ᠨᠢᠯᠪᠤᠰᠤ ᠤᠨᠠᠭᠠᠮᠠᠷ ᠵᠠᠷᠢᠮ ᠮᠤᠩᠭᠤᠯᠴᠤᠳ

ᠮᠤᠩᠭ᠋ᠤᠯᠴᠤᠳ ᠰᠢᠭ ᠡᠷᠡᠯᠭᠡᠭ᠌ ᠪᠠᠭᠠᠳᠤᠷᠯᠢᠭ ᠮᠥᠷᠳᠡᠭᠡᠨ ᠡᠶ᠎ᠡ ᠪᠦᠯᠭᠦᠮᠳᠡᠯ ᠦᠭᠡᠶ ᠶᠠᠪᠣᠭᠰᠠᠨ ᠦᠨᠳᠦᠰᠦᠳᠠᠨ ᠳᠡᠯᠡᠭᠡᠢ ᠳᠤ ᠥᠭᠡᠷ᠎ᠡ ᠦᠭᠡᠶ᠃ ᠡᠷᠡᠯᠭᠡᠭ᠌ ᠪᠠᠭᠠᠳᠤᠷᠯᠢᠭ ᠶᠢᠡᠷ ᠶᠢᠡᠨ ᠮᠤᠩᠭ᠋ᠤᠯᠴᠤᠳ ᠠᠽᠢᠶ᠎ᠠ ᠧᠦ᠋ᠷᠤᠫᠠ ᠶᠢᠨ ᠡᠭᠡ ᠬᠠᠭᠤᠷᠠᠢ ᠶᠢ ᠴᠢᠭᠢᠷᠰᠤ ᠡᠪᠭᠡᠭᠦ ᠮᠠᠳᠤ ᠳᠤᠪᠳᠤᠯᠵᠤ᠂ ᠳᠡᠯᠡᠭᠡᠢ ᠳᠡᠭᠡᠷ᠎ᠡ ᠬᠠᠮᠤᠭ ᠤᠨ ᠳᠤᠮᠤ ᠬᠠᠭᠠᠠᠳᠤ ᠣᠯᠤᠰ ᠪᠠᠢ᠌ᠭᠤᠯᠵᠤ ᠴᠢᠳᠠᠵᠠᠢ᠃ ᠪᠦᠯᠭᠦᠮᠳᠡᠯ ᠦᠭᠡᠶ ᠶᠠᠪᠣᠭᠰᠠᠨ ᠣᠴᠢᠷ ᠡᠴᠡ ᠭᠡᠴᠢᠨᠡᠨ ᠵᠢᠯ ᠤᠨ ᠳᠠᠢ᠌ᠨ ᠳᠠᠵᠢᠨ᠂ ᠴᠢᠰᠤ ᠭᠦᠯᠦᠰᠤ ᠪᠠᠷ ᠴᠤᠭᠴᠠᠯᠠᠭᠰᠠᠨ ᠡᠵᠡᠨ ᠴᠢᠩᠭᠢᠰ ᠤᠨ ᠠᠬᠤ ᠲᠦᠷᠦ ᠶᠢ ᠮᠦᠨ ᠪᠣᠯᠢᠶᠠᠵᠤ ᠠᠪᠴᠢᠷᠠᠭᠰᠠᠨ ᠬᠠᠰ ᠠᠶᠠᠭ᠎ᠠ ᠪᠠᠨ ᠭᠠᠵᠠᠷ ᠠᠯᠳᠠᠭᠠᠤᠨ ᠬᠠᠭᠠᠯᠤᠭᠰᠠᠨ ᠰᠢᠭ ᠠᠳᠠᠭᠠᠳᠠᠨ ᠤ ᠭᠠᠷ ᠲᠤ ᠠᠪ ᠠᠮᠠᠷᠬᠠᠨ ᠠᠯᠳᠠᠵᠤ ᠶᠠᠪᠣᠭᠤᠯᠵᠠᠢ᠃ 《ᠪᠠᠭᠡᠵᠢᠩ ᠬᠤᠳᠠ ᠳᠤᠳᠤᠷ᠎ᠠ ᠡᠴᠡ ᠪᠠᠨ》 ᠭᠡᠳᠡᠭ᠌ ᠶᠢᠡᠷ ᠮᠤᠩᠭ᠋ᠤᠯᠴᠤᠳ ᠮᠠᠨᠢ 《ᠣᠭᠤᠳᠠᠨ ᠳᠤ ᠣᠷᠤᠭᠰᠠᠨ ᠢᠮᠠᠭᠠᠨ ᠡᠪᠠᠷ》 ᠰᠢᠭ ᠵᠥᠭ᠌ ᠵᠥᠭ᠌ ᠲᠡᠭᠡᠨ ᠰᠠᠷᠠᠢ᠌ᠵᠤ ᠪᠠᠢ᠌ᠭᠰᠠᠭᠠᠷ ᠵᠤ ᠶᠤᠸᠠᠨ ᠵᠠᠩ ᠭᠡᠮᠡᠭᠦ ᠥᠴᠦᠭᠡᠨ ᠳᠡᠭᠡᠷᠡᠮ ᠳᠤ ᠲᠦᠷᠦ ᠪᠠᠨ ᠪᠣᠯᠢᠶᠠᠭᠳᠠᠵᠤ᠂ ᠳᠡᠦᠭᠡ ᠪᠠᠨ ᠭᠠᠯᠳᠠᠭᠳᠠᠵᠠᠢ᠃

ᠳᠡᠭ᠍ᠷᠢ ᠭᠠᠵᠠᠷ ᠢ ᠴᠡᠴᠡᠷᠡᠭᠦᠯᠵᠤ ᠪᠠᠢ᠌ᠭᠰᠠᠨ ᠳᠠᠢ᠌ᠮᠤ ᠨᠢᠭᠡ ᠠᠭᠤᠤ ᠶᠡᠭᠡ ᠣᠭᠰᠠᠭ᠎ᠠ ᠶᠠᠭᠠᠭᠢᠬᠤ ᠳᠠᠭᠠᠨ ᠣᠳᠤ ᠳᠠᠭᠢᠶ᠎ᠠ ᠶᠢᠨ ᠴᠡᠭᠡᠵᠢ ᠪᠢᠯᠵᠤᠤᠬᠠᠢ ᠶᠢᠨ ᠵᠢᠷᠦᠭᠡ ᠲᠡᠶ ᠪᠣᠯᠴᠢᠬᠠᠭᠠᠤᠨ ᠳᠠᠮᠤᠭᠠᠤᠨ ᠳᠠᠮᠤᠭᠠᠤᠨ ᠨᠠᠢ᠌ᠯᠠᠵᠤ ᠴᠢᠳᠠᠬᠤ ᠦᠭᠡᠶ᠂ ᠳᠠᠳᠠᠭᠠᠤᠨ ᠳᠠᠳᠠᠭᠠᠤᠨ ᠰᠤᠠᠵᠤ ᠴᠢᠳᠠᠬᠤ ᠦᠭᠡᠶ ᠪᠣᠯᠴᠢᠬᠠᠭᠰᠠᠨ ᠪᠣᠢ︖ ᠮᠤᠩᠭ᠋ᠤᠯᠴᠤᠳ ᠤᠨ ᠪᠦᠯᠭᠦᠮᠳᠡᠯ ᠦᠭᠡᠶ ᠪᠠᠢ᠌ᠳᠠᠭ ᠤᠨ ᠡᠴᠢᠨ᠎ᠡ ᠰᠢᠯᠳᠠᠭᠠᠨ ᠬᠠᠮᠢᠭ᠎ᠠ ᠪᠠᠢ᠌ᠬᠤ ᠪᠢᠯᠠ︖ 《ᠠᠯᠤᠩᠭ᠋ᠤᠸ᠎ᠠ ᠡᠭᠡ ᠳᠠᠪᠤᠨ ᠮᠦᠰᠤ ᠪᠠᠷ ᠭᠡᠦᠭᠡᠤᠨ ᠶᠢᠡᠨ ᠰᠤᠷᠭᠠᠭᠰᠠᠨ ᠳᠤᠮᠤᠭ》 ᠦᠶ᠎ᠡ ᠦᠶ᠎ᠡ ᠶᠢᠨ ᠮᠤᠩᠭ᠋ᠤᠯᠴᠤᠳ ᠲᠤ ᠶᠠᠭᠤ ᠰᠢᠪᠠᠨᠡᠭᠡᠤᠨ ᠪᠠᠢ᠌ᠪᠠ ᠡ ᠁ ᠨᠢᠭᠡ ᠯᠠ ᠣᠪᠣᠭ᠎ᠠ ᠭᠦᠭᠡ ᠡᠪᠠᠰᠤ ᠶᠢᠨ ᠳᠦᠯᠦᠭᠡ ᠨᠢᠭᠡ ᠪᠠᠨ ᠥᠵᠡᠭᠦ ᠡᠴᠡ ᠪᠤᠴᠡᠬᠤ ᠦᠭᠡᠶ ᠬᠤᠶᠠᠷ ᠮᠤᠩᠭ᠋ᠤᠯ ᠡᠷᠦᠭᠡ ᠭᠢᠳᠤᠭ᠎ᠠ ᠰᠠᠠᠳᠤᠤ ᠡᠷᠭᠢᠭᠦᠯᠵᠤ ᠬᠤᠰᠢᠭᠤ ᠠᠢ᠌ᠮᠠᠭ ᠭᠦᠷᠭᠦ ᠴᠢᠨᠢ ᠡᠨᠡ ᠳᠤᠤᠷ᠎ᠠ ᠨᠢᠭᠡ ᠭᠤᠤᠯ ᠢ ᠬᠠᠪᠴᠢᠵᠤ ᠰᠠᠭᠤᠭ᠎ᠠ ᠬᠤᠶᠠᠷ ᠠᠢ᠌ᠯ 《ᠭᠠᠵᠠᠷ ᠨᠤᠳᠤᠭ》 ᠵᠢᠡᠨ ᠭᠡᠤᠨ 《ᠭᠠᠳᠠ ᠮᠠᠢ᠌ᠷᠠᠨ》 ᠪᠠᠰᠠ ᠨᠢᠭᠡ ᠭᠠᠷᠭᠠᠬᠤ ᠴᠢᠨᠢ ᠵᠠᠬ᠎ᠠ ᠡᠴᠡ ᠳᠤᠳᠤᠷ᠎ᠠ ᠪᠠᠨ ᠭᠡᠷᠡᠭᠦᠯᠳᠦᠵᠤ ᠭᠠᠳᠠᠭᠰᠢ ᠪᠠᠨ ᠪᠢᠯᠳᠠᠤᠴᠢᠯᠠᠬᠤ᠂ ᠳᠤᠤᠷᠠᠭᠢ ᠪᠠᠨ ᠳᠠᠷᠤᠯᠠᠵᠤ᠂ ᠳᠡᠭᠡᠷᠡᠭᠢ ᠪᠠᠨ ᠳᠤᠯᠳᠤᠭᠢᠨᠠᠬᠤ᠂ ᠠᠷᠢᠭᠢ ᠨᠠᠭᠠᠳᠤᠮ ᠳᠤ ᠠᠪᠠᠭᠠᠢ ᠪᠠᠨ ᠱᠥᠭᠦᠭ᠍ᠳᠡᠭᠦ ᠡᠴᠡ ᠪᠣᠴᠠᠬᠤ ᠦᠭᠡᠶ᠂ ᠥᠩᠭᠡ ᠮᠥᠩᠭᠦᠨ ᠳᠤ ᠠᠮᠢ ᠪᠠᠨ ᠠᠯᠳᠠᠬᠤ ᠡᠴᠡ ᠢᠴᠢᠭᠦ ᠦᠭᠡᠶ᠂ ᠵᠠᠷᠢᠮ ᠮᠤᠩᠭ᠋ᠤᠯᠴᠤᠳ ᠲᠤ ᠡᠨᠡ ᠰᠤᠨᠢᠨ ᠶᠠᠪᠣᠳᠠᠯ ᠪᠢᠰᠢ︕ ᠭᠡᠳᠤᠨ ᠪᠣᠳᠠ ᠪᠠᠷ ᠶᠢᠡᠨ ᠮᠤᠲ᠋ᠤᠷ ᠰᠤᠯᠢᠵᠤ᠂ ᠬᠠᠭᠤᠴᠢᠨ ᠮᠤᠲ᠋ᠤᠷ ᠶᠢᠡᠷ ᠶᠢᠡᠨ ᠠᠷᠢᠭᠢ ᠰᠤᠯᠢᠭᠰᠠᠨ ᠮᠤᠩᠭ᠋ᠤᠯᠴᠤᠳ ᠮᠢᠨᠢ ᠵᠠᠬ᠎ᠠ ᠶᠢᠨ ᠠᠵᠤ ᠠᠬᠤᠢ ᠳᠤ ᠵᠠᠯᠠᠭᠤᠷ ᠰᠡᠯᠢᠭᠦᠷ ᠴᠤ ᠦᠭᠡᠶ ᠠᠯᠤᠰ ᠤᠨ ᠠᠶᠠᠨ ᠳᠤ ᠮᠤᠷᠳᠠᠵᠠᠭᠠᠯ᠎ᠠ᠂ ᠪᠣᠳᠤᠪᠠᠯ ᠨᠡᠭᠡᠷᠡᠨ ᠰᠡᠭᠦᠷᠡᠰᠤ ᠠᠯᠳᠠᠭᠤᠯᠤᠮᠠᠷ᠂ ᠰᠦᠰᠦ ᠪᠣᠴᠠᠯᠭᠠᠮᠠᠷ ᠁ ᠭᠠᠳᠠᠭᠰᠢ ᠪᠠᠨ ᠳᠦᠷᠢᠮᠡᠭᠡᠢ᠌ᠯᠡᠭᠦ ᠳᠤ ᠴᠢᠰᠤ ᠪᠠᠨ ᠠᠰᠬᠠᠬᠤ ᠡᠴᠡ ᠪᠣᠴᠠᠬᠤ ᠦᠭᠡᠶ᠂ ᠶᠠᠰᠤ ᠪᠠᠨ ᠬᠤᠭᠤᠯᠬᠤ ᠡᠴᠡ ᠰᠢᠠᠳᠠᠷᠠᠬᠤ ᠦᠭᠡᠶ ᠶᠠᠪᠣᠭᠰᠠᠨ ᠳᠡᠭᠡᠳᠦᠰ ᠮᠢᠨᠢ ᠲᠦᠷᠦ ᠪᠠᠨ ᠪᠠᠳᠤᠤᠠᠬᠠᠬᠤ ᠳᠤ ᠶᠠᠭᠠᠭᠢᠭᠠᠤᠨ ᠳᠤᠳᠤᠷ᠎ᠠ ᠳᠤᠳᠤᠷ᠎ᠠ ᠪᠠᠨ ᠵᠢᠭᠤᠷᠠᠯᠳᠤᠭᠠᠤᠨ᠂ ᠨᠢᠭᠤᠷ ᠨᠢᠭᠤᠷ ᠶᠢᠡᠨ ᠣᠷᠠᠯᠴᠠᠭᠠᠤᠨ ᠪᠠᠢ᠌ᠪᠠ︖ ᠨᠢᠯᠪᠣᠰᠤ ᠣᠨᠠᠭᠠᠮᠠᠷ ᠮᠤᠩᠭ᠋ᠤᠯᠴᠤᠳ ᠤᠨ ᠳᠤᠬᠠᠢ ᠥᠵᠡᠭ᠍ᠰᠡᠨ ᠰᠤᠳᠤᠨ ᠥᠭᠦᠯᠡᠪᠦᠷᠢ᠂ ᠰᠤᠨᠤᠰᠤᠭᠰᠠᠨ ᠰᠤᠨᠢᠨ ᠣᠨᠢᠭ᠎ᠠ᠂ ᠥᠩᠭᠡᠷᠡᠭ᠍ᠰᠡᠨ ᠬᠠᠴᠢᠨ ᠥᠯᠢᠭᠡᠷ᠂ ᠪᠢᠴᠢᠭ᠍ᠰᠡᠨ ᠮᠠᠭᠤ ᠰᠢᠯᠦᠭ᠌ ᠶᠢᠡᠨ ᠰᠡᠢ᠌ᠷᠡᠭᠦᠯᠵᠤ᠂ ᠳᠠ ᠪᠦᠭᠦᠨ ᠳᠤ ᠳᠤᠯᠢᠳᠠᠭᠤᠯᠬᠤ ᠶᠢ ᠰᠠᠨᠠᠯ᠎ᠠ᠄

᠊᠊᠊᠊᠊᠊᠊᠊᠊᠊᠊᠊᠊᠊᠊ 《ᠬᠤᠶᠠᠷ ᠵᠠᠭᠤᠨ ᠤ ᠮᠤᠩᠭ᠋ᠤᠯ ᠬᠠᠭᠠᠤᠨ ᠬᠤᠭᠤᠷᠤ ᠬᠤᠭᠤᠷᠤᠠᠳᠤ ᠪᠠᠨ ᠬᠠᠤᠠᠬᠤᠯᠳᠠᠵᠤ᠂ ᠳᠤᠯᠤᠭᠠᠨ ᠵᠠᠭᠤᠨ ᠤ ᠮᠤᠩᠭ᠋ᠤᠯ ᠭᠦᠮᠤᠨ ᠳᠤᠳᠤᠷ᠎ᠠ ᠳᠤᠳᠤᠷ᠎ᠠ ᠪᠠᠨ ᠬᠠᠷᠭᠤᠯᠳᠤᠭᠠᠤᠨ ᠡᠴᠦᠰ ᠤᠨ ᠡᠴᠦᠰ ᠮᠠᠨ ᠤ ᠮᠤᠩᠭ᠋ᠤᠯ ᠳᠠᠭᠤᠯᠠᠭᠠᠤᠨ ᠳᠠᠭᠤ ᠨᠡᠢ᠌ᠯᠡᠭᠦ ᠦᠭᠡᠶ᠂ ᠳᠤᠭᠳᠤᠷᠤᠭᠠᠤᠨ ᠭᠦᠴᠤ ᠨᠡᠢ᠌ᠯᠡᠭᠦ ᠦᠭᠡᠶ᠂ ᠶᠠᠪᠣᠭᠠᠤᠨ ᠵᠠᠮ ᠨᠡᠢ᠌ᠯᠡᠭᠦ ᠦᠭᠡᠶ᠂ ᠶᠠᠷᠢᠭᠠᠤᠨ ᠥᠭᠡ ᠨᠡᠢ᠌ᠯᠡᠭᠦ ᠦᠭᠡᠶ ᠭᠡᠮᠵᠢᠶᠡᠨ ᠳᠤ ᠭᠦᠷᠴᠤ᠂ ᠶ‍ᠢᠷᠳᠢᠠᠴᠤ ᠶᠢᠨ ᠭᠦᠮᠤᠨ ᠤ ᠢᠨᠢᠶᠠᠳᠤᠮ ᠪᠣᠯᠵᠤ ᠠᠳᠠᠯ᠎ᠠ ᠪᠠᠨ ᠪᠠᠰᠠ ᠦᠪᠡᠷ ᠶᠢᠡᠨ ᠦᠯᠦ ᠮᠡᠳᠡᠭᠦ ᠭᠡᠮᠵᠢᠶᠡᠨ᠎ᠡ ᠭᠦᠷᠵᠦᠭᠦᠢ᠃》

᠊᠊᠊᠊᠊᠊᠊᠊᠊᠊᠊᠊᠊᠊᠊ 《ᠶᠠᠪᠣᠭᠰᠠᠭᠠᠷ ᠶᠠᠪᠣᠭᠰᠠᠭᠠᠷ ᠮᠠᠨ ᠊ᠤ ᠮᠤᠩᠭ᠋ᠤᠯ ᠥᠭᠡᠷ᠎ᠡ ᠭᠦᠮᠤᠨ ᠳᠤ ᠥᠭᠡᠷ ᠮᠠᠳᠤ ᠵᠢᠦᠡᠭᠦᠪᠠᠴᠤ᠂ ᠦᠪᠡᠷ ᠤᠨ ᠭᠦᠮᠤᠨ ᠳᠡᠭᠡᠨ ᠨᠥᠭᠦᠷ ᠪᠣᠯᠵᠤ ᠳᠤᠰᠠᠯᠠᠬᠤ ᠦᠭᠡᠶ᠂  ᠮᠤᠩᠭ᠋ᠤᠯ ᠨᠤᠶᠠᠤᠨ ᠬᠤᠯᠠ ᠶᠢᠨ ᠬᠠᠷᠠᠯᠳᠠ ᠭᠡᠵᠤ ᠦᠭᠡᠶ᠂ ᠬᠠᠮᠳᠤ ᠶᠢᠨ ᠵᠤᠷᠢᠯᠳᠠ ᠭᠡᠵᠤ ᠦᠭᠡᠶ᠂ ᠣᠳᠤᠭ᠎ᠠ ᠵᠢᠩᠰᠠ ᠲᠡᠶ ᠪᠣᠯ ᠣᠯᠵᠠ ᠭᠡᠵᠤ᠂ ᠣᠷᠳᠤᠨ ᠳᠤ ᠳᠠᠩᠰᠠ ᠲᠡᠶ ᠪᠣᠯ ᠪᠣᠯᠵᠤ ᠭᠡᠵᠤ᠂ ᠨᠢᠳᠤᠨ ᠡᠮᠦᠨᠡᠭᠢ ᠬᠤᠪᠢ ᠶᠢᠨ ᠠᠰᠢᠭ ᠢ ᠪᠣᠳᠤᠬᠤ ᠡᠴᠡ ᠪᠢᠰᠢ᠂ ᠨᠢᠭᠡ ᠣᠭᠰᠠᠭᠠᠨ ᠤ ᠮᠠᠠᠳᠤᠯ ᠪᠠᠭᠤᠷᠠᠯ ᠢ ᠶ‍ᠢᠰᠤᠨ ᠳᠡᠭ᠍ᠷᠢ ᠶᠢᠨ ᠴᠠᠭᠠᠨ᠎ᠠ ᠭᠡᠢ᠌ᠰᠭᠡᠵᠦᠭᠦᠢ᠃ ᠳᠡᠭᠡᠭᠡᠤᠨ ᠯᠠ ᠳᠤᠭᠤᠤᠷ ᠬᠠᠷᠠᠵᠤ ᠳᠤᠷᠤᠢ ᠳᠤᠤᠭᠠᠷᠤᠭᠠᠤᠨ ᠪᠦᠷᠢᠯᠭᠡᠭᠦ ᠡᠴᠡ ᠪᠢᠰᠢ ᠪᠦᠳᠦᠭᠡᠭᠦ ᠶᠠᠭᠤᠮ᠎ᠠ ᠦᠭᠡᠶ᠂ ᠡᠪᠳᠡᠭᠦ ᠡᠴᠡ ᠪᠢᠰᠢ ᠡᠪᠯᠡᠭᠦ ᠶᠠᠭᠤᠮ᠎ᠠ ᠦᠭᠡᠶ᠂ ᠮᠤᠩᠭ᠋ᠤᠯ ᠭᠡᠮᠡᠭᠦ ᠶᠡᠭᠡ ᠠᠯᠳᠠᠷ ᠤᠨ ᠳᠤᠤᠷ᠎ᠠ ᠰᠢᠷᠭᠤᠭᠰᠠᠨ ᠮᠤᠩᠭ᠋ᠤᠯ ᠤᠨ ᠨᠤᠶᠠᠤᠨ᠂ ᠮᠤᠩᠭ᠋ᠤᠯ ᠤᠨ ᠠᠯᠳᠠᠷ ᠢ ᠭᠦᠷᠢ ᠮᠠᠳᠤ ᠰᠡᠢ᠌ᠯᠦᠭ᠍ᠰᠡᠭᠡᠷ ᠦᠶ᠎ᠡ ᠦᠶ᠎ᠡ ᠡᠴᠡ ᠪᠠᠨ ᠳᠤᠷᠣᠢ᠌ᠳᠠᠨ ᠶ‍ᠢᠷᠳᠢᠠᠴᠤ ᠶᠢᠨ ᠴᠢᠭᠢᠨ᠎ᠠ ᠳᠠᠭᠤᠷᠢᠰᠬᠠᠯᠳᠠᠢ ᠮᠤᠩᠭ᠋ᠤᠯ ᠢ ᠶ‍ᠢᠷᠳᠢᠠᠴᠤ ᠶᠢᠨ ᠭᠦᠮᠤᠨ ᠤ ᠳᠤᠭᠤᠭᠢ ᠪᠣᠯᠭᠠᠵᠤᠬᠤᠢ》᠃

ᠳᠡᠭᠡᠷᠡᠭᠢ ᠬᠤᠶᠠᠷ ᠪᠠᠳᠠᠭ ᠥᠭᠡ ᠪᠣᠯ ᠠᠯᠳᠠᠷᠳᠤ ᠰᠢᠯᠦᠭ᠍ᠴᠢ ᠯ · ᠣᠤᠠᠽᠠᠷ ᠤᠨ 《ᠪᠣᠷᠬᠠᠨ ᠤᠨ ᠨᠢᠳᠤᠨ ᠳ᠋ᠠᠭᠢ ᠮᠤᠩᠭ᠋ᠤᠯ ᠭᠦᠮᠤᠨ》 ᠭᠡᠮᠡᠭᠦ ᠵᠤᠬᠢᠶᠠᠯ ᠤᠨ ᠭᠡᠰᠡᠭ᠌ ᠥᠭᠦᠯᠡᠪᠦᠷᠢ ᠪᠣᠯᠤᠨ᠎ᠠ᠃

᠊᠊᠊᠊᠊᠊᠊᠊᠊᠊᠊᠊᠊᠊᠊ ᠭᠡᠨ ᠡᠴᠡ ᠰᠤᠨᠤᠰᠤᠭᠰᠠᠨ ᠶᠢᠡᠨ ᠮᠠᠷᠳᠠᠵᠤ ᠪᠠᠢ᠌ᠨ᠎ᠠ᠂ ᠮᠠᠨ ᠤ ᠮᠤᠩᠭ᠋ᠤᠯ ᠤᠨ ᠳᠤᠬᠠᠢ ᠡᠢ᠌ᠮᠤ ᠨᠢᠭᠡ ᠣᠨᠢᠭ᠎ᠠ ᠨᠠᠳᠠᠳᠤ ᠭᠦᠨ ᠰᠠᠭᠤᠭᠳᠠᠯ ᠲᠡᠶ᠄ 《ᠡᠷᠯᠢᠭ᠌ ᠬᠠᠭᠠᠨ ᠨᠢᠭᠡ ᠡᠳᠦᠷ ᠮᠤᠩᠭ᠋ᠤᠯ ᠭᠢᠳᠠᠤᠨ ᠨᠢᠭᠦᠯᠳᠤ ᠰᠦᠨᠠᠰᠤ ᠶᠢ ᠰᠢᠯᠵᠢᠯᠠᠵᠤ ᠠᠯᠠᠬᠤ ᠬᠠᠯᠠᠭᠤᠨ ᠳᠤᠭᠤᠭᠠᠨ ᠳᠤ ᠣᠷᠤᠭᠤᠯᠤᠭᠰᠠᠨ ᠭᠡᠨ᠎ᠡ᠃ ᠱᠠᠭᠠᠵᠠᠭᠠᠢ ᠳᠤᠶ‍ᠢᠬᠤ ᠮᠢᠬ᠎ᠠ ᠦᠭᠡᠶ᠂ ᠰᠢᠨᠠᠭ᠎ᠠ ᠬᠤᠰᠤᠭᠤᠷ ᠤᠨ ᠴᠢᠷᠠᠢ ᠲᠡᠶ᠂ ᠭᠢᠳᠠᠤᠨ ᠰᠦᠨᠠᠰᠤ ᠨᠤᠭᠤᠳ ᠳᠤᠭᠤᠭᠠᠨ ᠳᠤ ᠣᠷᠤᠬᠤ ᠲᠡᠶ ᠵᠡᠷᠭᠡ 《ᠠᠶᠤᠤ᠂ ᠮᠠᠶᠤᠤ᠂ ᠠᠮᠢ ᠠᠪᠣᠷᠠ︕》 ᠭᠡᠵᠤ ᠬᠠᠰᠭᠢᠷᠴᠤ ᠪᠠᠢ᠌ᠭᠰᠠᠨ ᠶᠢᠡᠨ ᠨᠢᠭᠡ ᠨᠢ ᠨᠢᠭᠡ ᠪᠠᠨ ᠡᠷᠭᠦᠵᠤ᠂ ᠨᠢᠭᠡ ᠨᠢ ᠭᠠᠷᠪᠠᠯ ᠨᠥᠭᠦᠭᠡ ᠪᠠᠨ ᠳᠠᠳᠠᠭᠠᠤᠨ ᠬᠠᠮᠤᠭ ᠰᠡᠭᠦᠯ ᠳ᠋ᠤᠨᠢ ᠨᠢᠭᠡᠯᠡ ᠦᠯᠠᠳᠠᠵᠤ ᠰᠢᠯᠵᠠᠯᠠᠭᠳᠠᠵᠤ ᠥᠭᠦᠵᠡᠢ᠃ ᠴᠠᠤᠠᠬᠤᠯᠠᠩ ᠪᠣᠬ᠎ᠠ ᠰᠢᠭ ᠭᠡᠭᠦᠷ ᠪᠠᠶ᠎ᠠ ᠲᠡᠶ᠂ ᠳᠠᠪᠣᠰᠤ ᠳᠤᠯᠢᠶᠠᠭᠰᠠᠨ ᠳᠡᠮᠡᠭᠡ ᠰᠢᠭ ᠦᠯᠠᠢ᠌ᠵᠤ ᠰᠥᠯᠡᠢ᠌ᠭ᠍ᠰᠡᠨ ᠮᠤᠩᠭ᠋ᠤᠯ ᠰᠦᠨᠠᠰᠤ ᠨᠤᠭᠤᠳ ᠬᠠᠯᠠᠭᠤᠨ ᠳᠤᠭᠤᠭᠠᠨ ᠳᠤ ᠣᠷᠤᠬᠤ ᠲᠡᠶ ᠵᠡᠷᠭᠡ ᠵᠥᠭ᠌ ᠵᠥᠭ᠌ ᠲᠡᠭᠡᠨ ᠰᠠᠷᠪᠠᠢ᠌ᠯᠴᠠᠵᠤ ᠪᠢ ᠯᠠ ᠭᠠᠷᠪᠠᠯ ᠪᠣᠯᠴᠢᠬᠠᠨ᠎ᠠ ᠭᠡᠵᠤ ᠬᠤᠪᠢ ᠬᠤᠪᠢ ᠳᠠᠭᠠᠨ ᠵᠢᠦᠡᠭᠦᠯᠴᠡᠵᠤ᠂ ᠨᠢᠭᠡ ᠨᠢ ᠠᠷᠠᠢ ᠭᠠᠷᠳᠠᠯ᠎ᠠ ᠨᠥᠭᠦᠭᠡ ᠨᠢ ᠳᠠᠳᠠᠵᠤ ᠣᠨᠠᠭᠠᠭᠰᠠᠭᠠᠷ ᠳᠠᠮᠠᠢ᠌ᠯᠠ ᠣᠳᠠᠪᠠ᠂ ᠬᠠᠮᠤᠭ ᠰᠡᠭᠦᠯ ᠳ᠋ᠤᠨᠢ ᠠᠷᠠᠢ ᠴᠢᠷᠠᠢ ᠨᠢᠭᠡ ᠰᠦᠨᠠᠰᠤ ᠮᠠᠴᠤᠵᠤ ᠭᠠᠷᠤᠭᠠᠤᠨ ᠠᠷᠤᠠᠰᠢ ᠪᠠᠨ ᠬᠠᠷᠠᠵᠤ ᠥᠵᠡᠭᠦᠯᠡᠷ ᠬᠠᠷᠢᠨ ᠨᠢᠭᠡ ᠮᠤᠩᠭ᠋ᠤᠯ ᠰᠦᠨᠠᠰᠤ ᠳᠡᠭᠦᠨ ᠤ ᠭᠦᠯ ᠢ ᠵᠢᠭᠤᠷᠠᠵᠤ ᠭᠠᠷᠴᠤ ᠢᠷᠠᠮᠠᠷ ᠪᠠᠢ᠌ᠪᠠ᠂ ᠡᠭᠦᠨ ᠳᠤ ᠳᠠᠷᠠ ᠭᠡᠴᠡᠭᠦᠤ ᠠᠭᠤᠷᠯᠠᠬᠤ ᠳᠠᠭᠠᠨ ᠳᠡᠭᠦᠨ ᠤ ᠭᠠᠷ ᠢ ᠭᠦᠴᠦᠳᠡᠢ ᠳᠡᠪᠰᠡᠭ᠍ᠰᠡᠨ᠎ᠡ ᠬᠤᠶᠠᠭᠤᠯᠠ ᠪᠠᠨ ᠳᠠᠭᠢᠭᠠᠤᠨ ᠳᠤᠭᠤᠭᠠᠨ ᠳᠤ ᠣᠨᠠᠵᠤ᠂ ᠮᠤᠩᠭ᠋ᠤᠯ ᠨᠢ ᠪᠦᠭᠦᠳᠡᠭᠡᠷ ᠶᠢᠡᠨ ᠰᠢᠯᠵᠠᠯᠠᠭᠳᠠᠨ ᠥᠭᠦᠵᠤ ᠭᠡᠨ᠎ᠡ᠃ ᠣᠨᠢᠭ᠎ᠠ ᠶᠤᠮ ᠴᠢᠨᠢ ᠣᠨᠢᠭ᠎ᠠ᠂ ᠦᠨᠡᠨ ᠣᠴᠢᠷ ᠯᠠ ᠪᠢᠰᠢ᠂ ᠭᠡᠷᠪᠡ ᠦᠨᠡᠨ ᠪᠣᠯ ᠶᠠᠭᠤᠳᠠᠢ ᠭᠤᠨᠢᠶᠠᠯᠳᠠᠢ ᠶᠠᠭᠤᠳᠠᠢ ᠭᠦᠭᠡᠷᠦᠭᠦᠢ ᠁

᠊᠊᠊᠊᠊᠊᠊᠊᠊᠊᠊᠊᠊᠊᠊ ᠨᠠᠳᠠᠳᠤ ᠡᠢ᠌ᠮᠤ ᠨᠢᠭᠡ ᠥᠩᠭᠡᠷᠡᠯᠳᠡ ᠪᠠᠢ᠌ᠳᠠᠭ᠃ ᠨᠠᠮ ᠤᠨ ᠢᠯᠵᠠᠷᠠᠯ ᠢ ᠡᠰᠡᠷᠭᠦᠴᠡᠭᠦ ᠣᠷᠢᠶ᠎ᠠ ᠶᠢ ᠳᠠᠭᠠᠵᠤ᠂ ᠨᠠᠮ ᠤᠨ ᠳᠤᠳᠤᠷᠠᠭᠢ ᠢᠯᠵᠠᠷᠠᠨ ᠳᠤᠷᠣᠢ᠌ᠳᠠᠭᠰᠠᠨ ᠴᠸᠩ ᠺᠧ ᠵᠢᠶ‍ᠧ᠂ ᠴᠧᠨ ᠰᠢ ᠲᠦᠩ᠂ ᠬᠤ ᠴᠠᠩ ᠴᠢᠩ ᠮᠠᠳᠤ ᠶᠢᠨ ᠨᠤᠶᠠᠤᠨ ᠲᠤ ᠵᠤᠷᠢᠭᠤᠯᠵᠤ ᠪᠢ 《ᠨᠤᠶᠠᠤᠨ ᠢ ᠰᠢᠭᠦᠮᠵᠢᠯᠡᠭ᠍ᠰᠡᠨ ᠢᠨᠤ》 ᠭᠡᠳᠡᠭ᠌ ᠰᠢᠯᠦᠭ᠌ ᠶᠢᠡᠨ ᠪᠢᠴᠢᠵᠤ᠂ ᠮᠠᠨ ᠤ ᠬᠤᠰᠢᠭᠤᠨ ᠤ ᠪᠠᠨ 《ᠳᠡᠭᠡ ᠶᠢᠨ ᠬᠠᠨ》 ᠰᠡᠳᠭᠦᠯ ᠳᠤ ᠨᠠᠢ᠌ᠳᠠᠯᠠᠵᠠᠢ᠃ ᠨᠡᠢ᠌ᠳᠡᠯᠡᠭ᠍ᠳᠡᠭ᠍ᠰᠡᠨ ᠤ ᠳᠠᠷᠠᠭ᠎ᠠ᠂ ᠨᠡᠢ᠌ᠭᠡᠮ ᠳᠡᠭᠡᠷ᠎ᠡ ᠶᠡᠭᠡᠭᠡᠨ ᠨᠥᠯᠦᠭᠡ ᠭᠠᠷᠴᠤ᠂ ᠮᠠᠨ ᠤ ᠮᠤᠩᠭ᠋ᠤᠯᠴᠤᠳ ᠨᠠᠳᠠ ᠲᠡᠶ ᠣᠴᠠᠷᠠᠭᠰᠠᠭᠠᠷ 《ᠴᠢᠨᠤ ᠳᠠᠷᠠ ᠰᠢᠯᠦᠭ᠌ ᠢ ᠴᠢᠨᠢ ᠦᠵᠡᠯ᠎ᠠ᠂ ᠳᠠᠪᠠᠭᠤ ᠠᠪᠣᠯ᠎ᠠ》 ᠭᠡᠵᠤ ᠰᠠᠢ᠌ᠨ ᠴᠤ ᠪᠢᠰᠢ ᠮᠠᠭᠤ ᠴᠤ ᠪᠢᠰᠢ ᠮᠠᠯᠠᠭᠠᠢ ᠡᠮᠦᠰᠭᠡᠵᠤ᠂ ᠵᠠᠷᠢᠮ ᠨᠢᠭᠡ ᠨᠢ ᠵᠠᠯᠠᠢ᠌ᠷᠬᠠᠭ ᠢᠨᠢᠶᠡᠭ᠍ᠰᠡᠭᠡᠷ ᠥᠩᠭᠡᠷᠡᠳᠡᠭ᠌᠃ ᠨᠢᠭᠡ ᠡᠳᠦᠷ᠂ ᠬᠤᠰᠢᠭᠤᠨ ᠨᠠᠮ ᠤᠨ ᠬᠤᠷᠢᠶᠠᠨ ᠤ ᠣᠬᠠᠭᠤᠯᠬᠤ ᠭᠡᠯᠳᠡᠰ ᠲᠤ ᠠᠵᠢᠯ ᠲᠡᠶ ᠮᠢᠨᠤ ᠨᠢᠭᠡ ᠳᠠᠨᠢᠯ ᠨᠠᠳᠠ ᠶᠢ ᠡᠷᠢᠵᠤ ᠢᠷᠡᠭᠡᠤᠨ 《ᠠᠩᠭ᠋᠎ᠠ ᠡ᠂  ᠴᠢ ᠶᠠᠭᠤ ᠪᠢᠴᠢᠴᠢᠭᠡᠭᠡᠤᠨ᠂ ᠬᠤᠰᠢᠭᠤᠨ ᠨᠤᠶᠠᠨ 〈ᠳᠡᠭᠡ ᠶᠢᠨ ᠬᠠᠨ〉 ᠡᠷᠢᠭᠦᠯᠦᠭᠡᠤᠨ ᠮᠤᠬᠤᠵᠤ ᠪᠠᠢ᠌ᠨ᠎ᠠ᠃ ᠴᠢᠨᠤ ᠳᠠᠷᠠ ᠰᠢᠯᠦᠭ᠌ ᠢ ᠴᠢᠨᠢ ᠣᠷᠴᠢᠭᠤᠯᠵᠤ ᠦᠵᠡᠨ᠎ᠠ ᠭᠡᠨ᠎ᠡ᠃ ᠪᠢ ᠦᠵᠡᠪᠠᠯ ᠮᠢᠨᠤ ᠠᠩᠭ᠋᠎ᠠ ᠴᠢ ᠳᠤᠳᠤᠷ᠎ᠠ ᠪᠠᠨ ᠳᠤᠭ᠎ᠠ ᠲᠡᠶ ᠪᠠᠢ᠂ ᠭᠦᠮᠤᠨ ᠴᠢᠮᠢ᠋ᠢ ᠡᠷᠢᠭᠡᠤᠨ ᠠᠰᠠᠭᠤᠪᠠᠯ ᠶᠠᠭᠤ ᠭᠡᠯᠡᠭᠦ ᠪᠠᠨ ᠪᠣᠳᠤᠬᠤ ᠦᠭᠡᠶ ᠪᠣᠯᠬᠤ ᠦᠭᠡᠶ ᠰᠢᠤ》 ᠭᠡᠵᠤ ᠢᠤᠠᠬᠠᠬᠤ ᠰᠠᠨᠠᠭᠤᠯᠬᠤ ᠶᠢᠨ ᠬᠤᠭᠤᠷᠤᠠᠳᠤ ᠭᠡᠯᠡᠯ᠎ᠡ᠃ ᠰᠤᠨᠢᠨ ᠡ︕ ᠢᠯᠵᠠᠷᠠᠭᠰᠠᠨ ᠨᠤᠶᠠᠤᠨ ᠲᠤ ᠵᠤᠷᠢᠭᠤᠯᠵᠤ ᠪᠢᠴᠢᠭ᠍ᠰᠡᠨ ᠰᠢᠯᠦᠭ᠌ ᠮᠢᠨᠢ ᠶᠠᠮᠠᠷ ᠲᠠᠭᠠᠨ ᠬᠤᠰᠢᠭᠤᠨ ᠨᠤᠶᠠᠤᠨ ᠶᠢᠡᠨ ᠪᠢᠴᠢᠭ᠍ᠰᠡᠨ ᠰᠢᠯᠦᠭ᠌ ᠴᠤ ᠪᠢᠰᠢ᠂ ᠬᠤᠷᠢᠨ ᠵᠢᠯ ᠮᠤᠩᠭ᠋ᠤᠯ ᠰᠢᠯᠦᠭ᠌ ᠪᠢᠴᠢᠳᠠᠯ᠎ᠠ ᠬᠤᠰᠢᠭᠤᠨ ᠤ ᠨᠤᠶᠠᠤᠨ ᠨᠠᠮᠢ᠋ᠢ ᠰᠢᠯᠦᠭ᠍ᠴᠢ ᠭᠡᠵᠤ ᠮᠡᠳᠡᠭᠦ ᠦᠭᠡᠶ᠂ ᠶᠠᠭᠠᠭᠢᠭᠠᠤᠨ ᠮᠢᠨᠤ ᠰᠢᠯᠦᠭ᠌ ᠭᠡᠨᠡᠳᠲᠡ ᠬᠤᠰᠢᠭᠤᠨ ᠨᠤᠶᠠᠨ ᠤ ᠠᠩᠬᠠᠷᠤᠯ ᠢ ᠳᠠᠳᠠᠴᠢᠬᠠᠪᠠ ᠳ᠋ᠠ︖ ᠳᠠᠭᠢᠭᠠᠤᠨ ᠭᠡᠯᠡᠪᠠᠯ ᠮᠠᠨ ᠤ ᠨᠤᠶᠠᠨ ᠮᠤᠩᠭ᠋ᠤᠯ ᠪᠢᠴᠢᠭ᠌ ᠮᠡᠳᠡᠭᠦ ᠦᠭᠡᠶ ᠯᠠ ᠴᠢᠷᠠᠢ︕

《ᠵᠢᠪᠠᠷ ᠨᠡᠪᠳᠡᠷᠡᠭᠦ ᠦᠭᠡᠶ ᠭᠡᠷᠡᠮ ᠭᠡᠵᠤ ᠦᠭᠡᠶ》 ᠬᠣᠢ᠌ᠨ᠎ᠠ ᠬᠤᠵᠢᠮ ᠨᠢ ᠰᠤᠨᠤᠰᠬᠤ ᠳᠤ ᠮᠠᠨ ᠤ ᠭᠢᠨ ᠤ ᠨᠢᠭᠡ ᠨᠢ ᠨᠤᠶᠠᠨ ᠳᠠᠭᠠᠨ ᠰᠠᠢ᠌ᠨ ᠭᠦᠮᠤᠨ ᠪᠣᠯᠬᠤ ᠭᠡᠵᠤ ᠭᠦᠭᠡᠷᠦᠭᠦᠢ ᠮᠢᠨᠤ 《ᠨᠤᠶᠠᠤᠨ ᠢ ᠰᠢᠭᠦᠮᠵᠢᠯᠡᠭ᠍ᠰᠡᠨ ᠢᠨᠤ》 ᠭᠡᠮᠡᠭᠦ ᠰᠢᠯᠦᠭ᠌ ᠢ 《ᠭᠦᠭᠡᠰᠢᠭᠤᠢ ᠰᠢᠯᠦᠭ᠌ ᠪᠢᠴᠢᠭᠡᠤᠨ ᠳᠠᠨ ᠢ ᠬᠠᠷᠢᠶᠠᠵᠤ ᠪᠠᠢ᠌ᠨ᠎ᠠ》 ᠭᠡᠵᠤ ᠰᠢᠭᠢᠷ ᠣᠯᠤᠨ᠎ᠠ ᠭᠡᠵᠤ ᠡᠪᠦᠭᠡ ᠳᠡᠭᠡᠨ ᠡᠷᠭᠡᠯᠡᠳᠡᠭ᠌ ᠭᠡᠦᠭᠡᠤᠨ ᠰᠢᠭ᠌ ᠵᠠᠭᠠᠯᠳᠤᠭᠰᠠᠨ ᠶᠤᠮ ᠪᠠᠢ᠌ᠨ᠎ᠠ᠃ ᠡᠨᠡ ᠣᠴᠢᠷ ᠥᠩᠭᠡᠷᠡᠭᠡᠤᠨ ᠬᠤᠶᠠᠷ ᠵᠢᠯ ᠪᠣᠯᠴᠢᠬᠠᠯ᠎ᠠ᠃ ᠳᠤᠰ ᠰᠢᠯᠦᠭ᠌ ᠤᠨ ᠳᠤᠬᠠᠢ ᠬᠤᠰᠢᠭᠤᠨ ᠨᠤᠶᠠᠨ ᠨᠠᠮᠢ᠋ᠢ ᠡᠷᠢᠭ᠍ᠰᠡᠨ ᠦᠭᠡᠶ᠂ ᠳᠡᠭᠡᠭᠦ ᠳ᠋ᠤᠨᠢ ᠪᠢ ᠳᠡᠰᠭᠡᠯ ᠦᠭᠡᠶ 《ᠮᠠᠨ ᠤ ᠳᠠᠷᠤᠭ᠎ᠠ ᠮᠠᠠᠳᠤᠳᠤᠭᠠᠢ》 ᠭᠡᠵᠤ ᠬᠠᠰᠭᠢᠷᠤᠭᠰᠠᠨ ᠪᠢᠯᠠ᠃ ᠨᠠᠮ ᠤᠨ ᠰᠠᠭᠢᠯᠭ᠎ᠠ ᠪᠠᠷ ᠮᠠᠰᠢ ᠴᠢᠩᠭ᠋᠎ᠠ᠂ ᠠᠷᠢᠭᠤᠨ ᠴᠢᠭᠡᠴᠢ ᠶᠢ ᠡᠷᠭᠢᠮᠯᠡᠳᠡᠭ᠌ ᠳᠠᠷᠤᠭ᠎ᠠ ᠪᠣᠯ ᠬᠠᠷᠢᠨ ᠨᠠᠮᠢ᠋ᠢ ᠡᠨᠡ ᠠᠩᠭ᠋᠎ᠠ ᠴᠢᠨᠢ ᠪᠣᠯᠵᠤ ᠪᠠᠢ᠌ᠨ᠎ᠠ᠂ ᠳᠠᠪᠠᠭᠤ ᠵᠥᠭᠡᠷ ᠪᠢᠴᠢᠯ᠎ᠠ ᠭᠡᠵᠤ ᠳᠤᠭᠤᠭᠰᠠᠨ ᠮᠠᠭᠠᠤᠨ᠃ ᠵᠡᠷᠭᠡ ᠣᠯᠤᠨ᠎ᠠ ᠭᠡᠵᠤ᠂ ᠰᠠᠢ᠌ᠨ ᠭᠦᠮᠤᠨ ᠪᠣᠯᠤᠨ᠎ᠠ ᠭᠡᠵᠤ ᠬᠠᠷ᠎ᠠ ᠴᠠᠭᠠᠨ ᠢ ᠳᠤᠩᠭ᠋ᠤᠷᠠᠭᠤᠯᠵᠤ ᠵᠢᠰᠤᠷᠳᠠᠵᠤ ᠵᠠᠭᠠᠯᠳᠤᠭᠰᠠᠨ ᠮᠠᠨ ᠤ ᠨᠢᠭᠡ ᠮᠤᠩᠭ᠋ᠤᠯ ᠣᠯᠤᠭᠰᠠᠨ ᠶᠠᠭᠤᠮ᠎ᠠ ᠶᠠᠭᠤ ᠪᠣᠯ ᠳ᠋ᠠ᠂ ᠴᠠᠪᠠᠰᠤ︕

᠊᠊᠊᠊᠊᠊᠊᠊᠊᠊᠊᠊᠊᠊᠊ ᠳᠤᠰ ᠵᠤᠬᠢᠶᠠᠯ ᠶᠢᠡᠨ ᠪᠢ 《ᠰᠦ᠋ ᠲᠡᠶ ᠳᠦᠷᠦᠭᠡ》 ᠭᠡᠭᠦ ᠰᠢᠯᠦᠭ᠌ ᠤᠨ ᠳᠡᠭᠦᠪᠦᠷᠢ ᠳᠤᠳᠤᠷᠠᠭᠢ 《ᠨᠢᠯᠪᠣᠰᠤ ᠣᠨᠠᠭᠠᠮᠠᠷ ᠮᠤᠩᠭ᠋ᠤᠯᠴᠤᠳ》 ᠭᠡᠰᠡᠨ ᠰᠢᠯᠦᠭ᠌ ᠶᠢᠡᠷ ᠶᠢᠡᠨ ᠳᠡᠭᠦᠰᠭᠡᠶ᠎ᠡ᠄

ᠬᠤᠷᠢᠳᠤᠭᠠᠷ ᠵᠠᠭᠤᠨ ᠳᠤ ᠮᠠᠯ ᠤᠨ ᠪᠦᠭ᠍ᠰᠡ ᠳᠠᠭᠠᠵᠤ

ᠬᠤᠷᠢᠮ ᠤᠨ ᠰᠢᠷᠡᠭᠡᠨ ᠳᠤ ᠮᠠᠯ ᠪᠣᠯᠳᠠᠯ᠎ᠠ ᠰᠤᠭᠳᠤᠵᠤ

ᠮᠢᠩᠭ᠋ᠠᠨ ᠵᠢᠯ ᠤᠨ ᠹᠧᠤᠳᠠᠯ ᠶᠤᠰᠤᠨ ᠳᠤ ᠪᠠᠷᠢᠭᠳᠠᠵᠤ

ᠲᠦᠮᠡᠨ ᠣᠨ ᠤ ᠳᠦᠭ᠍ᠵᠢᠮᠡᠯ ᠰᠠᠨᠠᠭᠠᠨ ᠳᠤ ᠣᠶᠠᠭᠳᠠᠭᠰᠠᠨ

ᠨᠢᠭᠦᠯ ᠭᠢᠯᠢᠠᠴᠠ ᠦᠭᠡᠶ ᠮᠠᠨ ᠤ ᠮᠤᠩᠭ᠋ᠤᠯᠴᠤᠳ ᠵᠢᠠᠨ

ᠨᠢᠭᠡ ᠪᠣᠳᠤᠪᠠᠯ ᠨᠢᠯᠪᠣᠰᠤ ᠣᠨᠠᠭᠠᠮᠠᠷ︕

ᠬᠤᠳᠤᠭᠤᠷ ᠳᠦᠭᠦᠷᠡᠩ ᠮᠠᠯ ᠲᠡᠶ ᠠᠳᠠᠯ᠎ᠠ ᠪᠠᠨ

ᠬᠠᠠᠵᠤᠨ ᠳᠠᠭᠠᠨ ᠳᠡᠪᠢᠰᠭᠦ ᠴᠢᠭᠢᠷᠰᠤ ᠥᠭᠡᠢ

ᠬᠠᠭᠤᠷᠴᠤ ᠢᠳᠡᠭᠦ ᠮᠢᠬ᠎ᠠ ᠲᠡᠶ ᠪᠠᠢ᠌ᠳᠠᠯ᠎ᠠ ᠪᠠᠨ

ᠬᠤᠯᠢᠵᠤ ᠢᠳᠡᠭᠦ ᠨᠤᠭᠤᠭ᠎ᠠ ᠥᠭᠡᠢ

ᠥᠭᠡᠷ ᠠᠳᠠᠯᠢ ᠪᠠᠶ᠎ᠠ ᠲᠡᠶ ᠪᠠᠢ᠌ᠭᠠᠤᠨ

ᠥᠨᠡᠭᠡᠨ ᠤ ᠴᠢᠨᠡᠭᠡ ᠣᠬᠠᠭᠠᠨ ᠥᠭᠡᠢ

ᠥᠭᠦᠭᠦ ᠪᠠᠨ ᠮᠡᠳᠡᠭᠦ ᠦᠭᠡᠶ ᠵᠢᠦᠡᠭᠦᠵᠤ ᠪᠠᠢ᠌ᠭᠠᠤᠨ

ᠦᠷᠢ ᠰᠢᠷᠢ ᠳᠡᠭᠡᠨ ᠵᠦᠪ ᠥᠭᠡᠢ

ᠦᠨᠡᠨ ᠶᠢᠡᠷ ᠵᠢᠠᠨ ᠶᠠᠪᠣᠭᠰᠠᠨ ᠮᠠᠨ ᠤ ᠮᠤᠩᠭ᠋ᠤᠯᠴᠤᠳ ᠵᠢᠠᠨ

ᠥᠵᠡᠭᠦ ᠳᠤᠰᠤᠮ ᠨᠢᠯᠪᠣᠰᠤ ᠣᠨᠠᠭᠠᠮᠠᠷ︕

ᠪᠣᠷᠬᠠᠨ ᠪᠣᠷᠬᠠᠨ ᠭᠡᠭ᠍ᠰᠡᠭᠡᠷ

ᠪᠣᠷᠬᠠᠨ ᠪᠣᠯᠤᠭᠠᠤᠨ ᠶᠠᠪᠣᠨ᠎ᠠ

ᠪᠣᠭᠳᠠ ᠪᠣᠭᠳᠠ ᠭᠡᠭ᠍ᠰᠡᠭᠡᠷ

ᠪᠠᠭᠡᠵᠢᠩ ᠣᠷᠤᠭᠠᠤᠨ ᠢᠷᠠᠨ᠎ᠠ

ᠴᠠᠢ ᠳᠠᠮᠠᠭᠢ ᠠᠷᠢᠭᠢ ᠪᠠᠷ

ᠴᠢᠳᠠᠯ ᠡᠷᠳᠡᠮ ᠶᠢᠡᠨ ᠰᠢᠯᠭᠠᠨ᠎ᠠ

ᠴᠢᠷᠠᠢ ᠬᠤᠪᠢᠯᠵᠤ ᠮᠥᠷᠭᠦᠯᠳᠦᠭ᠍ᠰᠡᠭᠡᠷ

ᠴᠢᠰᠤ ᠨᠦᠳᠤ ᠪᠠᠨ ᠦᠵᠡᠨ᠎ᠠ

ᠪᠣᠳᠢ ᠰᠠᠤᠠᠭᠢᠯᠳᠤ ᠮᠠᠨ ᠤ ᠮᠤᠩᠭ᠋ᠤᠯᠴᠤᠳ ᠵᠢᠠᠨ

ᠪᠣᠳᠤᠬᠤ ᠳᠤᠳᠤᠮ ᠨᠢᠯᠪᠣᠰᠤ ᠣᠨᠠᠭᠠᠮᠠᠷ

ᠰᠤᠭᠳᠠᠪᠠᠯ ᠨᠢᠭᠡ ᠮᠤᠩᠭ᠋ᠤᠯ ᠭᠦᠮᠤᠨ ᠪᠣᠯᠵᠤ

ᠰᠡᠷᠭᠦᠪᠠᠯ ᠨᠢᠭᠡ ᠮᠤᠩᠬᠠᠭ ᠭᠦᠮᠤᠨ ᠪᠣᠯᠵᠤ

ᠰᠤᠶᠤᠯ ᠡᠷᠳᠡᠮ ᠤᠨ ᠪᠣᠷᠤ ᠳᠤᠭᠤᠰᠤ ᠬᠠᠷᠠᠵᠤ

ᠰᠤᠯᠢᠭᠤ ᠣᠯᠢᠭᠤ ᠠᠮᠢᠳᠤᠷᠠᠯ ᠤᠨ ᠵᠠᠮ ᠭᠦᠭᠡᠭᠡᠭ᠍ᠰᠡᠨ

ᠰᠤᠬᠤᠷ ᠪᠠᠯᠠᠢ ᠮᠠᠨ ᠤ ᠮᠤᠩᠭ᠋ᠤᠯᠴᠤᠳ ᠵᠢᠠᠨ

ᠰᠡᠳᠭᠢᠭᠦ ᠳᠤᠳᠤᠮ ᠨᠢᠯᠪᠣᠰᠤ ᠣᠨᠠᠭᠠᠮᠠᠷ ᠁


ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠨᠠᠢᠷᠠᠭᠤᠯᠤᠯ
ᠳᠠᠷᠤᠮ᠄ 5663
ᠴᠠᠭ᠄ 2005 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ