ᠥᠡᠳᠦᠷᠯᠢᠭ᠌ ᠤᠨ ᠭᠦᠭᠡ ᠰᠠᠯᠭᠢᠨ

ᠭᠦᠢᠴᠡᠳ ᠣᠯᠠᠢ᠌ᠬᠤ ᠳᠤ ᠪᠠᠨ ᠯᠠ

ᠦᠪᠡᠷ ᠵᠥᠭ᠌ ᠶᠢᠡᠨ ᠡᠷᠭᠢᠯᠳᠦᠨ᠎ᠡ

ᠭᠦᠶ‍ᠦᠭᠦᠯ ᠰᠠᠯᠭᠢᠨ ᠤ ᠬᠤᠷᠮᠤᠢ ᠳᠤ

ᠦᠨᠡᠨ ᠡᠴᠠ ᠵᠦᠪ ᠡᠷᠢᠭᠦ ᠭᠡᠳ

ᠦᠷᠤᠴᠠ ᠰᠡᠳᠭᠢᠯ ᠵᠥᠭ᠌ ᠰᠠᠷᠪᠠᠯᠵᠠᠨ ᠣᠯᠠᠢ᠌ᠵᠤ ᠢᠷᠠᠨ᠎ᠠ

ᠰᠡᠳᠭᠢᠯ ᠨᠢ ᠶᠠᠳᠠᠭᠤᠷᠠᠭᠠᠤᠨ ᠳᠤᠷᠠᠯᠠᠯ ᠯᠠ ᠦᠯᠡᠳᠡᠭ᠍ᠰᠡᠨ

ᠰᠢᠪᠠᠭᠤᠳ ᠤᠨ ᠵᠢᠷᠭᠢᠶᠠᠨ ᠳᠤ ᠰᠤᠴᠢᠵᠤ

ᠰᠢᠩᠬᠤᠨ ᠣᠯᠠᠭᠠᠨ ᠣᠷᠤᠭᠤᠯ ᠤᠨ

ᠰᠢᠪᠠᠨᠡᠭᠡ ᠪᠠᠨ ᠭᠦᠰᠡᠷᠳᠡᠭᠦᠯᠤᠨ ᠭᠦᠰᠡᠷᠳᠡᠭᠦᠯᠤᠨ ᠠᠭᠤᠵᠢᠷᠠᠨ᠎ᠠ

ᠠᠭᠤᠤ ᠪᠠᠭᠠᠳᠤᠷ ᠪᠠᠳᠤᠴᠠᠭᠠᠨ

ᠣᠷᠤᠨ ᠳᠤ ᠪᠠᠨ ᠡᠳᠦᠷᠵᠢᠨ ᠣᠪᠣᠭᠰᠢᠨ᠎ᠠ  

ᠣᠯᠵᠤ ᠠᠯᠳᠠᠬᠤ ᠶᠢᠨ ᠳᠡᠩᠨᠡᠭᠦᠷ ᠳᠡᠭᠡᠷ᠎ᠡ

ᠦᠪᠡᠷ ᠢ ᠪᠠᠨ ᠳᠤᠭᠤᠷᠢᠨ ᠡᠪᠭᠡᠷᠡᠯᠳᠤᠨ᠎ᠡ

ᠰᠢᠯᠦᠭ᠌ ᠢ ᠨᠢ ᠮᠢᠨᠢ ᠰᠠᠯᠠᠮ᠎ᠠ ᠪᠣᠯᠳᠠᠯ᠎ᠠ ᠪᠢᠯᠡᠭᠦᠳᠡᠵᠤ

ᠰᠡᠳᠭᠢᠯ ᠳᠤ ᠵᠢᠭᠦᠷ ᠣᠷᠭᠤᠳᠠᠯ᠎ᠠ ᠳᠡᠭ᠍ᠷᠢ ᠭᠦᠪᠢᠵᠤ

ᠡᠪᠦᠯ ᠤᠨ ᠭᠦᠢᠳᠡᠨ ᠳᠠᠯ᠎ᠠ ᠳ᠋ᠤ

ᠡᠷᠡᠭᠦᠯ ᠰᠡᠳᠭᠢᠯ ᠶᠢᠡᠨ ᠮᠠᠨᠠᠵᠤ ᠬᠠᠰᠭᠢᠷᠤᠨ᠎ᠠ

ᠳᠠᠨ ᠤ ᠳᠡᠭ᠍ᠷᠢᠯᠢᠭ᠌ ᠭᠦᠭᠡ ᠳᠠᠭᠤᠨ ᠳᠤ ᠦᠨᠡᠨ ᠳᠤ ᠪᠠᠨ

ᠳᠠᠩᠭᠢᠯ ᠪᠢ ᠭᠦᠷᠳᠡᠯ᠎ᠡ ᠪᠢ ᠬᠤᠯᠠᠬᠠᠨ ᠰᠠᠷᠢᠨ᠎ᠠ

ᠥᠡᠳᠦᠷᠯᠢᠭ᠌ ᠤᠨ ᠭᠦᠭᠡ ᠰᠠᠯᠭᠢᠨ

ᠥᠡᠳᠦᠷᠯᠢᠭ᠌ ᠤᠨ ᠭᠦᠭᠡ ᠰᠠᠯᠭᠢᠨ ᠮᠢᠨᠢ


ᠦᠨᠦᠳᠤᠷ ᠪᠢ ᠡᠭᠡᠯ ᠡᠪᠠᠰᠤ ᠪᠠᠷ ᠳᠠᠮᠵᠢᠨ ᠴᠢᠮ᠎ᠠ ᠲᠡᠶ ᠭᠠᠷ ᠠᠳᠬᠤᠨ᠎ᠠ

ᠠᠮᠢᠳᠤᠷᠠᠯ ᠬᠠᠢ᠌ᠷ᠎ᠠ ᠳᠡᠭᠡᠷ᠎ᠡ ᠳᠤᠭᠳᠠᠳᠠᠭ ᠭᠡᠵᠤ

ᠡᠩᠭᠦᠷᠡᠢ ᠨᠢᠯᠬ᠎ᠠ ᠰᠢᠪᠠᠭᠤᠳ ᠵᠢᠷᠭᠢᠶᠠᠨ ᠶᠢᠡᠨ ᠬᠠᠢ᠌ᠷᠠᠯᠠᠵᠤ

ᠡᠭᠦᠷ ᠲᠤ ᠪᠠᠨ ᠳᠠᠭᠠᠳᠠᠢ ᠮᠡᠯᠳᠡᠭᠡᠨᠡᠨ᠎ᠡ

ᠬᠤᠯᠠ ᠶᠢ ᠬᠠᠷᠠᠭᠰᠠᠨ ᠴᠢᠯᠠᠭᠤ

ᠣᠷᠤᠨ ᠳᠤ ᠪᠠᠨ ᠭᠦᠡᠳᠤ ᠪᠠᠨ ᠭᠡᠮᠵᠢᠵᠤ ᠳᠤᠭᠣᠢ᠌ᠷᠠᠨ᠎ᠠ

ᠳᠡᠦᠭᠡ ᠶᠢᠨ ᠮᠦᠷ ᠡ᠊ᠨᠳᠡ

ᠭᠡᠯᠡ ᠪᠠᠨ ᠳᠠᠪᠳᠠᠵᠤ ᠮᠥᠩᠭᠡ ᠶᠢᠨ ᠨᠠᠷᠠ ᠵᠢ ᠪᠠᠷᠠᠯᠠᠭᠰᠠᠭᠠᠷ ᠭᠦᠯᠴᠦᠭᠦᠷᠡᠨ᠎ᠡ

ᠳᠠᠢ᠌ᠮᠤ ᠳᠤ ᠪᠠᠨ ᠬᠠᠷᠢᠨ

ᠨᠠᠷᠠ ᠪᠣᠯ ᠬᠠᠮᠤᠭ ᠭᠦᠡᠵᠡᠭᠡᠢ ᠦᠵᠠᠯ ᠰᠠᠨᠠᠭ᠎ᠠ ᠪᠠᠢ᠌ᠯ᠎ᠠ

ᠨᠤᠶᠠᠤᠨ ᠤᠨ ᠡᠯᠢᠭᠡ ᠪᠠᠷ ᠯᠠ ᠰᠢᠯᠵᠢᠳᠡᠭ᠌ ᠪᠢᠰᠢ

ᠠᠯᠤᠰ ᠳᠤᠷᠤᠨᠠᠳᠤ ᠶᠢᠨ ᠰᠥᠭᠡ ᠰᠢᠭ᠌ ᠰᠠᠷᠠᠨ ᠤ ᠭᠡᠷᠡᠯ ᠢ ᠪᠠᠳᠤ ᠴᠡᠭᠡᠵᠢᠯᠡᠭ᠍ᠰᠡᠨ ᠮᠢᠨᠢ

ᠠᠯᠳᠠᠩᠬᠠᠨ ᠨᠠᠢ᠌ᠷᠠᠭ ᠤᠨ ᠮᠢᠨᠢ ᠭᠦᠨ ᠣᠭᠭᠠᠨ ᠪᠠᠢ᠌ᠯ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ  ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12871
ᠴᠠᠭ᠄ 2014 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ