ᠪᠠᠬᠠᠷᠤᠮ᠎ᠠ ᠰᠠᠢ᠌ᠬᠠᠨ ᠪᠠᠳᠤᠴᠠᠭᠠᠨ

ᠣᠷᠴᠢᠯᠠᠩ ᠤᠨ ᠣᠷᠭᠤᠮᠠᠯ ᠣᠯᠠᠨ ᠡᠴᠡ ᠣᠯᠠᠨ ᠴᠤ ᠣᠠᠴᠠᠭᠠᠢ ᠪᠠᠬᠠᠷᠤᠮ᠎ᠠ ᠰᠠᠢ᠌ᠬᠠᠨ ᠨᠢ ᠪᠠᠳᠤᠴᠠᠭᠠᠨ ᠮᠤᠳᠤ ᠶᠤᠮ ᠡ ᠭᠡᠵᠤ ᠣᠠᠳᠠᠬᠤ ᠵᠡᠭᠦᠳᠤᠨ ᠳᠤ ᠪᠠᠨ ᠴᠤ ᠪᠢ ᠵᠥᠪᠳᠡᠭᠡᠨ᠎ᠡ᠃

ᠬᠤᠪᠢ ᠳᠠᠪᠢᠯᠠᠩ ᠳᠤ ᠮᠢᠨᠢ ᠠᠠᠳᠤᠭᠤᠷᠠᠯ ᠶᠠᠷᠤ ᠭᠠᠷᠤᠭᠰᠠᠨ ᠦᠭᠡᠶ᠃ ᠬᠤᠷᠴᠢᠨ ᠨᠤᠳᠤᠭ ᠤᠨ ᠳᠠᠢ᠌ᠴᠢᠠᠳᠠᠯ᠎ᠠ ᠬᠤᠳᠤᠭᠤᠷ ᠤᠨ ᠭᠦᠷᠦᠰᠤ ᠶᠢ ᠵᠤᠯᠠᠢ᠌ᠳᠠᠨ᠂ ᠭᠡᠰᠢᠭ᠌ ᠢ ᠨᠢ ᠳᠠᠮᠰᠢᠶᠠᠯᠠᠵᠤ᠂ ᠭᠦᠤ ᠶᠢᠨ ᠬᠤᠪᠢ ᠪᠠᠷ ᠭᠦᠯ ᠳᠤ ᠣᠷᠤᠬᠤ ᠳᠤ ᠪᠠᠨ ᠭᠡᠭᠡᠷ᠎ᠡ ᠵᠤ᠋ ᠶᠢᠨ ᠪᠠᠳᠤᠴᠠᠭᠠᠨ ᠤ ᠪᠠᠷ᠎ᠠ ᠶᠢ ᠬᠠᠷᠠᠵᠤ᠂ ᠪᠠᠶ᠎ᠠ ᠳᠤ ᠨᠢ ᠮᠡᠴᠤᠨ᠂ ᠰᠡᠭᠦᠳᠡᠷ ᠲᠤ ᠨᠢ ᠡᠭᠡᠨᠡᠭ᠍ᠰᠢᠵᠤ ᠥᠰᠦᠭ᠍ᠰᠡᠨ᠃

ᠪᠠᠳᠤᠴᠠᠭᠠᠨ᠂ ᠳᠡᠭ᠍ᠷᠢ ᠰᠡᠭᠦᠯᠳᠡᠮ᠎ᠡ ᠦᠨᠳᠦᠷ ᠪᠢᠰᠢ᠂ ᠳᠡᠭ᠌ ᠳᠤᠮᠳᠠ ᠶᠢᠨ ᠪᠠᠶ᠎ᠠ ᠲᠡᠶ᠃ ᠳᠠᠪᠠᠷᠢ ᠪᠠᠭᠳᠠᠮ᠎ᠠ ᠦᠭᠡᠶ ᠪᠦᠳᠦᠭᠦᠨ ᠪᠢᠰᠢ᠂ ᠳᠠᠩᠴᠠᠵᠤ ᠵᠤᠭᠢᠴᠠᠭᠰᠠᠨ ᠢᠳᠡᠷᠡᠭᠦᠨ ᠳᠦᠷᠢ ᠲᠡᠶ᠃ ᠳᠤᠭᠤᠯ ᠵᠠᠢ᠌ᠳᠠᠯᠠᠵᠤ᠂ ᠳᠠᠯ᠎ᠠ ᠳᠤ ᠯᠠ ᠳᠤᠭᠯᠠᠭᠰᠠᠨ ᠳᠠᠷᠠ ᠨᠠᠰᠤᠨ ᠳᠤ ᠪᠠᠳᠤᠴᠠᠭᠠᠨ ᠮᠤᠳᠤ ᠡᠴᠢᠭᠡ ᠲᠡᠶ ᠮᠢᠨᠢ ᠠᠳᠠᠯᠢ ᠡᠭᠡᠯ ᠵᠢᠷ ᠤᠨ ᠪᠣᠷᠤ ᠳᠦᠷᠢ ᠪᠠᠷ ᠮᠢᠨᠤ ᠬᠠᠷᠠᠴᠠᠨ ᠳᠤ᠂ ᠮᠢᠨᠤ ᠰᠡᠳᠭᠢᠯ ᠳᠤ ᠳᠠᠭᠠᠯᠠᠭᠳᠠᠨ ᠬᠤᠨᠤᠭᠰᠢᠭᠰᠠᠨ᠃

ᠬᠤᠵᠢᠮ ᠤᠨ ᠬᠣᠢ᠌ᠨ᠎ᠠ ᠡᠭᠦᠷ ᠶᠢᠡᠨ ᠣᠷᠭᠢᠨ ᠨᠢᠰᠭᠦ ᠠᠩᠬᠠᠨ ᠤ ᠪᠣᠳᠤᠩᠭ᠋ᠤᠢ ᠭᠦᠰᠡᠯ ᠶᠢᠡᠷ ᠨᠤᠳᠤᠭ ᠠᠯᠤᠰᠯᠠᠨ ᠭᠠᠵᠠᠷ ᠳᠠᠨᠢᠵᠤ᠂ ᠡᠪᠠᠰᠤ ᠮᠤᠳᠤ ᠨᠢᠳᠤᠯᠠᠨ ᠶᠠᠪᠣᠬᠤ ᠳᠤ ᠪᠠᠨ ᠪᠠᠳᠤᠴᠠᠭᠠᠨ ᠮᠤᠳᠤᠨ ᠤ ᠪᠠᠨ ᠣᠠᠴᠠ ᠶᠢᠨ ᠭᠤᠶᠤ ᠳᠦᠷᠢ᠂ ᠥᠪᠠᠷᠮᠢᠰᠦᠭ᠌ ᠵᠠᠩ ᠠᠭᠠᠯᠢ ᠶᠢ ᠨᠢ ᠰᠡᠭᠡᠰᠭᠢᠨ ᠳᠠᠨᠢᠵᠤ᠂ ᠭᠡᠳᠡᠰᠭᠢᠨ ᠪᠣᠳᠤᠯᠭᠠᠰᠢᠷᠠᠨ᠂ ᠠᠯᠠᠰᠭᠢᠨ ᠣᠮᠤᠭᠰᠢᠭᠰᠠᠨ ᠡ᠃

ᠪᠠᠳᠤᠴᠠᠭᠠᠨ ᠤ ᠨᠠᠮᠠᠭ᠎ᠠ ᠨᠢ ᠳᠠᠪᠣ ᠰᠠᠯᠠᠭᠠᠯᠠᠵᠤ ᠨᠠᠪᠴᠢᠯᠠᠳᠠᠭ᠃ ᠭᠡᠭᠦ ᠳᠤ ᠪᠠᠨ ᠣᠯᠠᠨ ᠡᠴᠡ ᠪᠠᠨ ᠣᠠᠴᠠᠭᠠᠢ᠌ᠷᠠᠵᠤ ᠡᠷᠳᠡᠢ᠌ᠭ᠍ᠰᠡᠨ ᠨᠠᠮᠠᠭ᠎ᠠ ᠭᠡᠵᠤ ᠪᠠᠢ᠌ᠬᠤ ᠦᠭᠡᠶ᠃ ᠵᠠᠰᠠᠭᠠᠤᠨ ᠳᠠᠯᠪᠢᠭᠰᠠᠨ ᠰᠢᠭ ᠣᠷᠤᠢ ᠳᠠᠰᠢ ᠪᠠᠨ ᠪᠦᠮᠪᠤᠷᠬᠡᠨ ᠶᠢᠡᠷ ᠰᠠᠭᠰᠠᠢ᠌ᠵᠤ ᠣᠷᠭᠤᠳᠠᠭ᠃ ᠡᠵᠢ ᠪᠠᠨ ᠳᠠᠭᠠᠵᠤ ᠳᠤᠭᠤᠯ ᠪᠢᠷᠠᠭᠤ ᠡᠷᠭᠢᠭᠦᠯᠵᠤ ᠶᠠᠪᠣᠬᠤ ᠳᠤ ᠡᠵᠢ ᠮᠢᠨᠢ᠂ ᠡᠨᠡ ᠮᠤᠳᠤᠳ ᠶᠠᠮᠠᠷ ᠰᠠᠢ᠌ᠬᠠᠨ ᠁ ᠭᠡᠵᠤ ᠬᠠᠷᠠᠴᠠ ᠨᠢ ᠪᠠᠳᠤᠴᠠᠭᠠᠨ ᠳᠤ ᠳᠤᠨᠤᠷᠠᠵᠤ ᠳᠤᠰᠬᠤ ᠳᠤ᠂ ᠪᠢ ᠴᠤ ᠳᠠᠢ᠌ᠮᠤ ᠡ᠂ ᠨᠠᠮᠠᠭ᠎ᠠ ᠨᠢ ᠶᠠᠭ ᠡᠵᠢ ᠶᠢᠨ ᠰᠠᠭᠰᠠᠭ ᠭᠡᠵᠢᠭᠡ ᠰᠢᠭ᠌ ᠭᠡᠵᠤ ᠰᠠᠯᠠᠭ᠎ᠠ ᠨᠠᠮᠠᠭᠠᠨ ᠤ ᠭᠢᠨᠢ ᠦᠪᠡᠷᠮᠢᠴᠠ ᠭᠡᠯᠪᠠᠷᠢ ᠳᠤ ᠨᠢ ᠰᠤᠨᠢᠷᠬᠠᠯ ᠳᠠᠳᠠᠭᠳᠠᠵᠤ ᠪᠠᠢ᠌ᠭᠰᠠᠨ᠃

ᠨᠤᠨ ᠬᠤᠷᠴᠢᠨ ᠤ ᠳᠡᠷᠢᠭᠦᠨ ᠳᠤ ᠵᠢᠭᠰᠠᠭᠠᠭᠳᠠᠭᠰᠠᠨ ᠲᠦᠰᠢᠶᠠᠳᠤ ᠬᠤᠰᠢᠭᠤᠨ ᠤ ᠸᠠᠩ ᠤᠨ ᠣᠷᠳᠤᠨ ᠨᠢ ᠳᠠᠢ᠌ᠴᠢᠠᠳᠠᠯ᠎ᠠ ᠳᠤ ᠰᠠᠭᠤᠷᠢᠰᠢᠭᠰᠠᠨ ᠶᠤᠮ᠃ ᠳᠠᠢ᠌ᠴᠢᠠᠳᠠᠯ᠎ᠠ ᠭᠡᠪᠠᠯ ᠳᠠᠨᠢᠯ ᠳᠠᠰᠤᠯ ᠪᠣᠰᠤ ᠪᠠᠢ᠌ᠯᠭᠦᠢ᠃ ᠭᠡᠶ᠎ᠡ᠂ ᠵᠤᠭ᠎ᠠ ᠶᠠᠷᠢᠶᠠᠨ ᠤ ᠵᠠᠬ᠎ᠠ ᠵᠤᠬ᠎ᠠ ᠡᠴᠡ ᠵᠥᠭ᠌ ᠢ ᠨᠢ ᠲᠦᠰᠤᠪᠯᠠᠵᠤ᠂ ᠳᠤᠮᠤᠭ ᠢ ᠨᠢ ᠰᠤᠨᠤᠰᠤᠭᠰᠠᠨ ᠮᠠᠭᠠᠤᠨ᠃ ᠵᠢᠷᠤᠭ ᠥᠵᠡᠭᠦᠯᠦᠯᠭᠡ ᠶᠢᠨ ᠳᠤᠮᠳᠠ ᠡᠴᠡ ᠦᠵᠡᠮᠵᠢ ᠳᠤ ᠨᠢ ᠳᠠᠳᠠᠭᠳᠠᠨ᠂ ᠣᠯᠠᠢ᠌ᠮ᠎ᠠ ᠨᠠᠪᠴᠢᠰ ᠢ ᠨᠢ ᠪᠠᠬᠠᠷᠴᠤ ᠢᠷᠡᠭ᠍ᠰᠡᠨ ᠨᠢ ᠴᠤ ᠪᠠᠢ᠌ᠯᠭᠦᠢ ︕     

ᠲ᠋ᠠᠢ᠌ᠴᠢᠠᠳᠠᠯ᠎ᠠ ᠨᠢ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠤᠰᠢᠭᠤᠨ ᠲᠦᠪ ᠪᠠᠶᠠᠠᠬᠤᠰᠢᠭᠤ ᠪᠠᠯᠠᠭᠠᠰᠤ ᠶᠢᠨ ᠵᠡᠭᠦᠨ ᠬᠣᠢ᠌ᠨ᠎ᠠ 40 ᠭᠠᠵᠠᠷ ᠤᠨ ᠠᠯᠤᠰ ᠲᠤ ᠣᠷᠤᠰᠢᠨ᠎ᠠ᠃ ᠭᠡᠭᠦ ᠳᠤ ᠪᠠᠨ ᠳᠠᠪᠤᠨ ᠳᠤᠯᠤᠭᠠᠢ᠌ᠳᠤ ᠶᠢᠨ ᠠᠭᠤᠯᠠ ᠪᠠᠷ ᠳᠦᠰᠢᠯᠭᠡ ᠭᠢᠨ᠂ ᠳᠠᠢ᠌ᠴᠢᠨ ᠨᠠᠭᠤᠷ ᠶᠢᠡᠷ ᠬᠠᠷᠠᠭ᠎ᠠ ᠪᠣᠯᠭᠠᠵᠤ ᠵᠢᠷᠦᠭᠡᠨ ᠠᠭᠤᠯᠠ ᠪᠠᠨ ᠪᠠᠷᠠᠯᠠᠭᠠᠤᠨ᠂ ᠪᠠᠷᠠᠭᠤᠨ ᠭᠠᠷ ᠳᠠᠯ᠎ᠠ ᠳᠤ ᠨᠢ ᠴᠠᠭᠠᠨ ᠴᠢᠯᠠᠭᠤᠳᠤ ᠶᠢᠨ ᠠᠭᠤᠯᠠ ᠵᠢᠭᠦᠷᠯᠡᠨ᠂ ᠵᠡᠭᠦᠨ ᠭᠠᠷ ᠳᠠᠯ᠎ᠠ ᠳᠤ ᠨᠢ ᠡᠮᠳᠤ ᠶᠢᠨ ᠭᠤᠤᠯ ᠰᠤᠭᠤᠨᠤᠭᠯᠠᠵᠤ ᠪᠠᠢ᠌ᠳᠠᠭ᠃ ᠶᠠᠭ ᠡᠢ᠌ᠮᠦᠷᠭᠦ ᠠᠭᠤᠯᠠ ᠣᠰᠤ ᠪᠠᠷ ᠭᠦᠷᠢᠶᠡᠯᠡᠭᠦᠯᠵᠤ ᠯᠤᠤ ᠪᠠᠷᠰ ᠤᠨ ᠭᠦᠴᠤᠨ ᠢ ᠬᠠᠮᠳᠤᠤᠠᠬᠠᠭᠰᠠᠨ ᠨᠠᠪᠳᠠᠭ ᠰᠠᠪᠳᠠᠭ ᠲᠡᠶ ᠣᠷᠤᠨ ᠪᠣᠯᠬᠤᠷ ᠲᠦᠰᠢᠶᠠᠳᠤ ᠬᠤᠰᠢᠭᠤᠨ ᠤ ᠠᠷᠪᠠᠳᠤᠭᠠᠷ ᠦᠶ᠎ᠡ ᠶᠢᠨ ᠲᠦᠰᠢᠶᠠᠳᠤ ᠴᠢᠨ ᠸᠠᠩ ᠪᠠᠶᠠᠰᠬᠤᠯᠠᠩ ᠸᠠᠩ ᠤᠨ ᠦᠶ᠎ᠡ ᠡᠴᠡ ᠡᠭᠢᠯᠡᠵᠤ ᠪᠠᠭᠡᠵᠢᠩ ᠤᠨ ᠬᠠᠭᠠᠨ ᠤ ᠣᠷᠳᠤᠨ ᠤ ᠵᠢᠷᠤᠭ ᠲᠦᠯᠦᠪᠯᠡᠭᠡ ᠪᠠᠷ ᠲᠦᠰᠢᠶᠠᠳᠤ ᠸᠠᠩ ᠤᠨ ᠣᠷᠳᠤᠨ ᠢ ᠳᠠᠢ᠌ᠴᠢᠠᠳᠠᠯ᠎ᠠ ᠳᠤ ᠪᠠᠢ᠌ᠭᠤᠯᠤᠭᠰᠠᠨ ᠪᠠᠢ᠌ᠨ᠎ᠠ᠃ ᠭᠡᠭᠦ ᠳᠤ᠂ ᠴᠢᠩ ᠤᠨ ᠭᠦᠷᠤᠨ ᠠᠮᠤᠭᠤᠯᠠᠩ ᠭᠦᠩᠵᠤ ᠪᠠᠶᠠᠰᠬᠤᠯᠠᠩ ᠸᠠᠩ ᠲᠡᠶ ᠭᠡᠷᠯᠡᠨ᠂ ᠲᠦᠰᠢᠶᠠᠳᠤ ᠬᠤᠰᠢᠭᠤᠨ ᠳᠤ ᠮᠤᠷᠳᠠᠵᠤ ᠢᠷᠡᠭᠦ ᠳᠤ ᠪᠠᠨ ᠪᠠᠭᠡᠵᠢᠩ ᠡᠴᠡ ᠪᠠᠳᠤᠴᠠᠭᠠᠨ ᠤ ᠦᠷ᠎ᠡ ᠠᠪᠴᠢᠷᠠᠨ ᠸᠠᠩ ᠤᠨ ᠣᠷᠳᠤᠨ ᠤ ᠳᠦᠰᠢᠯᠭᠡ ᠪᠣᠯᠤᠭᠰᠠᠨ ᠳᠠᠪᠤᠨ ᠳᠤᠯᠤᠭᠠᠢ᠌ᠳᠤ ᠶᠢᠨ ᠠᠭᠤᠯᠠ ᠭᠢᠭᠡᠳ ᠴᠡᠴᠡᠭᠡᠢ ᠪᠣᠯᠤᠭᠰᠠᠨ ᠵᠢᠷᠦᠭᠡᠨ ᠠᠭᠤᠯᠠ ᠶᠢᠨ ᠡᠩᠭᠡᠷ ᠪᠠᠯ ᠬᠤᠷᠮᠤᠢ ᠪᠠᠷ ᠪᠠᠳᠤᠴᠠᠭᠠᠨ ᠮᠤᠳᠤ ᠶᠢ ᠣᠢ᠌ᠵᠢᠭᠤᠯᠤᠭᠰᠠᠨ ᠭᠡᠭᠦ ᠦᠨᠡᠨ ᠤ ᠮᠦᠷ᠂ ᠳᠤᠮᠤᠭ ᠤᠨ ᠠᠬᠤᠢ ᠲᠡᠶ ᠶᠠᠷᠢᠶ᠎ᠠ ᠪᠠᠢ᠌ᠨ᠎ᠠ᠃

ᠪᠠᠳᠤᠴᠠᠭᠠᠨ᠂ ᠨᠠᠮᠤᠷ ᠤᠨ ᠡᠭᠢ ᠣᠷᠤᠳᠠᠯ᠎ᠠ ᠪᠠᠨ ᠡᠭᠡ ᠪᠠᠢ᠌ᠭᠠᠯᠢ ᠶᠢᠨ ᠨᠤᠭᠤᠭᠠᠨ ᠥᠩᠭᠡ ᠪᠠᠨ ᠣᠳᠤᠮᠯᠠᠵᠤ᠂ ᠴᠠᠯ ᠨᠤᠭᠤᠭᠠᠨ ᠶᠢᠠᠷ ᠶᠢᠡᠨ ᠠᠭᠤᠯᠠ ᠶᠢᠨ ᠬᠤᠷᠮᠤᠢ᠂ ᠵᠤ᠋ ᠮᠠᠩᠬ᠎ᠠ ᠶᠢᠨ ᠣᠷᠤᠢ ᠪᠠᠷ ᠰᠥᠭᠯᠡᠢ᠌ᠨ ᠵᠦᠭᠰᠦᠨ᠎ᠡ᠃ ᠭᠦᠨ ᠨᠡᠮᠦᠷ ᠤᠨ ᠰᠡᠷᠢᠭᠦᠨ ᠣᠷᠤᠵᠤ ᠵᠢᠭᠠᠬᠠᠨ ᠭᠦᠢᠳᠡᠷᠡᠭᠦ ᠲᠡᠶ ᠵᠡᠷᠭᠡ ᠪᠠᠳᠤᠴᠠᠭᠠᠨ ᠤ ᠡᠳᠡᠭᠡᠳ ᠥᠩᠭᠡ ᠰᠠ‍‌ᠶᠢ ᠢᠯᠡᠷᠡᠳᠡᠭ᠌ ᠪᠠᠢ᠌ᠨ᠎ᠠ᠃ ᠡᠨᠡ ᠦᠶ᠎ᠡ ᠳᠤ ᠪᠠᠳᠤᠴᠠᠭᠠᠨ ᠤ ᠵᠠᠷᠢᠮ ᠨᠢ ᠦᠪᠴᠢ ᠪᠠᠷ ᠶᠢᠡᠨ ᠣᠯᠠᠢ᠌ᠵᠤ ᠪᠠᠮᠪᠠᠷ ᠰᠢᠭ ᠪᠠᠳᠠᠷᠠᠨ᠎ᠠ᠂ ᠵᠠᠷᠢᠮ ᠨᠢ ᠦᠪᠴᠢ ᠪᠠᠷ ᠶᠢᠡᠨ ᠰᠢᠷᠠᠭᠠᠯᠰᠢᠵᠤ ᠠᠯᠳᠠᠨ ᠥᠩᠭᠡ ᠭᠢᠯᠪᠠᠭᠤᠯᠤᠨ᠎ᠠ᠂ ᠵᠠᠷᠢᠮ ᠨᠢ ᠦᠵᠦᠮ ᠤᠨ ᠪᠣᠷᠤ ᠥᠩᠭᠡ ᠪᠠᠷ ᠬᠤᠪᠢᠯᠵᠤ ᠡᠷᠭᠢᠮ ᠶᠡᠭᠡᠮᠰᠦᠭ᠌ ᠢ ᠰᠠᠨᠠᠭᠳᠠᠭᠤᠯᠤᠨ᠎ᠠ᠂ ᠵᠠᠷᠢᠮ ᠨᠢ ᠣᠤᠯ ᠤᠨ ᠨᠤᠭᠤᠭᠠᠨ ᠥᠩᠭᠡ ᠪᠠᠷ ᠶᠢᠡᠨ ᠪᠠᠢ᠌ᠪᠠᠴᠤ ᠭᠦᠨ ᠨᠤᠭᠤᠭᠠᠷᠠᠭᠰᠠᠨ ᠡᠴᠡ ᠠᠮᠢᠯᠠᠯ ᠡᠰᠨᠢᠯ ᠤᠨ ᠰᠤᠪᠢᠩ ᠮᠡᠳᠡᠭ᠍ᠳᠡᠨ᠎ᠡ᠃ ᠨᠠᠩ ᠭᠠᠢ᠌ᠬᠠᠭᠤᠰᠢᠳᠠᠢ ᠨᠢ ᠵᠠᠷᠢᠮ ᠭᠠᠭᠴᠠᠬᠠᠨ ᠮᠤᠳᠤᠨ ᠤ ᠨᠠᠮᠠᠭ᠎ᠠ ᠨᠠᠪᠴᠢ ᠨᠢ ᠣᠯᠠᠭᠠᠨ᠂ ᠰᠢᠷ᠎ᠠ᠂ ᠨᠤᠭᠤᠭᠠᠨ ᠭᠤᠷᠪᠠᠨ ᠥᠩᠭᠡ ᠶᠢ ᠪᠦᠷᠢᠳᠦᠭᠦᠯᠵᠤ ᠰᠤᠯᠤᠩᠭ᠋᠎ᠠ ᠳᠠᠳᠠᠨ ᠳᠤᠭᠢᠯᠵᠠᠨ᠎ᠠ᠃ ᠦᠨᠳᠦᠷ ᠰᠢᠭ᠌ ᠭᠠᠵᠠᠷ ᠡᠴᠡ ᠨᠢ ᠦᠵᠡᠪᠠᠯ᠂ ᠠᠭᠤᠯᠠ ᠶᠢᠨ ᠭᠢᠷ᠎ᠠ ᠪᠠᠷ᠂ ᠵᠤ᠋ ᠶᠢᠨ ᠣᠷᠤᠢ ᠪᠠᠷ ᠥᠩᠭᠡ ᠢᠯᠭᠠᠷᠠᠨ ᠰᠤᠯᠤᠩᠭ᠋ᠠᠷᠠᠭᠠᠤᠨ ᠣᠷᠠᠨ ᠳᠠᠭᠢᠨᠢ ᠶᠢᠨ ᠶ‍ᠢᠰᠤᠨ ᠥᠩᠭᠡ ᠶᠢᠨ ᠳᠤᠷᠭ᠎ᠠ ᠶᠢ ᠳᠡᠯᠭᠡᠵᠤ ᠳᠠᠯᠪᠢᠭᠰᠠᠨ ᠭᠡᠮᠡᠷ᠃ ᠥᠨᠡᠭᠡᠷ᠂ ᠥᠵᠡᠭ᠍ᠰᠡᠳ ᠤᠨ ᠦᠷᠤᠴᠠᠨ ᠤ ᠬᠠᠢ᠌ᠷ᠎ᠠ ᠶᠢ ᠨᠢ ᠣᠷᠭᠢᠯᠤᠭᠤᠯᠵᠤ᠂ ᠢᠷᠡᠭ᠍ᠰᠡᠳ ᠤᠨ ᠪᠣᠴᠠᠬᠤ ᠵᠠᠮ ᠢ ᠨᠢ ᠮᠠᠷᠳᠠᠭᠤᠯᠤᠨ᠎ᠠ᠃

ᠥᠨᠡ᠊ᠨᠳᠡᠭᠡᠨ᠂ ᠪᠠᠳᠤᠴᠠᠭᠠᠨ ᠮᠤᠳᠤ ᠨᠤᠨ ᠬᠤᠷᠴᠢᠨ ᠬᠤᠰᠢᠭᠤᠳ ᠤᠨ ᠳᠤᠳᠤᠷ᠎ᠠ ᠳᠠᠩ ᠭᠠᠭᠴᠠ ᠲᠦᠰᠢᠶᠠᠳᠤ ᠬᠤᠰᠢᠭᠤᠨ ᠳᠤ ᠣᠷᠭᠤᠳᠠᠭ ᠨᠢ᠂ ᠳᠡᠭᠡᠭᠡᠳ ᠪᠠᠰᠠ ᠲᠦᠰᠢᠶᠠᠳᠤ ᠬᠤᠰᠢᠭᠤᠨ ᠤ ᠪᠠᠨ ᠳᠠᠢ᠌ᠴᠢᠠᠳᠠᠯ᠎ᠠ ᠨᠤᠳᠤᠭ ᠤᠨ ᠠᠭᠤᠯᠠ ᠵᠤ᠋ ᠳᠤ ᠣᠷᠭᠤᠳᠠᠭ ᠨᠢ ᠪᠠᠰᠠ ᠨᠢᠭᠡᠨ ᠰᠤᠨᠢᠨ ᠭᠠᠢ᠌ᠬᠠᠮᠰᠢᠭ ᠭᠡᠵᠤ ᠭᠡᠯᠡᠵᠤ ᠪᠣᠯᠤᠨ᠎ᠠ᠃ ᠪᠠᠳᠤᠴᠠᠭᠠᠨ ᠪᠣᠯ ᠬᠤᠪᠣᠷ ᠴᠤᠬᠠᠭ ᠮᠤᠳᠤᠨ ᠤ ᠳᠦᠷᠤᠯ ᠳᠤ ᠪᠠᠭᠳᠠᠨ᠎ᠠ᠃ ᠳᠠᠷᠠ ᠨᠢ ᠴᠢᠭᠢᠭ᠍ᠯᠢᠭ᠌ ᠨᠣᠢ᠌ᠳᠠᠨ ᠣᠷᠤᠨ ᠤ ᠦᠷᠭᠡᠨ ᠨᠠᠪᠴᠢᠳᠤ ᠣᠢ ᠳᠤ ᠵᠥᠩᠳᠡᠭᠡᠨ ᠣᠷᠭᠤᠳᠠᠭ᠃ ᠢᠩᠭᠢᠭᠦ ᠪᠠᠷ ᠶᠢᠡᠨ ᠬᠠᠷᠢ ᠬᠤᠯᠠ ᠶᠢᠨ ᠡᠮᠦᠨᠡᠳᠤ ᠰᠤᠯᠤᠩᠭ᠋ᠤᠰ᠂ ᠬᠠᠭᠠᠨ ᠤ ᠨᠠᠢ᠌ᠰᠯᠠᠯ ᠪᠠᠭᠡᠵᠢᠩ ᠬᠤᠳᠠ ᠵᠡᠷᠭᠡ ᠭᠠᠵᠠᠷ ᠲᠤ ᠨᠠᠩ ᠵᠤᠵᠠᠭᠠᠨ ᠪᠠᠢ᠌ᠨ᠎ᠠ᠃ ᠭᠡᠶ᠎ᠡ᠂ ᠲᠦᠰᠢᠶᠠᠳᠤ ᠬᠤᠰᠢᠭᠤ ᠨᠢ ᠣᠮᠠᠷᠠᠳᠤ ᠣᠷᠤᠨ ᠤ ᠭᠠᠩ ᠬᠠᠭᠤᠷᠠᠢ ᠣᠷᠤᠨ ᠳᠤ ᠪᠠᠢ᠌ᠷᠢᠰᠢᠨ᠎ᠡ᠃ ᠳᠡᠭᠡᠭᠡᠳ ᠪᠠᠰᠠ ᠮᠠᠩᠬ᠎ᠠ ᠵᠤ᠋ ᠲᠡᠶ ᠳᠠᠢ᠌ᠴᠢᠠᠳᠠᠯ᠎ᠠ ᠨᠤᠳᠤᠭ ᠲᠤ ᠣᠷᠭᠤᠴᠢᠬᠠᠵᠠᠢ ︕ ᠭᠡᠭᠦ ᠳᠤ ᠪᠠᠨ ᠳᠠᠢ᠌ᠴᠢᠠᠳᠠᠯ᠎ᠠ ᠡᠴᠡ ᠵᠡᠭᠦᠡᠰᠢ ᠪᠠᠷᠤᠭ ᠠᠷᠪᠠᠨ ᠳᠠᠪᠣᠬᠠᠨ ᠭᠠᠵᠠᠷ ᠤᠨ ᠵᠠᠢ᠌ᠳᠠᠢ ᠪᠠᠢ᠌ᠭ᠎ᠠ ᠳᠦᠴᠢᠤᠧᠠᠨ ᠰᠢᠶᠠᠨ ᠤ ᠬᠠᠷᠢᠶ᠎ᠠ ᠭᠠᠵᠠᠷ ᠲᠤ ᠪᠠᠳᠤᠴᠠᠭᠠᠨ ᠮᠤᠳᠤ ᠣᠷᠭᠤᠬᠤ ᠪᠠᠢ᠌ᠳᠤᠭᠠᠢ ᠦᠷᠦᠭᠡᠰᠤᠨ ᠨᠠᠪᠴᠢ ᠨᠢ ᠴᠤ ᠣᠨᠠᠭᠰᠠᠨ ᠦᠭᠡᠶ ᠶᠢ ᠶᠠᠭᠤ ᠭᠡᠵᠤ ᠭᠡᠯᠡᠨ᠎ᠡ ︕

ᠪᠠᠳᠤᠴᠠᠭᠠᠨ ᠮᠤᠳᠤ ᠡᠷᠳᠡ ᠣᠵᠤᠭᠤᠷ ᠡᠴᠡ ᠳᠠᠢ᠌ᠴᠢᠠᠳᠠᠯ᠎ᠠ ᠨᠤᠳᠤᠭ ᠤᠨ ᠬᠠᠯᠠᠭᠤᠨ ᠡᠯᠢᠭᠡᠨ ᠳᠤ ᠣᠳᠤᠷᠯᠠᠨ ᠢᠷᠠᠵᠤ᠂ ᠣᠳᠤᠮ ᠵᠠᠯᠭᠠᠨ ᠰᠠᠭᠤᠷᠢᠰᠢᠬᠤ ᠳᠤ ᠪᠠᠨ ᠡᠩᠭᠦᠷᠡᠢ ᠨᠤᠳᠤᠭ ᠤᠨ ᠶᠢᠡᠨ ᠠᠭᠤᠯᠠᠨ ᠳᠤ ᠨᠢ ᠥᠩᠭᠡ ᠪᠠᠨ ᠨᠠᠮᠠᠷᠢᠯᠠᠨ᠂ ᠮᠠᠩᠬᠠᠨ ᠳᠤ ᠨᠢ ᠨᠠᠪᠴᠢ ᠪᠠᠨ ᠰᠢᠮᠠᠯᠠᠵᠤ᠂ ᠭᠦᠮᠤᠨ ᠠᠷᠠᠤᠨ ᠲᠤ ᠪᠠᠨ ᠢᠯᠴᠢ ᠰᠡᠭᠦᠳᠡᠷ ᠢ ᠪᠠᠨ ᠬᠠᠷᠠᠮᠨᠠᠯ ᠦᠭᠡᠶ ᠭᠦᠷᠳᠡᠭᠡᠨ ᠢᠷᠡᠭ᠍ᠰᠡᠨ ᠠᠴᠢᠳᠤ ᠮᠤᠳᠤ ᠶᠤᠮ᠃ ᠵᠤᠯᠠᠢ ᠵᠤᠯᠠᠢ ᠪᠠᠨ ᠥᠨᠦᠰᠦᠭ᠍ᠰᠡᠨ ᠨᠠᠪᠴᠢᠰ ᠢ ᠨᠢ ᠵᠤᠨ ᠤ ᠬᠤᠷᠴᠠ ᠨᠠᠷᠠᠨ ᠴᠤ ᠨᠠᠪᠳᠠᠯᠵᠤ ᠳᠡᠢ᠌ᠯᠡᠭᠦ ᠦᠭᠡᠶ ᠡᠴᠡ ᠰᠡᠷᠢᠭᠦᠨ ᠳᠠᠭᠠᠳᠠᠢ ᠰᠡᠭᠦᠳᠡᠷ ᠭᠠᠵᠠᠷ ᠨᠢ ᠬᠡᠦᠬᠡᠳ ᠤᠨ ᠴᠡᠩᠭᠡᠯ ᠤᠨ ᠣᠷᠳᠤᠨ᠂ ᠭᠦᠭ᠍ᠰᠢᠳ ᠤᠨ ᠵᠤᠭ᠎ᠠ ᠶᠢᠨ ᠦᠷᠦᠭᠡ ᠭᠡᠵᠤ ᠮᠠᠳᠠ᠃ ᠰᠠᠯᠠᠭ᠎ᠠ ᠮᠦᠴᠢᠷ ᠶᠢᠡᠷ ᠨᠢ ᠯᠠᠩᠳᠤ ᠰᠥᠭᠡ ᠶᠢᠨ ᠡᠰᠢ ᠭᠢᠭᠦ ᠶᠤᠮ ᠪᠣᠯ ᠬᠤᠭᠤᠷᠠᠬᠤ ᠶᠢ ᠮᠡᠳᠡᠭᠦ ᠦᠭᠡᠶ ᠣᠯᠳᠠᠰᠢ ᠦᠭᠡᠶ ᠪᠠᠭᠢ ᠡᠳ᠋᠃ ᠬᠠᠭᠢᠷ ᠭᠦᠢᠳᠡᠨ ᠡᠪᠦᠯ ᠳᠤ ᠪᠠᠳᠤᠴᠠᠭᠠᠨ ᠤ ᠰᠠᠯᠠᠭ᠎ᠠ ᠮᠦᠴᠢᠷ ᠶᠢᠡᠷ ᠨᠢ ᠭᠡᠷ ᠶᠢᠡᠨ ᠳᠤᠯᠠᠭᠠᠯᠠᠬᠤ ᠳᠤ ᠨᠡᠭᠦᠷᠡᠰᠤ ᠡᠴᠡ ᠳᠤᠤᠷ᠎ᠠ ᠦᠭᠡᠶ ᠢᠯᠴᠢ ᠪᠠᠳᠠᠷᠠᠭᠠᠳᠠᠭ᠃ ᠨᠠᠩ ᠭᠠᠢ᠌ᠬᠠᠭᠤᠰᠢᠳᠠᠢ ᠨᠢ ᠣᠰᠤ ᠳᠤᠰᠤᠯᠤᠮ᠎ᠠ ᠨᠣᠢ᠌ᠳᠠᠨ ᠶᠢᠡᠷ ᠶᠢᠡᠨ ᠪᠠᠢ᠌ᠭ᠎ᠠ ᠰᠠᠯᠠᠭ᠎ᠠ ᠮᠦᠴᠢᠷ ᠢ ᠨᠢ ᠴᠤ ᠵᠤᠤᠬᠠᠨ ᠳᠤ ᠪᠠᠨ ᠭᠢᠵᠤ ᠴᠣᠢ᠌ᠳᠠᠩ ᠬᠠᠪᠢᠷᠠᠬᠤ ᠲᠡᠶ ᠵᠡᠷᠭᠡ ᠭᠦᠷᠴᠢᠭᠢᠨᠡᠨ ᠨᠤᠴᠤᠴᠢᠬᠠᠨ᠎ᠠ ᠰᠢᠤ᠃ ᠬᠠᠪᠣᠷ ᠤᠨ ᠣᠯᠠᠷᠢᠯ ᠳᠤ ᠬᠠᠯᠢᠰᠤᠨ ᠤ ᠭᠢᠨᠢ ᠶᠠᠷᠰᠢᠵᠤ ᠬᠠᠭᠠᠷᠠᠭᠰᠠᠨ ᠭᠡᠰᠡᠭ᠌ ᠡᠴᠡ ᠣᠷᠤᠰᠴᠤ ᠭᠠᠷᠬᠤ ᠰᠢᠭᠢᠷᠳᠤ ᠰᠢᠭᠦᠰᠤ ᠣᠰᠤ ᠨᠢ ᠬᠡᠦᠬᠡᠳ ᠤᠨ ᠬᠤᠭᠤᠯᠠᠢ ᠭᠦᠳᠡᠯᠭᠡᠳᠡᠭ᠌᠃ ᠳᠡᠭᠡᠭᠦ ᠪᠠᠷ ᠶᠢᠡᠨ ᠨᠤᠳᠤᠭ ᠤᠨ ᠮᠤᠩᠭ᠋ᠤᠯᠴᠤᠳ ᠮᠢᠨᠢ ᠡᠨᠡᠭᠦ ᠮᠤᠳᠤ ᠤ ᠪᠠᠨ ᠵᠠᠩ ᠠᠬᠤᠢ᠂ ᠴᠢᠨᠠᠷ ᠭᠡᠪ ᠲᠤ ᠨᠢ ᠵᠤᠭᠢᠴᠠᠭᠤᠯᠤᠭᠠᠤᠨ ᠬᠠᠳᠠᠭᠤᠴᠠᠭᠠᠨ ᠭᠡᠵᠤ ᠳᠤᠳᠤᠨᠤᠴᠢᠯᠠᠵᠤ ᠳᠠᠭᠤᠳᠠᠳᠠᠭ ᠪᠠᠢ᠌ᠨ᠎ᠠ᠃ ᠬᠠᠳᠠᠭᠤᠴᠠᠭᠠᠨ ᠮᠢᠨᠢ᠂ ᠬᠠᠭᠠᠨ ᠤ ᠭᠠᠵᠠᠷ ᠡᠴᠡ ᠬᠠᠷᠢᠯᠠᠵᠤ ᠢᠷᠡᠭ᠍ᠰᠡᠨ ᠴᠤ ᠬᠠᠷᠠᠴᠤ ᠠᠷᠠᠤᠨ ᠲᠤ ᠪᠠᠨ ᠬᠠᠨᠢᠰᠠᠭ ᠡᠴᠡ ᠬᠠᠰᠢᠶᠠᠨ ᠤ ᠭᠢᠨᠢ ᠥᠡᠴᠦᠭ᠌ ᠲᠤ᠂ ᠬᠤᠨᠢᠨ ᠤ ᠭᠢᠨᠢ ᠪᠠᠯᠴᠢᠭᠡᠷ ᠲᠤ ᠣᠷᠭᠤᠴᠢᠬᠠᠨ᠎ᠠ᠂ ᠭᠦᠰᠡᠯ ᠤᠨ ᠵᠡᠭᠦᠳᠤᠨ ᠳᠤ ᠨᠢ ᠣᠯᠠᠢ᠌ᠴᠢᠬᠠᠨ᠎ᠠ᠃ ᠬᠠᠳᠠᠭᠤᠴᠠᠭᠠᠨ ᠮᠢᠨᠢ᠂ ᠬᠤᠪᠣᠷ ᠴᠤᠬᠠᠭ ᠤᠨ ᠳᠦᠷᠤᠯ ᠳᠤ ᠳᠤᠳᠤᠷᠠᠵᠤ ᠪᠠᠢ᠌ᠭᠰᠠᠨ ᠴᠤ ᠡᠷᠭᠡ ᠳᠠᠩᠭᠢ ᠶᠢ ᠵᠢᠭ᠍ᠰᠢᠳᠡᠭ᠌ ᠡᠴᠡ ᠬᠠᠭᠤᠷᠠᠢ ᠭᠠᠩ ᠡᠨᠡ ᠨᠤᠳᠤᠭ ᠤᠨ ᠶᠢᠡᠨ ᠠᠭᠤᠯᠠᠨ ᠤ ᠭᠢᠨᠢ ᠪᠠᠯ ᠶᠢᠡᠷ᠂ ᠵᠤ᠋ ᠶᠢᠨ ᠭᠢᠨᠢ ᠣᠷᠤᠢ ᠪᠠᠷ ᠨᠤᠭᠤᠭᠠᠷᠠᠴᠢᠬᠠᠨ᠎ᠠ᠂ ᠣᠯᠠᠷᠢᠯ ᠢ ᠨᠢ ᠰᠦᠷᠦᠭᠡᠳ ᠰᠤᠯᠤᠩᠭ᠋ᠠᠷᠠᠴᠢᠬᠠᠨ᠎ᠠ᠃ ᠶᠠᠭ ᠢᠩᠭᠢᠭᠦ ᠪᠠᠷ ᠶᠢᠡᠨ ᠳᠠᠢ᠌ᠴᠢᠠᠳᠠᠯ᠎ᠠ ᠨᠤᠳᠤᠭ ᠤᠨ ᠭᠦᠮᠤᠨ ᠠᠷᠠᠤᠨ ᠬᠠᠳᠠᠭᠤᠴᠠᠭᠠᠨ ᠶᠢᠡᠨ ᠬᠠᠨᠢ ᠭᠡᠵᠤ ᠳᠠᠨᠢᠵᠤ ᠣᠯᠵᠠᠢ᠂ ᠬᠤᠪᠣᠷ ᠭᠡᠰᠡᠨ ᠢ ᠨᠢ ᠰᠡᠭᠡᠵᠤ ᠮᠠᠳᠠᠵᠠᠢ᠃ ᠨᠠᠩ ᠦᠨᠦᠳᠤᠷ ᠭᠦᠷᠦᠰᠤ ᠰᠢᠷᠤᠢ ᠶᠢᠨ ᠮᠢᠨᠢ ᠬᠤᠴᠢᠯᠭ᠎ᠠ᠂ ᠭᠦᠳᠡᠭᠡ ᠨᠤᠳᠤᠭ ᠤᠨ ᠮᠢᠨᠢ ᠴᠢᠮᠡᠭ᠌᠂ ᠭᠦᠭ᠍ᠵᠢᠨ ᠪᠠᠳᠠᠷᠠᠬᠤ ᠶᠢᠨ ᠪᠠᠯᠭᠡ᠂ ᠭᠦᠭ᠍ᠵᠢᠮᠳᠡᠵᠤ ᠣᠶᠠᠩᠭ᠋ᠠᠯᠠᠬᠤ ᠶᠢᠨ ᠨᠤᠲ᠋ ᠭᠡᠵᠤ ᠣᠶᠤᠨ ᠲᠡᠶ ᠪᠣᠯᠭᠠᠨ ᠨᠢ ᠣᠬᠠᠵᠤ᠂ ᠣᠬᠠᠭᠰᠠᠨ ᠪᠦᠭᠦᠨ ᠨᠢ ᠬᠠᠢ᠌ᠷᠠᠯᠠᠨ᠂ ᠬᠠᠢ᠌ᠷᠠᠯᠠᠭᠰᠠᠨ ᠣᠯᠠᠨ ᠶᠢᠡᠷ ᠶᠢᠡᠨ ᠣᠶᠠᠩᠭ᠋ᠠᠯᠠᠨ᠎ᠠ᠃ ᠣᠶᠠᠩᠭ᠋ᠠᠯᠠᠬᠤ ᠶᠢᠨ ᠣᠯᠠᠮ ᠡᠴᠡ ᠬᠠᠳᠠᠭᠤᠴᠠᠭᠠᠨ ᠮᠢᠨᠢ ᠪᠠᠳᠤᠴᠠᠭᠠᠨ ᠭᠡᠵᠤ ᠳᠠᠭᠤᠳᠠᠭᠳᠠᠬᠤ ᠪᠣᠯᠵᠠᠢ᠂ ᠪᠠᠳᠤᠴᠠᠭᠠᠨ ᠮᠢᠨᠢ ᠪᠦᠭᠦᠨ ᠤ ᠬᠠᠢ᠌ᠷ᠎ᠠ ᠪᠣᠯᠵᠠᠢ ︕

ᠦᠨᠦᠳᠤᠷ᠂ ᠲᠦᠰᠢᠶᠠᠳᠤ ᠨᠤᠳᠤᠭ ᠤᠨ ᠠᠭᠤᠳᠠᠮ ᠳᠠᠯᠠᠪᠠᠢ ᠳᠤ ᠨᠢ ᠪᠠᠳᠤᠴᠠᠭᠠᠨ ᠰᠦᠨᠳᠠᠷᠯᠠᠨ᠎ᠠ᠂ ᠣᠶᠠᠩᠭ᠋ᠠᠳᠤ ᠳᠠᠭᠤᠨ ᠳᠤ ᠨᠢ ᠪᠠᠳᠤᠴᠠᠭᠠᠨ ᠡᠭᠡᠰᠢᠭᠯᠡᠭ᠍ᠳᠡᠨ᠎ᠡ᠂ ᠣᠷᠠᠯᠠᠯ ᠣᠶᠤᠳᠠᠯ ᠳᠤ ᠨᠢ ᠪᠠᠳᠤᠴᠠᠭᠠᠨ ᠰᠤᠯᠤᠩᠭ᠋ᠠᠷᠠᠨ᠎ᠠ᠂ ᠣᠶᠤᠨ ᠪᠣᠳᠤᠯ ᠳᠤ ᠨᠢ ᠪᠠᠳᠤᠴᠠᠭᠠᠨ ᠠᠮᠢᠯᠠᠨ᠎ᠠ᠃ ᠠᠯᠪᠠᠨ ᠪᠠᠢ᠌ᠭᠤᠯᠭ᠎ᠠ ᠶᠢᠨ ᠠᠰᠠᠷ ᠤᠨ ᠭᠤᠳᠤᠮᠵᠢ ᠳᠤ᠂ ᠠᠷᠠᠤᠨ ᠤᠨ ᠪᠠᠢ᠌ᠰᠢᠩ ᠤᠨ ᠬᠠᠨᠠᠨ ᠵᠢᠷᠤᠭ ᠲᠤ᠂ ᠬᠤᠭᠤᠯᠠᠨ ᠭᠡᠷ ᠤᠨ ᠬᠠᠪᠢᠰᠤ ᠣᠷᠠᠯᠠᠯ ᠳᠤ᠂ ᠬᠤᠨᠤᠭ ᠤᠨ ᠪᠠᠭᠤᠳᠠᠯ ᠤᠨ ᠡᠭᠦᠳᠡᠨ ᠣᠷᠭᠢᠭᠤᠯ ᠳᠤ ᠴᠦᠮ ᠯᠠ ᠪᠠᠳᠤᠴᠠᠭᠠᠨ ᠤ ᠥᠩᠭᠡᠳᠤ ᠳᠦᠷᠰᠤ ᠪᠠᠨ ᠣᠷᠠᠯᠠᠴᠢᠬᠠᠭᠰᠠᠨ ᠪᠠᠢ᠌ᠨ᠎ᠠ᠃ ᠬᠤᠯᠠ ᠶᠢᠨ ᠵᠤᠴᠢᠳ ᠪᠠᠳᠤᠴᠠᠭᠠᠨ ᠣᠢ ᠪᠠᠷ ᠵᠤᠭᠠᠴᠠᠨ᠎ᠠ᠂ ᠬᠤᠨᠤᠭ ᠤᠨ ᠵᠡᠭᠦᠳᠤᠨ ᠳᠤ ᠪᠠᠨ ᠪᠠᠳᠤᠴᠠᠭᠠᠨ ᠢ ᠮᠢᠨᠢ ᠵᠡᠭᠦᠳᠦᠯᠡᠨ᠎ᠡ᠃ ᠬᠠᠢ᠌ᠷ᠎ᠠ ᠶᠢᠨ ᠵᠠᠯᠠᠭᠤᠰ ᠪᠠᠳᠤᠴᠠᠭᠠᠨ ᠣᠢ ᠳᠤ ᠪᠣᠯᠵᠤᠨ᠎ᠠ᠂ ᠬᠤᠵᠢᠮ ᠤᠨ ᠠᠮᠢᠳᠤᠷᠠᠯ ᠶᠢᠡᠨ ᠪᠠᠳᠤᠴᠠᠭᠠᠨ ᠶᠢᠡᠷ ᠵᠣᠢ᠌ᠷᠯᠠᠨ᠎ᠠ᠃ ᠦᠶ᠎ᠡ ᠶᠢᠨ ᠨᠥᠭᠦᠤᠨ ᠶᠢᠡᠷ ᠶᠢᠡᠨ ᠪᠠᠳᠤᠴᠠᠭᠠᠨ ᠣᠢ ᠳᠤ ᠵᠤᠭᠠᠯᠠᠨ᠎ᠠ᠂ ᠥᠶᠡᠷᠭᠡᠯ ᠳᠠᠰᠤᠯᠴᠠᠯ ᠶᠢᠡᠨ ᠪᠠᠳᠤᠴᠠᠭᠠᠨ ᠤ ᠨᠠᠪᠴᠢᠰ ᠶᠢᠡᠷ ᠢᠯᠡᠳᠭᠡᠨ᠎ᠡ᠃ ᠡᠪᠦᠭᠡᠳ ᠨᠠᠰᠤᠳᠠᠤᠨ ᠪᠠᠳᠤᠴᠠᠭᠠᠨ ᠣᠢ ᠳᠤ ᠬᠠᠭᠤᠴᠢᠯᠠᠨ᠎ᠠ᠂ ᠨᠤᠳᠤᠭ ᠤᠨ ᠮᠢᠨᠢ ᠰᠠᠭᠢᠭᠤᠰᠤ ᠭᠡᠵᠤ ᠪᠠᠳᠤᠴᠠᠭᠠᠨ ᠶᠢᠡᠨ ᠲᠦᠰᠢᠨ᠎ᠠ᠃

ᠦᠨᠦᠳᠤᠷ ᠤᠨ ᠲᠦᠰᠢᠶᠠᠳᠤ ᠨᠤᠳᠤᠭ᠂ ᠳᠠᠯᠠᠪᠠᠢ ᠪᠠᠷ ᠳᠡᠷᠢᠭᠦᠨ ᠳᠤ ᠣᠷᠤᠬᠤ ᠪᠠᠳᠤᠴᠠᠭᠠᠨ ᠤ ᠣᠢ ᠦᠭᠡᠶ ᠪᠣᠯᠪᠠᠴᠤ᠂ ᠥᠩᠭᠡ ᠭᠠᠢ᠌ᠬᠠᠮᠰᠢᠭ ᠶᠢᠠᠷ ᠶᠢᠡᠨ ᠣᠮᠠᠷᠠᠳᠤ ᠣᠷᠤᠨ ᠳᠤ ᠪᠠᠨ ᠬᠤᠤᠰ ᠦᠭᠡᠶ ᠣᠠᠴᠠᠯᠢᠭ ᠶᠢᠡᠷ ᠨᠢ ᠪᠠᠳᠤᠴᠠᠭᠠᠨ ᠤ ᠵᠤᠭᠠᠴᠠᠯ ᠤᠨ ᠨᠠᠢ᠌ᠷ ᠶᠢᠡᠨ ᠨᠢᠭᠡᠨᠲᠡ ᠭᠤᠷᠪᠠ ᠣᠳᠠᠭ᠎ᠠ ᠡᠷᠭᠢᠯᠡᠪᠡ᠃ ᠳᠡᠭᠡᠭ᠍ᠰᠡᠨ ᠡᠴᠡ ᠪᠠᠢ᠌ᠮ᠎ᠠ ᠬᠤᠯᠠ ᠶᠢᠨ ᠨᠠᠩᠭᠢᠶᠠᠤᠨ᠂ ᠪᠠᠷᠠᠭᠤᠨ ᠣᠷᠤᠨ ᠤ ᠲᠦᠪᠡᠳᠴᠤᠳ᠂ ᠪᠠᠬᠠᠷᠤᠮ᠎ᠠ ᠬᠤᠭᠤᠯᠠᠢ ᠲᠡᠶ ᠣᠢ᠌ᠭᠤᠷᠴᠤᠳ ᠴᠤ ᠬᠤᠷᠴᠢᠨ ᠮᠤᠩᠭ᠋ᠤᠯ ᠤᠨ ᠬᠠᠭᠤᠷᠠᠢ ᠭᠠᠩ ᠣᠷᠤᠨ ᠳᠤ ᠬᠠᠭᠤᠷᠤᠭᠰᠠᠨ ᠠᠮᠤ ᠬᠤᠨᠢᠨ ᠮᠢᠬ᠎ᠠ ᠡᠴᠡ ᠥᠭᠡᠷ᠎ᠡ ᠪᠠᠰᠠ ᠨᠢᠭᠡᠨ ᠭᠠᠢ᠌ᠬᠠᠮᠰᠢᠭ ᠪᠠᠢ᠌ᠬᠤ ᠶᠢ ᠮᠡᠳᠡᠭ᠍ᠰᠡᠨ ᠨᠢ ᠯᠠᠪᠳᠠᠢ᠂ ᠮᠡᠳᠡᠷᠡᠭ᠍ᠰᠡᠨ ᠨᠢ ᠴᠤ ᠯᠠᠪᠳᠠᠢ ︕ ᠪᠠᠳᠤᠴᠠᠭᠠᠨ ᠮᠢᠨᠢ ᠢᠩᠭᠢᠵᠤ ᠭᠦᠮᠤᠨ ᠠᠷᠠᠤᠨ ᠤᠨ ᠶᠢᠡᠨ ᠳᠠᠨᠢᠯᠳᠠ ᠶᠢ ᠨᠢ ᠳᠠᠯ᠎ᠠ ᠰᠢᠭ ᠰᠠᠷᠠᠭᠤᠯᠵᠢᠭᠤᠯᠵᠤ᠂ ᠬᠤᠰᠢᠭᠤ ᠨᠤᠳᠤᠭ ᠤᠨ ᠶᠢᠡᠨ ᠳᠦᠷᠰᠤ ᠶᠢ ᠣᠳᠤᠨ ᠮᠠᠳᠤ ᠭᠢᠯᠠᠯᠵᠠᠭᠤᠯᠤᠨ᠂ ᠭᠦᠷᠭᠦ ᠢᠷᠡᠭᠡᠳᠦᠢ ᠶᠢ ᠨᠢ ᠨᠠᠪᠴᠢᠰ ᠶᠢᠡᠨ ᠰᠢᠭ ᠰᠤᠯᠤᠩᠭ᠋ᠠᠷᠠᠭᠤᠯᠤᠨ᠎ᠠ᠃

ᠦᠨᠦᠳᠤᠷ᠂ ᠪᠠᠳᠤᠴᠠᠭᠠᠨ ᠲᠡᠶ ᠬᠤᠪᠢ ᠪᠠᠷᠢᠯᠳᠤᠯᠭ᠎ᠠ ᠲᠡᠶ ᠮᠤᠩᠭ᠋ᠤᠯᠴᠤᠳ ᠮᠢᠨᠢ ᠪᠠᠳᠤᠴᠠᠭᠠᠨ ᠤ ᠪᠦᠭᠡᠴᠡᠢ᠌ᠯᠡᠵᠤ ᠰᠢᠮᠡᠵᠢᠭᠦᠯᠦᠭ᠍ᠰᠡᠨ ᠭᠦᠷᠦᠰᠤ ᠰᠢᠷᠤᠢ ᠳᠡᠭᠡᠷ᠎ᠡ ᠳᠤᠭ ᠶᠢᠡᠨ ᠬᠠᠳᠬᠤᠨ᠂ ᠳᠤᠯᠭ᠎ᠠ ᠪᠠᠨ ᠪᠣᠰᠬᠠᠵᠤ᠂ ᠠᠷᠭᠠᠯ ᠶᠢᠡᠨ ᠲᠦᠯᠡᠭᠡᠳ᠂ ᠠᠮᠢᠳᠤᠷᠠᠯ ᠶᠢᠡᠨ ᠪᠣᠴᠠᠯᠭᠠᠭᠰᠠᠭᠠᠷ ᠪᠠᠢ᠌ᠨ᠎ᠠ᠃ ᠳᠡᠭᠡᠭᠦ ᠳᠤ ᠪᠠᠨ ᠳᠡᠭᠡᠳᠤ ᠡᠴᠡ ᠥᠪᠯᠡᠭ᠍ᠰᠡᠨ ᠭᠠᠵᠠᠷ ᠰᠢᠷᠤᠢ ᠪᠠᠨ᠂ ᠭᠠᠵᠠᠷ ᠰᠢᠷᠤᠢ ᠶᠢᠨ ᠶᠢᠡᠨ ᠭᠠᠢ᠌ᠬᠠᠮᠰᠢᠭ ᠶᠢᠡᠨ ᠡᠳ᠋ᠯᠡᠭᠡᠳ ᠯᠠ ᠪᠣᠯᠬᠤ ᠪᠢᠰᠢ᠂ ᠭᠠᠭᠴᠠᠬᠠᠨ ᠠᠮᠢ ᠡᠴᠡ ᠪᠠᠨ ᠢᠯᠡᠭᠦᠤ ᠬᠠᠢ᠌ᠷᠠᠯᠠᠵᠤ ᠬᠠᠮᠠᠭᠠᠯᠠᠬᠤ ᠨᠢ ᠲᠦᠯᠭᠢᠵᠤ ᠪᠣᠯᠤᠰᠢ ᠦᠭᠡᠶ ᠬᠠᠷᠢᠭᠤᠴᠠᠯᠭ᠎ᠠ᠂ ᠳᠡᠷᠢᠭᠦᠨ ᠳᠡᠭᠡᠷ᠎ᠡ ᠪᠠᠨ ᠭᠦᠯᠢᠶᠡᠭᠦ ᠳᠠᠷᠬᠠᠨ ᠡᠭᠦᠷᠭᠡ ᠭᠡᠵᠤ ᠳᠠᠷᠨᠢᠳᠠᠵᠤ ᠶᠠᠪᠣᠬᠤ ᠴᠢᠬᠤᠯᠠᠳᠠᠢ ᠶᠤᠮ ᠡ ︕


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5994
ᠴᠠᠭ᠄ 2010 ᠤᠨ ᠤ 11 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ