ᠮᠤᠩᠭᠤᠯ ᠦᠰᠦᠭ ᠤᠨ ᠲᠡᠦᠬᠡᠨ ᠳᠡᠭᠡᠷ᠎ᠡ ᠪᠤᠰᠤᠭ᠎ᠠ ᠦᠰᠦᠭ ᠤᠨ ᠬᠠᠶᠠᠭᠳᠠᠵᠤ᠂ ᠰᠤᠯᠢᠭᠳᠠᠵᠤ᠂ ᠵᠠᠰᠠᠭᠳᠠᠵᠤ᠂ ᠦᠭᠡᠷᠡᠴᠢᠯᠡᠭᠳᠡᠬᠦ ᠶᠠᠪᠤᠳᠠᠯ ᠡᠴᠡ

《ᠪᠣᠰᠤᠭ᠎ᠠ ᠪᠢᠴᠢᠭ᠌ ᠤᠨ ᠳᠤᠬᠠᠢ ᠡᠷᠳᠡ ᠡᠳᠦᠭᠡ ᠶᠢᠨ ᠡᠷᠳᠡᠮᠳᠡᠨ ᠮᠡᠷᠭᠡᠤᠨ ᠢ ᠪᠢᠰᠢᠷᠡᠭᠦ ᠦᠭᠡᠶ ᠪᠠᠢ᠌ᠬᠤ ᠶᠢᠨ ᠠᠷᠠᠭ᠎ᠠ ᠦᠭᠡᠶ᠃ ᠪᠣᠰᠤᠭ᠎ᠠ ᠪᠢᠴᠢᠭ᠌ ᠲᠤ ᠡᠷᠳᠡᠮ ᠰᠤᠳᠤᠯᠭᠠᠨ ᠤ ᠠᠭᠤᠷᠠᠰᠤ ᠣᠪᠣᠭᠠᠷᠠᠵᠤ ᠪᠠᠢ᠌ᠳᠠᠭ ᠤᠨ ᠳᠤᠯᠠᠳᠠ᠂ ᠳᠠᠳᠠ ᠮᠦᠴᠢᠷ ᠦᠭᠡᠶ ᠪᠣᠯᠳᠠᠯ᠎ᠠ ᠪᠠᠨ ᠡᠮᠦᠨ᠎ᠡ ᠨᠢ ᠡᠪᠦᠳᠦᠭ᠌ ᠨᠤᠭᠤᠯᠵᠤ᠂ ᠦᠯᠮᠡᠢ ᠳᠤ ᠨᠢ ᠳᠡᠷᠢᠭᠦᠨ ᠪᠦᠭᠦᠢᠵᠤ᠂ ᠢᠵᠠᠭᠤᠷ ᠭᠠᠷᠤᠯ ᠢ ᠨᠢ ᠶᠠᠭᠠᠭᠢᠬᠤ ᠶᠢᠨ ᠠᠷᠠᠭ᠎ᠠ ᠦᠭᠡᠶ ᠮᠤᠩᠭ᠋ᠤᠯ ᠭᠡᠵᠤ ᠵᠦᠪᠰᠢᠶᠠᠷᠠᠵᠤ ᠪᠠᠢ᠌ᠳᠠᠭ 》 ᠠᠵᠠᠢ᠃

ᠶᠠᠷᠤ ᠨᠢ ᠮᠤᠩᠭ᠋ᠤᠯ ᠥᠰᠦᠭ᠌ (ᠪᠣᠰᠤᠭ᠎ᠠ ᠥᠰᠦᠭ᠌) ᠤᠨ ᠳᠡᠦᠭᠡᠨ ᠳᠡᠭᠡᠷ᠎ᠡ ᠬᠠᠶᠠᠭᠳᠠᠵᠤ ᠰᠤᠯᠢᠭᠳᠠᠵᠤ᠂ ᠵᠠᠰᠠᠭᠳᠠᠵᠤ ᠥᠭᠡᠷᠡᠴᠢᠯᠡᠭ᠍ᠳᠡᠭᠦ ᠶᠠᠪᠣᠳᠠᠯ ᠴᠥᠭᠡᠨ ᠪᠣᠰᠤ ᠭᠠᠷᠤᠭᠰᠠᠨ ᠪᠠᠢ᠌ᠨ᠎ᠠ᠃ ᠡᠨᠡ ᠳᠤᠬᠠᠢ ᠳᠡᠦᠭᠡᠨ ᠶᠠᠪᠣᠴᠠ ᠳᠤ ᠨᠢ ᠲᠤᠬᠢᠶᠠᠯᠳᠤᠭᠰᠠᠨ ᠥᠵᠡᠭ᠍ᠳᠡᠯ ᠤᠳ ᠡᠴᠡ ᠵᠠᠷᠢᠮ ᠵᠣᠢ᠌ᠯ ᠢ ᠵᠢᠱᠢᠶ᠎ᠠ ᠪᠣᠯᠭᠠᠨ ᠭᠠᠷᠴᠠᠭ ᠳᠠᠳᠤᠢ ᠳᠤᠷᠠᠳᠤᠶ᠎ᠠ᠃

1᠂ ᠠᠯᠢ ᠡᠷᠳᠡ ᠶᠤᠸᠠᠨ ᠣᠯᠤᠰ ᠤᠨ ᠦᠶ᠎ᠡ ᠳᠤ ᠫᠠᠭᠪᠠ ᠶᠢᠨ ᠳᠦᠷᠪᠡᠯᠵᠢᠨ ᠥᠰᠦᠭ᠌ ᠲᠤ ᠰᠢᠬᠠᠭᠳᠠᠨ ᠮᠤᠩᠭ᠋ᠤᠯ ᠥᠰᠦᠭ᠌ ᠮᠠᠨᠢ ᠳᠠᠢ᠌ᠰᠠᠨ ᠡᠴᠡ ᠪᠠᠭᠤᠵᠤ ᠢᠷᠡᠭᠡᠨ ᠤ ᠡᠪᠦᠷ ᠲᠤ ᠣᠷᠤᠭᠰᠠᠨ᠃

2᠂ 17 ᠳ᠋ᠤᠭᠠᠷ ᠵᠠᠭᠤᠨ ᠤ ᠮᠠᠠᠵᠤ ᠶᠢᠨ ᠨᠤᠶᠠᠷᠬᠠᠯ ᠤᠨ ᠦᠶ᠎ᠡ ᠳᠤ ᠮᠤᠩᠭ᠋ᠤᠯᠴᠤᠳ ᠤᠨ ᠵᠠᠳᠠᠷᠠᠯ ᠢ ᠳᠠᠭᠠᠯᠳᠤᠨ ᠭᠡᠳᠤ ᠭᠡᠳᠤᠨ ᠪᠠᠢ᠌ᠳᠠᠯ ᠳᠤ ᠣᠴᠠᠷᠠᠭᠰᠠᠨ᠄

[1]᠂ ᠬᠠᠷᠠᠴᠢᠨ ᠠᠶᠤᠰᠢ ᠶᠢᠨ ᠠᠯᠢ ᠭᠠᠯᠢ ᠭᠡᠳᠡᠭ᠌ ᠳᠠᠷᠠᠨᠢᠴᠢᠯᠠᠭᠰᠠᠨ ᠥᠰᠦᠭ᠌ ᠢ ᠮᠤᠩᠭ᠋ᠤᠯ ᠭᠡᠯᠡᠨ ᠡᠴᠡ ᠰᠠᠯᠭᠠᠬᠤ ᠳᠤ ᠭᠦᠷᠦᠭ᠍ᠰᠡᠨ

[2]᠂ ᠮᠦᠨ ᠳᠠᠷᠠ ᠦᠶ᠎ᠡ ᠳᠤ ᠣᠷᠤᠰ ᠤᠨ ᠬᠠᠷᠢᠶᠠᠨ ᠳᠤ ᠣᠷᠤᠭᠰᠠᠨ ᠪᠣᠷᠢᠶᠠᠤᠨ ᠤᠨ ᠳᠤᠮᠳᠠ ᠵᠠᠭᠢᠠᠳᠠᠷ᠎ᠠ ᠶᠢᠨ ᠥᠰᠦᠭ᠌ ᠭᠡᠵᠤ ᠨᠡᠷᠡᠯᠡᠳᠡᠳᠡᠭ᠌ ᠣᠷᠤᠨ ᠨᠤᠳᠤᠭ ᠤᠨ ᠰᠢᠠᠵᠢ ᠲᠡᠶ ᠪᠢᠴᠢᠯᠭᠡ ᠭᠠᠷᠴᠤ ᠥᠰᠦᠭ᠌ ᠤᠨ ᠣᠯᠠᠮᠵᠢᠯᠠᠯᠳᠤ ᠭᠡᠯᠪᠠᠷᠢᠵᠢᠯ ᠥᠭᠡᠷᠡᠴᠢᠯᠡᠭ᠍ᠳᠡᠭ᠍ᠰᠡᠨ

[3]᠂ ᠪᠠᠷᠠᠭᠤᠨ ᠮᠤᠩᠭ᠋ᠤᠯ ᠳᠤ ᠣᠢ᠌ᠷᠠᠤᠨ ᠠᠶᠠᠯᠭᠤᠨ᠎ᠠ ᠵᠤᠭᠢᠴᠠᠭᠤᠯᠤᠭᠰᠠᠨ ᠳᠤᠳᠤ ᠥᠰᠦᠭ᠌ ᠭᠡᠳᠡᠭ᠌ ᠨᠠᠮᠬᠠᠢ᠌ᠵᠠᠮᠰᠤ ᠶᠢᠨ ᠪᠦᠳᠦᠭᠡᠯ ᠭᠠᠷᠴᠤ ᠨᠠᠢ᠌ᠳᠠ ᠮᠤᠩᠭ᠋ᠤᠯ ᠥᠰᠦᠭ᠌ ᠭᠡᠷᠡᠭᠯᠡᠭ᠍ᠴᠢᠳ ᠡᠴᠡ ᠨᠢᠭᠡ ᠭᠡᠰᠡᠭ᠌ ᠭᠠᠷᠴᠤ ᠶᠠᠪᠣᠭᠰᠠᠨ

[4]᠂ ᠵᠡᠭᠦᠨ ᠮᠤᠩᠭ᠋ᠤᠯ ᠳᠤ ᠲᠦᠷᠦ ᠱᠠᠰᠢᠨ ᠬᠤᠶᠠᠷ ᠤᠨ ᠠᠰᠢᠭᠳᠤ ᠪᠣᠳᠤᠯᠭ᠎ᠠ ᠪᠠᠷ ᠬᠠᠭᠤᠴᠢᠨ ᠥᠰᠦᠭ᠌ ᠤᠨ ᠪᠢᠴᠢᠯᠭᠡ ᠵᠢᠷᠤᠮᠯᠠᠯ ᠢ ᠳᠢᠭᠯᠢᠨ᠂ ᠡᠷᠳᠡᠨ ᠤ ᠭᠡᠯᠡ ᠨᠠᠢ᠌ᠷᠠᠯᠭ᠎ᠠ ᠶᠢ ᠣᠷᠴᠢᠨ ᠦᠶ᠎ᠡ ᠶᠢᠨ ᠪᠣᠯᠭᠠᠵᠤ᠂ 《ᠪᠣᠷᠬᠠᠨ ᠤ ᠨᠤᠮ ᠤᠨ ᠥᠰᠦᠭ᠌ ᠢ ᠡ᠊ᠨᠳᠡᠭᠦᠤ ᠦᠭᠡᠶ ᠣᠷᠴᠢᠭᠤᠯᠤᠨ ᠨᠢᠭᠦᠯ ᠢ ᠳᠡᠪᠴᠢᠭᠦ》 ᠪᠢᠰᠢᠷᠠᠯ ᠪᠣᠯᠤᠨ 《ᠪᠣᠭᠳᠠ ᠶᠢᠨ ᠵᠠᠷᠯᠢᠭ ᠵᠢᠭᠠᠪᠣᠷᠢ ᠶᠢ ᠳᠠᠰᠢᠶ᠎ᠠ ᠦᠭᠡᠶ ᠪᠢᠴᠢᠵᠤ ᠵᠢᠷᠤᠮ ᠢ ᠰᠠᠭᠢᠬᠤ》 ᠦᠵᠡᠯᠳᠠ ᠵᠠᠭᠢᠷᠬᠤ ᠪᠠᠢ᠌ᠷᠢ ᠡᠵᠡᠯᠡᠭ᠍ᠰᠡᠨ ᠡᠴᠡ ᠡᠯ᠎ᠡ 《 ᠪᠠᠷ᠂ ᠭᠡᠪ》 ᠪᠣᠶᠤ ᠰᠠᠢ᠌ᠯᠤᠮᠠᠯ᠂ ᠬᠠᠭᠤᠯᠤᠮᠠᠯ ᠪᠢᠴᠢᠯᠭᠡ ᠪᠦᠷᠢ ᠳᠤ ᠥᠭᠡ ᠥᠰᠦᠭ᠌ ᠢ ᠳᠤᠬᠠᠢ ᠶᠢᠨ ᠦᠶ᠎ᠡ ᠳ᠋ᠠᠭᠢ ᠭᠡᠯᠡ ᠠᠶ‍ᠯᠠᠭᠤᠨ ᠤ ᠪᠠᠢ᠌ᠳᠠᠯ ᠳᠤ ᠳᠤᠯᠭᠠᠭᠤᠷᠢᠯᠠᠨ ᠨᠢᠭᠡᠨ ᠵᠢᠷᠤᠮ ᠶᠢᠡᠷ ᠪᠢᠴᠢᠭᠦ ᠶᠢ ᠱᠠᠭᠠᠷᠳᠠᠬᠤ ᠪᠣᠯᠤᠭᠰᠠᠨ ᠪᠠᠢ᠌ᠨ᠎ᠠ᠃ ᠳᠠᠯᠢᠮ ᠳᠤ ᠳᠤᠷᠠᠤᠠᠪᠠᠯ ᠳᠠᠷᠠ ᠦᠶ᠎ᠡ ᠶᠢᠨ ᠪᠠᠷᠢᠮᠵᠢᠶᠠᠳᠤ ᠠᠶᠠᠯᠭᠤ ᠨᠢ ᠴᠠᠬᠠᠷ ᠠᠶᠠᠯᠭᠤ ᠪᠣᠯᠪᠠᠤ ᠭᠡᠮᠡᠷ ᠪᠠᠢ᠌ᠳᠠᠯ ᠬᠠᠷᠠᠭᠳᠠᠳᠠᠭ ᠶᠤᠮ᠃ ᠭᠡᠭᠦ ᠳᠤ ᠪᠠᠨ ᠡᠷᠳᠡᠨ ᠤ ᠣᠯᠠᠮᠵᠢᠯᠠᠯᠳᠤ ᠪᠢᠴᠢᠯᠭᠡ ᠡᠴᠡ ᠬᠤᠯᠠ ᠰᠠᠯᠤᠭᠰᠠᠨ ᠦᠭᠡᠶ ᠳᠤᠯᠠ ᠠᠷᠠᠭ ᠶᠠᠰᠤ ᠨᠢ ᠭᠡᠪ ᠶᠢᠡᠷ ᠦᠯᠠᠳᠠᠵᠠᠢ᠃

[5]᠂ ᠮᠦᠨ ᠡᠨᠡ ᠦᠶ᠎ᠡ ᠳᠤ ᠠᠷᠤ ᠪᠣᠭᠳᠠ ᠪᠠᠷ ᠠᠯᠳᠠᠷᠰᠢᠭᠰᠠᠨ ᠵᠠᠨᠠᠪᠠᠽᠠᠷ ᠤᠨ ᠰᠤᠶᠤᠩᠪᠣ ᠥᠰᠦᠭ᠌ ᠭᠡᠳᠡᠭ᠌ ᠵᠤᠬᠢᠶᠠᠭᠳᠠᠵᠤ ᠣᠢ᠌ᠷ᠎ᠠ ᠵᠠᠭᠤᠷ᠎ᠠ ᠢᠯᠠᠩᠭ᠋ᠤᠶ᠎ᠠ ᠱᠠᠰᠢᠨ ᠤ ᠳᠠᠪᠬᠤᠷᠭ᠎ᠠ ᠳᠤᠳᠤᠷ᠎ᠠ ᠮᠤᠩᠭ᠋ᠤᠯ ᠥᠰᠦᠭ᠌ ᠲᠡᠶ ᠬᠠᠷᠰᠢᠬᠤ ᠪᠠᠢ᠌ᠳᠠᠯ ᠭᠠᠷᠤᠭᠰᠠᠨ ᠪᠠᠢ᠌ᠳᠠᠭ

3᠂ 20 ᠳ᠋ᠤᠭᠠᠷ ᠵᠠᠭᠤᠨ ᠪᠣᠯᠬᠤ ᠳᠤ ᠪᠠᠰᠠ ᠭᠡᠳᠤ ᠭᠡᠳᠤᠨ ᠬᠤᠪᠢᠷᠠᠯᠳᠠ ᠭᠠᠷᠤᠭᠰᠠᠨ ᠪᠠᠢ᠌ᠨ᠎ᠠ ᠵᠢᠱᠢᠶ᠎ᠠ ᠨᠢ᠄

[1]᠂ ᠵᠦᠪᠯᠠᠯᠳᠤ ᠶᠢᠨ ᠪᠣᠷᠢᠶᠠᠤᠨ᠂ ᠬᠠᠯᠢᠮᠠᠭ ᠪᠣᠯᠤᠨ ᠮᠤᠩᠭ᠋ᠤᠯ ᠣᠯᠤᠰ ᠲᠤ ᠺᠢᠷᠢᠯ ᠥᠰᠦᠭ᠌ ᠶᠢᠡᠷ ᠪᠢᠴᠢᠭ᠌ ᠤᠨ ᠭᠡᠯᠡ ᠪᠠᠨ ᠳᠡᠮᠳᠡᠭᠯᠡᠳᠡᠭ᠌ ᠪᠣᠯᠤᠭᠰᠠᠨ ᠳᠤᠯᠠ ᠮᠤᠩᠭ᠋ᠤᠯ ᠥᠰᠦᠭ᠌ (ᠪᠣᠰᠤᠭ᠎ᠠ ᠥᠰᠦᠭ᠌) ᠭᠡᠷᠡᠭ᠍ᠴᠡᠭᠡᠨ ᠡᠴᠡ ᠭᠠᠷᠤᠭᠰᠠᠨ

[2]᠂ 20 ᠳ᠋ᠤᠭᠠᠷ ᠵᠠᠭᠤᠨ ᠤ ᠳᠦᠴᠢᠭᠡᠤᠨ ᠣᠨ ᠤ ᠰᠡᠭᠦᠯᠴᠢ ᠡᠴᠡ ᠦᠪᠣᠷ ᠮᠤᠩᠭ᠋ᠤᠯ ᠣᠷᠤᠨ ᠳᠤ ᠮᠤᠩᠭ᠋ᠤᠯ ᠥᠰᠦᠭ᠌ ᠤᠨ ᠪᠢᠴᠢᠯᠭᠡ ᠳᠡᠭᠡᠷ᠎ᠡ ᠵᠠᠰᠠᠪᠣᠷᠢ ᠣᠷᠤᠭᠤᠯᠤᠭᠰᠠᠨ᠃ ᠳᠡᠭᠡᠭᠦ ᠳᠤ ᠪᠠᠨ ᠡᠨᠡ ᠨᠢ ᠥᠰᠦᠭ᠌ ᠤᠨ ᠳᠦᠷᠢᠮ ᠤᠨ ᠳᠤᠭᠳᠠᠯᠴᠠᠭ᠎ᠠ᠂ ᠥᠭᠡᠰ ᠤᠨ ᠪᠦᠳᠦᠴᠡ ᠵᠡᠷᠭᠡ ᠶᠢ ᠪᠦᠭᠦ ᠳᠠᠯ᠎ᠠ ᠪᠠᠷ ᠠᠩᠬᠠᠷᠤᠭᠰᠠᠨ ᠦᠭᠡᠶ ᠪᠠᠷ ᠨᠢᠭᠡ ᠭᠡᠰᠡᠭ᠌ ᠵᠡᠭᠦᠪᠦᠷᠢ ᠠᠢ᠌ᠴᠢᠯᠠᠪᠣᠷᠢ ᠪᠣᠯᠤᠨ ᠵᠠᠷᠢᠮ ᠳᠠᠭᠠᠪᠣᠷᠢ ᠶᠢᠨ ᠪᠢᠴᠢᠯᠭᠡ ᠳᠤ ᠶᠠᠷᠢᠶᠠᠴᠢᠯᠠᠭᠰᠠᠨ ᠭᠡᠯᠪᠠᠷᠢ ᠣᠷᠤᠭᠤᠯᠤᠭᠰᠠᠨ ᠪᠠᠢ᠌ᠨ᠎ᠠ᠃ ᠳᠠᠢ᠌ᠮᠤ ᠣᠴᠢᠷ ᠡᠴᠡ ᠵᠦᠪ ᠪᠢᠴᠢᠯᠭᠡ ᠶᠢᠨ ᠳᠠᠯ᠎ᠠ ᠳᠤ ᠮᠠᠳᠠᠭ ᠪᠣᠳᠤᠯᠢᠶᠠᠨ ᠴᠥᠭᠡᠨ ᠪᠣᠰᠤ ᠭᠠᠷᠴᠠᠢ᠃

[3]᠂ 20 ᠳ᠋ᠤᠭᠠᠷ ᠵᠠᠭᠤᠨ ᠤ ᠳᠠᠪᠢᠭᠠᠤᠨ ᠣᠨ ᠤ ᠳᠤᠮᠳᠠ ᠦᠶ᠎ᠡ ᠪᠠᠷ ᠦᠪᠣᠷ ᠮᠤᠩᠭ᠋ᠤᠯ ᠳᠤ ᠮᠤᠩᠭ᠋ᠤᠯ ᠣᠯᠤᠰ ᠤᠨ ᠺᠢᠷᠢᠯ ᠥᠰᠦᠭ᠌ ᠶᠢᠡᠷ ᠪᠢᠴᠢᠭ᠍ᠳᠡᠳᠡᠭ᠌ ᠪᠢᠴᠢᠭ᠌ ᠤᠨ ᠭᠡᠯᠡ ᠶᠢ ᠨᠡᠭᠦᠯᠭᠡᠨ ᠠᠪᠴᠤ ᠬᠠᠭᠤᠴᠢᠨ ᠮᠤᠩᠭ᠋ᠤᠯ ᠥᠰᠦᠭ᠌ (ᠪᠣᠰᠤᠭ᠎ᠠ ᠥᠰᠦᠭ᠌) ᠶᠢᠡᠨ ᠣᠷᠭᠢᠬᠤ ᠶᠢ ᠵᠤᠷᠢᠭᠰᠠᠨ ᠠᠵᠢᠯ ᠠᠯᠪᠠᠨ ᠶᠤᠰᠤᠭᠠᠷ ᠶᠠᠪᠣᠭᠳᠠᠭᠰᠠᠨ ᠪᠣᠯᠪᠠᠴᠤ ᠭᠡᠳᠤᠨ ᠵᠢᠯ ᠪᠣᠯᠤᠯ ᠦᠭᠡᠶ ᠪᠠᠷ ᠵᠤᠭᠰᠤᠭᠠᠭᠳᠠᠵᠠᠢ᠃

[4]᠂ 20 ᠳ᠋ᠤᠭᠠᠷ ᠵᠠᠭᠤᠨ ᠤ ᠵᠢᠷᠠᠭᠠᠤᠨ ᠣᠨ ᠤ ᠡᠭᠢ ᠪᠠᠷ ᠵᠡᠭᠦᠨ ᠤ ᠰᠠᠯᠭᠢᠨ ᠳᠤ ᠳᠡᠷᠪᠠᠭ᠍ᠰᠡᠨ ᠨᠢᠭᠡ ᠬᠤᠶᠠᠷ ᠰᠡᠭᠡᠭᠡᠳᠡᠨ ᠯᠠᠲ᠋ᠢᠨ ᠥᠰᠦᠭ᠌ ᠶᠢᠡᠷ ᠮᠤᠩᠭ᠋ᠤᠯ ᠥᠰᠦᠭᠯᠡᠯ ᠵᠤᠬᠢᠶᠠᠵᠤ ᠬᠠᠭᠤᠴᠢᠨ ᠥᠰᠦᠭ᠌ (ᠪᠣᠰᠤᠭ᠎ᠠ ᠥᠰᠦᠭ᠌) ᠢ ᠣᠷᠭᠢᠬᠤ ᠪᠠᠷ ᠣᠷᠤᠯᠳᠤᠭᠰᠠᠨ ᠪᠣᠯᠪᠠᠴᠤ ᠳᠠᠯᠳᠠ ᠰᠠᠭᠠᠤᠨ ᠡᠴᠡ ᠪᠣᠯᠵᠤ ᠳᠠᠷᠤᠮᠠᠯᠯᠠᠵᠤ ᠪᠡᠯᠡᠳᠭᠡᠭ᠍ᠰᠡᠨ ᠥᠰᠦᠭᠯᠡᠯ ᠨᠢ ᠳᠠᠷᠬᠠᠭᠠᠭᠳᠠᠵᠤ ᠠᠮᠵᠢᠯ ᠦᠭᠡᠶ ᠨᠠᠰᠤ ᠪᠠᠷᠠᠵᠠᠢ᠃

[5]᠂ ᠮᠦᠨ ᠡᠨᠡ ᠦᠶ᠎ᠡ ᠪᠠᠷ ᠵᠠᠷᠢᠮ ᠭᠦᠮᠦᠰ 《ᠭᠡᠯᠡ ᠶᠢ ᠠᠷᠠᠤᠨ ᠲᠦᠮᠡᠨ ᠳᠤ ᠥᠢᠯᠡᠴᠢᠯᠡᠭᠦᠯᠦᠨ᠎ᠡ》᠂ 《ᠶᠠᠷᠢᠶᠠᠨ ᠤ ᠭᠡᠯᠡ ᠳᠤ ᠣᠢ᠌ᠷᠠᠳᠤᠭᠤᠯᠤᠨ᠎ᠠ》᠂ 《ᠳᠦᠷᠰᠦ ᠪᠠᠷ ᠣᠤᠠᠬ᠎ᠠ ᠢᠯᠭᠠᠨ᠎ᠠ》᠂ ᠭᠡᠭᠦ ᠮᠠᠳᠤ ᠣᠷᠢᠶᠠᠯᠠᠭ᠎ᠠ ᠭᠠᠷᠭᠠᠨ ᠥᠰᠦᠭ᠌ ᠤᠨ ᠳᠦᠷᠢᠮ ᠢ ᠵᠥᠷᠢᠴᠡᠭ᠍ᠰᠡᠨ ᠡᠳᠦᠢ ᠳᠠᠳᠤᠢ ᠪᠢᠴᠢᠯᠭᠡ ᠳᠡᠯᠭᠡᠷᠡᠭ᠍ᠰᠡᠨ ᠶᠠᠪᠣᠳᠠᠯ ᠪᠣᠢ᠃

[6]᠂ ᠪᠠᠰᠠ ᠭᠢᠳᠠᠤᠨ ᠥᠭᠡ ᠶᠢ ᠣᠷᠴᠢᠭᠤᠯᠬᠤ ᠳᠤ ᠣᠤᠠᠬ᠎ᠠ ᠪᠠᠯᠠᠷᠠᠨ᠎ᠠ᠂ ᠳᠠᠢ᠌ᠮᠤ ᠡᠴᠡ ᠰᠢᠭᠤᠳ ᠠᠪᠢᠶᠠᠴᠢᠯᠠᠨ ᠪᠢᠴᠢᠨ᠎ᠠ ᠭᠡᠤᠨ ᠴᠠᠭᠠᠨ ᠳᠤᠯᠤᠭᠠᠢ ᠶᠢᠨ ᠥᠰᠦᠭ᠌ ᠳᠤᠳᠤᠷ᠎ᠠ ᠴᠥᠭᠡᠨ ᠪᠣᠰᠤ ᠰᠢᠨ᠎ᠠ ᠪᠢᠴᠢᠯᠭᠡ ᠪᠦᠭᠦᠢ ᠥᠰᠦᠭ᠌ ᠨᠡᠮᠡᠭ᠍ᠰᠡᠨ ᠣᠴᠢᠷ ᠴᠤ ᠪᠣᠢ᠃

[7]᠂ 20 ᠳ᠋ᠤᠭᠠᠷ ᠵᠠᠭᠤᠨ ᠤ ᠳᠠᠯᠠᠭᠠᠤᠨ ᠣᠨ ᠤ ᠰᠡᠭᠦᠯᠴᠢ ᠡᠴᠡ ᠮᠤᠩᠭ᠋ᠤᠯᠴᠤᠳ ᠳᠤᠮᠳᠠ ᠪᠠᠨ ᠨᠢᠭᠡᠳᠦᠮᠡᠯ ᠨᠢᠭᠡ ᠥᠰᠦᠭ᠌ ᠭᠡᠷᠭᠯᠡᠶ᠎ᠡ ᠭᠡᠰᠡᠨ ᠰᠠᠨᠠᠭᠠᠴᠢᠯᠠᠭ᠎ᠠ ᠭᠠᠷᠴᠤ ᠣᠢ᠌ᠷᠠᠤᠨ ᠤᠨ ᠳᠤᠳᠤ ᠥᠰᠦᠭ᠌ ᠢ ᠵᠤᠭᠰᠤᠭᠠᠵᠤ ᠬᠠᠭᠤᠴᠢᠨ ᠮᠤᠩᠭ᠋ᠤᠯ ᠥᠰᠦᠭ᠌ (ᠪᠣᠰᠤᠭ᠎ᠠ ᠥᠰᠦᠭ᠌) ᠶᠢᠡᠷ ᠣᠷᠤᠯᠠᠭᠤᠯᠬᠤ ᠳᠤᠬᠠᠢ ᠨᠠᠯᠢᠶᠠᠤᠨ ᠮᠠᠷᠭᠤᠭᠠᠨ ᠪᠣᠯᠵᠤ ᠡᠴᠦᠰ ᠲᠡᠭᠡᠨ ᠰᠡᠢ᠌ᠦᠡᠪᠦᠷᠢᠯᠡᠭ᠍ᠳᠡᠵᠡᠢ᠃

[8]᠂ 20 ᠳ᠋ᠤᠭᠠᠷ ᠵᠠᠭᠤᠨ ᠤ ᠶ‍ᠢᠷᠡᠭᠡᠤᠨ ᠣᠨ ᠤ ᠡᠭᠢᠨ ᠡᠴᠡ ᠵᠦᠪᠯᠠᠯᠳᠤ ᠶᠢᠨ ᠵᠠᠳᠠᠷᠠᠯᠳᠠ ᠶᠢ ᠳᠠᠭᠠᠯᠳᠤᠨ ᠮᠤᠩᠭ᠋ᠤᠯ ᠣᠯᠤᠰ᠂ ᠪᠣᠷᠢᠶᠠᠤᠨ᠂ ᠬᠠᠯᠢᠮᠠᠭ ᠲᠤ ᠬᠠᠭᠤᠴᠢᠨ ᠥᠰᠦᠭ᠌ (ᠪᠤᠰᠤᠭ᠎ᠠ ᠦᠰᠦᠭ᠌) ᠵᠢᠡᠨ ᠰᠡᠷᠭᠦᠭᠡᠨ ᠭᠡᠷᠡᠭᠯᠡᠭᠦ ᠠᠵᠢᠯᠯᠠᠭ᠎ᠠ ᠦᠷᠨᠢᠵᠤ ᠵᠠᠷᠢᠮ ᠣᠯᠤᠰ ᠨᠢ ᠣᠳᠤ 《ᠶᠡᠷᠦᠩᠭᠡᠢ᠌ᠯᠡᠭ᠍ᠴᠢ ᠶᠢᠨ ᠵᠠᠷᠯᠢᠭ ᠶᠢᠡᠷ ᠪᠣᠰᠤᠭ᠎ᠠ ᠮᠤᠩᠭ᠋ᠤᠯ ᠥᠰᠦᠭ᠌ ᠶᠢᠡᠨ ᠲᠦᠷᠦ ᠶᠢᠨ ᠣᠷᠳᠤᠨ ᠳᠤ ᠵᠠᠯᠠᠭᠰᠠᠨ》 ᠮᠠᠳᠤ᠃

ᠰᠢᠨ᠎ᠠ ᠮᠢᠩᠭ᠋ᠠᠨ ᠳᠤ ᠥᠷᠭᠡᠨ ᠶᠢᠡᠷ ᠭᠡᠷᠡᠭᠯᠡᠳᠡᠵᠤ ᠪᠠᠢ᠌ᠭ᠎ᠠ ᠺᠤᠮᠫᠢᠦ᠋ᠲ᠋ᠧᠷ ᠪᠣᠯᠤᠨ ᠰᠦᠯᠵᠢᠶᠠᠨ ᠳᠤ ᠪᠣᠰᠤᠭ᠎ᠠ ᠥᠰᠦᠭ᠌ ᠤᠨ ᠵᠥᠭᠡᠯᠡᠨ ᠳᠤᠨᠤᠭ ᠤᠨ ᠨᠡᠭᠡᠭᠡᠯᠳᠡ᠂ ᠳᠦᠭᠡᠮᠡᠯᠵᠢᠯᠡᠭᠦᠯᠦᠯᠳᠡ ᠡᠯ᠎ᠡ ᠠᠵᠢᠯ ᠣᠢ᠌ᠯᠠᠰ ᠤᠨ ᠳᠤᠯᠭᠠᠮ᠎ᠠ ᠱᠠᠭᠠᠷᠳᠠᠯᠭ᠎ᠠ ᠶᠢ ᠬᠠᠷᠠᠬᠠᠨ ᠬᠠᠩᠭ᠋ᠠᠵᠤ ᠴᠢᠳᠠᠭ᠎ᠠ ᠦᠭᠡᠶ ᠵᠡᠷᠭᠡ ᠰᠢᠯᠳᠠᠭᠠᠨ ᠡᠴᠡ ᠪᠣᠯᠵᠤ ᠵᠠᠷᠢᠮ ᠭᠦᠮᠦᠰ ᠺᠤᠮᠫᠢᠦ᠋ᠲ᠋ᠧᠷ ᠢ ᠭᠡᠳᠤ ᠶᠡᠭᠡ ᠪᠠᠷ ᠰᠥᠰᠦᠭᠯᠡᠵᠤ᠂ ᠪᠣᠰᠤᠭ᠎ᠠ ᠥᠰᠦᠭ᠌ ᠶᠢᠡᠨ ᠭᠤᠯᠤᠬᠤ᠂ ᠬᠠᠶᠠᠬᠤ ᠬᠤᠯᠠᠴᠢ ᠪᠣᠰᠤ ᠦᠵᠡᠯ᠂ ᠠᠵᠢᠯᠠᠯᠭ᠎ᠠ ᠪᠠᠷ ᠵᠢᠵᠢᠭ᠌ ᠴᠠᠭ ᠠᠭᠤᠷ ᠪᠣᠢ ᠪᠣᠯᠤᠨ ᠭᠠᠵᠠᠷ ᠠᠪᠴᠤ᠂ ᠪᠣᠰᠤᠭ᠎ᠠ ᠥᠰᠦᠭ᠌ ᠤᠨ ᠮᠠᠠᠳᠤᠬᠤ ᠭᠠᠯ ᠤᠨ ᠴᠤᠭ ᠲᠤ ᠳᠤᠰᠤ ᠨᠡᠮᠡᠭᠦ ᠦᠭᠡᠶ᠂ ᠣᠰᠤ ᠴᠠᠴᠤᠵᠤ ᠪᠠᠢ᠌ᠳᠠᠭ ᠠᠵᠠᠢ᠃ ᠭᠡᠪᠠᠴᠤ ᠺᠤᠮᠫᠢᠦ᠋ᠲ᠋ᠧᠷ ᠪᠣᠯᠤᠨ ᠰᠦᠯᠵᠢᠶ᠎ᠠ ᠪᠣᠯ ᠭᠦᠮᠤᠨ ᠲᠦᠷᠦᠯᠭᠢᠳᠠᠨ ᠤ ᠳᠡᠭᠡᠳᠤ ᠪᠣᠯᠪᠠᠰᠤᠨ ᠤ ᠣᠳᠤ ᠦᠶ᠎ᠡ ᠶᠢᠨ ᠪᠦᠳᠦᠭᠡᠭ᠍ᠳᠡᠭᠦᠨ᠂ ᠭᠡᠳᠤ ᠳᠡᠭᠡᠳᠤ ᠮᠡᠷᠭᠡᠵᠢᠯ ᠤᠨ ᠳᠡᠷᠢᠭᠦᠨ ᠤ ᠪᠠᠭᠠᠵᠢ ᠭᠡᠷᠡᠭᠯᠡᠭᠦᠷ ᠯᠠ ᠳᠠᠳᠤᠢ ᠡᠴᠡ ᠪᠢᠰᠢ᠂ ᠠᠵᠢᠯ ᠣᠢ᠌ᠯᠠᠰ ᠤᠨ ᠪᠦᠭᠦᠢᠯᠡ ᠴᠤᠭᠴᠠᠰ ᠪᠢᠰᠢ ᠭᠡᠳᠡᠭ᠌ ᠢ ᠵᠠᠪᠠᠯ ᠣᠢ᠌ᠯᠭᠠᠵᠤ ᠮᠡᠳᠡᠭᠦ ᠴᠢᠬᠤᠯᠠ ᠲᠡᠶ᠃

ᠪᠢᠳᠠ᠂ ᠡᠵᠡᠨ ᠴᠢᠩᠭᠡᠰ ᠤᠨ ᠶᠢᠡᠨ ᠦᠷ᠎ᠡ ᠬᠣᠢ᠌ᠴᠠᠰ ᠲᠠᠭᠠᠨ ᠥᠪᠠᠯᠡᠭ᠍ᠰᠡᠨ ᠪᠣᠰᠤᠭ᠎ᠠ ᠪᠢᠴᠢᠭ᠌ ᠶᠢᠡᠨ ᠳᠠᠪᠠᠷᠢᠵᠤ ᠯᠠ ᠶᠠᠪᠣᠪᠠᠯ᠂ ᠳᠡᠯᠡᠭᠡᠢ ᠶᠢᠨ ᠥᠰᠦᠭ᠌ ᠪᠢᠴᠢᠭ᠌ ᠤᠨ ᠰᠢᠭᠤᠢ ᠳᠤᠳᠤᠷ᠎ᠠ᠂ ᠳᠡᠭ᠍ᠷᠢ ᠭᠠᠵᠠᠷ ᠢ ᠳᠤᠯᠭᠠᠭᠤᠷᠢᠯᠠᠬᠤ ᠪᠣᠯᠤᠮᠵᠢ ᠪᠠᠢ᠌ᠨ᠎ᠠ ᠭᠡᠳᠡᠭ᠌ ᠢ ᠳᠡᠦᠭᠡᠨ ᠶᠠᠪᠣᠳᠠᠯ ᠤᠳ ᠡᠴᠡ ᠣᠬᠠᠭᠠᠷᠠᠵᠤ᠂ ᠪᠠᠳᠤ ᠢᠳᠡᠭᠡᠨ ᠵᠢᠦᠡᠭᠦᠵᠤ ᠳᠡᠮᠡᠴᠡᠭᠦ ᠭᠡᠷᠡᠭ᠍ᠳᠡᠢ᠃

《ᠪᠣᠰᠤᠭ᠎ᠠ ᠪᠢᠴᠢᠭ᠌ ᠢ ᠮᠤᠷᠢᠨ ᠤ ᠨᠢᠷᠤᠭᠤᠨ ᠳᠡᠭᠡᠷ᠎ᠡ ᠴᠤ ᠪᠢᠴᠢᠵᠤ ᠪᠣᠯᠳᠠᠭ᠂ ᠮᠤᠷᠳᠠᠬᠤ ᠳᠠᠭᠠᠨ ᠰᠤᠳᠤᠷ ᠭᠡᠮᠡᠨ ᠪᠣᠭᠤᠬᠤ ᠳᠤ ᠪᠣᠰᠤᠭ᠎ᠠ ᠪᠠᠢ᠌ᠳᠠᠭ᠂ ᠰᠦᠨᠳᠤᠷ ᠭᠡᠮᠡᠨ ᠮᠥᠷᠭᠦᠭᠦ ᠳᠡᠭᠡᠨ ᠶᠠᠭᠠᠭᠢᠬᠤ ᠶᠢᠨ ᠠᠷᠭ᠎ᠠ ᠦᠭᠡᠶ ᠪᠣᠰᠤᠭ᠎ᠠ ᠪᠣᠯᠭᠠᠳᠠᠭ ᠠᠵᠠᠢ᠃ ᠪᠣᠰᠤᠭ᠎ᠠ ᠪᠢᠴᠢᠭ᠌᠂ ᠳᠠᠶᠠᠩ ᠳᠡᠯᠡᠭᠡᠢ ᠶᠢᠨ ᠲᠦᠮᠡᠨ ᠭᠡᠯᠡᠳᠡᠨ ᠤ ᠭᠦᠡᠳᠡᠯᠡᠨ ᠪᠣᠶᠤ ᠳᠦᠷᠪᠡᠯᠵᠢᠨ ᠪᠢᠴᠢᠭ᠌ ᠮᠠᠳᠤ ᠬᠠᠱᠠᠩ ᠪᠢᠰᠢ᠂ ᠳᠠᠪᠭᠢᠯ ᠰᠠᠢ᠌ᠳᠠᠢ ᠮᠤᠷᠢ ᠰᠢᠭ ᠳᠠᠩᠴᠤ ᠭᠦᠢᠴᠡᠭ᠍ᠳᠡᠭᠦ ᠦᠭᠡᠶ ᠣᠷᠤᠭ᠎ᠠ ᠪᠠᠢ᠌ᠳᠠᠭ᠃ ᠳᠠᠢ᠌ᠨ ᠳᠤᠯᠤᠯᠳᠤᠭᠠᠨ ᠠᠯᠢᠪᠠ ᠪᠦᠭᠦᠨ ᠢ ᠪᠣᠰᠤᠭ᠎ᠠ ᠦᠨᠡᠨ ᠶᠢᠡᠷ ᠨᠢ ᠳᠡᠦᠭᠡᠯᠡᠵᠤ ᠪᠣᠰᠤᠳ ᠪᠢᠴᠢᠭ᠌ ᠮᠠᠳᠤ ᠭᠡᠪᠳᠡᠵᠤ᠂ ᠳᠠᠷᠤᠭᠳᠠᠵᠤ᠂ ᠣᠷᠪᠠᠳᠠᠭ ᠦᠭᠡᠶ》

ᠠᠵᠤ ᠠᠬᠤᠢ ᠶᠢᠨ ᠳᠡᠯᠡᠭᠡᠢ᠌ᠵᠢᠯ ᠪᠣᠯᠤᠨ ᠳᠠᠶᠠᠭᠠᠷᠰᠢᠯ ᠤᠨ ᠳᠤᠮᠳᠠ ᠪᠢᠳᠠ᠂ ᠣᠯᠠᠮᠵᠢᠯᠠᠯᠳᠤ ᠰᠤᠶᠤᠯ ᠶᠢᠡᠨ ᠬᠠᠶᠠᠬᠤ ᠦᠭᠡᠶ᠂ ᠥᠭᠡ ᠭᠡᠯᠡ᠂ ᠥᠰᠦᠭ᠌ ᠪᠢᠴᠢᠭ᠌ ᠶᠢᠡᠨ ᠦᠪᠡᠷ ᠶᠢᠡᠨ ᠭᠤᠯᠤᠵᠤ ᠰᠤᠯᠢᠬᠤ ᠦᠭᠡᠶ ᠪᠠᠷ ᠭᠦᠭ᠍ᠵᠢᠭᠦᠯᠵᠤ᠂ ᠦᠷ᠎ᠡ ᠬᠣᠢ᠌ᠴᠢᠰ ᠲᠠᠭᠠᠨ ᠪᠦᠳᠤᠨ ᠶᠢᠡᠷ ᠨᠢ ᠣᠯᠠᠮᠵᠢᠯᠠᠪᠠᠯ ᠯᠠᠪᠳᠠᠢ᠌ᠶ᠎ᠠ ᠬᠠᠢ᠌ᠯᠠᠵᠤ ᠰᠠᠷᠨᠢᠬᠤ ᠦᠭᠡᠶ᠂ ᠪᠣᠰᠤᠳ ᠡᠴᠡ ᠬᠤᠴᠤᠷᠬᠤ ᠦᠭᠡᠶ ᠶᠠᠪᠣᠵᠤ ᠴᠢᠳᠠᠬᠤ ᠪᠦᠭᠡᠤᠨ ᠦᠪᠡᠷ ᠤᠨ ᠵᠤᠷᠰᠢᠯ ᠶᠢᠡᠷ ᠶᠢᠡᠨ ᠭᠦᠭ᠍ᠵᠢᠨ ᠮᠠᠠᠳᠤᠵᠤ ᠴᠢᠳᠠᠨ᠎ᠠ᠃ ᠳᠡᠯᠡᠭᠡᠢ ᠶᠢᠨ ᠲᠦᠮᠡᠨ ᠭᠡᠯᠡᠳᠡᠨ᠂ ᠣᠯᠠᠨ ᠦᠨᠳᠦᠰᠦᠳᠠᠨ ᠤ ᠳᠤᠮᠳᠠ᠂ ᠮᠠᠨ ᠤ ᠠᠶᠠᠯᠭᠤ ᠰᠠᠢ᠌ᠬᠠᠨ ᠮᠤᠩᠭ᠋ᠤᠯ ᠭᠡᠯᠡ ᠮᠠᠨᠢ᠂ ᠠᠯᠳᠠᠨ ᠭᠤᠷᠭᠤᠤᠯᠳᠠᠢ ᠶᠢᠨ ᠳᠤᠩᠭ᠋ᠤᠳᠤᠯ ᠰᠢᠭ ᠳᠠᠭᠤᠷᠢᠰᠴᠤ᠂ ᠪᠣᠭᠳᠠ ᠴᠢᠩᠭᠢᠰ ᠤᠨ ᠪᠣᠰᠬᠠᠭᠰᠠᠨ ᠳᠤᠯᠭᠠᠭᠤᠷᠢ ᠲᠦᠷᠦ ᠶᠢᠨ ᠲᠦᠷᠦ ᠶᠢᠨ ᠪᠢᠴᠢᠭ᠌ ᠊᠊᠊᠊᠊᠊᠊᠊᠊᠊᠊᠊᠊᠊᠊ ᠪᠣᠰᠤᠭ᠎ᠠ ᠥᠰᠦᠭ᠌ ᠮᠠᠨᠢ᠂ ᠪᠦᠮᠪᠦᠷᠴᠡᠭ᠌ ᠤᠨ ᠭᠦᠭ᠍ᠵᠢᠨ ᠣᠯᠠᠷᠢᠬᠤ ᠳᠤ ᠶᠡᠭᠡᠭᠡᠨ ᠨᠠᠮᠠᠷᠢ ᠬᠠᠠᠳᠢᠪ ᠥᠵᠡᠭᠦᠯᠭᠦ ᠪᠣᠯᠤᠨ᠎ᠠ᠃

ᠡᠰᠢᠯᠡᠯᠳᠡ᠄

www.mongolia800.mn ᠰᠦᠯᠵᠢᠶ᠎ᠠ᠃

ᠵ·ᠫᠦᠷᠪᠦ 《ᠮᠤᠩᠭ᠋ᠤᠯ ᠪᠢᠴᠢᠭ᠌ ᠤᠨ ᠭᠡᠯᠡᠨ ᠤ ᠳᠤᠬᠠᠢ ᠰᠢᠡᠵᠢᠯᠡᠯᠭᠡ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1997 ᠣᠨ ᠤ ᠭᠡᠪᠯᠡᠯ᠃

ᠢᠷᠡᠯᠲᠡ᠄ ᠥᠭᠡᠯᠡᠳ ᠭᠠᠯᠳᠠᠨ ᠬᠠᠩᠭᠠᠪᠠ
ᠬᠠᠷᠢᠶ᠎ᠠ᠄ ᠮᠤᠩᠭᠤᠯ ᠲᠡᠦᠬᠡ
ᠳᠠᠷᠤᠮ᠄ 6996
ᠴᠠᠭ᠄ 2008 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ