ᠢᠨᠢᠶᠡᠯᠭᠡᠵᠤ ᠪᠠᠢ᠌ᠭᠠᠤᠨ ᠰᠢᠭᠦᠮᠵᠢᠯᠡᠭ᠍ᠰᠡᠨ ᠨᠢ

ᠬᠠᠢ᠌ᠯᠠᠰᠤ ᠪᠠᠷᠢᠭᠠᠳᠠ ᠶᠢᠨ ᠨᠠᠮ ᠤᠨ ᠡᠭᠦᠷ ᠤᠨ ᠠᠬᠠᠮᠠᠤᠨ ᠱᠦᠵᠢ ᠳᠸᠵᠢᠳ ᠪᠣᠯ ᠣᠳᠤᠷᠢᠤᠠᠬᠤ ᠠᠷᠭ᠎ᠠ ᠰᠠᠢ᠌ᠳᠠᠢ ᠭᠦᠮᠤᠨ ᠶᠤᠮ᠃

ᠬᠠᠢ᠌ᠯᠠᠰᠤ ᠪᠠᠷᠢᠭᠠᠳᠠ ᠳᠤ ᠰᠡᠩᠭᠡᠳᠦᠪᠳᠤᠨ ᠭᠡᠰᠡᠨ ᠠᠶᠠᠨ ᠳᠡᠷᠭᠡ ᠭᠦᠳᠦᠯᠦᠭ᠍ᠴᠢ ᠪᠠᠢ᠌ᠵᠠᠢ᠃ ᠨᠢᠭᠡᠨ ᠣᠳᠠᠭ᠎ᠠ ᠰᠠᠶ‍ᠢᠬᠠᠨ ᠭᠦᠯᠦᠭᠡᠳ ᠢᠷᠡᠭ᠍ᠰᠡᠨ ᠥᠭᠡᠷ ᠢ ᠨᠢ ᠨᠢᠭᠡ ᠭᠡᠰᠢᠭᠦᠨ ᠢᠷᠠᠵᠤ ᠵᠢᠭᠡᠯᠡᠵᠤ ᠭᠦᠯᠦᠭᠦ ᠭᠡᠪᠡ᠃ 《ᠬᠠᠮᠳᠤ ᠶᠢᠨ ᠡᠨᠡ ᠥᠭᠡᠷ ᠢ ᠠᠮᠠᠷᠠᠭᠤᠯᠬᠤ ᠦᠭᠡᠶ ᠪᠣᠯ ᠪᠣᠯᠬᠤ ᠦᠭᠡᠶ》 ᠭᠡᠳ ᠰᠡᠩᠭᠡᠳᠦᠪᠳᠤᠨ ᠥᠭᠡᠷ ᠢ ᠳᠠᠷᠠ ᠭᠡᠰᠢᠭᠦᠨ ᠳᠤ ᠦᠭ‍ᠭᠦᠭ᠍ᠰᠡᠨ ᠦᠭᠡᠶ᠃ ᠳᠠᠷᠠ ᠭᠡᠰᠢᠭᠦᠨ ᠪᠠᠷᠢᠭᠠᠳᠠ ᠳᠡᠭᠡᠷ᠎ᠡ ᠭᠦᠷᠴᠤ ᠰᠡᠩᠭᠡᠳᠦᠪᠳᠤᠨ ᠳᠤ ᠭᠡᠷᠡᠭ᠌ ᠣᠷᠤᠭᠤᠯᠵᠤ ᠵᠠᠭᠠᠯᠳᠤᠪᠠ᠃ ᠡᠭᠦᠨ ᠢ ᠣᠯᠵᠤ ᠰᠤᠨᠤᠰᠤᠭᠰᠠᠨ ᠰᠡᠩᠭᠡᠳᠦᠪᠳᠤᠨ ᠲᠦᠰ ᠠᠭᠤᠷ ᠭᠦᠷᠴᠤ᠂ ᠪᠠᠷᠢᠭᠠᠳᠠ ᠶᠢᠨ ᠳᠠᠷᠤᠭ᠎ᠠ ᠶᠢ ᠡᠷᠢᠵᠤ ᠣᠴᠢᠨ ᠠᠶᠠᠨ ᠳᠡᠷᠭᠡ ᠭᠦᠳᠦᠯᠦᠭ᠍ᠴᠢ ᠶᠢᠨ ᠠᠵᠢᠯ ᠶᠢᠡᠨ ᠳᠤᠰᠢᠶᠠᠬᠤ ᠭᠡᠪᠡ᠃ ᠪᠠᠷᠢᠭᠠᠳᠠ ᠶᠢᠨ ᠳᠠᠷᠤᠭ᠎ᠠ ᠨᠢ ᠰᠡᠩᠭᠡᠳᠦᠪᠳᠤᠨ ᠢ ᠢᠤᠠᠬᠠᠵᠤ ᠳᠡᠢ᠌ᠯᠦᠭ᠍ᠰᠡᠨ ᠦᠭᠡᠶ ᠪᠣᠯᠬᠤᠷ ᠡᠨᠡ ᠠᠵᠢᠯ ᠢ ᠳᠸᠵᠢᠳ ᠱᠦᠵᠢ ᠳᠤ ᠳᠤᠰᠢᠶᠠᠵᠠᠢ᠃ ᠳᠠᠷᠠ ᠣᠷᠤᠢ ᠨᠢ ᠳᠸᠵᠢᠳ ᠱᠦᠵᠢ ᠰᠡᠩᠭᠡᠳᠦᠪᠳᠤᠨ ᠤ ᠳᠤ ᠭᠦᠷᠴᠡᠢ᠃ ᠰᠡᠩᠭᠡᠳᠦᠪᠳᠤᠨ ᠬᠠᠳᠠᠭᠠᠯᠠᠵᠤ ᠪᠠᠢ᠌ᠭᠰᠠᠨ ᠬᠠᠷ᠎ᠠ ᠠᠷᠢᠭᠢ ᠪᠠᠨ ᠭᠠᠷᠭᠠᠵᠤ ᠨᠢᠭᠡ ᠬᠤᠪᠢᠩ ᠬᠠᠯᠠᠭᠤᠯᠠᠵᠤ ᠡᠪᠦᠭᠡᠨ ᠱᠦᠵᠢ ᠶᠢ ᠵᠤᠴᠢᠯᠠᠪᠠ᠃

ᠳᠸᠵᠢᠳ ᠱᠦᠵᠢ ᠠᠷᠢᠭᠢ ᠶᠢ ᠨᠢ ᠣᠤᠭᠤᠬᠤ ᠶᠢᠨ ᠳᠠᠭᠠᠤ ᠪᠠᠷ ᠵᠤᠭᠤᠭ ᠳᠡᠯᠭᠡᠵᠤ᠂ ᠰᠡᠩᠭᠡᠳᠦᠪᠳᠤᠨ ᠢ ᠬᠠᠮᠳᠤ ᠶᠢᠨ ᠠᠵᠢᠯ ᠭᠦᠳᠡᠯᠮᠦᠷᠢ ᠳᠤ ᠢᠳᠠᠪᠭᠢᠳᠠᠢ᠂ ᠨᠠᠢ᠌ᠳᠠ ᠶᠢᠨ ᠳᠡᠷᠭᠡ ᠣᠨᠤᠭ᠎ᠠ ᠶᠢ ᠬᠠᠢ᠌ᠷᠠᠯᠠᠳᠠᠭ᠂ ᠣᠯᠠᠨ ᠲᠡᠶ ᠪᠠᠨ ᠪᠦᠯᠭᠦᠮᠳᠡᠯ ᠲᠡᠶ ᠭᠡᠭᠦ ᠵᠡᠷᠭᠡ ᠪᠠᠷ ᠰᠠᠢ᠌ᠨ ᠲᠡᠶ ᠳᠠᠯ᠎ᠠ ᠶᠢ ᠨᠢ ᠨᠢᠳᠤᠨ ᠳᠤ ᠥᠵᠡᠭ᠍ᠳᠡᠵᠤ ᠭᠠᠷ ᠲᠤ ᠪᠠᠷᠢᠭᠳᠠᠮ᠎ᠠ ᠪᠣᠳᠠᠳᠠᠢ ᠰᠠᠢ᠌ᠬᠠᠨ ᠶᠠᠷᠢᠵᠤ ᠭᠠᠷᠤᠯ᠎ᠠ᠃ ᠡᠨᠡ ᠦᠶ᠎ᠡ ᠳᠤ ᠰᠡᠩᠭᠡᠳᠦᠪᠳᠤᠨ ᠢᠨᠢᠶᠠᠳᠤ ᠲᠡᠶ ᠬᠠᠨᠢᠶᠠᠳᠤ ᠲᠡᠶ ᠪᠣᠯᠵᠤ ᠢᠷᠠᠪᠠ᠃

ᠭᠡᠨᠡᠳᠲᠡ ᠳᠸᠵᠢᠳ ᠱᠦᠵᠢ ᠥᠭᠡ ᠪᠠᠨ ᠥᠭᠡᠷᠡᠳᠡᠭᠦᠯᠵᠤ᠄ 《ᠶᠠᠮᠠᠷᠴᠤ ᠭᠦᠮᠤᠨ ᠳᠤ ᠰᠠᠢ᠌ᠨ ᠲᠡᠶ ᠳᠠᠯ᠎ᠠ ᠪᠠᠢ᠌ᠬᠤ ᠮᠦᠷᠳᠡᠭᠡᠨ ᠪᠠᠰᠠ ᠳᠤᠳᠠᠭᠳᠠᠯ ᠲᠡᠶ ᠳᠠᠯ᠎ᠠ ᠪᠠᠢ᠌ᠳᠠᠭ᠃ ᠳᠠ ᠪᠠᠰᠠ ᠡᠢ᠌ᠮᠤ ᠰᠢᠤ︕》 ᠭᠡᠪᠡ᠃ ᠡᠭᠦᠨ ᠳᠤ ᠰᠡᠩᠭᠡᠳᠦᠪᠳᠤᠨ᠄ 《ᠨᠠᠳᠠᠳᠤ ᠶᠠᠮᠠᠷ ᠳᠤᠳᠠᠭᠳᠠᠯ ᠪᠠᠢ᠌ᠬᠤ ᠶᠤᠮ ᠪᠣᠢ︖》 ᠭᠡᠵᠤ ᠶᠡᠭᠡᠯ᠎ᠡ ᠭᠠᠢ᠌ᠬᠠᠵᠤ ᠠᠰᠠᠭᠤᠪᠠ᠃ ᠳᠸᠵᠢᠳ ᠱᠦᠵᠢ ᠠᠭᠠᠵᠢᠮ ᠶᠢᠡᠷ᠄ 《ᠨᠠᠮ ᠤᠨ ᠡᠭᠦᠷ᠂ ᠪᠠᠷᠢᠭᠠᠳᠠ ᠶᠢᠨ ᠣᠳᠤᠷᠢᠳᠤᠯᠭ᠎ᠠ ᠪᠣᠯᠤᠨ ᠪᠠᠷᠢᠭᠠᠳᠠ ᠶᠢᠨ ᠭᠡᠰᠢᠭᠦᠤᠨ ᠪᠦᠷ ᠳᠠᠨ ᠢ ᠭᠦᠷᠢᠶᠡᠯᠡᠵᠤ ᠪᠠᠢ᠌ᠨ᠎ᠠ᠃ ᠵᠥᠪᠭᠡᠨ ᠴᠥᠭᠡᠨ ᠳᠤᠭᠠᠨ ᠤ ᠭᠡᠰᠢᠭᠦᠤᠨ ᠳᠠᠨ ᠢ ᠪᠣᠷᠤᠭᠤ ᠣᠢ᠌ᠯᠭᠠᠵᠤ ᠡᠢ᠌ᠮᠤ ᠳᠠᠢ᠌ᠮᠤ ᠭᠡᠵᠤ ᠭᠡᠯᠡᠵᠤ ᠪᠠᠢ᠌ᠨ᠎ᠠ᠃ ᠳᠠᠢ᠌ᠮᠤ ᠪᠢᠰᠢᠤ︖》 ᠭᠡᠪᠡ᠃ 《ᠳᠠᠢ᠌ᠮᠤ ᠡ︕》 ᠭᠡᠵᠤ ᠰᠡᠩᠭᠡᠳᠦᠪᠳᠤᠨ ᠪᠠᠪ ᠪᠠᠷᠳᠠᠮ ᠬᠠᠷᠢᠭᠤᠯᠪᠠ᠃

ᠲ᠋ᠸᠵᠢᠳ ᠱᠦᠵᠢ ᠵᠠᠯᠭᠠᠭᠠᠤᠨ ᠰᠡᠩᠭᠡᠳᠦᠪᠳᠤᠨ ᠳᠤ ᠳᠠᠮᠠᠭᠢ ᠨᠤᠴᠤᠭᠠᠵᠤ ᠦᠭ‍ᠭᠦᠨ᠄ 《ᠡᠢ᠌ᠮᠤ ᠪᠠᠢ᠌ᠳᠠᠯ᠎ᠠ ᠳᠠ ᠶᠠᠭᠤᠨ ᠳᠤ ᠪᠠᠷᠢᠭᠠᠳᠠ ᠶᠢᠨ ᠳᠠᠷᠤᠭ᠎ᠠ ᠶᠢᠨ ᠥᠭᠡ ᠶᠢ ᠰᠤᠨᠤᠰᠬᠤ ᠦᠭᠡᠶ᠂ ᠪᠠᠷᠢᠭᠠᠳᠠ ᠶᠢᠨ ᠠᠶᠠᠨ ᠳᠡᠷᠭᠡ ᠶᠢ ᠭᠦᠳᠦᠯᠦᠭᠦ ᠦᠭᠡᠶ ᠭᠡᠭᠦ ᠶᠤᠮ ᠪᠣᠢ︖ ᠡᠨᠡ ᠴᠢᠨᠢ ᠨᠠᠮ ᠤᠨ ᠡᠭᠦᠷ ᠪᠣᠯᠤᠨ ᠪᠠᠷᠢᠭᠠᠳᠠ ᠶᠢᠨ ᠣᠳᠤᠷᠢᠳᠤᠯᠭ᠎ᠠ ᠶᠢ ᠰᠤᠨᠤᠰᠬᠤ ᠦᠭᠡᠶ᠂ ᠣᠯᠠᠨ ᠭᠡᠰᠢᠭᠦᠤᠨ ᠤᠨ ᠭᠦᠰᠡᠯ ᠨᠠᠢ᠌ᠳᠠᠪᠣᠷᠢ ᠶᠢ ᠭᠦᠰᠡᠷᠳᠡᠭᠦᠯᠵᠤ ᠪᠠᠢ᠌ᠬᠤ ᠪᠢᠰᠢᠤ︖ ᠴᠥᠭᠡᠨ ᠭᠦᠮᠤᠨ ᠤ ᠭᠢᠯᠢᠰᠳᠡᠭᠦᠯᠦᠭ᠍ᠰᠡᠨ ᠡᠴᠡ ᠪᠣᠯᠵᠤ ᠬᠠᠮᠳᠤ ᠨᠠᠢ᠌ᠳᠠ ᠶᠢᠨ ᠠᠵᠢᠯ ᠢ ᠭᠢᠭᠦ ᠦᠭᠡᠶ ᠭᠡᠭᠦ ᠨᠢ ᠳᠠᠭᠠᠷᠠᠨᠠᠤ︖》 ᠭᠡᠪᠡ᠃

《ᠴᠢᠩᠭᠢᠭᠡᠳ ᠪᠢ ᠶᠠᠭᠠᠭᠢᠨ᠎ᠠ ᠳ᠋ᠠ︖》 ᠭᠡᠵᠤ ᠰᠡᠩᠭᠡᠳᠦᠪᠳᠤᠨ ᠠᠰᠠᠭᠤᠪᠠ᠃ ᠳᠸᠵᠢᠳ ᠱᠦᠵᠢ᠄ 《ᠳᠠ ᠣᠯᠠᠨ ᠲᠦᠮᠡᠨ ᠤ ᠠᠳᠠᠯᠢ ᠪᠣᠰᠤ ᠰᠠᠨᠠᠯ ᠳᠤ ᠵᠦᠪ ᠶᠢᠡᠷ ᠬᠠᠠᠳᠤᠵᠤ᠂ ᠬᠠᠮᠳᠤ ᠨᠠᠢ᠌ᠳᠠ ᠶᠢᠨ ᠠᠵᠢᠯ ᠢ ᠰᠠᠢ᠌ᠨ ᠭᠢᠪᠠᠯ ᠳᠠᠭᠠᠷᠠᠨ᠎ᠠ᠃ ᠳᠠᠨ ᠤ ᠦᠨᠡᠨ ᠵᠦᠪ ᠢ ᠨᠠᠮ ᠪᠠ ᠠᠷᠠᠤᠨ ᠲᠦᠮᠡᠨ ᠢᠯᠭᠠᠵᠤ ᠦᠭ‍ᠭᠦ ᠶᠤᠮ᠃ ᠨᠠᠮ ᠢ ᠢᠳᠡᠭᠡᠵᠤ᠂ ᠠᠷᠠᠤᠨ ᠲᠦᠮᠡᠨ ᠢ ᠢᠳᠡᠭᠡᠭᠦ ᠭᠡᠷᠡᠭ᠍ᠳᠡᠢ᠃ ᠮᠠᠷᠭᠠᠰᠢ ᠪᠠᠷᠢᠭᠠᠳᠠ ᠶᠢᠨ ᠳᠠᠷᠤᠭ᠎ᠠ ᠶᠢ ᠡᠷᠢᠵᠤ ᠪᠣᠷᠤᠭᠤ ᠪᠠᠨ ᠭᠦᠯᠢᠶᠡᠨ᠂ ᠠᠵᠢᠯ ᠶᠢᠡᠨ ᠦᠷᠭᠦᠯᠵᠢᠯᠡᠨ ᠰᠠᠢ᠌ᠨ ᠭᠢᠭᠦ ᠭᠡᠷᠡᠭ᠍ᠳᠡᠢ》 ᠭᠡᠵᠡᠢ᠃ ᠰᠡᠩᠭᠡᠳᠦᠪᠳᠤᠨ ᠳᠤᠯᠤᠭᠠᠢ ᠪᠠᠨ ᠮᠠᠭᠠᠵᠢᠵᠤ᠄ 《ᠱᠦᠵᠢ ᠶᠢᠨ ᠥᠭᠡ ᠪᠠᠷ ᠪᠣᠯᠤᠶ᠎ᠠ ᠳ᠋ᠠ︕》 ᠭᠡᠪᠡ᠃

ᠲ᠋ᠠᠷᠠᠭ᠎ᠠ ᠦᠷᠯᠦᠭᠡ ᠨᠢ ᠬᠠᠢ᠌ᠯᠠᠰᠤ ᠪᠠᠷᠢᠭᠠᠳᠠ ᠶᠢᠨ ᠮᠠᠯᠴᠢᠳ ᠰᠡᠩᠭᠡᠳᠦᠪᠳᠤᠨ ᠤ ᠢᠨᠢᠶᠠᠳᠤ ᠲᠡᠶ ᠬᠠᠨᠢᠶᠠᠳᠤ ᠲᠡᠶ ᠠᠶᠠᠨ ᠳᠡᠷᠭᠡ ᠪᠠᠨ ᠭᠦᠯᠦᠭᠦ ᠶᠢ ᠣᠯᠵᠤ ᠬᠠᠷᠠᠯ᠎ᠠ᠃ᠵᠤᠬᠢᠶᠠᠭᠴᠢ ᠶᠢᠨ ᠬᠠᠶ‍ᠢᠭ᠄ ᠣᠩᠨᠢᠭᠤᠳ ᠬᠤᠰᠢᠭᠤᠨ ᠤ ᠢᠳᠡᠭᠡᠮᠵᠢ ᠶᠢᠨ ᠬᠤᠷᠰᠢᠶ᠎ᠠ

ᠵᠤᠬᠢᠶᠠᠭᠴᠢ᠄ ᠨᠠᠮᠳᠠᠢ᠌ᠰᠦ᠋ᠷᠤᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 16049
ᠴᠠᠭ᠄ 2010 ᠤᠨ ᠤ 07 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ