ᠣᠳᠦᠡᠭᠦ᠋ᠤ ᠶᠢᠨ ᠣᠬᠤᠷ ᠰᠢᠯᠦᠭ᠌ ᠤᠳ

ᠳᠠᠯ᠎ᠠ ᠶᠢᠨ ᠰᠦᠨᠢ


ᠰᠠᠷᠠᠨ ᠤ ᠭᠡᠭᠡ ᠡᠮᠭᠦᠵᠤ

ᠬᠤᠳᠠ ᠮᠠᠯ ᠮᠢᠨᠢ

ᠳᠠᠯ᠎ᠠ ᠶᠢᠨ ᠵᠠᠢ ᠪᠠᠷ ᠠᠮᠢᠰᠬᠤᠨ᠎ᠠ

ᠰᠠᠯᠭᠢᠨ ᠤ ᠦᠨᠦᠷ ᠴᠢᠩᠨᠠᠵᠤ

ᠬᠤᠳᠠᠴᠢ ᠭᠦᠯᠦᠭᠡ ᠮᠢᠨᠢ

ᠳᠡᠭ᠍ᠷᠢ ᠶᠢᠨ ᠴᠠᠭᠠᠨ᠎ᠠ ᠭᠡᠪᠳᠡᠨ᠎ᠡ

ᠮᠦᠩᠭᠦᠨ ᠬᠠᠵᠠᠭᠠᠷ ᠤᠨ ᠰᠤᠷᠠᠭ

ᠣᠶᠠᠭᠠᠨ ᠳᠡᠭᠡᠷ᠎ᠡ ᠨᠢ ᠪᠠᠭᠤᠨ᠎ᠠ

ᠮᠥᠩᠭᠡ ᠶᠢᠨ ᠬᠤᠶᠠᠷ ᠰᠡᠳᠭᠢᠯ

ᠣᠷᠴᠢᠯᠠᠩ ᠤᠨ ᠵᠠᠢ ᠳᠤ ᠰᠤᠯᠤᠩᠭ᠋ᠠᠷᠠᠨ᠎ᠠ


ᠨᠠᠮ ᠵᠢᠮ ᠪᠠᠢ᠌ᠭᠠᠰᠠᠢ


ᠨᠠᠮ ᠵᠢᠮ ᠪᠠᠢ᠌ᠭᠠᠰᠠᠢ ᠬᠤᠷᠸ᠎ᠠ ᠮᠢᠨᠢ

ᠨᠠᠮ ᠵᠢᠮ ᠤᠨ ᠳᠤᠮᠳᠠ

ᠨᠠᠮ ᠵᠢᠮ ᠪᠣᠯᠵᠤ ᠠᠮᠢᠳᠤᠷᠠᠶ᠎ᠠ ᠭᠡᠰᠡᠨ ᠶᠤᠮ

ᠨᠠᠮ ᠵᠢᠮ ᠡᠴᠠ ᠨᠠᠩ ᠨᠠᠮ ᠵᠢᠮ ᠢ

ᠣᠯᠵᠤ ᠰᠤᠨᠤᠰᠤᠶ᠎ᠠ ᠭᠡᠰᠡᠨ ᠶᠤᠮ

ᠨᠠᠷᠠᠨ ᠤ ᠭᠡᠷᠡᠯ

ᠨᠠᠪᠴᠢᠨ ᠳᠤ ᠰᠢᠩᠭᠡᠭᠦ ᠶᠢ

ᠵᠢᠷᠦᠭᠡ ᠪᠠᠷ ᠶᠢᠡᠨ ᠴᠢᠩᠨᠠᠬᠤ ᠭᠡᠰᠡᠨ ᠶᠤᠮ

ᠨᠠᠰᠤᠨ ᠳᠤ ᠭᠠᠭᠴᠠᠬᠠᠨ ᠳᠠᠷᠠ ᠳᠠᠭᠤᠤ ᠶᠢ

ᠨᠠᠳᠠ ᠭᠡᠨ ᠳᠠᠭᠤᠯᠠᠵᠤ ᠦᠭ‍ᠭᠦ ᠶᠢ

ᠵᠦᠩ ᠶᠢᠡᠷ ᠶᠢᠡᠨ ᠮᠡᠳᠡᠷᠡᠭᠦ ᠭᠡᠰᠡᠨ ᠶᠤᠮ

ᠥᠩᠭᠡᠷᠡᠭ᠍ᠰᠡᠳ ᠤᠨ ᠰᠦᠨᠠᠰᠤ

ᠳᠡᠭ᠍ᠷᠢ ᠳᠤ ᠶᠠᠪᠣᠵᠤ ᠪᠠᠢ᠌ᠨ᠎ᠠ

ᠥᠭᠦᠭᠡᠷᠡᠳᠡᠮᠡᠷ ᠰᠢᠨ᠎ᠡ ᠠᠮᠢ

ᠶ‍ᠢᠷᠳᠢᠠᠴᠤ ᠳᠤ ᠢᠷᠠᠵᠤ ᠪᠠᠢ᠌ᠨ᠎ᠠ

ᠨᠠᠮ ᠵᠢᠮ ᠪᠠᠢ᠌ᠭᠠᠰᠠᠢ ᠬᠤᠷᠸ᠎ᠠ ᠮᠢᠨᠢ

ᠨᠠᠮ ᠵᠢᠮ ᠯᠠ ᠪᠠᠢ᠌ᠭᠠᠰᠠᠢ


ᠠᠮᠢᠳᠤᠷᠠᠯ


ᠠᠮᠢᠳᠤᠷᠠᠯ ᠪᠣᠯ

ᠡᠯᠡᠰᠤ ᠪᠠᠷ ᠭᠦᠷᠳᠡᠯ᠎ᠡ

ᠭᠡᠷ ᠪᠠᠷᠢᠵᠤ

ᠵᠢᠷᠭᠠᠯ ᠡᠳ᠋ᠯᠡᠳᠡᠭ᠌

ᠳᠡᠯᠡᠭᠡᠢ ᠮᠦᠨ

ᠠᠮᠢᠳᠤᠷᠠᠯ ᠪᠣᠯ

ᠡᠪᠠᠰᠤ ᠪᠠᠷ ᠭᠦᠷᠳᠡᠯ᠎ᠡ

ᠴᠢᠯᠠᠭᠤ ᠭᠢᠷᠠᠭᠠᠵᠤ

ᠬᠠᠢ᠌ᠷ᠎ᠠ ᠪᠠᠷ ᠣᠶᠠᠰᠳᠠᠭ

ᠭᠠᠢ᠌ᠬᠠᠮᠰᠢᠭ ᠮᠦᠨᠲ᠋ᠤᠷᠠᠯᠠᠯ


ᠡᠷᠭᠢ ᠪᠠᠨ ᠢᠳᠠᠵᠤ

ᠨᠠᠭᠠᠰᠢᠯᠠᠳᠠᠭ

ᠭᠤᠤᠯ ᠤᠨ ᠣᠰᠤ

ᠡᠪᠠᠰᠤ ᠪᠠᠨ ᠳᠠᠷᠠᠯᠠᠵᠤ

ᠨᠡᠯᠥᠢᠳᠡᠭ᠌

ᠭᠤᠪᠢ ᠶᠢᠨ ᠡᠯᠡᠰᠤ

ᠦᠷ᠎ᠡ ᠳᠤ ᠪᠠᠨ ᠭᠡᠪᠠᠯ

ᠢᠪᠢᠯᠦᠭᠦ ᠢᠷᠡᠭᠦ

ᠴᠠᠭᠠᠨ ᠰᠥ᠋

ᠣᠢ᠌ᠯᠠᠰ ᠳᠤ ᠪᠠᠨ ᠭᠡᠪᠠᠯ

ᠳᠠᠯᠠᠯᠵᠤ ᠳᠠᠭᠤᠳᠠᠬᠤ

ᠳᠠᠯᠳᠠ ᠭᠦᠴᠤ


ᠪᠣᠷᠤᠭ᠎ᠠ


ᠪᠣᠷᠤᠭ᠎ᠠ   ᠊᠊᠊᠊᠊᠊᠊᠊᠊᠊᠊᠊᠊᠊᠊

ᠳᠡᠭ᠍ᠷᠢ ᠡᠴᠠ ᠠᠰᠬᠠᠷᠠᠭᠰᠠᠨ

ᠨᠠᠷᠠᠨ ᠤ ᠢᠨᠢᠶᠠᠳᠤ

ᠪᠣᠷᠤᠭ᠎ᠠ   ᠊᠊᠊᠊᠊᠊᠊᠊᠊᠊᠊᠊᠊᠊᠊

ᠳᠠᠯ᠎ᠠ ᠳᠤ ᠪᠠᠨ ᠰᠢᠩᠭᠡᠭᠦ

ᠡᠭᠦᠯᠡᠨ ᠤ ᠣᠭᠢᠯᠠᠯ

ᠪᠣᠷᠤᠭ᠎ᠠ   ᠊᠊᠊᠊᠊᠊᠊᠊᠊᠊᠊᠊᠊᠊᠊

ᠪᠣᠳᠤᠯ ᠳᠤ ᠠᠰᠠᠬᠤ

ᠮᠦᠩᠭᠦᠨ ᠵᠤᠯᠠ

ᠪᠣᠷᠤᠭ᠎ᠠ   ᠊᠊᠊᠊᠊᠊᠊᠊᠊᠊᠊᠊᠊᠊᠊

ᠪᠣᠯᠵᠤᠭᠠᠨ ᠳᠤ ᠢᠷᠡᠭᠦ

ᠭᠡᠦᠭᠡᠨ ᠬᠤᠩᠭ᠋ᠤᠷ ᠮᠢᠨᠤ ︕


ᠡᠷᠭᠡ ᠴᠢᠯᠦᠭᠡ


ᠪᠢ ᠴᠢᠮ᠎ᠠ ᠳᠤᠭᠤᠭᠰᠠᠨ ᠦᠶ᠎ᠡ ᠳ᠋ᠤ

ᠴᠢ ᠭᠦᠮᠤᠨ ᠳᠤ ᠬᠠᠢ᠌ᠷᠠᠯᠠᠭᠳᠠᠭᠰᠠᠨ ᠪᠠᠢ᠌ᠪᠠ

ᠪᠢ ᠴᠢᠮ᠎ᠠ ᠬᠠᠢ᠌ᠷᠠᠯᠠᠬᠤ ᠦᠶ᠎ᠡ ᠳ᠋ᠤ

ᠴᠢ ᠭᠦᠮᠤᠨ ᠤ ᠭᠢ ᠪᠣᠯᠴᠢᠬᠠᠭᠰᠠᠨ ᠪᠠᠢ᠌ᠪᠠ


ᠲ᠋ᠠᠯ᠎ᠠ ᠶᠢᠨ ᠰᠢᠷ᠎ᠠ ᠪᠦᠷᠦᠢ

ᠳᠠᠯ᠎ᠠ ᠶᠢᠨ ᠰᠢᠷ᠎ᠠ ᠪᠦᠷᠦᠢ

ᠴᠢᠮ᠎ᠠ ᠰᠠᠨᠠᠭᠰᠠᠨ ᠮᠢᠨᠤ ᠰᠡᠳᠭᠢᠯ

ᠤᠢ᠌ᠳᠬᠠᠷᠯᠠᠵᠤ ᠪᠠᠢ᠌ᠭ᠎ᠠ ᠮᠠᠳᠤ

ᠳᠠᠯ᠎ᠠ ᠶᠢᠨ ᠰᠢᠷ᠎ᠠ ᠪᠦᠷᠦᠢ

ᠴᠢᠮ᠎ᠠ ᠡᠴᠠ ᠰᠠᠯᠤᠭᠰᠠᠨ ᠮᠢᠨᠤ ᠪᠠᠶ᠎ᠠ

ᠭᠠᠭᠴᠠᠭᠠᠷᠳᠠᠵᠤ ᠪᠠᠢ᠌ᠭ᠎ᠠ ᠮᠠᠳᠤᠭᠦᠭᠡᠷᠦᠭᠦᠢ


ᠡᠯᠢᠭᠡ ᠪᠠᠨ ᠵᠦᠰᠦᠭᠦᠯᠵᠤ

ᠳᠠᠯ᠎ᠠ ᠮᠢᠨᠢ ᠭᠦᠭᠡᠷᠦᠭᠦᠢ

ᠡᠵᠢ ᠶᠢᠨ ᠮᠢᠨᠢ ᠬᠠᠷᠠᠴᠠ ᠪᠠᠷ

ᠨᠠᠮ᠎ᠠ ᠪᠠᠨ ᠰᠢᠷᠳᠡᠭᠡᠳ ᠯᠠ ᠭᠦᠭᠡᠷᠦᠭᠦᠢ

ᠡᠮᠨᠡᠵᠤ ᠳᠤᠮᠨᠠᠬᠤ

ᠶᠠᠮᠠᠷ ᠴᠤ ᠣᠪᠠᠳᠢᠰ ᠥᠭᠡᠢ

ᠪᠢ ᠪᠠᠰᠠ ᠭᠦᠭᠡᠷᠦᠭᠦᠢ

ᠡᠮᠭᠡᠨᠢᠯ ᠤᠨ ᠰᠡᠭᠦᠷᠡᠰᠤ ᠪᠠᠷ

ᠰᠢᠯᠦᠭ᠌ ᠭᠡᠯᠭᠢᠭᠡᠳ ᠯᠠ ᠭᠦᠭᠡᠷᠦᠭᠦᠢᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ 10 ᠣᠨ ᠤ ᠣᠶᠤᠳᠠᠨ

ᠵᠤᠬᠢᠶᠠᠭᠴᠢ᠄ ᠣᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12165
ᠴᠠᠭ᠄ 2012 ᠤᠨ ᠤ 03 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ