ᠥᠷᠯᠦᠭᠡ

ᠠᠯᠤᠰ ᠤᠨ ᠬᠤᠳᠠᠨ ᠡᠴᠠ ᠠᠮᠠᠷᠠᠯᠳᠠ ᠪᠠᠷ ᠢᠷᠡᠭ᠍ᠰᠡᠨ ᠤ ᠳᠠᠷᠠᠭ᠎ᠠ ᠥᠷᠯᠦᠭᠡ ᠪᠢ ᠵᠠᠮ ᠤᠨ ᠵᠥᠳᠡᠷᠡᠭᠡ ᠶᠢ ᠳᠠᠢ᠌ᠯᠠᠬᠤ ᠰᠢᠯᠦᠭ᠌ ᠰᠢᠭ᠌ ᠨᠣᠢ᠌ᠷ ᠡᠴᠠ ᠪᠠᠨ ᠰᠠᠯᠬᠤ ᠳᠤᠷ᠎ᠠ ᠦᠭᠡᠶ ᠵᠡᠭᠦᠳᠤ ᠨᠣᠢ᠌ᠷ ᠤᠨ ᠬᠤᠭᠤᠷᠤᠠᠳᠤ ᠭᠡᠪᠳᠡᠵᠤ ᠪᠠᠢ᠌ᠯ᠎ᠠ᠃ ᠠᠪᠣ ᠮᠢᠨᠢ ᠬᠤᠯᠠ ᠣᠢ᠌ᠷ᠎ᠠ ᠶᠢᠨ ᠪᠠᠷ᠎ᠠ ᠬᠠᠷᠠᠨ᠎ᠠ ᠭᠡᠵᠤ ᠵᠤᠷᠰᠢᠯ ᠶᠢᠡᠷ ᠶᠢᠡᠨ ᠠᠯᠢ ᠡᠷᠳᠡ ᠭᠠᠳᠠᠨ᠎ᠠ ᠭᠠᠷᠤᠭᠰᠠᠨ ᠪᠠᠢ᠌ᠪᠠ᠃ ᠡᠨᠡ ᠴᠤ ᠠᠪᠣ ᠶᠢᠨ ᠮᠢᠨᠢ ᠨᠢᠭᠡ ᠨᠠᠰᠤᠨ ᠤ ᠵᠠᠩᠰᠢᠯ ᠬᠣᠢ᠌ᠨ᠎ᠠ ᠪᠢ ᠭᠠᠢ᠌ᠬᠠᠭᠰᠠᠨ ᠦᠭᠡᠶ᠂ ᠬᠠᠷᠢᠨ ᠡᠭᠦᠳᠡᠨ ᠤ ᠭᠠᠳᠠᠨ᠎ᠠ ᠡᠴᠠ ᠭᠡᠨᠡᠳᠲᠡ ᠳᠤᠤᠭᠠᠷᠤᠭᠰᠠᠨ ᠳᠠᠭᠤᠨ ᠳ᠋ᠤᠨᠢ ᠰᠤᠴᠢᠰᠭᠢᠪᠠ᠄

《ᠭᠦᠢ ᠭᠦ᠂ ᠭᠦᠭ᠍ᠰᠢᠨ ᠡ︕ ᠳᠦᠷᠭᠡᠯᠡᠭᠡᠴᠢ ᠭᠡᠮ᠂ ᠵᠡᠭᠦᠨ ᠡᠮᠤᠨ᠎ᠡ ᠨᠠᠷᠠᠨ ᠤ ᠭᠢᠷᠠᠭ᠎ᠠ ᠪᠠᠷ ᠨᠢᠭᠡᠨ ᠭᠦᠳᠦᠯᠦᠭᠡ ᠠᠶᠠᠨ ᠤ ᠭᠦᠰᠭᠡ ᠨᠠᠭᠠᠰᠢᠯᠠᠵᠤ ᠬᠠᠷᠠᠭᠳᠠᠬᠤ ᠨᠢ ᠡ ᠁ ᠢᠱᠢ᠂ ᠭᠦᠭᠡᠷᠦᠭᠦᠢ ᠮᠢᠨᠢ᠂ ᠠᠯᠢ ᠬᠤᠯᠠ ᠶᠢᠨ ᠯᠠ ᠬᠡᠦᠬᠡᠳ ᠤᠳ ᠪᠢᠵᠠ︖》

ᠦᠨᠢᠶᠠᠨ ᠡᠴᠠ ᠰᠠᠶ‍ᠢᠬᠠᠨ ᠣᠷᠤᠵᠤ ᠢᠷᠡᠭᠡᠳ ᠪᠠᠢ᠌ᠭᠰᠠᠨ ᠡᠵᠢ ᠮᠢᠨᠢ ᠠᠵᠠᠭ ᠪᠠᠵᠠᠭ ᠠᠯᠳᠠᠵᠤ᠄ 《ᠢᠱᠢ᠂ ᠭᠦᠭᠡᠷᠦᠭᠦᠢ ᠮᠢᠨᠢ᠂ ᠠᠶᠠᠨ ᠤ ᠭᠦᠮᠦᠰ ᠭᠡᠵᠢ᠂ ᠬᠤᠯᠠ ᠶᠢᠨ ᠯᠠ ᠬᠡᠦᠬᠡᠳ ᠤᠳ ᠪᠠᠢ᠌ᠬᠤ ᠡ︕ ᠭᠦᠤ ᠮᠢᠨᠢ ᠳᠡᠭᠡᠭ᠍ᠰᠢᠯᠡᠴᠢᠭᠡ ᠭᠡᠮ︕ ᠳᠤᠪᠴᠢ ᠰᠢᠯᠪᠢ ᠪᠠᠨ ᠁ ᠡᠨᠡ ᠵᠥᠨᠦᠭ᠌ ᠢ ᠬᠠᠷᠠᠯ ᠳ᠋ᠠ᠂ ᠡᠷᠳᠡ ᠭᠡᠭ᠍ᠴᠢ ᠣᠰᠤ ᠴᠠᠢ ᠪᠠᠨ ᠳᠠᠯᠪᠢᠳᠠᠭ ᠦᠭᠡᠶ ᠨᠢ ᠁ ᠠᠶᠠᠨ ᠤ ᠭᠦᠮᠦᠰ ᠲᠤ ᠬᠠᠯᠠᠭᠤᠨ ᠶᠠᠭᠤᠮ᠎ᠠ ᠠᠮᠰᠠᠭᠤᠯᠬᠤ ᠰᠠᠨ᠃ ᠵᠠ ᠵᠠ᠂ ᠡᠵᠢ ᠨᠢ ᠡᠨᠡᠭᠦᠭᠡᠨ ᠳᠤ ᠁ ᠭᠡᠨ ᠤ ᠦᠷ᠎ᠡ ᠴᠤ ᠭᠦᠤ ᠡᠴᠠ ᠮᠢᠨᠢ ᠥᠭᠡᠷ᠎ᠡ ᠦᠦ ᠳ᠋ᠠ︖ ᠭᠦᠤ ᠮᠢᠨᠢ ᠬᠤᠷᠳᠤᠯᠠ᠂ ᠠᠶᠠᠨ ᠤ ᠭᠦᠮᠦᠰ ᠲᠤ ᠴᠠᠢ ᠴᠠᠭᠠᠨ ᠢᠳᠡᠭᠡ ᠭᠦᠷᠭᠡ︕》 ᠭᠡᠵᠤ ᠭᠠᠯ ᠭᠦᠰ ᠲᠡᠭᠡᠨ ᠰᠠᠠᠳᠤᠷᠪᠠ᠃

ᠪᠢ ᠳᠦᠷᠭᠡᠭᠡᠨ ᠬᠤᠪᠴᠠᠯᠠᠵᠤ ᠭᠠᠳᠠᠭᠰᠢ ᠭᠠᠷᠤᠯ᠎ᠠ᠃ ᠠᠪᠣ ᠮᠢᠨᠢ ᠠᠷᠭᠠᠯ ᠬᠤᠷᠮᠣᠢ᠌ᠯᠠᠭᠰᠠᠭᠠᠷ ᠭᠡᠷ ᠵᠥᠭ᠌ ᠶᠢᠡᠨ ᠶᠠᠭᠠᠷᠠᠤ ᠠᠯᠬᠤᠯᠠᠵᠤ ᠪᠠᠢ᠌ᠪᠠ᠃ ᠪᠢ ᠠᠪᠣ ᠶᠢᠨ ᠭᠡᠯᠡᠭ᠍ᠰᠡᠨ ᠶᠢᠡᠷ ᠵᠡᠭᠦᠨ ᠡᠮᠤᠨ᠎ᠡ ᠵᠥᠭ᠌ ᠠᠶᠠᠨ ᠤ ᠪᠠᠷ᠎ᠠ ᠬᠠᠷᠠᠬᠤ ᠳᠤ ᠠᠯᠤᠰ ᠡᠴᠠ ᠢᠷᠡᠭᠦ ᠠᠶᠠᠨ ᠤ ᠪᠠᠷ᠎ᠠ ᠬᠠᠷᠠᠭᠳᠠᠭᠰᠠᠨ ᠦᠭᠡᠶ᠂ ᠬᠠᠷᠢᠨ ᠨᠠᠷᠠᠨ ᠤ ᠭᠢᠷᠠᠭ᠎ᠠ ᠳᠠᠭᠠᠵᠤ ᠨᠢᠭᠡᠨ ᠭᠡᠰᠡᠭ᠌ ᠡᠭᠦᠯᠡ ᠳᠤᠯᠪᠣᠳᠠᠨ ᠪᠠᠢ᠌ᠯ᠎ᠠ᠃ ᠭᠡᠪᠠᠴᠤ ᠪᠢ 《ᠲ᠋ᠠᠷᠠ ᠴᠢᠨᠢ ᠠᠶᠠᠨ ᠤ ᠭᠦᠰᠭᠡ ᠪᠢᠰᠢ ᠡ》 ᠭᠡᠵᠤ ᠠᠪᠣ ᠡᠵᠢ ᠳᠡᠭᠡᠨ ᠭᠡᠯᠡᠵᠤ ᠴᠢᠳᠠᠭᠰᠠᠨ ᠦᠭᠡᠶ᠃ ᠡᠪᠦᠭᠡ ᠳᠡᠭᠡᠳᠦᠰ ᠡᠴᠠ ᠮᠢᠨᠢ ᠦᠪᠯᠠᠵᠤ ᠢᠷᠡᠭ᠍ᠰᠡᠨ ᠥᠷᠯᠦᠭᠡ ᠰᠢᠭ᠌ ᠰᠠᠢ᠌ᠬᠠᠨ ᠡᠢ᠌ᠮᠤ ᠵᠠᠩ ᠤᠨ ᠡᠰᠡᠷᠭᠦ 《ᠪᠢᠰᠢ ᠡ》 ᠭᠡᠰᠡᠨ ᠥᠭᠡ ᠶᠢ ᠪᠢ ᠭᠡᠯᠡᠵᠤ ᠴᠢᠳᠠᠬᠤ ᠦᠭᠡᠶ ᠨᠢ ᠡ᠃ ᠠᠢ᠂ ᠭᠦᠭᠡᠷᠦᠭᠦᠢ ᠪᠣᠭᠤᠷᠤᠯ ᠤᠳ ᠮᠢᠨᠢ ᠳ᠋ᠡ᠁


ᠵᠤᠬᠢᠶᠠᠭᠴᠢ ᠶᠢᠨ ᠬᠠᠶ‍ᠢᠭ ᠄ ᠪᠠᠷᠠᠭᠤᠨ ᠪᠠᠭᠠᠷᠢᠨ᠂ ᠪᠠᠢ᠌ᠰᠢᠩᠳᠤ

ᠵᠤᠬᠢᠶᠠᠭᠴᠢ᠄ ᠳ᠋·ᠨᠤᠮᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6069
ᠴᠠᠭ᠄ 2010 ᠤᠨ ᠤ 01 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ