠡᠯ ᠣᠬᠠᠮᠰᠠᠷ ᠤᠨ ᠭᠡᠯᠪᠠᠷᠢᠯ ᠁ ᠵᠡᠷᠭᠡ ᠶᠢᠨ ᠣᠯᠠᠨ ᠳᠠᠯ᠎ᠠ ᠶᠢᠨ ᠰᠢᠯᠳᠠᠭᠠᠨ ᠪᠠᠢ᠌ᠬᠤ ᠶᠢ ᠡ᠊ᠨᠳᠡ ᠶᠠᠷᠢᠬᠤ ᠦᠭᠡᠶ᠃ ᠵᠥᠪᠭᠡᠨ ᠮᠤᠩᠭ᠋ᠤᠯ ᠭᠡᠯᠡᠨ ᠤ ᠭᠡᠷᠡᠭᠯᠡᠭᠡ ᠪᠠᠨ ᠦᠷᠭᠡᠳᠭᠡᠭᠦ ᠳᠠᠯ᠎ᠠ ᠪᠠᠷ ᠦᠪᠡᠷ ᠤᠨ ᠦᠵᠡᠯᠳᠠ ᠪᠠᠨ ᠶᠠᠷᠢᠬᠤ ᠪᠣᠯᠤᠨ᠎ᠠ᠃

1᠂ ᠮᠤᠩᠭ᠋ᠤᠯ ᠦᠨᠳᠦᠰᠦᠳᠠᠨ ᠶᠢᠡᠷ ᠭᠤᠤᠯ ᠴᠤᠭᠴᠠ ᠪᠣᠯᠭᠠᠭᠰᠠᠨ ᠣᠷᠤᠨ ᠳᠤ ᠮᠤᠩᠭ᠋ᠤᠯ ᠥᠭᠡ ᠭᠡᠯᠡ ᠥᠰᠦᠭ᠌ ᠪᠢᠴᠢᠭ᠌ ᠶᠢᠡᠨ ᠭᠡᠷᠡᠭᠯᠡᠵᠤ ᠴᠢᠳᠠᠬᠤ ᠦᠭᠡᠶ ᠭᠦᠮᠤᠨ ᠢ ᠡᠯ᠎ᠡ ᠱᠠᠳᠤᠨ ᠤ ᠭᠤᠤᠯ ᠣᠳᠤᠷᠢᠤᠠᠬᠤ ᠪᠠᠢ᠌ᠷᠢᠨ ᠳᠤ ᠳᠡᠪᠰᠢᠭᠦᠯᠵᠤ ᠪᠣᠯᠬᠤ ᠦᠭᠡᠶ᠃ ᠴᠥᠭᠡᠨ ᠳᠤᠭᠠᠳᠤ ᠦᠨᠳᠦᠰᠦᠳᠠᠨ ᠤ ᠣᠷᠤᠨ ᠳᠤ ᠳᠤᠰ ᠦᠨᠳᠦᠰᠦᠳᠠᠨ ᠤ ᠥᠭᠡ ᠭᠡᠯᠡ ᠥᠰᠦᠭ᠌ ᠪᠢᠴᠢᠭ᠌ ᠢ ᠳᠠᠭ ᠮᠡᠳᠡᠭᠦ ᠦᠭᠡᠶ ᠭᠦᠮᠤᠨ ᠶᠢᠡᠷ ᠦᠨᠳᠦᠰᠦᠳᠠᠨ ᠤ ᠺᠠᠳ᠋ᠷ ᠤᠨ ᠣᠷᠤᠨ ᠳᠤᠭ᠎ᠠ ᠶᠢ ᠡᠵᠡᠯᠡᠭᠦᠯᠭᠦ ᠭᠡᠯᠪᠠᠢ᠌ᠭᠦᠤ ᠥᠵᠡᠭ᠍ᠳᠡᠯ ᠢ ᠥᠭᠡᠢ᠌ᠰᠭᠡᠪᠠᠯ ᠵᠤᠭᠢᠨ᠎ᠠ᠃

2᠂ ᠦᠨᠳᠦᠰᠦᠳᠠᠨ ᠤ ᠭᠡᠷᠡᠭ᠌ ᠡᠷᠭᠢᠯᠡᠭᠦ ᠵᠦᠪᠯᠠᠯ ᠤᠨ ᠡᠷᠭᠡ ᠪᠠᠢ᠌ᠷᠢ ᠪᠠ ᠴᠢᠳᠠᠮᠵᠢ ᠶᠢ ᠳᠡᠭᠡᠭ᠍ᠰᠢᠯᠡᠭᠦᠯᠵᠤ᠂ ᠮᠤᠩᠭ᠋ᠤᠯ ᠥᠭᠡ ᠭᠡᠯᠡ ᠥᠰᠦᠭ᠌ ᠪᠢᠴᠢᠭ᠌ ᠤᠨ ᠠᠵᠢᠯ ᠳᠤ ᠭᠢᠨᠠᠯᠳᠠ ᠳᠠᠯᠪᠢᠬᠤ᠂ ᠪᠠᠢ᠌ᠴᠠᠭᠠᠨ ᠥᠨᠡᠯᠡᠭᠦ᠂ ᠱᠠᠩᠨᠠᠨ ᠭᠦᠭᠢᠭᠦᠯᠭᠦ᠂ ᠶᠠᠯᠠᠯᠠᠨ ᠳᠤᠷᠭᠤᠭᠠᠬᠤ ᠠᠵᠢᠯ ᠢ ᠰᠢᠰᠲ᠋ᠸᠮᠵᠢᠭᠦᠯᠵᠤ᠂ ᠪᠠᠢ᠌ᠭᠤᠯᠤᠯᠭ᠎ᠠ ᠨᠢᠭᠡᠴᠡ ᠶᠢᠨ ᠠᠵᠢᠯ ᠤᠨ ᠦᠷ᠎ᠡ ᠪᠦᠳᠦᠮᠵᠢ ᠶᠢ ᠦᠨᠡᠯᠠᠨ ᠳᠡᠭ᠍ᠰᠢᠦᠡᠭᠡᠭᠦ ᠲᠡᠶ ᠰᠢᠭᠤᠳ ᠬᠤᠯᠪᠣᠭᠳᠠᠭᠤᠯᠤᠨ᠂ ᠭᠠᠴᠠᠭ᠎ᠠ ᠳᠤᠰᠬᠤᠨ ᠨᠡᠢ᠌ᠭᠡᠮ ᠳᠤᠭᠤᠷᠢᠭ ᠲᠤ ᠭᠦᠷᠳᠡᠯ᠎ᠡ ᠬᠠᠷᠢᠭᠤᠴᠠᠯᠭ᠎ᠠ ᠳᠤᠯᠭᠠᠨ᠂ ᠺᠠᠳ᠋ᠷ ᠢ ᠰᠢᠯᠢᠨ ᠳᠡᠪᠰᠢᠭᠦᠯᠭᠦ ᠳᠤ ᠭᠤᠤᠯ ᠨᠥᠭᠦᠴᠡᠯ ᠪᠣᠯᠭᠠᠪᠠᠯ ᠵᠤᠭᠢᠨ᠎ᠠ᠃ ᠣᠳᠤ ᠶᠢᠨ ᠪᠠᠢ᠌ᠳᠠᠯ ᠶᠢᠡᠷ ᠦᠵᠡᠪᠠᠯ ᠡᠯ᠎ᠡ ᠱᠠᠳᠤᠨ ᠤ ᠦᠨᠳᠦᠰᠦᠳᠠᠨ ᠤ ᠭᠡᠷᠡᠭ᠌ ᠡᠷᠭᠢᠯᠡᠭᠦ ᠵᠦᠪᠯᠠᠯ ᠨᠢ ᠰᠦᠮ᠎ᠡ ᠯᠠᠮᠠ ᠬᠤᠶᠠᠷ ᠡᠴᠡ ᠪᠠᠨ ᠥᠭᠡᠷ᠎ᠡ ᠬᠠᠮᠢᠶᠠᠷᠠᠬᠤ ᠠᠵᠢᠯ ᠦᠭᠡᠶ ᠪᠣᠯᠴᠢᠬᠠᠭᠰᠠᠨ ᠪᠠᠢ᠌ᠨ᠎ᠠ᠂ ᠦᠨᠡᠨ ᠳᠤ ᠪᠠᠨ ᠦᠨᠳᠦᠰᠦᠳᠠᠨ ᠤ ᠭᠡᠷᠡᠭ᠌ ᠡᠷᠭᠢᠯᠡᠭᠦ ᠵᠦᠪᠯᠠᠯ ᠤᠨ ᠡᠷᠭᠡ ᠰᠦᠷ᠂ ᠴᠢᠳᠠᠪᠭᠢ ᠶᠢ ᠦᠨᠳᠦᠰᠦᠳᠠᠨ ᠤ ᠣᠷᠤᠨ ᠤ ᠬᠠᠮᠤᠭ ᠤᠨ ᠴᠢᠬᠤᠯᠠ ᠪᠠᠢ᠌ᠷᠢᠨ ᠳᠤ ᠳᠠᠯᠪᠢᠵᠤ ᠣᠢ᠌ᠯᠠᠳᠤᠯ ᠢ ᠨᠢ ᠪᠦᠷᠢᠨ ᠪᠠᠳᠠᠷᠠᠭᠤᠯᠪᠠᠯ ᠳᠠᠭᠠᠷᠠᠨ᠎ᠠ᠃

3᠂ ᠦᠨᠳᠦᠰᠦᠳᠠᠨ ᠤ ᠣᠷᠤᠨ ᠳᠤ ᠦᠪᠡᠷ ᠤᠨ ᠦᠨᠳᠦᠰᠦᠳᠠᠨ ᠤ ᠪᠠᠨ ᠥᠭᠡ ᠭᠡᠯᠡ ᠥᠰᠦᠭ᠌ ᠪᠢᠴᠢᠭ᠌ ᠶᠢᠡᠷ ᠠᠵᠢᠯᠯᠠᠵᠤ ᠴᠢᠳᠠᠬᠤ ᠺᠠᠳ᠋ᠷ ᠠᠵᠢᠯᠳᠠᠨ ᠤ ᠡᠵᠡᠯᠡᠭᠦ ᠬᠠᠷᠢᠴᠠᠯ ᠢ ᠨᠡᠮᠡᠭ᠍ᠳᠡᠭᠦᠯᠵᠤ᠂ ᠺᠠᠳ᠋ᠷ ᠠᠵᠢᠯᠳᠠᠨ ᠡᠯᠰᠡᠭᠦ ᠪᠢᠷ ᠤᠨ ᠪᠠ ᠨᠢᠭᠤᠷᠳᠠᠨ ᠰᠢᠯᠭᠠᠯᠳᠠ ᠶᠢ ᠮᠤᠩᠭ᠋ᠤᠯ ᠶᠢᠡᠷ ᠭᠢᠭᠦ ᠶᠢ ᠭᠡᠷᠡᠭ᠍ᠵᠢᠭᠦᠯᠪᠠᠯ ᠵᠤᠭᠢᠨ᠎ᠠ᠃ ᠵᠠᠷᠢᠮ ᠠᠵᠢᠯᠳᠠᠨ ᠡᠯᠰᠡᠭᠦ ᠰᠢᠯᠭᠠᠯᠳᠠ ᠳᠤ ᠴᠥᠭᠡᠨ ᠳᠤᠭᠠᠳᠤ ᠦᠨᠳᠦᠰᠦᠳᠠᠨ ᠤ ᠣᠷᠤᠯᠴᠠᠭᠴᠢ ᠶᠢ ᠵᠠᠪᠠᠯ ᠭᠢᠳᠠᠤᠨ ᠭᠡᠯᠡᠨ ᠳᠤ ᠭᠢᠷᠢ ᠲᠡᠩᠴᠡᠬᠦ ᠮᠥᠷᠳᠡᠭᠡᠨ ᠭᠢᠳᠠᠤᠨ ᠶᠢᠡᠷ ᠭᠡᠯᠡᠵᠤ ᠶᠠᠷᠢᠵᠤ ᠴᠢᠳᠠᠭᠰᠠᠨ ᠪᠠᠢ᠌ᠬᠤ ᠱᠠᠭᠠᠷᠳᠠᠯᠭ᠎ᠠ ᠲᠡᠶ ᠪᠠᠢ᠌ᠳᠠᠭ᠂ ᠳᠡᠭᠡᠪᠠᠯ ᠮᠤᠩᠭ᠋ᠤᠯ ᠦᠨᠳᠦᠰᠦᠳᠠᠨ ᠤ ᠺᠠᠳ᠋ᠷ ᠠᠵᠢᠯᠳᠠᠨ ᠢ ᠡᠯᠰᠡᠨ ᠭᠡᠷᠡᠭᠯᠡᠭᠦ ᠳᠤ ᠵᠠᠪᠠᠯ ᠮᠤᠩᠭ᠋ᠤᠯ ᠥᠭᠡ ᠭᠡᠯᠡ ᠥᠰᠦᠭ᠌ ᠪᠢᠴᠢᠭ᠌ ᠶᠢᠡᠨ ᠭᠡᠷᠡᠭᠯᠡᠵᠤ ᠴᠢᠳᠠᠭᠰᠠᠨ ᠪᠠᠢ᠌ᠬᠤ ᠭᠡᠷᠡᠭ᠍ᠳᠡᠢ ᠭᠡᠰᠡᠨ ᠪᠠᠷᠢᠮᠵᠢᠶ᠎ᠠ ᠳᠤᠭᠳᠠᠭᠠᠬᠤ ᠳᠤ ᠪᠣᠷᠤᠭᠤᠳᠠᠬᠤ ᠪᠠᠷ ᠦᠭᠡᠶ᠃

4᠂ ᠮᠤᠩᠭ᠋ᠤᠯ ᠦᠨᠳᠦᠰᠦᠳᠠᠨ ᠶᠢᠡᠷ ᠭᠤᠤᠯ ᠴᠤᠭᠴᠠ ᠪᠣᠯᠭᠠᠭᠰᠠ ᠣᠷᠤᠨ (ᠬᠤᠰᠢᠭᠤ ᠰᠢᠶᠠᠨ ᠪᠣᠶᠤ ᠬᠤᠳᠠ ᠠᠢ᠌ᠮᠠᠭ) ᠊ᠤ ᠰᠤᠷᠭᠠᠨ ᠭᠦᠮᠦᠵᠢᠯ ᠤᠨ ᠳᠤᠪᠴᠢᠶᠠᠨ ᠤ ᠭᠤᠤᠯ ᠣᠳᠤᠷᠢᠳᠤᠯᠭ᠎ᠠ ᠶᠢ ᠮᠤᠩᠭ᠋ᠤᠯ ᠥᠭᠡ ᠭᠡᠯᠡ ᠥᠰᠦᠭ᠌ ᠪᠢᠴᠢᠭ᠌ ᠶᠢᠡᠨ ᠰᠠᠢ᠌ᠨ ᠭᠡᠷᠡᠭᠯᠡᠵᠤ ᠴᠢᠳᠠᠳᠠᠭ ᠭᠦᠮᠤᠨ ᠢ ᠭᠡᠷᠡᠭᠯᠡᠪᠠᠯ ᠳᠠᠭᠠᠷᠠᠨ᠎ᠠ᠃ ᠳᠡᠭᠡᠪᠠᠯ ᠰᠠ‍‌ᠶᠢ ᠮᠤᠩᠭ᠋ᠤᠯ ᠭᠡᠯᠡᠨ ᠤ ᠪᠠᠨ ᠴᠢᠬᠤᠯᠠ ᠴᠢᠨᠠᠷ ᠢ ᠮᠠᠳᠠᠵᠤ ᠮᠤᠩᠭ᠋ᠤᠯ ᠭᠡᠯᠡᠨ ᠤ ᠭᠡᠷᠡᠭᠯᠡᠭᠡ ᠶᠢ ᠴᠢᠬᠤᠯᠠᠴᠢᠯᠠᠵᠤ᠂ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠰᠤᠷᠭᠠᠭᠤᠯᠢ ᠨᠤᠭᠤᠳ ᠤᠨ ᠲᠦᠷᠦᠯᠭᠢ ᠭᠡᠯᠡᠨ ᠤ ᠵᠢᠭᠠᠨ ᠰᠤᠷᠭᠠᠯᠳᠠ ᠶᠢ ᠴᠢᠩᠭ᠋ᠠᠤᠠᠬᠠᠵᠤ᠂ ᠮᠤᠩᠭ᠋ᠤᠯ ᠭᠡᠯᠡᠨ ᠤ ᠪᠠᠭᠰᠢ ᠶᠢᠨ ᠡᠩᠨᠡᠭᠡᠨ ᠤ ᠶᠠᠰᠤ ᠴᠢᠨᠠᠷ ᠢ ᠳᠡᠭᠡᠭ᠍ᠰᠢᠯᠡᠭᠦᠯᠵᠤ ᠴᠢᠳᠠᠨ᠎ᠠ᠃

5᠂ ᠮᠤᠩᠭ᠋ᠤᠯ ᠰᠤᠷᠭᠠᠭᠤᠯᠢ ᠨᠤᠭᠤᠳ ᠨᠢᠭᠡᠨ ᠨᠢᠭᠡᠨ ᠤ ᠪᠠᠨ ᠣᠯᠤᠭᠰᠠᠨ ᠴᠥᠭᠡᠷᠡᠵᠤ ᠪᠠᠢ᠌ᠭ᠎ᠠ ᠰᠤᠷᠤᠭᠴᠢᠳ ᠶᠢᠡᠨ ᠬᠠᠷᠢᠯᠴᠠᠨ ᠭᠤᠬᠠᠳᠠᠵᠤ ᠳᠡᠭᠡᠭᠡᠯᠡᠭᠦ (ᠬᠤᠳᠠ ᠶᠢᠨ ᠭᠢᠨ ᠭᠦᠳᠡᠭᠡ ᠶᠢᠨ ᠶᠢᠡᠨ᠂ ᠣᠠᠴᠠᠭᠠᠢ᠌ᠯᠠᠨ ᠳᠡᠭᠡᠳᠤ ᠳᠤᠮᠳᠠᠳᠤ ᠶᠢᠨ ᠭᠢᠨ ᠰᠤᠷᠤᠭᠴᠢ ᠪᠠᠨ ᠪᠣᠯᠢᠶᠠᠯᠴᠠᠬᠤ) ᠪᠠᠷ ᠶᠢᠡᠨ ᠳᠠᠷᠠ ᠣᠯᠠᠨ ᠭᠢᠳᠠᠤᠨ ᠰᠤᠷᠭᠠᠭᠤᠯᠢ ᠵᠥᠭ᠌ ᠣᠷᠤᠰᠴᠤ ᠪᠦᠭᠦᠢ ᠭᠡᠦᠭᠡᠤᠨ ᠤᠳ ᠶᠢᠡᠨ ᠪᠣᠴᠠᠭᠠᠵᠤ ᠠᠪᠴᠢᠷᠠᠬᠤ ᠣᠬᠠᠭᠠᠨ ᠰᠤᠪᠢᠵᠤ ᠪᠣᠯᠤᠨ᠎ᠠ ᠰᠢᠳᠠ᠃ ᠰᠤᠷᠭᠠᠭᠤᠯᠢ ᠶᠢᠨ ᠵᠠᠭᠢᠷᠤᠯ ᠨᠡᠷ ᠭᠠᠳᠠᠭᠰᠢ ᠭᠠᠷᠴᠤ 《ᠳᠤᠭᠤᠷᠢᠨ ᠦᠵᠡᠵᠤ ᠰᠤᠷᠤᠯᠴᠠᠬᠤ》 ᠵᠢᠨ ᠳᠠᠭᠠᠤ ᠳᠤ ᠪᠠᠨ ᠮᠠᠯᠵᠢᠬᠤ ᠣᠷᠤᠨ ᠭᠦᠳᠡᠭᠡ ᠠᠢ᠌ᠯ ᠪᠣᠶᠤ ᠨᠡᠢ᠌ᠭᠡᠮ ᠳᠤᠭᠤᠷᠢᠭ ᠶᠢᠡᠷ ᠭᠦᠡᠵᠡᠭᠡᠢ᠌ᠷᠡᠵᠤ᠂ ᠨᠡᠢ᠌ᠭᠡᠮ ᠭᠡᠷ ᠤᠨ ᠠᠬᠠᠮᠠᠤᠨ ᠯᠤᠭ᠎ᠠ ᠢᠯᠡᠭᠦᠭᠡᠨ ᠬᠠᠷᠢᠴᠠᠵᠤ᠂ ᠭᠡᠦᠭᠡᠤᠨ ᠶᠢᠡᠨ ᠲᠦᠷᠦᠯᠭᠢ ᠭᠡᠯᠡ ᠪᠠᠷ ᠶᠢᠡᠨ ᠭᠦᠮᠦᠵᠢᠭᠦᠯᠭᠦ ᠶᠢᠨ ᠴᠢᠬᠤᠯᠠ ᠴᠢᠨᠠᠷ ᠢ ᠣᠬᠠᠭᠤᠯᠵᠤ ᠱᠠᠭᠠᠷᠳᠠᠵᠤ ᠪᠠᠢ᠌ᠪᠠᠯ ᠣᠢ᠌ᠯᠠᠳᠤᠯ ᠭᠠᠷᠬᠤ ᠨᠢ ᠳᠠᠮᠵᠢᠭ ᠦᠭᠡᠶ ᠶᠤᠮ᠃ ᠣᠳᠤ ᠶᠢᠨ ᠪᠠᠢ᠌ᠳᠠᠯ ᠶᠢᠡᠷ ᠦᠵᠡᠪᠠᠯ ᠡᠯ᠎ᠡ ᠱᠠᠳᠤᠨ ᠤ ᠣᠳᠤᠷᠢᠳᠤᠯᠭ᠎ᠠ ᠪᠠ ᠮᠠᠯᠴᠢᠨ ᠳᠠᠷᠢᠶᠠᠴᠢᠳ ᠤᠨ ᠬᠤᠭᠤᠷᠤᠠᠳᠤᠭᠢ ᠵᠠᠢ ᠣᠯᠠᠮ ᠶᠢᠡᠷ ᠶᠡᠭᠡᠰᠴᠤ ᠪᠠᠢ᠌ᠬᠤ ᠶᠢ ᠳᠠᠭᠠᠯᠳᠤᠨ ᠰᠤᠷᠭᠠᠭᠤᠯᠢ ᠨᠡᠢ᠌ᠭᠡᠮ ᠭᠡᠷ ᠤᠨ ᠠᠬᠠᠮᠠᠤᠨ ᠤᠨ ᠬᠤᠭᠤᠷᠤᠳᠤᠭᠢ ᠬᠠᠷᠢᠴᠠᠭ᠎ᠠ ᠴᠤ ᠢᠳᠡᠭ᠌ ᠢᠳᠡᠭ᠌ ᠶᠢᠡᠷ ᠰᠤᠯᠠᠷᠠᠵᠤ ᠪᠠᠢ᠌ᠬᠤ ᠬᠠᠠᠳᠤᠰᠢ ᠲᠡᠶ᠂ ᠡᠨᠡ ᠪᠣᠯ ᠠᠶᠤᠮᠰᠢᠭᠳᠤ ᠰᠢᠯᠵᠢᠯᠳᠠ ᠮᠦᠨ᠃

6᠂ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠰᠤᠷᠭᠠᠭᠤᠯᠢ ᠨᠤᠭᠤᠳ ᠤᠨ ᠡᠯ᠎ᠡ ᠭᠢᠴᠢᠶᠠᠯ ᠲᠦᠷᠦᠯ ᠤᠨ ᠭᠢᠨ ᠭᠢᠳᠠᠤᠨ ᠮᠠᠲ᠋ᠸᠷᠢᠶᠠᠯ ᠭᠡᠷᠡᠭᠯᠡᠵᠤ ᠪᠠᠢ᠌ᠭ᠎ᠠ ᠥᠵᠡᠭ᠍ᠳᠡᠯ ᠨᠠᠢ᠌ᠳᠠᠮ ᠣᠷᠤᠰᠢᠵᠤ ᠪᠠᠢ᠌ᠭ᠎ᠠ ᠪᠣᠯ ᠮᠤᠩᠭ᠋ᠤᠯ ᠭᠡᠯᠡᠨ ᠤ ᠭᠡᠷᠡᠭᠯᠡᠭᠡ ᠶᠢ ᠢᠪᠴᠠᠤᠷᠠᠭᠤᠯᠵᠤ ᠪᠠᠢ᠌ᠭ᠎ᠠ ᠪᠠᠰᠠ ᠨᠢᠭᠡᠨ ᠴᠢᠬᠤᠯᠠ ᠰᠢᠯᠳᠠᠭᠠᠨ ᠪᠣᠯᠵᠤ ᠪᠠᠢ᠌ᠨ᠎ᠠ᠃ ᠠᠩᠬ᠎ᠠ ᠳᠤᠮᠳᠠᠳᠤ᠂ ᠣᠠᠴᠠᠭᠠᠢ᠌ᠯᠠᠨ ᠦᠨᠳᠦᠷ ᠳᠤᠮᠳᠠᠳᠤ ᠶᠢᠨ ᠱᠠᠳᠤᠨ ᠤ ᠭᠡᠯᠡ ᠪᠢᠴᠢᠭ᠌ ᠤᠨ ᠭᠢᠴᠢᠶᠠᠯ ᠡᠴᠡ ᠪᠣᠰᠤᠳ ᠲᠦᠷᠦᠯ ᠤᠨ ᠭᠢᠴᠢᠶᠠᠯ ᠤᠳ ᠤᠨ ᠪᠣᠯᠪᠠᠰᠤᠷᠠᠯ ᠰᠢᠯᠭᠠᠯᠳᠠ ᠵᠡᠷᠭᠡ ᠪᠣᠢ ᠪᠦᠭᠦᠢ ᠬᠠᠪᠰᠤᠷᠤᠮᠵᠢ ᠮᠠᠲ᠋ᠸᠷᠢᠶᠠᠯ ᠪᠠᠷᠤᠭ ᠪᠦᠭᠦᠨ ᠶᠢᠡᠷ ᠶᠢᠡᠨ ᠭᠢᠳᠠᠤᠨ ᠪᠣᠯᠵᠤ ᠪᠠᠢ᠌ᠨ᠎ᠠ (ᠶᠡᠭᠡ ᠰᠤᠷᠭᠠᠭᠤᠯᠢ ᠶᠢ ᠨᠠᠩ ᠭᠡᠯᠡᠭᠦ ᠶᠠᠭᠤᠨ)᠃ ᠳᠠᠷᠤᠢ ᠪᠠᠭᠰᠢ ᠨᠡᠷ ᠨᠢ 《ᠪᠠᠯᠠᠨ ᠬᠤᠭᠤᠯᠠ》 ᠢᠳᠡᠭᠦ ᠵᠠᠯᠬᠠᠭᠤ ᠵᠠᠩ ᠲᠡᠶ ᠪᠣᠯᠵᠤ᠂ ᠰᠦᠯᠵᠢᠶ᠎ᠠ ᠪᠣᠶᠤ ᠭᠢᠳᠠᠤᠨ ᠮᠠᠲ᠋ᠸᠷᠢᠶᠠᠯ ᠢ ᠰᠢᠭᠤᠳ ᠰᠢᠯᠵᠢᠭᠦᠯᠤᠨ ᠭᠡᠷᠡᠭᠯᠡᠭᠦ ᠪᠣᠯᠤᠭᠰᠠᠨ ᠪᠠᠢ᠌ᠬᠤ ᠳᠤ ᠰᠤᠷᠭᠠᠭᠤᠯᠢ ᠨᠢ ᠶᠠᠮᠠᠷ ᠴᠤ ᠮᠠᠳᠠᠷᠠᠮᠵᠢ ᠪᠠᠢ᠌ᠬᠤ ᠦᠭᠡᠶ ᠪᠣᠯᠤᠭᠰᠠᠨ ᠳᠤ ᠣᠷᠤᠰᠢᠨ᠎ᠠ᠃ ᠡᠨᠡᠭᠦ ᠭᠡᠯᠪᠠᠷᠢᠯ ᠢ ᠬᠤᠷᠢᠭᠯᠠᠨ ᠵᠤᠭᠰᠠᠭᠠᠬᠤ ᠭᠡᠷᠡᠭ᠍ᠳᠡᠢ ᠪᠣᠯᠤᠭᠠᠤᠨ ᠪᠠᠢ᠌ᠨ᠎ᠠ᠂ ᠥᠪᠠᠷᠳᠡᠭᠡᠨ ᠨᠠᠢ᠌ᠷᠠᠭᠤᠯᠵᠤ ᠴᠢᠳᠠᠬᠤ ᠦᠭᠡᠶ ᠪᠣᠯ ᠪᠣᠰᠤᠳ ᠭᠡᠯᠡᠨ ᠡᠴᠡ ᠮᠤᠩᠭ᠋ᠤᠯ ᠶᠢᠡᠷ ᠶᠢᠡᠨ ᠣᠷᠴᠢᠭᠤᠯᠤᠭᠠᠤᠨ ᠭᠡᠷᠡᠭᠯᠡᠵᠤ ᠪᠣᠯᠤᠨ᠎ᠠ ᠰᠢᠳᠠ᠂ ᠢᠩᠭᠢᠪᠠᠯ ᠰᠤᠷᠤᠭᠴᠢᠳ ᠮᠤᠩᠭ᠋ᠤᠯ ᠶᠢᠡᠷ ᠶᠢᠡᠨ ᠰᠤᠷᠤᠯᠴᠠᠬᠤ ᠲᠤᠬᠢᠶᠠᠯ ᠨᠢ ᠢᠯᠡᠭᠦᠤ ᠪᠣᠯᠬᠤ ᠪᠢᠰᠢᠤ ︖ ᠦᠪᠡᠷ ᠤᠨ ᠡᠷᠭᠢᠯᠡᠵᠤ ᠪᠠᠢ᠌ᠭ᠎ᠠ ᠰᠤᠷᠭᠠᠭᠤᠯᠢ ᠳᠤ ᠪᠠᠨ ᠦᠪᠡᠷ ᠤᠨ ᠦᠨᠳᠦᠰᠦᠳᠠᠨ ᠤ ᠥᠭᠡ ᠭᠡᠯᠡ ᠥᠰᠦᠭ᠌ ᠪᠢᠴᠢᠭ᠌ ᠶᠢᠡᠷ ᠶᠢᠡᠨ ᠵᠢᠭᠠᠨ ᠰᠤᠷᠭᠠᠬᠤ ᠳᠤ ᠦᠪᠡᠷ ᠶᠢᠡᠨ ᠡᠵᠡᠨ ᠮᠡᠳᠡᠭᠦ ᠡᠷᠭᠡ ᠶᠢ ᠴᠢᠨᠢ ᠭᠡᠨ ᠬᠠᠷᠰᠢᠯᠠᠵᠤ ᠪᠠᠢ᠌ᠬᠤ ᠪᠣᠢ ︕

ᠣᠳᠤ ᠰᠤᠷᠭᠠᠭᠤᠯᠢ ᠨᠤᠭᠤᠳ ᠴᠥᠭᠡᠷᠡᠭ᠍ᠰᠡᠨ ᠡᠴᠡ ᠪᠠᠭᠰᠢ ᠶᠢᠨ ᠭᠦᠴᠤ ᠳᠤᠳᠠᠬᠤ ᠪᠠᠷ ᠦᠭᠡᠶ᠂ ᠰᠤᠷᠭᠠᠭᠤᠯᠢ ᠨᠢ ᠡᠯ᠎ᠡ ᠭᠢᠴᠢᠶᠠᠯ ᠲᠦᠷᠦᠯ ᠤᠨ ᠪᠠᠭᠰᠢ ᠨᠡᠷ ᠢ ᠵᠤᠬᠢᠶᠠᠨ ᠪᠠᠢ᠌ᠭᠤᠯᠵᠤ ᠵᠢᠭᠠᠬᠤ ᠶᠢ ᠰᠤᠳᠤᠯᠬᠤ ᠪᠠ ᠵᠢᠭᠠᠨ ᠰᠤᠷᠭᠠᠬᠤ ᠬᠠᠪᠰᠤᠷᠤᠮᠵᠢ ᠮᠠᠲ᠋ᠸᠷᠢᠶᠠᠯ ᠨᠠᠢ᠌ᠷᠠᠭᠤᠯᠬᠤ ᠪᠣᠶᠤ ᠣᠷᠴᠢᠭᠤᠯᠬᠤ ᠠᠵᠢᠯ ᠢ ᠭᠢᠵᠤ ᠪᠣᠯᠤᠨ᠎ᠠ᠃ ᠬᠤᠰᠢᠭᠤ ᠰᠤᠷᠭᠠᠨ ᠭᠦᠮᠦᠵᠢᠯ ᠤᠨ ᠳᠤᠪᠴᠢᠶᠠᠨ ᠳᠤ ᠵᠢᠭᠠᠬᠤ ᠶᠢ ᠰᠤᠳᠤᠯᠬᠤ ᠭᠡᠷ ᠭᠡᠵᠤ ᠪᠠᠢ᠌ᠳᠠᠭ᠂ ᠣᠳᠤ ᠵᠠᠷᠢᠮ ᠨᠢ ᠠᠮᠠᠷᠠᠯᠳᠠ ᠶᠢᠨ ᠭᠠᠵᠠᠷ ᠣᠬᠠᠭᠠᠨ ᠲᠡᠶ ᠪᠣᠯᠤᠭᠠᠤᠨ ᠪᠠᠢ᠌ᠨ᠎ᠠ ᠭᠡᠳᠡᠭ᠌᠂ ᠰᠤᠷᠭᠠᠭᠤᠯᠢ ᠨᠢ ᠵᠢᠭᠠᠬᠤ ᠶᠢ ᠰᠤᠳᠤᠯᠬᠤ ᠭᠡᠷ ᠲᠡᠶ ᠬᠠᠮᠵᠢᠯᠴᠠᠨ ᠡᠳᠡᠭᠡᠷ ᠠᠵᠢᠯ ᠤᠳ ᠢ ᠭᠢᠵᠤ ᠪᠣᠯᠤᠨ᠎ᠠ᠃

ᠶᠠᠭᠠᠭᠢᠵᠤ ᠭᠡᠯᠡᠭ᠍ᠰᠡᠨ ᠴᠤ ᠡᠯ᠎ᠡ ᠱᠠᠳᠤᠨ ᠤ ᠨᠠᠮ ᠵᠠᠰᠠᠭ ᠤᠨ ᠣᠳᠤᠷᠢᠳᠤᠯᠭ᠎ᠠ ᠭᠦᠡᠳᠦᠦᠡᠭᠡᠨ ᠦᠵᠡᠵᠤ᠂ ᠡᠯ᠎ᠡ ᠪᠠᠢ᠌ᠭᠤᠯᠤᠯᠭ᠎ᠠ ᠨᠢᠭᠡᠴᠡ ᠶᠢᠨ ᠠᠵᠢᠯ ᠤᠨ ᠭᠤᠤᠯᠳᠠᠭ᠎ᠠ ᠳᠤ ᠪᠠᠨ ᠣᠷᠤᠭᠤᠯᠵᠤ᠂ ᠠᠵᠢᠯ ᠤᠨ ᠦᠷ᠎ᠡ ᠪᠦᠳᠦᠮᠵᠢ ᠶᠢ ᠥᠨᠡᠯᠡᠭᠦ ᠴᠢᠬᠤᠯᠠ ᠪᠠᠷᠢᠮᠵᠢᠶ᠎ᠠ ᠪᠣᠯᠭᠠᠨ ᠣᠳᠤᠷᠢᠤᠠᠬᠤ ᠺᠠᠳ᠋ᠷ ᠢ ᠦᠨᠡᠯᠠᠨ ᠳᠡᠭ᠍ᠰᠢᠦᠡᠭᠡᠭᠦ ᠪᠠ ᠰᠢᠯᠢᠨ ᠳᠡᠪᠰᠢᠭᠦᠯᠭᠦ ᠲᠡᠶ ᠰᠢᠭᠤᠳ ᠬᠤᠯᠪᠣᠭᠳᠠᠭᠤᠯᠪᠠᠯ ᠰᠠ‍‌ᠶᠢ ᠮᠤᠩᠭ᠋ᠤᠯ ᠥᠭᠡ ᠭᠡᠯᠡ ᠥᠰᠦᠭ᠌ ᠪᠢᠴᠢᠭ᠌ ᠤᠨ ᠭᠡᠷᠡᠭᠯᠡᠭᠡ ᠶᠢ ᠦᠷᠭᠡᠳᠭᠡᠵᠤ ᠴᠢᠳᠠᠨ᠎ᠠ᠃


ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ᠂ ᠠᠷᠤ ᠬᠤᠷᠴᠢᠨ


ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 11903
ᠴᠠᠭ᠄ 2011 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ