ᠦᠢᠯᠠᠰ ᠳᠡᠷᠭᠡᠯ ᠮᠤᠩᠭ᠋ᠤᠯ ᠰᠤᠷᠭᠠᠭᠤᠯᠢ
᠊᠊᠊᠊᠊᠊᠊᠊᠊᠊᠊᠊᠊᠊᠊ ᠣᠯᠠᠭᠠᠠᠬᠠᠳᠠ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠶᠢᠡᠷ ᠲ᠋ᠤᠭᠤᠷᠢᠨ ᠰᠤᠷᠤᠯᠴᠠᠭᠰᠠᠨ ᠳᠡᠮᠳᠡᠭᠯᠡᠯ

ᠣᠯᠠᠭᠠᠠᠬᠠᠳᠠ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠶᠢᠡᠷ ᠪᠠᠭᠰᠢ ᠨᠡᠷ ᠶᠢᠡᠨ ᠳᠤᠭᠤᠷᠢᠭᠤᠯᠵᠤ ᠰᠤᠷᠤᠯᠴᠠᠭᠤᠯᠤᠶ᠎ᠠ ᠭᠡᠳ ᠮᠠᠨᠠᠢ᠌ᠭᠢᠨ ᠣᠨ ᠣᠳᠠᠭᠰᠠᠨ ᠶᠤᠮ ᠳ᠋ᠠ᠃

ᠡᠨᠡ ᠰᠠᠢ᠌ᠬᠠᠨ ᠭᠦᠰᠡᠯ ᠪᠣᠳᠤᠯ ᠮᠢᠨᠢ ᠠᠯᠢ ᠨᠢᠭᠡᠨ ᠡᠳᠦᠷ ᠶᠤᠰᠤᠴᠢᠯᠠᠨ ᠪᠠᠶᠡᠯᠡᠭ᠍ᠳᠡᠭᠦ ᠶᠢ ᠭᠦᠰᠡᠨ ᠬᠠᠷᠠᠭᠰᠠᠭᠠᠷ᠂ ᠡᠨᠡ ᠰᠠᠷ᠎ᠠ ᠶᠢᠨ ᠡᠭᠢ ᠪᠠᠷ (05.03 ᠊᠊᠊᠊᠊᠊᠊᠊᠊᠊᠊᠊᠊᠊᠊ 05.07)᠂ ᠮᠢᠨᠤ ᠪᠠᠶ᠎ᠠ ᠮᠠᠨ ᠤ ᠰᠤᠷᠭᠠᠭᠤᠯᠢ ᠶᠢᠨ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠪᠠᠭᠰᠢ ᠨᠡᠷ ᠡᠴᠡ ᠪᠠᠨ ᠭᠡᠯᠡ᠂ ᠳᠤᠭ᠎ᠠ᠂ ᠭᠢᠳᠠᠤᠨ ᠭᠡᠯᠡ ᠪᠢᠴᠢᠭ᠌ ᠤᠨ ᠪᠠᠭᠰᠢ 14 ᠭᠦᠮᠤᠨ ᠢ ᠳᠠᠭᠠᠭᠤᠯᠵᠤ᠂ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ᠂ ᠬᠠᠨ ᠠᠭᠤᠯᠠ ᠪᠠᠭ᠎ᠠ ᠰᠤᠷᠭᠠᠭᠤᠯᠢ᠂ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠵᠡᠷᠭᠡ ᠭᠤᠷᠪᠠᠨ ᠮᠤᠩᠭ᠋ᠤᠯ ᠰᠤᠷᠭᠠᠭᠤᠯᠢ ᠪᠠᠷ ᠭᠤᠷᠪᠠᠨ ᠪᠦᠭᠦᠯᠢ ᠡᠳᠦᠷ ᠭᠢᠴᠢᠶᠠᠯ ᠰᠤᠨᠤᠰᠴᠤ᠂ ᠳᠤᠭᠤᠷᠢᠨ ᠦᠵᠡᠵᠤ᠂ ᠳᠤᠷᠰᠢᠯᠭ᠎ᠠ ᠰᠤᠯᠢᠯᠴᠠᠵᠤ ᠶᠠᠪᠣᠬᠤ ᠳᠠᠭᠠᠨ᠂ ᠡᠳᠦᠷ ᠣᠳᠠᠭᠰᠠᠨ ᠥᠩᠭᠡᠳᠤ ᠵᠡᠭᠦᠳᠤ ᠮᠦᠷᠦᠭᠡᠳᠦᠯ ᠶᠢᠡᠨ ᠪᠣᠳᠠᠳᠠᠢ᠌ᠴᠢᠯᠠᠨ ᠪᠠᠶᠡᠯᠡᠭᠦᠯᠵᠤ ᠪᠢᠯᠠ ︕

ᠠᠩᠬᠠᠨ ᠤ ᠡᠳᠦᠷ ᠶᠢᠡᠨ ᠪᠢᠳᠠ᠂ 05 ᠰᠠᠷ᠎ᠠ ᠶᠢᠨ 04 ᠊ᠤ ᠦᠳᠡ ᠬᠣᠢ᠌ᠨ᠎ᠠ᠂ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠳᠤ ᠭᠢᠴᠢᠶᠠᠯ ᠰᠤᠨᠤᠰᠬᠤ᠂ ᠳᠤᠭᠤᠷᠢᠨ ᠥᠵᠡᠭᠦ᠂ ᠰᠠᠭᠤᠳᠠᠯ ᠤᠨ ᠬᠤᠷᠠᠯ ᠡᠷᠭᠢᠯᠡᠨ ᠳᠤᠷᠰᠢᠯᠭ᠎ᠠ ᠰᠤᠯᠢᠯᠴᠠᠬᠤ ᠪᠠᠷ ᠡᠭᠢᠯᠡᠭᠦᠯᠦᠭ᠍ᠰᠡᠨ᠃

ᠴᠢᠪᠠᠭ᠎ᠠ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠭᠡᠵᠤ 1958 ᠣᠨ ᠳᠤ ᠪᠠᠢ᠌ᠭᠤᠯᠤᠭᠳᠠᠭᠰᠠᠨ ᠳᠡᠦᠭᠡᠳᠤ ᠰᠤᠷᠭᠠᠭᠤᠯᠢ᠃ ᠣᠳᠤ 15276 ᠳᠡᠭ᠍ᠰᠢ ᠳᠦᠷᠪᠠᠯᠵᠢᠨ ᠮᠸᠲ᠋ᠷ ᠳᠠᠯᠠᠪᠠᠢ ᠲᠡᠶ᠂ 22 ᠭᠢᠴᠢᠶᠡᠯᠯᠡᠭᠦ ᠠᠩᠭᠢ᠂ 967 ᠨᠠᠷ᠎ᠠ ᠰᠤᠷᠤᠭᠴᠢ᠂ 115 ᠨᠠᠷ᠎ᠠ ᠪᠠᠭᠰᠢ ᠠᠵᠢᠯᠳᠠᠨ ᠲᠡᠶ᠂ ᠪᠠᠭᠠᠵᠢ ᠳᠦᠭᠦᠭᠡᠷᠦᠮᠵᠢ ᠪᠦᠷᠢᠨ᠂ ᠪᠠᠢ᠌ᠷᠢᠰᠢᠯ ᠰᠠᠭᠤᠷᠢᠰᠢᠯ ᠭᠦᠢᠴᠡᠳ᠂ ᠵᠢᠭᠠᠬᠤ ᠰᠤᠷᠭᠠᠬᠤ ᠶᠠᠰᠤ ᠴᠢᠨᠠᠷᠵᠢᠯ ᠦᠨᠳᠦᠷ᠂ ᠣᠯᠤᠰ ᠣᠷᠤᠨ ᠤ ᠱᠠᠩᠨᠠᠯᠳᠤ ᠰᠢᠯᠢᠳᠡᠭ᠌ ᠰᠤᠷᠭᠠᠭᠤᠯᠢ᠂ ᠳᠡᠷᠢᠭᠦᠨ ᠤ ᠰᠤᠷᠭᠠᠭᠤᠯᠢ᠂ ᠢᠷᠠᠭᠤ ᠣᠳᠤᠮᠰᠢᠯᠳᠤ ᠰᠤᠷᠭᠠᠭᠤᠯᠢ᠃ ᠳᠤᠰ ᠰᠤᠷᠭᠠᠭᠤᠯᠢ ᠳᠤ ᠪᠢᠳᠠ ᠦᠳᠡ ᠶᠢᠨ ᠬᠣᠢ᠌ᠨᠠᠭᠢ ᠨᠢᠭᠡ ᠬᠤᠶᠠᠳᠤᠭᠠᠷ ᠴᠠᠭ ᠲᠤ ᠭᠢᠴᠢᠶᠠᠯ ᠰᠤᠨᠤᠰᠴᠤ᠂ ᠭᠤᠷᠪᠠᠳᠤᠭᠠᠷ ᠴᠠᠭ ᠲᠤ ᠨᠢ ᠭᠡᠷ ᠪᠠᠷᠢᠯᠭ᠎ᠠ᠂ ᠣᠷᠤᠨ ᠰᠠᠭᠤᠴᠠ᠂ ᠣᠷᠴᠢᠨ ᠳᠤᠭᠤᠷᠢᠨ᠂ ᠣᠠᠴᠠᠯᠢᠭᠳᠤ ᠭᠦᠮᠦᠵᠢᠯ ᠭᠦᠳᠡᠯᠭᠡᠭᠡᠨ᠂ ᠣᠯᠠᠨ ᠳᠠᠯᠠᠳᠤ ᠠᠵᠢᠯᠯᠠᠭ᠎ᠠ ᠭᠢᠳᠠᠯ᠂ ᠰᠤᠷᠭᠠᠭᠤᠯᠢ ᠶᠢᠨ ᠵᠢᠭᠠᠨ ᠰᠤᠷᠭᠠᠯᠳᠠ ᠵᠡᠷᠭᠡ ᠣᠯᠠᠨ ᠳᠠᠯ᠎ᠠ ᠶᠢ ᠨᠢ ᠦᠵᠡᠵᠤ ᠳᠤᠭᠤᠷᠢᠵᠤ᠂ ᠰᠤᠷᠴᠤ ᠰᠤᠨᠢᠷᠬᠠᠵᠤ ᠶᠠᠪᠣᠭᠰᠠᠨ᠃ ᠳᠦᠷᠪᠠᠳᠦᠭᠡᠷ ᠴᠠᠭ ᠲᠤ ᠨᠢ ᠳᠤᠰ ᠰᠤᠷᠭᠠᠭᠤᠯᠢ ᠶᠢᠨ ᠣᠳᠤᠷᠢᠳᠤᠯᠭ᠎ᠠ ᠪᠣᠯᠤᠨ ᠭᠡᠰᠡᠭ᠌ ᠪᠠᠭᠰᠢ ᠠᠵᠢᠯᠳᠠᠨ ᠲᠡᠶ ᠰᠠᠭᠤᠳᠠᠯ ᠤᠨ ᠬᠤᠷᠠᠯ ᠭᠢᠵᠤ ᠳᠤᠷᠰᠢᠯᠭ᠎ᠠ ᠰᠠᠨᠠᠯ ᠶᠢᠡᠨ ᠰᠤᠯᠢᠯᠴᠠᠭᠰᠠᠨ᠃

ᠬᠤᠶᠠᠳᠤᠭᠠᠷ ᠡᠳᠦᠷ᠂ 05 ᠰᠠᠷ᠎ᠠ ᠶᠢᠨ 05 ᠊ᠤ ᠡᠳᠦᠷ᠂ ᠪᠢᠳᠠ ᠬᠠᠨ ᠠᠭᠤᠯᠠ ᠪᠠᠭ᠎ᠠ ᠰᠤᠷᠭᠠᠭᠤᠯᠢ ᠳᠤ ᠳᠤᠭᠤᠷᠢᠨ ᠰᠤᠷᠤᠯᠴᠠᠭᠰᠠᠨ᠃ ᠬᠠᠨ ᠠᠭᠤᠯᠠ ᠪᠠᠭ᠎ᠠ ᠰᠤᠷᠭᠠᠭᠤᠯᠢ ᠭᠡᠵᠤ ᠰᠢᠨᠡᠭᠡᠨ ᠪᠠᠢ᠌ᠭᠤᠯᠤᠭᠳᠠᠭᠰᠠᠨ ᠰᠤᠷᠭᠠᠭᠤᠯᠢ᠃ ᠰᠢᠨᠡᠭᠡᠨ ᠪᠠᠢ᠌ᠭᠤᠯᠤᠭᠳᠠᠭᠰᠠᠨ ᠭᠡᠳᠡᠭ᠌ ᠪᠣᠯᠪᠠᠴᠤ᠂ ᠰᠢᠨᠡᠭᠡᠨ ᠪᠠᠢ᠌ᠭᠤᠯᠤᠭᠳᠠᠭᠰᠠᠨ ᠰᠤᠷᠭᠠᠭᠤᠯᠢ ᠭᠡᠵᠤ ᠮᠡᠳᠡᠭ᠍ᠳᠡᠮ᠎ᠡ ᠦᠭᠡᠶ᠂ ᠰᠢᠯᠢᠳᠡᠭ᠌ ᠰᠤᠳᠤᠨ ᠪᠠᠭᠰᠢ ᠨᠡᠷ ᠲᠡᠶ᠂ ᠰᠢᠷ ᠭᠡᠰᠡᠨ ᠣᠳᠤᠷᠢᠳᠤᠯᠭ᠎ᠠ ᠲᠡᠶ᠂ ᠰᠢᠠᠵᠢᠵᠤ ᠰᠤᠳᠤᠯᠳᠠᠭ ᠰᠠᠳᠤᠪ ᠲᠡᠶ᠂ ᠰᠡᠷᠭᠦᠯᠡᠩ ᠭᠦᠭᠡᠷᠦᠭᠦᠨ ᠪᠠᠭᠠᠴᠤᠳ ᠲᠡᠶ᠂ ᠦᠪᠡᠷ ᠤᠨ ᠣᠠᠴᠠᠯᠢᠭ ᠲᠡᠶ᠂ ᠦᠪᠡᠷᠮᠢᠴᠠ ᠪᠦᠳᠦᠮᠵᠢᠳᠡᠢ ᠰᠤᠷᠭᠠᠭᠤᠯᠢ᠃ ᠳᠤᠰ ᠰᠤᠷᠠᠭᠭᠤᠯᠢ ᠳᠤ ᠪᠢᠳᠠ ᠦᠳᠡ ᠶᠢᠨ ᠡᠮᠤᠨ᠎ᠡ᠂ ᠨᠢᠭᠡ ᠡᠴᠡ ᠭᠤᠷᠪᠠᠳᠤᠭᠠᠷ ᠴᠠᠭ ᠲᠤ ᠭᠢᠴᠢᠶᠠᠯ ᠰᠤᠨᠤᠰᠴᠤ᠂ ᠳᠦᠷᠪᠠᠳᠦᠭᠡᠷ ᠴᠠᠭ ᠲᠤ ᠨᠢ ᠪᠠᠭᠰᠢ᠂ ᠣᠳᠤᠷᠢᠳᠤᠯᠭ᠎ᠠ ᠨᠡᠷ ᠲᠡᠶ ᠰᠠᠭᠤᠳᠠᠯ ᠤᠨ ᠬᠤᠷᠠᠯ ᠭᠢᠵᠤ ᠰᠠᠨᠠᠯ ᠳᠤᠷᠰᠢᠯᠭ᠎ᠠ ᠪᠠᠨ ᠰᠤᠯᠢᠯᠴᠠᠵᠤ ᠶᠠᠪᠣᠭᠰᠠᠨ᠃

ᠭᠤᠷᠪᠠᠳᠤᠭᠠᠷ ᠡᠳᠦᠷ᠂ 05 ᠰᠠᠷ᠎ᠠ ᠶᠢᠨ 06 ᠊ᠤ ᠡᠳᠦᠷ ᠪᠢᠳᠠ᠂ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠳᠤ ᠳᠤᠭᠤᠷᠢᠵᠤ ᠰᠤᠷᠤᠯᠴᠠᠭᠰᠠᠨ᠃

ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠭᠡᠵᠤ ᠪᠠᠢ᠌ᠭᠤᠯᠤᠭᠳᠠᠭᠠᠤᠨ 101 ᠵᠢᠯ ᠪᠣᠯᠵᠤ ᠪᠠᠢ᠌ᠭ᠎ᠠ ᠣᠷᠳᠤ ᠨᠠᠰᠤᠳᠠᠢ ᠣᠳᠤᠮᠰᠢᠯᠳᠤ ᠰᠤᠷᠭᠠᠯ ᠭᠦᠮᠦᠵᠢᠯ ᠲᠡᠶ᠂ ᠣᠤᠷ ᠰᠤᠶᠤᠯ ᠤᠨ ᠥᠯᠦᠭᠡᠢ ᠪᠣᠯᠤᠭᠰᠠᠨ ᠰᠤᠷᠭᠠᠭᠤᠯᠢ᠃ ᠳᠤᠰ ᠰᠤᠷᠭᠠᠭᠤᠯᠢ ᠨᠢ 18000 ᠳᠡᠭ᠍ᠰᠢ ᠳᠦᠷᠪᠠᠯᠵᠢᠨ ᠮᠸᠲ᠋ᠷ ᠳᠠᠯᠠᠪᠠᠢ ᠲᠡᠶ᠂ 1400 ᠭᠠᠷᠤᠢ ᠰᠤᠷᠤᠭᠴᠢ ᠲᠡᠶ᠂ 114 ᠨᠠᠷ᠎ᠠ ᠪᠠᠭᠰᠢ ᠠᠵᠢᠯᠳᠠᠨ ᠲᠡᠶ ᠨᠢᠵᠢᠭᠡᠷ ᠳᠤᠮᠤ ᠰᠤᠷᠭᠠᠭᠤᠯᠢ᠃ ᠣᠯᠠᠨ ᠠᠷᠪᠢᠨ ᠡᠷᠳᠡᠮᠳᠡᠨ ᠴᠢᠳᠠᠪᠣᠷᠢᠳᠠᠤᠨ ᠢ ᠭᠦᠮᠦᠵᠢᠭᠦᠯᠤᠨ ᠭᠠᠷᠭᠠᠵᠤ᠂ ᠣᠯᠤᠰ ᠣᠷᠤᠨ ᠤ ᠠᠵᠤ ᠠᠬᠤᠢ᠂ ᠪᠦᠳᠦᠭᠡᠨ ᠪᠠᠢ᠌ᠭᠤᠯᠤᠯᠳᠠ᠂ ᠣᠤᠠᠬ᠎ᠠ ᠰᠤᠶᠤᠯ ᠤᠨ ᠴᠤᠭᠴᠠᠯᠠᠯᠳᠠ ᠳᠤ ᠭᠦᠴᠤ ᠨᠡᠮᠡᠭᠦᠷᠢ ᠪᠠᠨ ᠡᠷᠭᠦᠭ᠍ᠰᠡᠨ ᠭᠠᠪᠢᠶᠠᠳᠤ ᠰᠤᠷᠭᠠᠭᠤᠯᠢ᠃ ᠳᠤᠰ ᠰᠤᠷᠭᠠᠭᠤᠯᠢ ᠡᠴᠡ ᠦᠷᠭᠡᠨ ᠵᠡᠷᠭᠡ ᠶᠢᠨ ᠮᠤᠵᠢ ᠣᠷᠤᠨ ᠤ ᠳᠠᠰ ᠤᠨ ᠣᠳᠤᠷᠢᠳᠤᠯᠭ᠎ᠠ᠂ ᠪᠠᠶᠡ᠊ᠨᠳᠡᠯᠡᠭᠡᠢ᠂ ᠴᠢᠭᠢᠷᠠᠭ᠂ ᠳᠠᠷᠢᠰᠠᠷᠠᠩ ᠵᠡᠷᠭᠡ ᠶᠢᠨ ᠠᠢ᠌ᠮᠠᠭ ᠬᠤᠳᠠ ᠶᠢᠨ ᠳᠠᠰ ᠤᠨ ᠳᠠᠷᠤᠭ᠎ᠠ᠂ ᠰᠠᠢ᠌ᠠᠠᠤᠶᠤᠳᠤ᠂ ᠴᠥᠢᠵᠢᠰᠡᠩᠭᠡ ᠵᠡᠷᠭᠡ ᠪᠠᠢ᠌ᠯᠳᠤᠭᠠᠨ ᠤ ᠪᠠᠭᠠᠳᠤᠷ (ᠦᠷᠭ᠍ᠳᠡᠭ᠍ᠰᠡᠨ ᠪᠠᠭᠠᠳᠤᠷ)᠂ ᠪ᠊·ᠪᠦᠷᠢᠡᠪᠠᠭᠢ᠂ ᠨᠠ᠊·ᠰᠠᠢ᠌ᠰᠢᠶᠠᠯᠳᠤ᠂ ᠰᠤᠳᠤᠪᠢᠯᠢᠭ᠌᠂ ᠬᠤᠷᠴᠠ᠂ ᠢ᠊·ᠷᠢᠠᠴᠢᠠᠳᠤᠷᠵᠢ᠂ ᠰᠤᠳᠨᠠᠮᠷᠠᠪᠳᠠᠨ᠂ ᠪᠦᠷᠢᠡᠪᠠᠳᠤ ᠵᠡᠷᠭᠡ ᠶᠢᠨ ᠣᠷᠠᠨ ᠵᠤᠬᠢᠶᠠᠯᠴᠢ᠂ ᠰᠤᠷᠭᠠᠨ ᠭᠦᠮᠦᠵᠢᠯᠳᠡᠨ᠂ ᠡᠷᠳᠡᠮᠳᠡᠨ ᠴᠢᠳᠠᠪᠣᠷᠢᠳᠠᠤᠨ ᠣᠯᠠᠨ ᠭᠦᠮᠦᠵᠢᠭ᠍ᠳᠡᠨ ᠭᠠᠷᠴᠤ᠂ ᠭᠦᠮᠤᠨ ᠠᠷᠠᠤᠨ ᠤᠨ ᠶᠢᠡᠨ ᠭᠦᠷᠢᠶᠡᠯᠡᠯ ᠪᠠᠬᠠᠷᠬᠠᠯ ᠢ ᠭᠦᠷᠳᠡᠵᠤ ᠶᠠᠪᠣᠭᠰᠠᠨ ᠪᠠᠢ᠌ᠭ᠎ᠠ᠃ ᠳᠤᠰ ᠰᠤᠷᠭᠠᠭᠤᠯᠢ ᠳᠤ ᠪᠢᠳᠠ᠂ ᠮᠦᠨᠴᠤ ᠦᠳᠡ ᠶᠢᠨ ᠡᠮᠦᠨᠡᠭᠢ ᠨᠢᠭᠡ ᠡᠴᠡ ᠭᠤᠷᠪᠠᠳᠤᠭᠠᠷ ᠴᠠᠭ ᠲᠤ ᠭᠢᠴᠢᠶᠠᠯ ᠰᠤᠨᠤᠰᠴᠤ᠂ ᠳᠦᠷᠪᠠᠳᠦᠭᠡᠷ ᠴᠠᠭ ᠲᠤ ᠨᠢ ᠰᠠᠭᠤᠳᠠᠯ ᠤᠨ ᠬᠤᠷᠠᠯ ᠭᠢᠵᠤ ᠳᠤᠷᠰᠢᠯᠭ᠎ᠠ ᠰᠠᠨᠠᠯ ᠶᠢᠡᠨ ᠰᠤᠯᠢᠯᠴᠠᠵᠤ ᠰᠠᠭᠤᠭᠰᠠᠨ᠃

ᠭᠡᠳᠤᠨ ᠡᠳᠦᠷ ᠳᠤᠭᠤᠷᠢᠵᠤ ᠰᠤᠷᠤᠯᠴᠠᠵᠤ ᠶᠠᠪᠣᠬᠤ ᠳᠤ ᠮᠢᠨᠢ᠂ ᠠᠷᠤ ᠬᠤᠷᠴᠢᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶᠠᠨ ᠤ ᠳᠠᠷᠤᠭ᠎ᠠ ᠮᠠᠠᠳᠤᠯ᠎ᠠ᠂ ᠵᠢᠭᠠᠬᠤ ᠶᠢ ᠰᠤᠳᠤᠯᠬᠤ ᠭᠡᠷ ᠤᠨ ᠡᠷᠭᠢᠯᠡᠭ᠍ᠴᠢ᠂ ᠣᠷᠠᠨ ᠵᠤᠬᠢᠶᠠᠯᠴᠢ᠂ ᠢᠷᠠᠭᠤ ᠨᠠᠢ᠌ᠷᠠᠭᠴᠢ ᠰᠢ᠊·ᠪᠠᠶᠠᠠᠪᠣᠯᠠᠭ᠂ ᠦᠨᠳᠦᠰᠦᠳᠠᠨ ᠤ ᠰᠤᠷᠭᠠᠨ ᠭᠦᠮᠦᠵᠢᠯ ᠤᠨ ᠰᠠᠯᠠᠭᠠᠨ ᠳᠠᠷᠤᠭ᠎ᠠ ᠣᠤᠠᠬᠠᠳᠤ ᠴᠢᠪᠠᠭ᠎ᠠ ᠮᠤᠩᠭ᠋ᠤᠯ ᠦᠨᠳᠦᠰᠦᠳᠠᠨ ᠤ ᠪᠠᠭ᠎ᠠ ᠰᠤᠷᠭᠠᠭᠤᠯᠢ ᠶᠢᠨ ᠵᠠᠭᠢᠷᠤᠯ ᠪᠦᠷᠢᠠᠪᠠᠭᠠᠨ᠎ᠠ᠂ ᠳᠠᠳ᠋ ᠵᠠᠭᠢᠷᠤᠯ᠂ ᠣᠷᠠᠨ ᠵᠤᠬᠢᠶᠠᠯᠴᠢ ᠪᠦᠭᠡᠪᠠᠭᠠᠳᠤᠷ᠂ ᠡᠷᠭᠢᠯᠡᠭ᠍ᠴᠢ ᠡᠩᠭᠡ᠂ ᠣᠷᠳᠤ ᠨᠡᠷ ᠬᠠᠨ ᠠᠭᠤᠯᠠ ᠪᠠᠭ᠎ᠠ ᠰᠤᠷᠭᠠᠭᠤᠯᠢ ᠶᠢᠨ ᠵᠠᠭᠢᠷᠤᠯ ᠰᠠᠴᠠᠠᠪᠠᠳᠤ᠂ ᠳᠠᠳ᠋ ᠵᠠᠭᠢᠷᠤᠯ᠂ ᠵᠠᠯᠠᠭᠤ ᠣᠷᠠᠨ ᠵᠤᠬᠢᠶᠠᠯᠴᠢ ᠳᠠᠪᠬᠤᠷᠪᠠᠶᠠᠷ᠂ ᠠᠵᠢᠯᠴᠢᠨ ᠤ ᠡᠪᠯᠡᠯ ᠤᠨ ᠳᠡᠷᠢᠭᠦᠯᠡᠭ᠍ᠴᠢ ᠭᠠᠯᠰᠠᠩ ᠪᠠᠭᠠᠷᠢᠨ ᠪᠠᠷᠠᠭᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶᠠᠨ ᠤ ᠴᠢᠠᠳᠠᠮᠤᠨᠢ ᠱᠦᠵᠠᠢ᠂ ᠸᠠᠩᠴᠠᠭ ᠱᠦᠵᠠᠢ᠂ ᠣᠤᠳᠠ ᠳᠤᠪᠴᠢᠶᠠᠨ ᠳᠠᠷᠤᠭ᠎ᠠ᠂ ᠠᠯᠪᠠᠨ ᠭᠡᠷ ᠤᠨ ᠡᠷᠭᠢᠯᠡᠭ᠍ᠴᠢ ᠮᠥᠩᠭᠡᠪᠠᠳᠤ᠂ ᠦᠨᠳᠦᠰᠦᠳᠠᠨ ᠤ ᠰᠤᠷᠭᠠᠨ ᠭᠦᠮᠦᠵᠢᠯ ᠤᠨ ᠰᠠᠯᠠᠭᠠᠨ ᠳᠠᠷᠤᠭ᠎ᠠ ᠡᠷᠳᠡᠨᠢᠪᠤᠯᠠᠭ ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠵᠠᠭᠢᠷᠤᠯ ᠰᠠᠴᠠᠠᠵᠤᠷᠢᠭᠳᠤ᠂ ᠳᠠᠳ᠋ ᠵᠠᠭᠢᠷᠤᠯ ᠭᠠᠯᠰᠠᠩ᠂ ᠰᠠᠴᠠᠠᠪᠠᠭᠠᠳᠤᠷ᠂ ᠵᠢᠭᠠᠨ ᠰᠤᠷᠭᠠᠬᠤ ᠭᠠᠵᠠᠷ ᠤᠨ ᠡᠷᠭᠢᠯᠡᠭ᠍ᠴᠢ ᠰᠠᠷᠠᠩᠭ᠋ᠤᠸ᠎ᠠ ᠵᠡᠷᠭᠡ ᠣᠳᠤᠷᠢᠳᠤᠯᠭ᠎ᠠ ᠪᠠᠭᠰᠢ ᠨᠡᠷ᠂ ᠪᠢᠳᠠᠨ ᠳᠤ ᠠᠯᠢᠪᠠ ᠶᠠᠭᠤᠮ᠎ᠠ ᠶᠢ ᠪᠦᠷᠢᠨ ᠵᠤᠭᠢᠴᠠᠭᠤᠯᠤᠨ ᠪᠦᠷᠢᠳᠦᠭᠦᠯᠵᠤ᠂ ᠪᠢᠳᠠᠨ ᠤ ᠰᠤᠷᠤᠯᠴᠠᠵᠤ ᠳᠤᠭᠤᠷᠢᠬᠤ ᠳᠤ ᠪᠦᠷᠢᠨ ᠪᠣᠯᠤᠮᠵᠢ ᠶᠢ ᠬᠠᠩᠭ᠋ᠠᠵᠤ ᠥᠭᠦᠭ᠍ᠰᠡᠨ᠃ ᠮᠦᠨᠴᠤ ᠡᠳᠡᠭᠡᠷ ᠳᠠᠷᠤᠭ᠎ᠠ ᠣᠳᠤᠷᠢᠳᠤᠯᠭ᠎ᠠ ᠪᠣᠶᠤ ᠪᠠᠭᠰᠢ ᠨᠡᠷ ᠭᠡᠳᠤᠨ ᠡᠳᠦᠷ ᠪᠢᠳᠠᠨ ᠳᠤ ᠪᠠᠷ᠎ᠠ ᠪᠣᠯᠵᠤ ᠳᠤᠭᠤᠷᠢᠵᠤ ᠰᠤᠷᠤᠯᠴᠠᠬᠤ ᠳᠤ ᠪᠠᠶᠠᠴᠢᠯᠠᠨ ᠣᠷᠤᠯᠴᠠᠵᠤ ᠶᠠᠪᠣᠭᠰᠠᠨ᠃

ᠪᠠᠰᠠ ᠴᠢᠪᠠᠭ᠎ᠠ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠱᠢᠷᠦᠡᠭᠦ᠋ᠤ᠂ ᠰᠤᠷᠤᠨ᠎ᠠ᠂ ᠰᠠᠴᠠᠠᠳᠤᠩᠭ᠋ᠠᠯᠠᠭ᠂ ᠡ᠊·ᠣᠷᠠᠩᠭ᠋ᠤᠸ᠎ᠠ (ᠭᠡᠯᠡ ᠪᠢᠴᠢᠭ᠌)᠂ ᠪᠣᠤ ᠬᠡᠰᠭᠡᠷᠡᠯ᠂ ᠪᠦᠷᠢᠠᠳᠤᠶᠠᠭ᠎ᠠ᠂ ᠨᠠᠷᠠᠰᠤᠠᠨᠠᠪᠴᠢ᠂ ᠪᠠᠶᠠᠰᠤᠯ (ᠳᠤᠭᠠᠨ ᠤ ᠣᠬᠠᠭᠠᠨ)᠂ ᠤᠶᠠᠩ‍ᠭ᠎ᠠ᠂ ᠳᠤᠶᠠᠭ᠎ᠠ᠂ ᠠᠯᠳᠠ᠂ ᠪᠠᠢ ᠽᠦᠢ ᠢᠤᠢ (ᠭᠢᠳᠠᠤᠨ ᠭᠡᠯᠡ ᠪᠢᠴᠭ᠌) ᠵᠡᠷᠭᠡ ᠪᠠᠭᠰᠢ ᠨᠡᠷ ᠬᠠᠨ ᠠᠭᠤᠯᠠ ᠪᠠᠭ᠎ᠠ ᠰᠤᠷᠭᠠᠭᠤᠯᠢ ᠶᠢᠨ ᠬᠠᠰᠳᠤᠩᠭ᠋ᠠᠯᠠᠭ᠂ ᠤᠷᠠᠭᠤᠤ᠂ ᠬᠠᠰᠳᠠᠨ᠎ᠠ (ᠭᠡᠯᠡ ᠪᠢᠴᠢᠭ᠌)᠂ ᠸᠠᠨ ᠬᠤᠧᠨ᠂ ᠨᠣ᠊·ᠨᠠᠷᠠᠰᠤ᠂ ᠪᠣᠤ ᠮᠸᠢ ᠷᠦᠩ (ᠳᠤᠭᠠᠨ ᠤ ᠣᠬᠠᠭᠠᠨ)᠂ ᠶᠢᠨ ᠬᠤᠧᠨ᠂ ᠨᠠᠷᠠᠠᠳᠤᠶᠠᠭ᠎ᠠ᠂ ᠯᠢᠨ ᠯᠢ ᠵᠢᠤᠸᠠᠨ (ᠭᠢᠳᠠᠤᠨ ᠭᠡᠯᠡ ᠪᠢ᠌ᠴᠭ᠌) ᠵᠡᠷᠭᠡ ᠪᠠᠭᠰᠢ ᠨᠡᠷ ᠵᠢᠴᠢ ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠤᠳᠭᠠᠡᠭᠡᠷᠡᠯ᠂ ᠶᠢᠨ ᠷᠦᠩ᠂ ᠤᠯᠠᠭᠠᠡᠴᠡᠴᠡᠭ᠌ (ᠭᠡᠯᠡ ᠪᠢᠴᠢᠭ᠌)᠂ ᠨᠡᠷᠡᠡᠴᠢᠮᠡᠭ᠌᠂ ᠬᠠᠰᠳᠤᠶᠠᠭ᠎ᠠ᠂ ᠣᠷᠠᠩᠭ᠋ᠤᠸ᠎ᠠ (ᠳᠤᠭᠠᠨ ᠤ ᠣᠬᠠᠭᠠᠨ)᠂ ᠣᠳᠤᠨ᠂ ᠰᠢᠤ ᠶ‍ᠢᠩ᠂ ᠣᠷᠭᠢᠯ (ᠭᠢᠳᠠᠤᠨ ᠭᠡᠯᠡ ᠪᠢᠴᠢᠭ᠌) ᠵᠡᠷᠭᠡ ᠪᠠᠭᠰᠢ ᠭᠤᠤᠯᠴᠢᠯᠠᠨ ᠭᠢᠴᠢᠶᠠᠯ ᠪᠡᠯᠡᠳᠭᠡᠵᠤ᠂ ᠨᠡᠭᠡᠭᠡᠯᠳᠡ ᠭᠢᠭ᠍ᠰᠡᠨ᠃

ᠡ᠊ᠨᠳᠡ ᠪᠢ᠂ ᠨᠠᠳᠠ ᠲᠡᠶ ᠬᠠᠮᠳᠤ ᠣᠴᠢᠭᠰᠠᠨ 14 ᠪᠠᠭᠰᠢ ᠪᠣᠯᠤᠨ ᠡ᠊ᠨᠳᠡ ᠊᠊᠊᠊᠊᠊᠊᠊᠊᠊᠊᠊᠊᠊᠊ ᠰᠤᠷᠭᠠᠭᠤᠯᠢ ᠳᠠᠭᠠᠨ ᠥᠯᠡᠳᠡᠭ᠍ᠰᠡᠨ ᠪᠦᠭᠦ ᠣᠳᠤᠷᠢᠳᠤᠯᠭ᠎ᠠ᠂ ᠪᠠᠭᠰᠢ ᠨᠡᠷ ᠶᠢᠡᠨ ᠲᠦᠯᠦᠭᠡᠯᠡᠨ᠂ ᠮᠠᠨ ᠳᠤ ᠰᠤᠷᠤᠯᠴᠠᠵᠤ ᠳᠠᠪᠰᠢᠬᠤ ᠰᠠᠢ᠌ᠬᠠᠨ ᠠᠵᠠ ᠲᠤᠬᠢᠶᠠᠯ ᠣᠯᠭᠤᠭᠰᠠᠨ ᠡᠳᠡᠭᠡᠷ ᠣᠳᠤᠷᠢᠳᠤᠯᠭ᠎ᠠ᠂ ᠪᠠᠭᠰᠢ ᠨᠡᠷ ᠲᠤ ᠭᠦᠨ ᠳᠠᠯᠠᠷᠬᠠᠯ ᠳᠡᠪᠰᠢᠭᠦᠯᠵᠤ ᠪᠠᠢ᠌ᠨᠠᠮ ︕ ᠰᠠᠢ᠌ᠬᠠᠨ ᠰᠡᠳᠭᠢᠯᠳᠤ ᠭᠦᠮᠦᠰ ᠤᠨ ᠰᠠᠢ᠌ᠬᠠᠨ ᠣᠭᠳᠤᠯᠭ᠎ᠠ᠂ ᠳᠤᠭᠢᠷᠠᠭᠤᠯᠭ᠎ᠠ ᠳᠤ ᠳᠠᠯᠠᠷᠬᠠᠵᠤ ᠪᠠᠢ᠌ᠨᠠᠮ ︕ ᠰᠠᠢ᠌ᠬᠠᠨ ᠰᠡᠳᠭᠢᠯᠳᠤ ᠭᠦᠮᠦᠰ ᠤᠨ ᠰᠠᠢ᠌ᠬᠠᠨ ᠵᠣᠢ᠌ᠯᠠᠰ᠂ ᠰᠠᠢ᠌ᠬᠠᠨ ᠣᠢ᠌ᠯᠠᠰ ᠢ ᠰᠤᠷᠴᠤ ᠠᠩᠬᠠᠷᠴᠤ ᠭᠦᠰᠡᠯ ᠪᠣᠳᠤᠯ ᠶᠢᠡᠨ ᠳᠡᠵᠢᠭᠡᠯᠰᠢᠭᠦᠯᠵᠤ ᠳᠡᠩᠭᠡᠭᠡᠰᠢᠭᠦᠯᠵᠤ ᠶᠠᠪᠣᠭᠰᠠᠨ ᠳᠠᠭᠠᠨ ᠪᠠᠶᠠᠰᠴᠤ ᠪᠠᠢ᠌ᠨᠠᠮ ︕ ᠰᠡᠳᠭᠢᠯ ᠳᠦᠭᠦᠷᠡᠩ᠂ ᠢᠳᠡᠭᠡᠯ ᠪᠠᠷᠳᠠᠮ ᠪᠠᠢ᠌ᠨᠠᠮ ︕

ᠣᠯᠠᠭᠠᠠᠬᠠᠳᠠ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠤᠨ ᠶᠡᠷᠦᠩᠭᠡᠢ ᠣᠠᠴᠠᠯᠢᠭ ᠭᠡᠪᠠᠯ᠂ ᠦᠪᠡᠷ ᠤᠨ ᠣᠠᠴᠠᠯᠢᠭ᠂ ᠦᠨᠳᠦᠰᠦᠳᠠᠨ ᠤ ᠣᠠᠴᠠᠯᠢᠭ᠂ ᠭᠠᠵᠠᠷ ᠣᠷᠤᠨ ᠤ ᠣᠠᠴᠠᠯᠢᠭ᠂ ᠴᠠᠭ ᠦᠶ᠎ᠡ ᠶᠢᠨ ᠣᠠᠴᠠᠯᠢᠭ ᠶᠢᠡᠷ ᠳᠤᠪᠣᠢ᠌ᠯᠠᠭ᠃ ᠠᠯᠢ ᠴᠤ ᠰᠤᠷᠭᠠᠭᠤᠯᠢ ᠨᠢ ᠭᠡᠰᠡᠨ ᠴᠤ᠂ ᠠᠯᠢ ᠴᠤ ᠭᠠᠵᠠᠷ ᠣᠷᠤᠨ ᠤ᠂ ᠠᠯᠢ ᠴᠤ ᠰᠤᠷᠭᠠᠭᠤᠯᠢ ᠲᠡᠶ ᠳᠠᠪᠬᠤᠳᠠᠰᠢ ᠦᠭᠡᠶ ᠣᠠᠴᠠᠯᠢᠭ᠂ ᠴᠤᠭᠴᠠᠯᠠᠪᠣᠷᠢ᠂ ᠪᠦᠳᠦᠮᠵᠢᠳᠡᠢ᠃ ᠳᠠᠷᠠᠴᠢᠯᠠᠨ ᠠᠳᠠᠯᠢ ᠨᠢᠭᠡᠨ ᠭᠠᠵᠠᠷ ᠣᠷᠤᠨ ᠤ ᠰᠤᠷᠭᠠᠭᠤᠯᠢ ᠨᠤᠭᠤᠳ ᠨᠢ ᠴᠤ ᠬᠠᠷᠢᠯᠴᠠᠨ ᠳᠠᠪᠬᠤᠳᠠᠰᠢ ᠦᠭᠡᠶ ᠦᠪᠡᠷᠮᠢᠴᠠ ᠣᠠᠴᠠᠯᠢᠭ ᠲᠡᠶ᠃ ᠥᠭᠡᠷ᠎ᠡ ᠪᠣᠰᠤᠳ ᠭᠠᠵᠠᠷ ᠣᠷᠤᠨ ᠤ ᠰᠤᠷᠭᠠᠭᠤᠯᠢ ᠨᠤᠭᠤᠳ ᠰᠤᠷᠴᠤ ᠰᠤᠪᠢᠵᠤ ᠪᠣᠯᠤᠮᠠᠷ ᠭᠢᠨᠠᠯᠳᠠ ᠯᠠᠪᠯᠠᠯᠳᠠ ᠪᠣᠯᠭᠠᠵᠤ ᠪᠣᠯᠤᠮᠠᠷ ᠵᠣᠢ᠌ᠯᠠᠰ ᠵᠤᠵᠭᠠᠨ ᠪᠠᠢ᠌ᠭ᠎ᠠ ᠣᠠᠴᠠᠯᠢᠭᠳᠤ ᠰᠤᠷᠭᠠᠭᠤᠯᠢ ᠨᠤᠭᠤᠳ ᠪᠠᠢ᠌ᠭ᠎ᠠ ︕

ᠮᠠᠨ ᠤ ᠮᠤᠩᠭ᠋ᠤᠯ ᠰᠤᠷᠭᠠᠭᠤᠯᠢ ᠪᠦᠭᠦᠨ ᠡᠢ᠌ᠮᠦᠷᠭᠦ ᠰᠤᠷᠭᠠᠭᠤᠯᠢ᠂ ᠡᠢ᠌ᠮᠦᠷᠭᠦ ᠦᠪᠡᠷᠮᠢᠴᠠ ᠣᠠᠴᠠᠯᠢᠭ ᠲᠡᠶ᠂ ᠦᠪᠷᠮᠢᠴᠠ ᠴᠤᠭᠴᠠᠯᠠᠪᠣᠷᠢ ᠪᠦᠳᠦᠮᠵᠢᠳᠡᠢ ᠰᠤᠷᠭᠠᠭᠤᠯᠢ ᠨᠤᠭᠤᠳ ᠪᠣᠯᠤᠭᠠᠰᠠᠢ ᠭᠡᠵᠤ ᠭᠦᠰᠡᠡᠨᠡᠮ᠂ ᠪᠢ ︕ ᠵᠦᠩᠨᠠᠨᠠᠮ᠂ ᠪᠢ ︕ ᠁

ᠮᠠᠨ ᠤ ᠰᠤᠷᠭᠠᠭᠤᠯᠢ ᠳᠤ ᠠᠪᠴᠤ ᠭᠡᠯᠡᠪᠠᠯ᠂ ᠣᠯᠠᠭᠠᠠᠬᠠᠳᠠ ᠶᠢᠨ ᠮᠤᠩᠭ᠋ᠤᠯ ᠰᠤᠷᠭᠠᠭᠤᠯᠢ ᠨᠤᠭᠤᠳ ᠡᠴᠡ ᠰᠤᠷᠬᠤ ᠵᠣᠢ᠌ᠯᠠᠰ ᠣᠯᠠᠨ ᠪᠠᠢ᠌ᠨ᠎ᠠ᠃ ᠪᠣᠳᠠᠳᠠᠢ ᠰᠢᠭ ᠶᠠᠷᠢᠪᠠᠯ᠄ 1. ᠪᠠᠭᠰᠢ ᠨᠡᠷ ᠤᠨ ᠢᠳᠠᠪᠭᠢᠵᠢᠯ ᠢ ᠪᠦᠷᠢᠨ ᠳᠠᠢ᠌ᠴᠢᠯᠠᠵᠤ᠂ ᠪᠠᠭᠰᠢ ᠨᠡᠷ ᠢ ᠰᠤᠷᠭᠠᠭᠤᠯᠢ ᠶᠢᠨ ᠠᠯᠢᠪᠠ ᠠᠵᠢᠯᠯᠠᠭ᠎ᠠ ᠭᠦᠳᠡᠯᠭᠡᠭᠡᠨ ᠳᠤ ᠢᠳᠠᠪᠭᠢᠳᠠᠢ ᠣᠷᠤᠯᠴᠠᠭᠤᠯᠬᠤ ᠵᠠᠷᠢᠮ ᠥᠭᠡ ᠭᠡᠯᠡ᠂ ᠥᠰᠦᠭ᠌ ᠪᠢᠴᠢᠭ᠌᠂ ᠦᠨᠳᠦᠰᠦᠳᠠᠨ ᠤ ᠰᠤᠶᠤᠯ᠂ ᠵᠠᠩ ᠳᠠᠳᠬᠠᠯ ᠤᠨ ᠬᠠᠮᠢᠶ᠎ᠠ ᠲᠡᠶ ᠶᠠᠭᠤᠮᠠᠰ ᠢ ᠪᠠᠭᠰᠢ ᠨᠡᠷ ᠲᠤ ᠳᠠᠭᠠᠭᠠᠯᠭᠠᠵᠤ ᠥᠭ᠍ᠴᠤ ᠪᠠᠭᠰᠢ ᠨᠡᠷ ᠶᠢᠡᠷ ᠭᠢᠯᠭᠡᠨ ᠭᠦᠢᠴᠡᠳᠭᠡᠯᠭᠡᠭᠦ᠃ 2. ᠮᠤᠩᠭ᠋ᠤᠯ ᠭᠡᠯᠡ ᠰᠤᠷᠬᠤ ᠣᠷᠴᠢᠨ ᠢ ᠪᠦᠷᠢᠳᠦᠭᠦᠯᠭᠦ ᠰᠤᠷᠭᠠᠭᠤᠯᠢ ᠶᠢᠨ ᠠᠯᠢᠪᠠ ᠭᠦᠳᠡᠯᠭᠡᠭᠡᠨ᠂ ᠠᠵᠢᠯᠯᠠᠭ᠎ᠠ᠂ ᠬᠤᠷᠠᠯ ᠴᠤᠭᠯᠠᠭᠠᠨ᠂ ᠣᠷᠤᠯᠳᠤᠭᠠᠨ ᠮᠦᠷᠥᠢᠴᠡᠭᠡᠨ ᠢ ᠮᠤᠩᠭ᠋ᠤᠯ ᠶᠢᠡᠷ ᠢᠯᠡᠭᠦᠤ ᠡᠷᠭᠢᠯᠡᠵᠤ᠂ ᠠᠯᠢᠪᠠ ᠭᠦᠳᠡᠯᠭᠡᠭᠡᠨ ᠳᠠᠯᠠᠪᠣᠷ ᠲᠤ ᠮᠤᠩᠭ᠋ᠤᠯ ᠶᠢᠡᠷ ᠢᠡᠯᠭᠦᠤ ᠭᠡᠯᠡᠵᠤ ᠶᠠᠷᠢᠵᠤ᠂ ᠠᠯᠢᠪᠠ ᠪᠢᠴᠢᠭ᠌ ᠮᠠᠲ᠋ᠧᠷᠢᠶᠠᠯ᠂ ᠳᠦᠷᠢᠮ ᠳᠤᠭᠳᠠᠭᠠᠯ᠂ ᠮᠡᠳᠡᠭ᠍ᠳᠡᠯ ᠨᠠᠢ᠌ᠳᠠᠯᠠᠯ ᠳᠡᠷᠢᠭᠦᠳᠡᠨ ᠢ ᠮᠤᠩᠭ᠋ᠤᠯ ᠶᠢᠡᠷ ᠪᠢᠴᠢᠵᠤ ᠵᠤᠬᠢᠶᠠᠵᠤ ᠳᠠᠷᠬᠠᠭᠠᠬᠤ᠃ 3. ᠪᠠᠭᠰᠢ ᠨᠡᠷ ᠲᠤ ᠦᠨᠳᠦᠰᠦᠳᠠᠨ ᠶᠢᠡᠨ ᠬᠠᠢ᠌ᠷᠠᠯᠠᠬᠤ᠂ ᠥᠭᠡ ᠭᠡᠯᠡ ᠥᠰᠦᠭ᠌ ᠪᠢᠴᠢᠭ᠌ ᠶᠢᠡᠨ ᠬᠠᠢ᠌ᠷᠠᠯᠠᠬᠤ᠂ ᠦᠨᠳᠦᠰᠦᠳᠠᠨ ᠤ ᠰᠤᠶᠤᠯ᠂ ᠵᠠᠩ ᠳᠠᠳᠬᠠᠯ ᠶᠢᠡᠨ ᠡᠷᠭᠢᠮᠯᠡᠭᠦ ᠵᠡᠷᠭᠡ ᠭᠦᠮᠦᠵᠢᠯ ᠢ ᠢᠯᠡᠭᠦᠤ ᠭᠢᠭᠦ᠃ 4.ᠰᠤᠷᠭᠠᠭᠤᠯᠢ ᠶᠢᠨ ᠭᠦᠷᠢᠶ᠎ᠡ᠂ ᠳᠤᠳᠤᠭᠤᠷ ᠪᠠᠢ᠌ᠷᠢ᠂ ᠪᠠᠭᠰᠢ ᠠᠵᠢᠯᠳᠠᠨ ᠤ ᠠᠯᠪᠠᠨ ᠭᠡᠷ᠂ ᠠᠩᠭᠢ ᠶᠢᠨ ᠭᠡᠷ᠂ ᠭᠤᠳᠤᠮᠵᠢ᠂ ᠠᠰᠠᠷ ᠤᠨ ᠱᠠᠳᠤ᠂ ᠡᠯ᠎ᠡ ᠭᠦᠳᠡᠯᠭᠡᠭᠡᠨ ᠤ ᠳᠠᠯᠠᠪᠣᠷ ᠦᠷᠦᠭᠡ ᠵᠢᠴᠢ ᠰᠤᠷᠭᠠᠭᠤᠯᠢ ᠶᠢᠨ ᠠᠯᠢᠪᠠ ᠥᠡᠴᠦᠭ᠌ ᠪᠣᠯᠤᠩ ᠳᠤ ᠴᠦᠮ ᠦᠨᠳᠦᠰᠦᠳᠠᠨ ᠤ ᠣᠠᠴᠠᠯᠢᠭ ᠪᠦᠭᠦᠢ ᠥᠭᠡ ᠶᠠᠷᠢᠶ᠎ᠠ᠂ ᠥᠰᠦᠭ᠌ ᠪᠢᠴᠢᠭ᠌᠂ ᠣᠷᠢᠶ᠎ᠠ ᠳᠤᠷᠠᠳᠤᠯᠭ᠎ᠠ᠂ ᠵᠢᠷᠤᠭ ᠣᠷᠠᠯᠠᠯ᠂ ᠵᠠᠰᠠᠯ ᠴᠢᠮᠡᠭᠯᠡᠯ᠂ ᠭᠡ ᠣᠭᠠᠯᠵᠠ ᠵᠡᠷᠭᠡ ᠶᠢ ᠳᠤᠭᠢᠷᠠᠭᠤᠯᠬᠤ ᠰᠤᠷᠭᠠᠭᠤᠯᠢ ᠪᠠᠨ ᠦᠨᠳᠦᠰᠦᠳᠠᠨ ᠤ ᠣᠠᠴᠠᠯᠢᠭ ᠳᠤᠪᠣᠢ᠌ᠮ᠎ᠠ᠂ ᠦᠨᠳᠦᠰᠦᠳᠠᠨ ᠤ ᠰᠤᠶᠤᠯ ᠤᠨ ᠠᠭᠤᠷ ᠠᠮᠢᠰᠬᠤᠯ ᠪᠢᠯᠬᠠᠮ᠎ᠠ ᠰᠤᠷᠭᠠᠭᠤᠯᠢ ᠪᠣᠯᠭᠠᠨ ᠡᠷᠭᠢᠯᠡᠭᠦ᠃ 5.ᠮᠤᠩᠭ᠋ᠤᠯ ᠥᠭᠡ ᠭᠡᠯᠡ ᠥᠰᠦᠭ᠌ ᠪᠢᠴᠢᠭ᠌ ᠢ ᠭᠡᠷᠡᠭᠯᠡᠵᠤ ᠵᠠᠷᠤᠬᠤ ᠠᠵᠢᠯ ᠢ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠭᠡᠳᠤᠨ ᠪᠠᠭᠰᠢ ᠨᠡᠷ ᠤᠨ ᠯᠠ ᠠᠵᠢᠯ ᠪᠢᠰᠢ᠂ ᠪᠦᠭᠦᠳᠡ ᠪᠠᠭᠰᠢ ᠠᠵᠢᠯᠳᠠᠨ ᠤ ᠠᠵᠢᠯ᠂ ᠪᠦᠭᠦᠳᠡ ᠪᠠᠭᠰᠢ ᠠᠵᠢᠯᠳᠠᠨ ᠤ ᠣᠮᠤᠭᠰᠢᠯ ᠪᠠᠬᠠᠷᠬᠠᠯ᠂ ᠢᠷᠠᠭᠤ ᠠᠯᠳᠠᠷ ᠪᠣᠯᠭᠠᠬᠤ᠁ ᠡᠳᠡᠭᠡᠷ ᠪᠣᠯ ᠪᠢᠳᠠᠨ ᠤ ᠭᠢᠪᠠᠰᠤ ᠵᠤᠭᠢᠬᠤ ᠵᠣᠢ᠌ᠯᠠᠰ᠃ ᠪᠢᠳᠠᠨ ᠤ ᠭᠢᠭᠦ ᠶᠢ ᠭᠦᠯᠢᠶᠡᠵᠤ ᠪᠠᠢ᠌ᠭ᠎ᠠ ᠵᠣᠢ᠌ᠯᠠᠰ᠃ ᠪᠢᠳᠠ ᠢᠩᠭᠢᠵᠤ ᠭᠢᠭᠦ ᠴᠢᠬᠤᠯᠠᠳᠠᠢ᠃ ᠪᠢᠳᠠ ᠢᠩᠭᠢᠵᠤ ᠭᠢᠪᠠᠯ ᠰᠠ‍‌ᠶᠢ ᠰᠤᠷᠭᠠᠭᠤᠯᠢ ᠪᠠᠨ ᠦᠪᠡᠷᠮᠢᠴᠠ ᠣᠠᠴᠠᠯᠢᠭ ᠲᠡᠶ᠂ ᠦᠪᠡᠷ ᠤᠨ ᠭᠡᠰᠡᠨ ᠵᠣᠢ᠌ᠯᠠᠰ ᠲᠡᠶ ᠦᠨᠳᠦᠰᠦᠳᠠᠨ ᠤ ᠰᠤᠷᠭᠠᠭᠤᠯᠢ ᠪᠣᠯᠭᠠᠨ ᠡᠷᠭᠢᠯᠡᠵᠤ ᠴᠢᠳᠠᠨ᠎ᠠ ︕ ᠥᠭᠡᠷ᠎ᠡ ᠵᠠᠮ᠂ ᠰᠤᠩᠭ᠋ᠤᠯᠳᠠ ᠭᠡᠵᠤ ᠪᠢᠳᠠᠨ ᠳᠤ ᠦᠭᠡᠶ᠃ ᠡᠨᠡ ᠯᠠ ᠵᠠᠮ᠂ ᠰᠤᠩᠭ᠋ᠤᠯᠳᠠ ᠵᠦᠪ ᠵᠠᠮ᠂ ᠵᠦᠪ ᠰᠤᠩᠭ᠋ᠤᠯᠳᠠ ︕

ᠣᠯᠭᠠᠠᠬᠠᠳᠠ ᠊᠊᠊᠊᠊᠊᠊᠊᠊᠊᠊᠊᠊᠊᠊ ᠰᠠᠢ᠌ᠬᠠᠨ ᠭᠠᠵᠠᠷ ︕ ᠣᠯᠠᠭᠠᠠᠬᠠᠳᠠ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠰᠠᠢ᠌ᠬᠠᠨ ︕ ᠣᠢ᠌ᠯᠠᠰ ᠳᠡᠷᠭᠡᠯ᠂ ᠵᠣᠢ᠌ᠯᠠᠰ ᠪᠦᠷᠢᠨ᠂ ᠠᠯᠤᠰ ᠢᠷᠡᠭᠡᠳᠦᠢ ᠲᠡᠶ᠂ ᠠᠮᠵᠢᠯᠳᠠ ᠪᠦᠳᠦᠮᠵᠢᠳᠡᠢ ᠰᠤᠷᠭᠠᠭᠤᠯᠢ ᠨᠤᠭᠤᠳ ︕ ᠮᠥᠩᠭᠡ ᠣᠷᠤᠰᠢᠬᠤ ᠰᠤᠶᠤᠯ ᠲᠡᠶ᠂ ᠮᠦᠷᠦᠭᠡᠳᠦᠭᠦᠯᠡᠵᠤ ᠳᠤᠷᠠᠰᠤᠭᠤᠯᠬᠤ ᠣᠢ᠌ᠯᠠᠰ ᠲᠡᠶ ᠰᠤᠷᠭᠠᠭᠤᠯᠢ ᠨᠤᠭᠤᠳ ︕ ᠁ ᠪᠢᠳᠠ ᠪᠠᠰᠠ ᠰᠤᠷᠭᠠᠭᠤᠯᠢ ᠪᠠᠨ ᠢᠩᠭᠢᠵᠤ ᠡᠷᠭᠢᠯᠡᠵᠡᠭᠡᠶ᠎ᠡ ︕ ᠮᠥᠩᠭᠡ ᠣᠷᠤᠰᠢᠬᠤ ᠰᠤᠶᠤᠯ ᠲᠡᠶ᠂ ᠮᠦᠷᠦᠭᠡᠳᠦᠭᠦᠯᠡᠵᠤ ᠳᠤᠷᠠᠰᠤᠭᠤᠯᠬᠤ ᠣᠢ᠌ᠯᠠᠰ ᠲᠡᠶ ᠰᠤᠷᠭᠠᠭᠤᠯᠢ ᠪᠣᠯᠭᠠᠨ ᠡᠷᠭᠢᠯᠡᠶ᠎ᠡ ︕


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 12190
ᠴᠠᠭ᠄ 2011 ᠤᠨ ᠤ 07 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ 1 ᠠᠯᠳᠠᠭ᠎ᠠ ᠲᠠᠢ
ᠨᠡᠪᠲᠡᠷᠡᠨ ᠤᠷᠤᠬᠤ