ᠬᠠᠢ᠌ᠷ᠎ᠠ ᠶᠢᠨ ᠪᠣᠯᠤᠷ ᠡᠷᠢᠭᠡ

(ᠨᠢᠭᠡ)


᠊᠊᠊᠊᠊᠊᠊᠊᠊᠊᠊᠊᠊᠊᠊ ᠰᠠᠯᠭᠢᠴᠢ ᠡ᠂ ᠦᠨᠦᠳᠤᠷ ᠪᠠᠷᠭᠡᠨ ᠴᠢᠨᠢ ᠭᠠᠳᠠᠭᠰᠢ ᠭᠠᠷᠤᠨ᠎ᠠ᠂ ᠪᠢ ᠪᠠᠰᠠ ᠴᠢᠯᠦᠭᠡ ᠦᠭᠡᠶ᠂ ᠴᠢ ᠨᠠᠮ᠎ᠠ ᠶᠢ ᠢᠷᠠᠳᠠᠯ᠎ᠠ ᠬᠤᠪᠴᠠᠰᠤᠨ ᠳᠡᠯᠭᠡᠭᠦᠷ ᠢ ᠬᠠᠷᠠᠵᠤ ᠪᠠᠢ︕

᠊᠊᠊᠊᠊᠊᠊᠊᠊᠊᠊᠊᠊᠊᠊ ᠵᠠᠷᠯᠢᠭ ᠭᠦᠯᠢᠶᠡᠶ᠎ᠡ ︕ ᠭᠡᠪᠠᠴᠤ ᠢᠷᠡᠭᠦ ᠳᠤ ᠪᠠᠨ ᠨᠠᠳᠠᠳᠤ ᠰᠠᠢ᠌ᠬᠠᠨ ᠶᠠᠭᠤᠮ᠎ᠠ ᠠᠪᠴᠢᠷᠠ︕

᠊᠊᠊᠊᠊᠊᠊᠊᠊᠊᠊᠊᠊᠊᠊ ᠬᠡᠦᠬᠡᠳ ᠦᠦ ᠴᠢ︖ ᠬᠤᠷᠢ ᠭᠠᠷᠴᠢᠬᠠᠭᠠᠤᠨ︕

᠊᠊᠊᠊᠊᠊᠊᠊᠊᠊᠊᠊᠊᠊᠊ ᠶᠠᠷᠢᠶᠠᠨ ᠦᠭᠡᠶ ᠢᠳᠡᠭᠦ ᠶᠠᠭᠤᠮ᠎ᠠ ᠠᠪᠬᠤ ᠦᠭᠡᠶ︕

᠊᠊᠊᠊᠊᠊᠊᠊᠊᠊᠊᠊᠊᠊᠊ ᠭᠡᠪᠠᠴᠤ ᠢᠯᠠᠷᠠᠯ ᠢ ᠴᠢᠨᠢ ᠦᠵᠡᠨ᠎ᠡ︕

᠊᠊᠊᠊᠊᠊᠊᠊᠊᠊᠊᠊᠊᠊᠊ ᠰᠠᠳᠤᠪ ᠦᠭᠡᠶ︕

ᠡ᠊ᠨᠳᠡ ᠵᠤᠭᠰᠤᠬᠤ ᠴᠤ ᠶᠤᠰᠤᠳᠠᠢ ᠠᠮᠢᠳᠤ ᠶᠢᠨ ᠳᠠᠮᠤ᠂ ᠬᠤᠷᠠᠯ ᠳᠤ ᠰᠠᠭᠤᠬᠤ ᠰᠢᠭ ᠡᠭ᠍ᠳᠡᠭᠦᠤ ᠲᠡᠶ᠃ ᠡᠨᠡ ᠨᠢ ᠨᠢᠭᠡ ᠠᠰᠠᠭᠤᠳᠠᠯ᠎ᠠ ᠳᠠᠷᠠ ᠨᠢ ᠨᠢᠭᠡ ᠢᠮᠡᠷᠦᠭᠡᠳ ᠠᠪᠬᠤ ᠴᠤ ᠮᠠᠳᠤ᠂ ᠦᠭᠡᠶ ᠴᠤ ᠮᠠᠳᠤ ᠁ ᠪᠢ ᠬᠠᠷᠢᠨ ᠪᠠᠷᠭᠡᠨ ᠰᠢᠭ᠌᠄ 《ᠠᠪᠠᠭᠠᠢ ᠡᠮᠦᠰᠴᠤ ᠦᠵᠡ》᠂ 《ᠠᠪᠣᠭᠠᠢ ᠠᠯᠢ ᠶᠢ ᠨᠢ ᠳᠤᠭᠤᠬᠤ ᠪᠣᠢ︖》 ᠭᠡᠵᠤ ᠶᠠᠩᠨᠠᠬᠤ ᠴᠤ ᠭᠦᠮᠤᠨ ᠪᠢᠰᠢ᠂ ᠠᠪᠣᠪᠠᠯ ᠠᠪᠬᠤ ᠶᠢᠨ ᠶᠠᠩᠵᠤ ᠲᠡᠶ ᠠᠪ᠂ ᠠᠪᠬᠤ ᠦᠭᠡᠶ ᠪᠣᠯ ᠰᠡᠮᠭᠡᠨ ᠵᠠᠢ᠌ᠯ︕

᠊᠊᠊᠊᠊᠊᠊᠊᠊᠊᠊᠊᠊᠊᠊ ᠠᠬ᠎ᠠ ᠳᠡᠭᠦᠤ︕ ᠥᠭᠡᠷᠴᠢᠨ ᠤ ᠦᠮᠦᠳᠦ ᠪᠠᠢ᠌ᠨ᠎ᠠ ᠦᠦ︖

᠊᠊᠊᠊᠊᠊᠊᠊᠊᠊᠊᠊᠊᠊᠊ ᠪᠣᠢ ᠯᠠ︕ ᠪᠢ ᠬᠠᠨ᠎ᠠ ᠳᠦᠭᠦᠷᠳᠡᠯ᠎ᠡ ᠡᠯᠭᠦᠭ᠍ᠰᠡᠨ ᠦᠮᠦᠳᠦ ᠣᠷᠤᠭᠤ ᠡᠷᠡᠤ ᠪᠠᠨ ᠳᠤᠭᠢᠪᠠ᠃

᠊᠊᠊᠊᠊᠊᠊᠊᠊᠊᠊᠊᠊᠊᠊ ᠰᠢᠨ᠎ᠡ ᠣᠷᠤᠭᠤᠯᠤᠭᠰᠠᠨ ᠦᠦ︖

᠊᠊᠊᠊᠊᠊᠊᠊᠊᠊᠊᠊᠊᠊᠊ ᠳᠠᠢ᠌ᠮᠤ ᠪᠠ︕

ᠲ᠋ᠠᠷᠠ ᠨᠠᠮ᠎ᠠ ᠶᠢ ᠭᠠᠢ᠌ᠬᠠᠭᠰᠠᠨ ᠬᠠᠷᠠᠴᠠ ᠪᠠᠷ ᠬᠠᠷᠠᠵᠤ ᠠᠪᠣᠭᠠᠤᠨ ᠶᠠᠪᠣᠴᠢᠬᠠᠯ᠎ᠠ᠃ ᠪᠢ ᠴᠢᠨᠢ ᠶᠠᠭᠤ ᠭᠡᠯᠡᠴᠢᠭᠡᠵᠤ ᠪᠣᠢ︖ 《ᠬᠤᠳᠠᠯᠳᠤᠵᠤ ᠪᠠᠢ᠌ᠭ᠎ᠠ ᠶᠠᠭᠤᠮ᠎ᠠ ᠪᠠᠨ ᠰᠢᠨ᠎ᠡ ᠦᠦ ᠬᠠᠭᠤᠴᠢᠨ ᠦᠦ ᠮᠡᠳᠡᠭᠦ ᠴᠤ ᠦᠭᠡᠶ᠂ ᠮᠡᠨᠡᠭ᠌ ᠲᠡᠶ ᠴᠤ ᠶᠤᠮ ᠦᠦ︖》 ᠭᠡᠵᠤ ᠪᠣᠳᠤᠭᠰᠠᠨ ᠪᠠᠢ᠌ᠯᠭᠦᠢ᠃ ᠪᠢ ᠭᠡᠷᠪᠡ ᠡᠨᠡ ᠠᠵᠢᠯ ᠢ ᠭᠢᠪᠠᠯ ᠡᠳᠦᠷ ᠤᠨ ᠭᠤᠷᠪᠠᠨ ᠡᠷᠡᠨ ᠤ ᠬᠤᠭᠤᠯᠠᠨ ᠳᠤ ᠪᠠᠨ ᠴᠤ ᠵᠦᠪ ᠦᠭᠡᠶ ᠳ᠋ᠠ︕

᠊᠊᠊᠊᠊᠊᠊᠊᠊᠊᠊᠊᠊᠊᠊ ᠠᠪᠣᠭᠠᠢ ᠡ︕ ᠪᠠᠰᠠ ᠨᠢᠭᠡ ᠨᠢᠳᠤ ᠠᠮᠠ ᠪᠠᠨ ᠵᠢᠷᠤᠭᠰᠠᠨ 《ᠭᠤᠶᠤ》 ᠠᠪᠠᠬᠠᠢ ᠢᠷᠠᠯ᠎ᠠ᠂ ᠣᠳᠤ ᠪᠣᠤ ᠯᠠ ᠠᠯᠳᠠᠭᠠᠤᠨ ᠭᠠᠷᠭᠠᠴᠢᠬᠠᠶ᠎ᠠ ᠳ᠋ᠠ᠃

᠊᠊᠊᠊᠊᠊᠊᠊᠊᠊᠊᠊᠊᠊᠊ ᠨᠠᠳᠠ ᠰᠢᠭ ᠨᠠᠷᠢᠨ ᠭᠦᠮᠤᠨ ᠳᠤ ᠠᠯᠢ ᠨᠢ ᠵᠤᠭᠢᠨ᠎ᠠ ᠪᠣᠢ︖

᠊᠊᠊᠊᠊᠊᠊᠊᠊᠊᠊᠊᠊᠊᠊ ᠡᠨ᠂ ᠭᠦᠡᠳᠡᠯᠡᠨ ᠵᠢᠷᠤᠭᠠᠰᠤ ᠭᠦᠮᠤᠨ ᠢ ᠮᠠᠷᠢᠶᠠᠯᠢᠭ ᠬᠠᠷᠠᠭᠳᠠᠭᠤᠯᠳᠠᠭ᠂ ᠭᠤᠯᠳᠤ ᠵᠢᠷᠤᠭᠠᠰᠤ ᠭᠦᠮᠤᠨ ᠢ ᠡᠴᠡᠩᠭᠡᠢ ᠪᠣᠯᠭᠠᠳᠠᠭ᠂ ᠪᠢ ᠥᠵᠡᠪᠠᠯ ᠁ ᠭᠡᠳᠡᠯ᠎ᠡ

᠊᠊᠊᠊᠊᠊᠊᠊᠊᠊᠊᠊᠊᠊᠊ ᠭᠡᠳᠦᠷᠭᠡᠢ ᠡᠴᠡᠩᠭᠡᠢ ᠪᠣᠯ ᠮᠠᠭᠤᠬᠠᠢ ᠪᠢᠰᠢᠤ︖ ᠭᠡᠵᠤ ᠳᠠᠰᠢᠶ᠎ᠠ ᠪᠠᠷ ᠶᠢᠡᠨ ᠭᠡᠳᠤ ᠮᠤᠰᠭᠢᠯᠳᠤᠵᠤ ᠨᠢᠳᠤ ᠪᠠᠨ ᠭᠡᠳᠤ ᠢᠷᠮᠠᠵᠤ ᠵᠠᠪᠳᠤᠪᠠ᠃ ᠭᠡᠪᠠᠴᠤ ᠶᠠᠭᠤ ᠴᠤ ᠭᠡᠰᠡᠨ ᠨᠢᠭᠡ ᠵᠠᠬ᠎ᠠ ᠬᠠᠠᠳᠠᠭᠠᠵᠠ ᠬᠤᠳᠠᠯᠳᠤᠴᠢᠬᠠᠯ᠎ᠠ᠂ ᠮᠦᠳᠳᠤ ᠠᠬ᠎ᠠ ᠪᠠᠷᠭᠡᠨ ᠢ ᠢᠷᠡᠭᠦ ᠳᠤ ᠪᠠᠰᠠ 《ᠭᠠᠪᠢᠶᠠᠷᠬᠠᠬᠤ》 ᠶᠠᠭᠤᠮ᠎ᠠ ᠲᠡᠶ ᠪᠣᠯᠤᠯ᠎ᠠ᠃ ᠵᠢᠭᠠᠬᠠᠨ ᠰᠠᠭᠤᠵᠤ ᠨᠤᠮ ᠦᠵᠡᠶ᠎ᠠ ᠯᠠ ᠳ᠋ᠠ᠂ ᠪᠣᠭᠢᠨᠢᠳᠤᠵᠤ ᠥᠭᠦᠭᠦ ᠨᠢ᠃

᠊᠊᠊᠊᠊᠊᠊᠊᠊᠊᠊᠊᠊᠊᠊ ᠳᠤᠱ ᠳᠤᠱ ᠳᠤᠱ ᠳᠤᠱ ᠁ ᠪᠠᠰᠠ ᠨᠢᠭᠡ ᠭᠡᠦᠭᠡᠨ ᠢᠷᠡᠭᠦ ᠨᠢ ᠳ᠋ᠠ᠂ ᠢᠩᠭᠢᠵᠤ ᠱᠠᠯᠠ ᠳᠤᠭᠰᠢᠵᠤ ᠠᠯᠬᠤᠵᠤ ᠪᠠᠢ᠌ᠬᠤ ᠪᠠᠷ ᠡᠮᠡᠭ᠍ᠳᠡᠢ ᠭᠦᠮᠤᠨ ᠪᠣᠯᠬᠤ ᠨᠢ ᠳᠠᠮᠵᠢᠭ ᠦᠭᠡᠶ᠃ ᠪᠢ ᠳᠤᠷᠠᠮᠵᠢᠬᠠᠨ ᠨᠢᠳᠤ ᠡᠷᠭᠦᠪᠠᠯ ᠁  ᠪᠤᠲᠤᠭᠤᠨ ᠤ ᠭᠢ ᠰᠢᠭ ᠭᠦᠭᠡᠷᠦᠭᠦᠨ ᠳᠠᠪᠬᠤᠷ ᠨᠢᠳᠤ ᠨᠢ ᠴᠠᠭᠠᠨ᠎ᠠ ᠪᠠᠨ ᠨᠢᠭᠡ ᠯᠠ ᠡᠭᠡᠯᠢᠳᠡᠢ᠌ᠭᠡᠨ᠂  ᠪᠤᠯᠪᠠᠷᠠᠢ᠌ᠬᠠᠨ ᠴᠠᠭᠠᠨ ᠴᠢᠷᠠᠢ ᠳᠤ ᠨᠢ ᠦᠯᠦ ᠮᠡᠳᠡᠭ᠌ ᠢᠴᠢᠮᠡᠳᠡᠭᠡᠢ ᠪᠠᠢ᠌ᠳᠠᠯ ᠢᠯᠠᠷᠠᠵᠤ᠂ ᠰᠢᠭᠦᠰᠤ ᠳᠤᠰᠤᠯᠤᠮᠠᠷ ᠪᠠᠢ᠌ᠭ᠎ᠠ ᠵᠢᠮᠢᠰ ᠰᠢᠭ ᠰᠠᠢ᠌ᠬᠠᠨ ᠣᠷᠤᠭᠤᠯ ᠨᠢᠳᠤᠨ ᠳᠤ ᠦᠷᠳᠦᠭᠦ ᠳᠤ ᠪᠢ ᠦᠪᠡᠷ ᠤᠨ ᠡᠷᠭᠡ ᠦᠭᠡᠶ ᠬᠤᠷᠳᠤᠬᠠᠨ ᠪᠣᠰᠴᠤ ᠣᠭᠳᠤᠨ ᠣᠴᠢᠬᠤ ᠳᠤ ᠵᠢᠷᠦᠭᠡ ᠭᠦᠴᠦᠳᠡᠢ ᠳᠦᠭ᠍ᠰᠢᠵᠤ ᠡᠭᠢᠯᠡᠪᠡ᠃ ᠪᠠᠶ᠎ᠡ ᠶᠢ ᠨᠢ ᠪᠠᠷᠢᠭᠰᠠᠨ ᠪᠦᠷᠢᠶ᠎ᠡ ᠰᠢᠷᠬᠤᠨᠠᠭ ᠲᠡᠶ ᠴᠡᠩᠭᠡᠷ ᠦᠮᠦᠳᠦᠨ ᠳᠡᠭᠡᠷ᠎ᠡ ᠨᠢᠮᠭᠡᠭᠡᠨ ᠴᠠᠭᠠᠨ ᠬᠠᠠᠳᠠᠭᠠᠵᠠ ᠡᠮᠦᠰᠦᠭ᠍ᠰᠡᠨ ᠨᠢ ᠦᠨᠳᠦᠷ ᠭᠤᠸᠠᠯᠢᠭ ᠪᠠᠶ᠎ᠠ ᠶᠢ ᠨᠢ ᠣᠯᠠᠮ ᠭᠡᠭᠡᠮᠰᠦᠭ᠌ ᠪᠣᠯᠭᠠᠵᠤ ᠵᠠᠭᠠᠮ᠎ᠠ ᠶᠢᠨ ᠶᠢᠠᠨ ᠬᠤᠶᠠᠷ ᠳᠤᠪᠴᠢ ᠶᠢ ᠵᠠᠳᠠᠭᠠᠢ ᠳᠠᠯᠪᠢᠭᠰᠠᠨ ᠤ ᠳᠤᠳᠤᠭᠤᠷ ᠴᠠᠪ ᠴᠠᠭᠠᠨ ᠭᠦᠵᠦᠭᠦᠤ ᠴᠤᠬᠣᠢ᠌ᠬᠤ ᠨᠢ ᠵᠠᠯᠠᠭᠤ ᠭᠡᠦᠭᠡᠨ ᠤ ᠳᠡᠭ᠍ᠵᠢᠨ ᠭᠠᠩᠭ᠋ᠠᠩ ᠢ ᠭᠠᠢ᠌ᠬᠠᠭᠤᠯᠤᠨ᠎ᠠ᠃ ᠰᠠᠪᠬᠠᠨ ᠴᠠᠭᠠᠨ ᠬᠤᠷᠤᠭᠤ ᠪᠠᠷ ᠬᠤᠪᠴᠠᠰᠤ ᠶᠢ ᠢᠮᠡᠷᠭᠦ ᠶᠢᠨ ᠳᠠᠭᠠᠤ ᠵᠠᠷᠢᠮ ᠢ ᠨᠢ ᠡᠮᠤᠨ᠎ᠡ ᠪᠠᠨ ᠪᠠᠷᠢᠵᠤ ᠳᠤᠯᠢᠨ ᠤ ᠡᠮᠤᠨ᠎ᠡ ᠣᠴᠢᠨ᠎ᠡ᠂ ᠳᠠᠭᠢᠭᠠᠤᠨ ᠪᠣᠴᠠᠵᠤ ᠢᠷᠡᠭᠡᠳ ᠥᠭᠡᠷ᠎ᠡ ᠨᠢᠭᠡ ᠶᠢ ᠠᠪᠴᠤ ᠰᠢᠠᠵᠢᠵᠤ ᠦᠵᠡᠨ᠎ᠡ᠃ ᠣᠷᠳᠤ ᠴᠤ ᠦᠭᠡᠶ ᠣᠬᠤᠷ ᠴᠤ ᠦᠭᠡᠶ ᠣᠷᠤᠰᠬᠠᠯ ᠳᠠᠭᠠᠭᠰᠠᠨ ᠭᠡᠵᠢᠭᠡ ᠨᠢ ᠬᠠᠴᠠᠷ ᠢ ᠨᠢ ᠬᠠᠶᠠ ᠬᠠᠯᠬᠠᠯᠠᠵᠤ ᠣᠯᠠᠮ ᠴᠤ ᠨᠢᠭᠤᠴᠠᠭᠠᠢ ᠰᠨᠠᠭᠳᠠᠭᠤᠯᠤᠨ᠎ᠠ᠃ ᠴᠢᠷᠠᠢ ᠮᠢᠨᠢ ᠨᠢᠯᠴᠢᠭᠢᠨᠡᠭᠡᠳ ᠭᠦᠯᠦᠰᠤ ᠴᠢᠭᠢᠭᠯᠡᠭᠦ ᠰᠢᠭ᠌ ᠪᠣᠯᠬᠤ ᠳᠤ ᠪᠢ ᠭᠦᠨ ᠨᠢᠭᠡ ᠠᠮᠢᠰᠬᠤᠵᠤ ᠠᠪᠣᠯ᠎ᠠ᠃ ᠳᠠᠷᠠ ᠭᠡᠨᠡᠳᠲᠡ ᠰᠤᠴᠢᠰᠭᠢᠨ ᠭᠡᠳᠡᠷᠭᠦ ᠬᠠᠷᠠᠭᠰᠠᠨ ᠶᠢᠡᠨ ᠦᠪᠡᠷ ᠡᠴᠠ ᠨᠢ ᠬᠠᠭᠠᠰ ᠳᠤᠯᠤᠭᠠᠢ ᠦᠨᠳᠦᠷ ᠵᠠᠯᠠᠭᠤ ᠭᠦᠮᠤᠨ ᠠᠷᠤ ᠳᠤ ᠨᠢ ᠣᠢ᠌ᠪ ᠤᠢ᠌ᠷ᠎ᠡ ᠵᠤᠭᠰᠤᠴᠢᠬᠠᠭᠠᠤᠨ ᠬᠠᠷᠠᠵᠤ ᠪᠠᠢ᠌ᠭ᠎ᠠ ᠳᠤ ᠰᠤᠴᠢᠭᠰᠠᠨ ᠪᠣᠯᠤᠯᠳᠠᠢ᠂ ᠬᠤᠷᠳᠤᠬᠠᠨ ᠵᠠᠢ᠌ᠯᠠᠵᠤ ᠬᠤᠪᠴᠠᠰᠤ ᠱᠤᠬᠤᠭᠤᠷᠬᠠᠭᠰᠠᠨ ᠭᠦᠮᠤᠨ ᠪᠣᠯᠵᠤ ᠵᠤᠭᠰᠤᠪᠠ᠃ ᠪᠢ ᠭᠦᠮᠤᠨ ᠤ ᠭᠡᠦᠭᠡᠨ ᠢ ᠣᠳᠠᠳᠠᠯ᠎ᠠ ᠮᠠᠯᠠᠷᠠᠨ ᠬᠠᠷᠠᠭᠰᠠᠨ ᠳᠤ ᠪᠠᠨ ᠢᠴᠢᠵᠤ᠄

᠊᠊᠊᠊᠊᠊᠊᠊᠊᠊᠊᠊᠊᠊᠊ ᠳᠤᠭᠤᠭᠰᠠᠨ ᠶᠠᠭᠤᠮ᠎ᠠ ᠦᠭᠡᠶ ᠦᠦ︖ ᠭᠡᠵᠤ ᠳᠦᠩᠭᠡᠵᠢ ᠨᠢᠭᠡ ᠥᠭᠡ ᠣᠯᠵᠤ ᠭᠡᠯᠡᠪᠡ᠃

᠊᠊᠊᠊᠊᠊᠊᠊᠊᠊᠊᠊᠊᠊᠊ ᠡᠨᠡ ᠶᠠᠭᠠᠨ ᠬᠠᠠᠳᠠᠭᠠᠵᠠ ᠶᠢ ᠠᠪᠣᠶ᠎ᠠ︕

᠊᠊᠊᠊᠊᠊᠊᠊᠊᠊᠊᠊᠊᠊᠊ ᠳᠠᠨ ᠳᠤ ᠬᠠᠮᠤᠭ ᠭᠢᠮᠳᠠ ᠪᠠᠷ ᠨᠢ ᠥᠭ᠍ᠴᠢᠭᠡᠶ᠎ᠡ᠂ ᠵᠠᠭᠤᠬᠠᠨ ᠳᠦᠭᠦᠷᠢᠭ᠌᠃ ᠳᠠᠷᠠ ᠵᠤᠭᠤᠰ ᠶᠢᠡᠨ ᠦᠭ‍ᠭᠦᠭᠡᠳ ᠶᠠᠪᠣᠳᠠᠯ᠎ᠠ ᠪᠠᠨ ᠥᠭᠡᠳᠡ ᠡᠴᠠ ᠳᠠᠭᠢᠵᠤ ᠬᠠᠷᠠᠭᠰᠠᠨ ᠦᠭᠡᠶ᠂ ᠪᠣᠳᠤᠪᠠᠯ ᠪᠢ ᠭᠦᠮᠤᠨ ᠢ ᠢᠴᠢᠳᠠᠯ᠎ᠠ ᠨᠢ ᠬᠠᠷᠠᠭᠰᠠᠨ ᠪᠠᠢ᠌ᠯᠭᠦᠢ᠃

ᠵᠠᠯᠠᠭᠤ ᠬᠠᠯᠠᠭᠤᠨ ᠵᠢᠷᠦᠭᠡ ᠮᠢᠨᠢ ᠳᠤᠭᠳᠤᠯᠵᠤ ᠬᠤᠴᠤᠷᠪᠠ᠃ ᠬᠤᠷᠢᠨ ᠭᠡᠳᠤ ᠭᠦᠷᠳᠡᠯ᠎ᠡ ᠪᠠᠨ ᠭᠡᠦᠭᠡᠨ ᠭᠦᠮᠤᠨ ᠳᠤ ᠳᠤᠷᠠᠯᠠᠨ᠎ᠠ ᠭᠡᠭ᠍ᠴᠢ ᠶᠢ ᠰᠠ‍‌ᠶᠢ ᠯᠠ ᠮᠠᠳᠠᠵᠤ᠂ ᠭᠡᠦᠭᠡᠨ ᠭᠦᠮᠤᠨ ᠤ ᠡᠮᠤᠨ᠎ᠡ ᠢᠩᠭᠢᠵᠤ ᠪᠠᠷᠢᠭᠰᠠᠨ ᠳᠠᠯᠪᠢᠭᠰᠠᠨ ᠶᠢᠡᠨ ᠠᠯᠳᠠᠨ᠎ᠠ ᠭᠡᠵᠤ ᠶᠠᠭ ᠪᠣᠳᠤᠭᠰᠠᠨ ᠦᠭᠡᠶ᠃ ᠭᠤᠶᠤ ᠭᠡᠦᠭᠡᠨ ᠴᠤ ᠣᠯᠠᠨ ᠥᠵᠡᠭ᠍ᠰᠡᠨ ᠳ᠋ᠠ᠂ ᠣᠶᠤᠳᠠᠨ ᠪᠠᠢ᠌ᠬᠤ ᠳᠤ ᠭᠡᠦᠭᠡᠡᠴᠦᠳ ᠨᠠᠮ᠎ᠠ ᠶᠢ ᠴᠢᠨᠢ ᠭᠠᠩᠭ᠋ᠠᠩ ᠡᠡᠭᠡ ᠭᠡᠵᠤ ᠡᠷᠭᠦᠵᠤ ᠭᠦᠭᠡᠭᠡᠴᠡᠯᠳᠦᠳᠡᠭ᠌ ᠯᠠ ᠪᠠᠢ᠌ᠭᠰᠠᠨ᠃ ᠭᠡᠳᠡᠯ᠎ᠡ ᠪᠢ ᠳᠤᠭᠤᠨ᠎ᠠ ᠬᠠᠢ᠌ᠷᠠᠯᠠᠨ᠎ᠠ ᠭᠡᠳᠡᠭ᠌ ᠢ ᠶᠠᠷᠤ ᠮᠡᠳᠡᠭᠡ ᠦᠭᠡᠶ᠂ ᠨᠢᠳᠤᠨ ᠳᠤ ᠳᠤᠷᠴᠤ ᠰᠡᠳᠭᠢᠯ ᠳᠤ ᠰᠠᠭᠤᠭᠳᠠᠭᠰᠠᠨ ᠭᠡᠦᠭᠡᠨ ᠴᠤ ᠪᠠᠢ᠌ᠬᠤ ᠦᠭᠡᠶ᠁ ᠭᠡᠳᠡᠯ᠎ᠡ ᠡᠨᠡ ᠭᠡᠦᠭᠡᠨ ᠶᠠᠭᠤ ᠪᠠᠷ ᠶᠢᠡᠨ᠂ ᠶᠠᠭᠠᠭᠢᠬᠤ ᠪᠠᠷ ᠶᠢᠡᠨ ᠮᠢᠨᠤ ᠰᠡᠳᠭᠢᠯ ᠢ ᠳᠤᠭᠳᠤᠯᠳᠠᠯ᠎ᠠ᠂ ᠵᠢᠷᠦᠭᠡ ᠶᠢ ᠴᠠᠴᠠᠷᠳᠠᠯ᠎ᠠ ᠰᠠᠨᠠᠭ᠎ᠠ ᠪᠣᠳᠤᠯ ᠢ ᠰᠠᠮᠠᠭᠠᠷᠳᠠᠭᠤᠯᠤᠭᠠᠤᠨ ᠬᠠᠶᠠᠴᠢᠬᠠᠭ᠎ᠠ ᠪᠣᠢ︖

ᠨᠠᠷ᠎ᠠ ᠶᠢ ᠨᠢ ᠴᠤ ᠠᠰᠠᠭᠤᠭ᠎ᠠ ᠦᠭᠡᠶ᠂ ᠪᠢ ᠳᠠᠩᠴᠢ ᠳᠡᠨᠡᠭ᠌᠂

ᠨᠤᠳᠤᠭ ᠢ ᠨᠢ ᠴᠤ ᠮᠡᠳᠡᠭᠡ ᠦᠭᠡᠶ᠂ ᠪᠢ ᠳᠠᠩᠴᠢ ᠮᠤᠨᠤᠭ︕

ᠵᠢᠰᠤᠨ ᠳᠤ ᠨᠢ ᠮᠡᠯᠡᠷᠡᠭᠡᠳ ᠵᠢᠷᠦᠭᠡᠨ ᠳᠤ ᠪᠠᠨ ᠰᠤᠴᠢᠷᠳᠠᠭᠠᠤᠨ ᠯᠠ ᠁ ᠡᠷᠭᠢᠭᠡᠳ ᠶᠠᠪᠣᠬᠤ ᠳᠤ ᠨᠢ ᠡᠭᠡᠭᠡᠭᠦᠯᠦᠭᠡᠳ ᠳᠠᠭᠤᠳᠠᠳᠠᠭ ᠦᠭᠡᠶ ᠶᠠᠮᠠᠷ ᠭᠦᠮᠤᠨ ᠪᠢᠯᠠ︖ ᠪᠣᠴᠠᠭᠠᠤᠨ ᠡᠨᠡᠭᠦᠷ ᠢᠷᠡᠭᠡᠰᠡᠢ᠂ ᠪᠣᠷᠬᠠᠨ ᠳᠤ ᠪᠠᠨ ᠭᠤᠷᠪᠠ ᠵᠠᠯᠪᠠᠷᠢᠶ᠎ᠠ︕

ᠦᠳᠡ ᠥᠩᠭᠡᠷᠡᠯ᠎ᠡ᠂ ᠣᠷᠤᠢ ᠴᠤ ᠪᠣᠯᠤᠯ᠎ᠠ᠂ ᠳᠠᠷᠠ ᠢᠷᠡᠭ᠍ᠰᠡᠨ ᠦᠭᠡᠶ᠂ ᠢᠷᠠᠨ᠎ᠡ ᠴᠤ ᠭᠡᠵᠢ ᠳ᠋ᠠ᠂ ᠨᠠᠮ᠎ᠠ ᠶᠢ ᠭᠦᠯᠢᠶᠡᠵᠤ ᠪᠠᠢ᠌ᠬᠤ ᠶᠢ ᠳᠠᠷᠠ ᠶᠠᠮᠠᠷ ᠮᠡᠳᠡᠭᠦ ᠪᠢᠰᠢ᠂ ᠮᠢᠨᠤ ᠡᠨᠡ ᠴᠤ ᠶᠤᠰᠤᠳᠠᠢ ᠦᠪᠡᠷ ᠢ ᠪᠠᠨ ᠦᠪᠡᠷ ᠶᠢᠡᠨ ᠰᠠᠭᠠᠳᠠᠭᠤᠯᠤᠭᠰᠠᠨ ᠭᠡᠷᠡᠭ᠌ ᠪᠣᠯᠵᠠᠢ ᠳ᠋ᠠ᠃

᠊᠊᠊᠊᠊᠊᠊᠊᠊᠊᠊᠊᠊᠊᠊ ᠵᠠ ᠳᠡᠭᠦᠤ ᠮᠢᠨᠢ᠂ ᠭᠡᠳᠤᠨ ᠵᠠᠬ᠎ᠠ ᠬᠤᠳᠠᠯᠳᠤᠪᠠ ᠳ᠋ᠠ︖

᠊᠊᠊᠊᠊᠊᠊᠊᠊᠊᠊᠊᠊᠊᠊ ᠭᠤᠷᠪᠠᠬᠠᠨ᠂ ᠳᠡᠭᠡᠭᠡᠳ ᠪᠠᠰᠠ ᠨᠢᠭᠡ ᠶᠢ ᠨᠢ ᠬᠠᠮᠤᠭ ᠳᠤᠤᠷ᠎ᠠ ᠬᠠᠩᠰᠢ ᠪᠠᠷ ᠨᠢ ᠥᠭ᠍ᠴᠢᠭᠡᠭ᠍ᠰᠡᠨ︕

᠊᠊᠊᠊᠊᠊᠊᠊᠊᠊᠊᠊᠊᠊᠊ ᠭᠤᠴᠢ ᠶᠢ ᠴᠤ ᠬᠤᠳᠠᠯᠳᠤᠮᠠᠷ ᠰᠡᠩᠭᠡᠯᠵᠡᠭᠡᠳ ᠪᠠᠢ᠌ᠭᠰᠠᠨ ᠰᠢᠳᠠ︕

᠊᠊᠊᠊᠊᠊᠊᠊᠊᠊᠊᠊᠊᠊᠊ ᠪᠢ ᠳᠠᠷᠠ ᠠᠵᠢᠯ ᠢ ᠴᠢᠨᠢ ᠭᠢᠳᠡᠭ᠌ ᠭᠦᠮᠤᠨ ᠪᠢᠰᠢ᠂ ᠠᠭᠤᠷ ᠢ ᠨᠢ ᠭᠦᠷᠭᠡᠭᠡᠳ ᠶᠠᠪᠣᠭᠤᠯᠴᠢᠬᠠᠬᠤ ᠦᠭᠡᠶ ᠪᠣᠯ ᠢᠴᠢᠭᠡᠭᠡᠳ ᠶᠠᠪᠣᠭᠤᠯᠴᠢᠬᠠᠨ᠎ᠠ︕

᠊᠊᠊᠊᠊᠊᠊᠊᠊᠊᠊᠊᠊᠊᠊ ᠴᠢ ᠮᠠᠭᠤᠬᠠᠢ ᠶᠠᠭᠤᠮ᠎ᠠ ᠶᠠᠷᠢᠪᠠ ᠦᠦ︖ ᠪᠠᠷᠭᠡᠨ ᠨᠠᠮ᠎ᠠ ᠶᠢ ᠪᠣᠷᠤᠭᠤᠤᠠᠬᠠᠨ᠂ ᠪᠠᠰᠠ ᠡᠩᠭᠦᠷᠡᠢ᠌ᠯᠡᠨ ᠰᠢᠷᠳᠠᠪᠠ᠃

᠊᠊᠊᠊᠊᠊᠊᠊᠊᠊᠊᠊᠊᠊᠊ ᠦᠭᠡᠶ ᠯᠠ ᠳ᠋ᠠ᠂ ᠨᠠᠮ᠎ᠠ ᠶᠢ ᠬᠠᠷᠠᠮᠠᠭᠴᠠ ᠭᠡᠦᠭᠡᠡᠴᠦᠳ ᠭᠤᠳ ᠭᠠᠷᠤᠭᠠᠤᠨ ᠭᠦᠶ‍ᠦᠴᠢᠭᠡᠨ᠎ᠡ ᠭᠡᠵᠤ ᠪᠢ ᠠᠯᠢᠶᠠᠯᠠᠪᠠ᠃

᠊᠊᠊᠊᠊᠊᠊᠊᠊᠊᠊᠊᠊᠊᠊ ᠬᠨ ᠬᠨ ᠬᠨ ᠁ ᠠᠬ᠎ᠠ ᠨᠠᠮ᠎ᠠ ᠶᠢ ᠬᠠᠷᠠᠵᠤ ᠢᠨᠢᠶᠡᠭᠡᠳ᠄

᠊᠊᠊᠊᠊᠊᠊᠊᠊᠊᠊᠊᠊᠊᠊ ᠮᠠᠨ ᠤ ᠵᠠᠯᠠᠭᠤ ᠭᠡᠳᠦᠷᠭᠡᠢ ᠭᠤᠶᠤ ᠪᠣᠯᠴᠢᠬᠠᠯ᠎ᠠ ᠰᠢᠪ︕

᠊᠊᠊᠊᠊᠊᠊᠊᠊᠊᠊᠊᠊᠊᠊ ᠢᠱᠢ᠂ ᠮᠡᠳᠡᠭ᠍ᠰᠡᠨ ᠪᠣᠯ ᠨᠢᠭᠤᠷ ᠲᠤ ᠨᠢ ᠬᠠᠷ᠎ᠠ ᠪᠣᠳᠤᠭ ᠴᠤ ᠭᠡᠰᠡᠨ ᠳᠦᠷᠭᠢᠭᠡᠳ ᠶᠠᠪᠣᠭᠤᠯᠬᠤ ᠪᠠᠢ᠌ᠵᠠᠢ ᠭᠡᠳ ᠪᠠᠷᠭᠡᠨ ᠴᠤ ᠢᠨᠢᠶᠠᠨ᠎ᠡ᠃

᠊᠊᠊᠊᠊᠊᠊᠊᠊᠊᠊᠊᠊᠊᠊ ᠬᠠᠷᠢᠨ ᠳᠠ ᠬᠤᠶᠠᠭᠤᠯᠠ ᠪᠢᠳᠡᠭᠡᠢ ᠨᠠᠮ᠎ᠠ ᠶᠢ ᠡᠯᠡᠭᠯᠨ᠂ ᠪᠢ ᠨᠢᠭᠡ ᠭᠤᠶᠤ ᠭᠡᠦᠭᠡᠨ ᠦᠵᠡᠯ᠎ᠠ ᠰᠢᠤ︕

᠊᠊᠊᠊᠊᠊᠊᠊᠊᠊᠊᠊᠊᠊᠊ ᠭᠡᠨ ᠶᠤᠮ︖

᠊᠊᠊᠊᠊᠊᠊᠊᠊᠊᠊᠊᠊᠊᠊ ᠮᠡᠳᠡᠭᠦ ᠦᠭᠡᠶ᠂ ᠪᠢ ᠠᠰᠠᠭᠤᠶ᠎ᠠ ᠴᠤ ᠬᠡ ᠦᠭᠡᠶ ᠪᠠᠷ ᠳᠠᠷᠠ ᠭᠡᠦᠭᠡᠨ ᠶᠠᠪᠣᠴᠢᠬᠠᠭᠰᠠᠨ᠃

᠊᠊᠊᠊᠊᠊᠊᠊᠊᠊᠊᠊᠊᠊᠊ ᠵᠤᠭᠰᠤᠭᠠᠵᠤ ᠠᠪᠣᠭᠠᠤᠨ ᠠᠰᠠᠭᠤᠨ᠎ᠠ ᠪᠢᠵᠠ ᠳ᠋ᠠ᠂ ᠦᠨᠦ ᠭᠡᠷ ᠳᠦᠭᠦᠷᠳᠡᠯ᠎ᠡ ᠦᠬᠢᠳ ᠬᠡᠦᠬᠡᠳ ᠫᠠᠷᠭᠢᠭᠤᠯᠤᠭᠠᠤᠨ ᠪᠠᠢ᠌ᠳᠠᠭ ᠵᠠᠩ ᠴᠢᠨᠢ ᠶᠠᠭᠠᠭᠢᠯ᠎ᠠ︖

᠊᠊᠊᠊᠊᠊᠊᠊᠊᠊᠊᠊᠊᠊᠊ ᠳᠠᠷᠠ ᠴᠢᠨᠢ ᠮᠢᠨᠤ ᠡᠩ ᠤᠨ ᠨᠠᠢ᠌ᠵᠠ ᠨᠡᠷ᠂ ᠭᠡᠳᠡᠯ᠎ᠡ ᠡᠨᠡ ᠣᠳᠠᠭ᠎ᠠ ᠪᠣᠯ ᠠᠳᠠᠯᠢ ᠦᠭᠡᠶ ᠰᠢᠤ︕

᠊᠊᠊᠊᠊᠊᠊᠊᠊᠊᠊᠊᠊᠊᠊ ᠳᠠᠭᠢᠭᠠᠤᠨ ᠠᠭᠤᠯᠵᠠᠬᠤ ᠯᠠ ᠪᠠᠢ᠌ᠯᠭᠦᠢ᠂ ᠢᠷᠦᠭᠡᠯ ᠲᠡᠶ ᠪᠣᠯ ᠠᠭᠤᠯᠵᠠᠵᠤ ᠢᠷᠤᠭᠠᠷ ᠲᠡᠶ ᠪᠣᠯ ᠳᠤᠭᠳᠠᠨ᠎ᠠ ᠪᠢᠵᠡ︕ ᠭᠡᠵᠤ ᠪᠠᠷᠭᠡᠨ ᠠᠬ᠎ᠠ ᠶᠢᠨ ᠮᠦᠷᠤ ᠶᠢ ᠪᠠᠵᠠᠯᠠᠬᠤ ᠵᠠᠭᠤᠷ᠎ᠠ ᠶᠠᠷᠢᠨ᠎ᠠ᠃

᠊᠊᠊᠊᠊᠊᠊᠊᠊᠊᠊᠊᠊᠊᠊ ᠳᠠᠭᠢᠭᠠᠤᠨ ᠴᠤ ᠭᠡᠵᠤ ᠳ᠋ᠠ᠂ ᠬᠠᠮᠢᠭ᠎ᠠ ᠡᠴᠠ ᠭᠡᠵᠤ ᠡᠷᠢᠭᠦ ᠪᠣᠢ ᠳᠠᠷᠠ ᠶᠢ ᠴᠢᠨᠢ︕

᠊᠊᠊᠊᠊᠊᠊᠊᠊᠊᠊᠊᠊᠊᠊ ᠵᠤᠷᠢᠭ ᠪᠠᠢ᠌ᠪᠠᠯ ᠵᠤᠷᠢᠭᠰᠠᠨ ᠳᠤ ᠪᠠᠨ᠂ ᠪᠢ ᠪᠠᠷᠭᠡᠨ ᠢ ᠴᠢᠨᠢ ᠭᠦᠭᠡᠭᠡᠴᠡᠯᠳᠦᠭᠦ ᠦᠶ᠎ᠡ ᠳᠤ᠁

᠊᠊᠊᠊᠊᠊᠊᠊᠊᠊᠊᠊᠊᠊᠊ ᠪᠦᠷ ᠯᠠ ᠪᠢ ᠴᠢᠮ᠎ᠠ ᠶᠢ ᠡᠷᠢᠳᠡᠭ᠌ ᠰᠢᠳᠠ︕ ᠪᠠᠰᠠ ᠭᠠᠪᠢᠶ᠎ᠠ ᠪᠣᠯᠴᠢᠬᠠᠪᠠ ᠦᠦ︖

᠊᠊᠊᠊᠊᠊᠊᠊᠊᠊᠊᠊᠊᠊᠊ ᠭᠦᠢ᠂ ᠨᠠᠮᠤᠭᠤᠬᠠᠨ ᠳᠠᠷᠤ︕ ᠴᠢ ᠴᠢᠨᠢ ᠳᠡᠭᠦᠤ ᠳᠤ ᠪᠠᠨ ᠠᠪᠴᠢᠷᠠᠭᠰᠠᠨ ᠭᠠᠯᠰᠲ᠋ᠤᠺ ᠶᠢᠡᠨ ᠥᠭ᠌ ᠳ᠋ᠠ︕

᠊᠊᠊᠊᠊᠊᠊᠊᠊᠊᠊᠊᠊᠊᠊ ᠰᠠᠢ᠌ᠬᠠᠨ ᠭᠠᠯᠰᠲ᠋ᠤᠺ ᠪᠠᠢ᠌ᠨ᠎ᠠ᠂ ᠳᠠᠯᠠᠷᠬᠠᠯ᠎ᠠ︕ ᠬᠠᠰᠢᠯᠠ ᠪᠠᠷᠭᠡᠨ ᠶᠠᠭᠤᠮ᠎ᠠ ᠳᠠᠨᠢᠨ᠎ᠠ᠃

᠊᠊᠊᠊᠊᠊᠊᠊᠊᠊᠊᠊᠊᠊᠊ ᠭᠡᠳᠡᠯ᠎ᠡ ᠮᠢᠨᠤ ᠳᠡᠭᠦᠤ ᠳᠤᠩ ᠠᠷᠪᠢᠨ ᠬᠤᠪᠴᠠᠰᠤ ᠬᠤᠳᠠᠯᠳᠤᠯ᠎ᠠ ᠰᠢᠤ᠃

᠊᠊᠊᠊᠊᠊᠊᠊᠊᠊᠊᠊᠊᠊᠊ ᠪᠢ ᠳᠠᠷᠠᠭ᠎ᠠ ᠣᠳᠠᠭ᠎ᠠ ᠨᠥᠭᠦᠵᠤ ᠬᠤᠳᠠᠯᠳᠤᠵᠤ ᠦᠭ‍ᠭᠦᠶ᠎ᠡ︕

᠊᠊᠊᠊᠊᠊᠊᠊᠊᠊᠊᠊᠊᠊᠊ ᠪᠣᠯᠵᠠᠢ ᠡ ᠭᠦᠢ︕ ᠴᠢᠮ᠎ᠠ ᠶᠢ ᠰᠠᠭᠤᠯᠭᠠᠬᠤ ᠶᠢᠨ ᠣᠷᠤᠨ ᠳᠤ ᠭᠠᠢ᠌ᠭᠣᠢ᠌ᠬᠠᠨ ᠨᠢᠭᠡ ᠮᠠᠨᠠᠭᠤᠯ ᠣᠯᠤᠭᠠᠤᠨ ᠳᠠᠯᠪᠢᠴᠢᠬᠠᠠᠪᠠᠯ ᠳᠡᠭᠡᠷ᠎ᠡ︕

᠊᠊᠊᠊᠊᠊᠊᠊᠊᠊᠊᠊᠊᠊᠊ ᠬᠨ ᠬᠨ ᠬᠨ ᠁

᠊᠊᠊᠊᠊᠊᠊᠊᠊᠊᠊᠊᠊᠊᠊ ᠬᠨ ᠬᠨ ᠬᠨ ᠁

ᠪᠢ ᠰᠦᠨᠢ ᠨᠣᠢ᠌ᠷ ᠬᠤᠯᠵᠢᠴᠢᠬᠠᠯ᠎ᠠ᠃ ᠭᠡᠭᠡᠪᠴᠢ ᠪᠠᠷ ᠳᠤᠰᠤᠭᠰᠠᠨ ᠰᠠᠷᠠᠨ ᠤ ᠭᠡᠷᠡᠯ ᠦᠷᠦᠭᠡ ᠶᠢ ᠭᠡᠢ᠌ᠭᠦᠯᠭᠦ ᠳᠤ ᠭᠤᠨᠢᠭ ᠪᠦᠷᠭᠦᠭ᠍ᠰᠡᠨ ᠰᠡᠳᠭᠢᠯ ᠢ ᠮᠢᠨᠢ ᠭᠡᠢ᠌ᠭᠦᠯᠵᠤ ᠶᠠᠭᠠᠭᠢᠭᠰᠠᠨ ᠴᠤ ᠳᠡᠢ᠌ᠯᠭᠦ ᠦᠭᠡᠶ ᠪᠠᠢ᠌ᠪᠠ᠃ ᠣᠷᠪᠠᠨ ᠭᠦᠷᠪᠠᠨ ᠣᠯᠠᠨ ᠢ ᠪᠣᠳᠤᠬᠤ ᠳᠤ ᠣᠭᠤᠷᠠᠭ ᠳᠠᠷᠢᠭᠢᠨ ᠳᠤ ᠳᠡᠭᠦᠨ ᠤ ᠳᠦᠷᠢ ᠰᠡᠢ᠌ᠯᠦᠭ᠍ᠳᠡᠭ᠍ᠰᠡᠨ ᠰᠢᠭ᠌ ᠳᠤᠳᠤᠷᠠᠵᠤ ᠵᠢᠷᠤᠭ ᠠᠳᠠᠯᠢ ᠪᠦᠷᠳᠦᠯᠵᠡᠨ ᠥᠩᠭᠡᠷᠡᠭᠦ ᠳᠤ ᠨᠠᠷ᠎ᠠ ᠦᠭᠡᠶ ᠣᠰᠤ ᠦᠭᠡᠶ ᠨᠢᠭᠡᠨ ᠬᠠ‍‌ᠶ‍ᠢᠭ ᠰᠡᠳᠭᠢᠯ ᠢ ᠵᠤᠪᠠᠭᠠᠨ᠎ᠠ᠃ ᠦᠷᠯᠦᠭᠡ ᠡᠷᠳᠡᠭᠡᠨ ᠪᠣᠰᠴᠤ ᠪᠠᠷᠭᠡᠨ ᠳᠤ ᠳᠡᠷᠡᠭᠦ ᠭᠡᠦᠭᠡᠨ ᠢ ᠰᠤᠷᠠᠭᠯᠠᠵᠤ ᠦᠭ‍ᠭᠦ ᠶᠢ ᠨᠠᠢ᠌ᠳᠠᠪᠠᠯ᠄

᠊᠊᠊᠊᠊᠊᠊᠊᠊᠊᠊᠊᠊᠊᠊ ᠳᠠᠯᠠᠢ ᠡᠴᠠ ᠳᠠᠪᠠᠨ᠎ᠡ ᠱᠥᠭᠦᠨ᠎ᠡ ᠭᠡᠭ᠍ᠴᠢ ᠁ ᠶᠡᠮᠡᠷ ᠵᠢᠰᠤ ᠲᠡᠶ ᠶᠢ ᠨᠢ ᠶᠠᠷᠢᠯ ᠳ᠋ᠠ᠃

ᠪᠢ ᠴᠢᠳᠠᠬᠤ ᠶᠢᠨ ᠴᠢᠨᠡᠭᠡ ᠪᠠᠷ ᠶᠢᠡᠨ ᠠᠮᠢᠳᠤ ᠳᠦᠷᠰᠦᠯᠢᠭ᠌ ᠶᠠᠷᠢᠵᠤ ᠳᠠᠷᠠ ᠭᠡᠦᠭᠡᠨ ᠢ ᠨᠢᠳᠤᠨ ᠳᠤ ᠥᠵᠡᠭ᠍ᠳᠡᠵᠤ ᠭᠠᠷ ᠲᠤ ᠪᠠᠷᠢᠭᠳᠠᠮ᠎ᠠ ᠵᠢᠷᠤᠭᠯᠠᠳᠠᠯ᠎ᠠ ᠪᠠᠷᠭᠡᠨ ᠭᠡᠰᠡᠭ᠌ ᠮᠠᠯᠠᠷᠠᠵᠤ ᠭᠡᠰᠡᠭ᠌ ᠭᠦᠯᠥᠢᠵᠤ᠂ ᠭᠡᠰᠡᠭ᠌ ᠢᠨᠢᠶᠠᠵᠤ ᠡᠴᠦᠰ ᠲᠤ ᠨᠢ ᠳᠤᠯᠤᠭᠠᠢ ᠰᠠᠵᠢᠵᠤ ᠳᠡᠭᠡᠭ᠍ᠰᠢ ᠵᠢᠭᠠᠭᠠᠤᠨ᠄

᠊᠊᠊᠊᠊᠊᠊᠊᠊᠊᠊᠊᠊᠊᠊ ᠳᠠᠭᠢᠨᠢ ᠦᠦ︖ ᠭᠡᠵᠤ ᠨᠢᠭᠡᠯᠡ ᠥᠭᠡ ᠭᠡᠯᠡᠪᠡ᠃ ᠪᠢ ᠵᠠᠯᠭᠠᠭᠠᠤᠨ ᠶᠠᠭᠤ ᠴᠤ ᠶᠠᠷᠢᠵᠤ ᠴᠢᠳᠠᠭᠰᠠᠨ ᠦᠭᠡᠶ᠃ ᠥᠨᠡᠭᠡᠷ ᠳᠠᠭᠢᠨᠢ ᠴᠤ ᠪᠣᠯᠤᠭᠰᠠᠨ ᠪᠣᠯ ᠳ᠋ᠠ᠂ ᠪᠢ ᠢᠩᠭᠢᠵᠤ ᠵᠤᠪᠠᠵᠤ ᠰᠢᠨᠠᠯᠵᠤ ᠰᠠᠭᠤᠬᠤ ᠦᠭᠡᠶ ᠪᠢᠰᠢᠤ ᠁


(ᠬᠤᠶᠠᠷ)


ᠭᠡᠳᠤᠨ ᠡᠳᠦᠷ ᠪᠣᠯᠴᠢᠬᠠᠯ᠎ᠠ᠃ ᠪᠢ ᠨᠤᠮ ᠤᠨ ᠰᠠᠩ ᠳᠤ ᠰᠡᠳᠭᠦᠯ ᠣᠷᠪᠠᠭᠤᠯᠵᠤ ᠰᠠᠭᠤᠳᠠᠯ᠎ᠠ ᠭᠡᠳᠤᠨ ᠭᠦᠮᠤᠨ ᠤ ᠶᠠᠷᠢᠯᠴᠠᠬᠤ ᠳᠠᠭᠤᠨ ᠳᠡᠷᠳᠡᠭᠡ ᠡᠴᠠ ᠳᠤᠭᠤᠯᠳᠠᠪᠠ᠃ ᠨᠤᠮ ᠤᠨ ᠰᠠᠩ ᠳᠤ ᠶᠠᠷᠤᠨᠢ ᠢᠩᠭᠢᠵᠤ ᠳᠡᠭᠡᠷ᠎ᠡ ᠳᠠᠭᠤᠨ ᠶᠢᠡᠷ ᠶᠠᠷᠢᠬᠤ ᠦᠭᠡᠶ ᠯᠠ ᠪᠠᠢ᠌ᠳᠠᠭ ᠰᠢᠳᠠ᠃ ᠭᠡᠨ ᠨᠢ ᠢᠩᠭᠢᠵᠤ ᠳᠡᠭᠡᠷ᠎ᠡ ᠭᠦᠭ᠌ ᠶᠢᠡᠷ ᠶᠠᠷᠢᠵᠤ ᠪᠠᠢ᠌ᠭ᠎ᠠ ᠪᠢᠯᠠ︖ ᠪᠢ ᠳᠤᠷ᠎ᠠ ᠥᠭᠡᠢ᠌ᠴᠡᠨ ᠬᠠᠷᠠᠪᠠᠯ ᠨᠤᠮ ᠤᠨ ᠰᠠᠩ ᠤᠨ ᠵᠤᠭᠤᠰ ᠬᠤᠷᠢᠶᠠᠭᠴᠢ ᠪᠦᠰᠡᠭᠦᠢ᠄

᠊᠊᠊᠊᠊᠊᠊᠊᠊᠊᠊᠊᠊᠊᠊ ᠳᠠᠢ᠌ᠮᠤ ᠡ︕ ᠳᠠᠷᠠ ᠳᠠᠯᠠᠨ ᠳᠦᠭᠦᠷᠢᠭ᠌ ᠤᠨ ᠨᠤᠮ ᠠᠪᠣᠭᠰᠠᠨ ᠳᠤᠯᠠ ᠪᠢ ᠳᠡᠭᠦᠨ ᠳᠤ ᠭᠤᠴᠢᠨ ᠳᠦᠭᠦᠷᠢᠭ᠌ ᠪᠣᠴᠠᠭᠠᠪᠠᠯ ᠪᠣᠯᠴᠢᠬᠠᠨ᠎ᠠ᠂ ᠭᠡᠳᠡᠯ᠎ᠡ ᠪᠢ ᠡ᠊ᠨᠳᠡᠭᠦᠷᠡᠭᠡᠳ ᠭᠡᠳᠡᠷᠭᠦ ᠪᠠᠨ ᠳᠡᠭᠦᠨ ᠳᠤ ᠳᠠᠯᠠᠨ ᠳᠦᠭᠦᠷᠢᠭ᠌ ᠥᠭ᠍ᠴᠢᠭᠡᠵᠡᠢ︕

᠊᠊᠊᠊᠊᠊᠊᠊᠊᠊᠊᠊᠊᠊᠊ ᠣᠳᠤ ᠴᠤ ᠪᠠᠷᠠᠵᠠᠢ︕ ᠬᠤᠷᠳᠤᠬᠠᠨ ᠭᠠᠷᠤᠭᠠᠤᠨ ᠶᠠᠪᠣᠴᠢᠬᠠᠭᠰᠠᠨ ᠪᠠᠢ᠌ᠭᠰᠠᠨ ᠴᠢᠨᠢ ᠁ ᠭᠡᠨ ᠳᠦᠴᠢᠨ ᠳᠦᠭᠦᠷᠢᠭ᠌ ᠵᠦᠪ ᠵᠥᠭᠡᠷ ᠣᠯᠴᠢᠬᠠᠬᠤ ᠳᠤ ᠳᠤᠷ᠎ᠠ ᠦᠭᠡᠶ ᠪᠣᠢ︖ ᠪᠢ ᠪᠣᠯᠬᠤ ᠳᠤ ᠠᠮᠠᠨ ᠳᠤ ᠣᠷᠤᠭᠰᠠᠨ ᠠᠯᠠᠭ ᠮᠢᠬ᠎ᠠ ᠶᠢ ᠭᠡᠯᠡ ᠪᠠᠷ ᠶᠢᠡᠨ ᠲᠦᠯᠭᠢᠭᠦ ᠦᠭᠡᠶ︕ ᠨᠥᠭᠦᠭᠡ ᠨᠢᠭᠡ ᠭᠡᠦᠭᠡᠨ ᠨᠢ ᠢᠩᠭᠢᠵᠤ ᠥᠭᠡᠯᠡᠨ᠎ᠡ᠃

᠊᠊᠊᠊᠊᠊᠊᠊᠊᠊᠊᠊᠊᠊᠊ ᠣᠳᠤ ᠪᠢ ᠣᠷᠤᠢ ᠳᠠᠩᠰᠠ ᠪᠣᠳᠤᠬᠤ ᠦᠶ᠎ᠡ ᠳᠤ ᠥᠪᠠᠷᠳᠡᠭᠡᠨ ᠲᠦᠯᠦᠭᠦ ᠯᠠ ᠭᠡᠷᠡᠭ᠌ ᠦᠦ︖ ᠶᠤᠰᠤᠳᠠᠢ ᠁ ᠠᠢ︕

᠊᠊᠊᠊᠊᠊᠊᠊᠊᠊᠊᠊᠊᠊᠊ ᠰᠠᠢ᠌ᠬᠠᠨ ᠪᠣᠳᠤᠬᠤ ᠦᠭᠡᠶ ᠶᠠᠭᠤᠨ ᠳᠤ ᠶᠠᠭᠠᠷᠠᠭᠰᠠᠨ ᠪᠣᠢ︖ ᠶᠠᠭᠤ ᠪᠣᠳᠤᠭᠠᠤᠨ ᠪᠠᠢ᠌ᠭᠰᠠᠨ ᠪᠣᠢ︖

᠊᠊᠊᠊᠊᠊᠊᠊᠊᠊᠊᠊᠊᠊᠊ ᠳᠠᠯᠠᠨ ᠳᠦᠭᠦᠷᠢᠭ᠌ ᠭᠡᠵᠤ ᠪᠣᠳᠤᠵᠤ ᠪᠠᠢ᠌ᠭᠰᠠᠭᠠᠷ ᠁

᠊᠊᠊᠊᠊᠊᠊᠊᠊᠊᠊᠊᠊᠊᠊ ᠳᠠᠨᠠᠷ ᠪᠠᠬᠠᠨ ᠳᠤᠤᠷ᠎ᠠ ᠳᠠᠭᠤ ᠪᠠᠷ ᠶᠠᠷᠢᠪᠠᠯ ᠶᠠᠮᠠᠷ︖

ᠮᠢᠨᠤ ᠬᠠᠵᠠᠭᠤ ᠳᠤ ᠨᠤᠮ ᠦᠵᠡᠵᠤ ᠪᠠᠢ᠌ᠭᠰᠠᠨ ᠡᠷᠡᠭ᠍ᠳᠡᠢ ᠳᠠᠳᠠᠨ ᠤ ᠶᠠᠷᠢᠯᠴᠠᠭ᠎ᠠ ᠶᠢ ᠳᠠᠰᠤᠯᠪᠠ᠃ ᠣᠤᠯ ᠨᠢ ᠡᠢ᠌ᠮᠤ ᠣᠴᠢᠷ ᠪᠠᠢ᠌ᠵᠠᠢ᠃ ᠥᠨᠡᠭᠡᠷ ᠴᠤ ᠳ᠋ᠠ᠂ ᠣᠯᠬᠤ ᠡᠴᠠ ᠥᠩᠭᠡᠷᠡᠭ᠍ᠰᠡᠨ ᠵᠤᠭᠤᠰ ᠪᠣᠯᠴᠢᠬᠠᠵᠠᠢ ᠪᠠ︖ ᠪᠢ ᠢᠨᠢᠶᠠᠳᠤ ᠭᠦᠷᠴᠤ ᠰᠠᠭᠤᠪᠠ᠃ ᠭᠡᠨᠡᠳᠲᠡ ᠠᠰᠠᠷ ᠤᠨ ᠱᠠᠳᠤ ᠪᠠᠷ ᠳᠦᠴᠢᠭᠢᠨᠠᠳᠠᠯ᠎ᠠ ᠭᠦᠶ‍ᠦᠭᠦ ᠴᠢᠮᠡᠭᠡ᠂ ᠵᠠᠯᠭᠠᠭᠠᠤᠨ᠄

᠊᠊᠊᠊᠊᠊᠊᠊᠊᠊᠊᠊᠊᠊᠊ ᠡᠭᠡᠴᠢ ᠡ︕ ᠭᠡᠭᠦ ᠰᠠᠠᠳᠤᠷᠤᠩᠭ᠋ᠤᠢ ᠳᠠᠭᠤᠨ ᠳᠤᠭᠤᠯᠳᠠᠬᠤ ᠳᠤ ᠪᠦᠭᠦᠳᠡᠭᠡᠷ ᠡᠭᠦᠳᠡᠨ ᠵᠥᠭ᠌ ᠬᠠᠷᠠᠪᠠ᠃

᠊᠊᠊᠊᠊᠊᠊᠊᠊᠊᠊᠊᠊᠊᠊ ᠳᠠ ᠨᠠᠳᠠᠳᠤ ᠢᠯᠡᠭᠦᠤ ᠪᠣᠴᠠᠭᠠᠭᠠᠤᠨ ᠥᠭ᠍ᠴᠢᠭᠡᠵᠡᠢ︕ ᠦᠵᠡ︕ ᠪᠢ ᠴᠢᠨᠢ ᠠᠩᠵᠠᠭᠠᠷᠠᠭᠰᠠᠨ ᠴᠤ ᠦᠭᠡᠶ᠂ ᠰᠠᠶ‍ᠢᠬᠠᠨ ᠳᠡᠷᠭᠡ ᠳᠠᠭᠤᠳᠠᠬᠤ ᠭᠡᠳ ᠮᠠᠳᠠᠯ᠎ᠠ᠃ ᠮᠠᠭᠤᠬᠠᠢ ᠪᠣᠯᠤᠯ᠎ᠠ︕ ᠭᠡᠵᠤ ᠠᠮᠢᠰᠬᠤᠬᠤ ᠶᠢᠨ ᠵᠠᠪ ᠦᠭᠡᠶ ᠭᠡᠯᠡᠭᠦ ᠨᠢ ᠥᠭᠡᠷ᠎ᠡ ᠭᠦᠮᠤᠨ ᠪᠢᠰᠢ᠂ ᠶᠠᠭ ᠮᠢᠨᠤ ᠪᠣᠳᠤᠯᠭ᠎ᠠ ᠵᠡᠭᠦᠳᠤᠨ ᠡᠴᠠ ᠭᠠᠷᠳᠠᠭ ᠦᠭᠡᠶ ᠦᠨᠦ ᠭᠡᠦᠭᠡᠨ ᠪᠠᠢ᠌ᠯ᠎ᠠ᠃ ᠪᠢ ᠠᠯᠠᠰᠭᠢᠨ ᠪᠠᠶᠠᠷᠯᠠᠵᠤ ᠬᠠᠵᠠᠭᠤ ᠳᠤ ᠨᠢ ᠭᠦᠷᠦᠭ᠍ᠰᠡᠨ ᠴᠤ ᠥᠭᠡ ᠭᠡᠯᠡᠭᠦ ᠵᠠᠪ ᠣᠯᠳᠠᠭᠰᠠᠨ ᠦᠭᠡᠶ᠃ ᠳᠡᠭᠦᠨ ᠲᠡᠶ ᠠᠭᠤᠯᠵᠠᠬᠤ ᠬᠤᠪᠢ ᠢᠷᠦᠭᠡᠯ ᠲᠡᠶ ᠪᠠᠢ᠌ᠭᠰᠠᠨ ᠳᠤ ᠪᠠᠨ ᠪᠢ ᠪᠠᠶᠠᠷᠯᠠᠨ᠎ᠠ᠃ ᠳᠡᠭᠦᠨ ᠤ ᠰᠠᠢ᠌ᠬᠠᠨ ᠰᠡᠳᠭᠢᠯ ᠳᠤ ᠨᠢ ᠨᠠᠩ ᠴᠤ ᠪᠠᠶᠠᠷᠯᠠᠨ᠎ᠠ᠃ ᠶᠠᠭᠠᠭᠢᠵᠤ ᠯᠠ ᠶᠠᠭᠠᠷᠠᠵᠤ ᠪᠠᠴᠢᠮᠳᠠᠵᠤ ᠭᠦᠶ‍ᠦᠭ᠍ᠰᠡᠨ ᠶᠤᠮ ᠳ᠋ᠠ᠂ ᠭᠦᠭᠡᠷᠦᠭᠦᠢ ᠮᠢᠨᠢ︕ ᠴᠡᠭᠡᠵᠢ ᠳᠦᠭᠦᠷᠭᠦ ᠨᠢ ᠴᠤ ᠨᠠᠮᠳᠠᠭ᠎ᠠ ᠦᠭᠡᠶ᠂ ᠨᠢᠮᠭᠡᠨ ᠴᠠᠭᠠᠨ ᠴᠢᠷᠠᠢ ᠨᠢ ᠣᠪ ᠣᠯᠠᠢ᠌ᠵᠤ ᠬᠠᠮᠠᠷ ᠳᠡᠭᠡᠷ᠎ᠡ ᠨᠢ ᠭᠦᠯᠦᠰᠤ ᠪᠣᠷᠵᠠᠢ᠌ᠨ᠎ᠠ᠃ ᠪᠢ ᠳᠡᠭᠦᠨ ᠤ ᠬᠠᠢ᠌ᠷᠠᠯᠠᠯᠳᠠᠢ ᠳᠦᠷᠢ ᠶᠢ ᠥᠵᠡᠭᠡᠳ ᠲᠡᠷᠡᠭᠡᠨ ᠬᠤᠷᠤᠮ ᠳᠡᠪᠠᠷᠢᠭᠡᠳ ᠥᠨᠦᠰᠴᠢᠭᠡᠮᠡᠷ ᠰᠠᠨᠠᠭᠳᠠᠯ᠎ᠠ ᠁

᠊᠊᠊᠊᠊᠊᠊᠊᠊᠊᠊᠊᠊᠊᠊ ᠠᠶ᠎ᠠ︕ ᠳᠡᠭᠦᠤ ᠮᠢᠨᠢ︕ ᠳᠠ ᠶᠠᠭᠠᠭᠢᠭᠰᠠᠨ ᠰᠠᠢ᠌ᠨ ᠭᠦᠮᠤᠨ ᠪᠣᠢ︖ ᠪᠢ ᠶᠠᠭ ᠳᠠᠷᠠ ᠳᠤᠬᠠᠢ ᠰᠠᠨᠠᠭ᠎ᠠ ᠪᠣᠯᠵᠤ ᠪᠠᠢ᠌ᠭᠰᠠᠨ ᠰᠢᠤ︕ ᠬᠠᠷᠢᠨ ᠳᠠᠨ ᠢ ᠭᠦᠷᠭᠡᠭᠡᠳ ᠢᠷᠠᠨ᠎ᠡ ᠭᠡᠵᠤ ᠰᠠᠨᠠᠭᠰᠠᠨ ᠦᠭᠡᠶ︕ ᠭᠡᠵᠤ ᠳᠠᠷᠠ ᠪᠦᠰᠡᠭᠦᠢ ᠭᠡᠦᠭᠡᠨ ᠤ ᠭᠠᠷ ᠡᠴᠠ ᠪᠠᠷᠢᠵᠤ ᠳᠤᠭᠳᠤᠯᠤᠨ ᠶᠠᠷᠢᠨ᠎ᠠ᠃

᠊᠊᠊᠊᠊᠊᠊᠊᠊᠊᠊᠊᠊᠊᠊ ᠳᠠ ᠢᠩᠭᠢᠵᠤ ᠭᠡᠯᠡᠭᠦ ᠭᠡᠷᠡᠭ᠌ ᠦᠭᠡᠶ᠂ ᠡᠭᠡᠴᠢ ᠡ︕ ᠮᠢᠨᠤ ᠭᠢᠨᠠᠮᠠᠭᠠᠢ ᠦᠭᠡᠶ ᠡᠴᠠ ᠪᠣᠯᠤᠭᠠᠤᠨ ᠳᠠᠨ ᠢ ᠵᠥᠭᠡᠷ ᠰᠠᠠᠳᠤᠷᠭᠠᠴᠢᠬᠠᠯ᠎ᠠ︕

᠊᠊᠊᠊᠊᠊᠊᠊᠊᠊᠊᠊᠊᠊᠊ ᠶᠠᠭᠤ ᠭᠡᠰᠡᠨ ᠥᠭᠡ ᠪᠣᠢ︖ ᠳᠡᠭᠦᠤ ᠮᠢᠨᠢ︕ ᠳᠠᠯᠠᠷᠬᠠᠵᠤ ᠪᠠᠢ᠌ᠨ᠎ᠠ︕ ᠶᠠᠮᠠᠷ ᠨᠠᠷ᠎ᠠ ᠲᠡᠶ ᠪᠢᠯᠠ︖

᠊᠊᠊᠊᠊᠊᠊᠊᠊᠊᠊᠊᠊᠊᠊ ᠪᠢ ᠬᠤᠨ ᠭᠡᠳᠡᠭ᠌︕ ᠳᠠ ᠡᠷᠡᠭᠡᠯᠡᠭᠦ ᠭᠡᠷᠡᠭ᠌ ᠦᠭᠡᠶ︕ ᠪᠢ ᠶᠠᠪᠣᠯ᠎ᠠ︕

᠊᠊᠊᠊᠊᠊᠊᠊᠊᠊᠊᠊᠊᠊᠊ ᠡᠨ᠂ ᠬᠤᠨ ᠁ ᠪᠠᠶᠠᠷᠳᠠᠢ︕

ᠪᠢ ᠠᠰᠠᠷ ᠤᠨ ᠱᠠᠳᠤ ᠪᠠᠷ ᠳᠡᠭᠦᠨ ᠲᠡᠶ ᠵᠡᠷᠭᠡᠴᠡᠨ ᠪᠠᠭᠤᠬᠤ ᠳᠤ ᠪᠠᠨ᠄

᠊᠊᠊᠊᠊᠊᠊᠊᠊᠊᠊᠊᠊᠊᠊ ᠨᠠᠮ᠎ᠠ ᠶᠢ ᠳᠠᠨᠢᠵᠤ ᠪᠠᠢ᠌ᠨ᠎ᠠ ᠦᠦ︖ ᠭᠡᠪᠡ᠃

᠊᠊᠊᠊᠊᠊᠊᠊᠊᠊᠊᠊᠊᠊᠊ ᠳᠠᠨᠢᠵᠤ ᠪᠠᠢ᠌ᠨ᠎ᠠ︕ ᠭᠡᠳ ᠳᠠᠷᠠ ᠢᠨᠢᠶᠠᠵᠤ᠄

᠊᠊᠊᠊᠊᠊᠊᠊᠊᠊᠊᠊᠊᠊᠊ ᠪᠢ ᠳᠠᠨ ᠡᠴᠠ ᠡᠨᠡ ᠬᠠᠠᠳᠠᠭᠠᠵᠠ ᠶᠢ ᠬᠤᠳᠠᠯᠳᠤᠵᠤ ᠠᠪᠣᠭᠰᠠᠨ ᠰᠢᠳᠠ︕ ᠁ ᠬᠠᠷᠢᠨ ᠳᠡᠷᠡ ᠳᠡᠯᠭᠡᠭᠦᠷ ᠤᠨ ᠡᠵᠡᠨ ᠳᠠᠨ ᠤ ᠰᠠᠳᠤᠨ ᠪᠣᠯᠳᠠᠭ ᠦᠦ︖ ᠠᠬ᠎ᠠ ᠳᠠᠨ ᠢ ᠭᠡᠨ ᠭᠡᠳᠡᠭ᠌ ᠪᠢᠯᠠ︖

᠊᠊᠊᠊᠊᠊᠊᠊᠊᠊᠊᠊᠊᠊᠊ ᠰᠠᠯᠭᠢᠴᠢ ᠭᠡᠳᠡᠭ᠌︕ ᠮᠢᠨᠤ ᠠᠬ᠎ᠠ ᠶᠢᠨ ᠳᠡᠯᠭᠡᠭᠦᠷ ᠶᠤᠮ᠃ ᠪᠢ ᠳᠠᠨ ᠤ ᠨᠠᠷ᠎ᠠ ᠶᠢ ᠴᠢᠨᠢ ᠴᠤ ᠠᠰᠠᠭᠤᠭᠰᠠᠨ ᠦᠭᠡᠶ ᠭᠡᠳ ᠶᠡᠭᠡ ᠬᠠᠷᠠᠮᠰᠠᠵᠤ ᠪᠠᠢ᠌ᠭᠰᠠᠨ᠂ ᠦᠨᠦᠳᠤᠷ ᠬᠠᠷᠢᠨ ᠰᠠᠨᠠᠮᠰᠠᠷ ᠦᠭᠡᠶ ᠡ᠊ᠨᠳᠡ ᠣᠴᠠᠷᠠᠴᠢᠬᠠᠯ᠎ᠠ᠂ ᠳᠠ ᠬᠠᠮᠢᠭ᠎ᠠ ᠠᠵᠢᠯᠯᠠᠳᠠᠭ ᠪᠣᠢ︖

᠊᠊᠊᠊᠊᠊᠊᠊᠊᠊᠊᠊᠊᠊᠊ ᠪᠢ xxx ᠳᠤ ᠠᠵᠢᠯᠯᠠᠳᠠᠭ᠃ ᠳᠠ︖

᠊᠊᠊᠊᠊᠊᠊᠊᠊᠊᠊᠊᠊᠊᠊ ᠪᠢᠳᠠ ᠴᠢᠨᠢ ᠠᠳᠠᠯᠢᠬᠠᠨ ᠠᠵᠢᠯ ᠲᠡᠶ ᠰᠢᠳᠠ᠃ ᠪᠢ xxx ᠳᠤ ᠠᠵᠢᠯᠯᠠᠵᠤ ᠪᠠᠢ᠌ᠨ᠎ᠠ᠃ ᠦᠨᠦ ᠴᠢᠯᠦᠭᠡ ᠲᠡᠶ ᠦᠦ︖

᠊᠊᠊᠊᠊᠊᠊᠊᠊᠊᠊᠊᠊᠊᠊ ᠳᠤᠤᠷᠠᠬᠠᠨ ᠶᠢᠨ ᠴᠢᠯᠦᠭᠡ ᠦᠭᠡᠶ︕ ᠰᠡᠭᠦᠯᠡᠷ ᠠᠭᠤᠯᠵᠠᠪᠠᠯ ᠶᠠᠷᠢᠯᠴᠠᠶ᠎ᠠ︕ ᠪᠠᠶᠠᠷᠳᠠᠢ︕ ᠳᠠᠷᠠ ᠶᠠᠭᠠᠷᠠᠵᠤ ᠪᠠᠢ᠌ᠭ᠎ᠠ ᠪᠣᠯᠤᠳᠠᠢ᠂ ᠳᠡᠷᠭᠡ ᠳᠠᠭᠤᠳᠠᠭᠠᠤᠨ ᠶᠠᠪᠣᠴᠢᠬᠠᠪᠠ᠃ ᠪᠢ ᠨᠤᠮ ᠤᠨ ᠰᠠᠩ ᠤᠨ ᠡᠭᠦᠳᠡᠨ ᠳᠤ ᠬᠤᠴᠤᠷᠴᠤ ᠳᠡᠷᠭᠡᠨ ᠤ ᠭᠢᠨᠢ ᠪᠠᠷ᠎ᠠ ᠶᠢ ᠬᠠᠷᠠᠵᠤ ᠵᠤᠭᠰᠤᠬᠤ ᠳᠤ ᠦᠨᠦᠳᠤᠷ ᠤᠨ ᠳᠡᠭ᠍ᠷᠢ ᠶᠠᠷᠤ ᠪᠣᠰᠤ ᠶᠢᠨ ᠴᠡᠯᠮᠡᠭ᠌᠂  ᠵᠠᠮ ᠶᠢᠡᠷ ᠥᠩᠭᠡᠷᠡᠭᠦ ᠭᠦᠮᠦᠰ ᠭᠦᠷᠳᠡᠯ᠎ᠡ ᠬᠠᠯᠠᠭᠤᠨ ᠳᠤᠳᠤᠨᠤ᠂ ᠠᠮᠢᠳᠤᠷᠠᠯ ᠮᠢᠨᠢ ᠭᠦᠰᠡᠯ ᠡᠷᠡᠮᠡᠯᠵᠡᠯ ᠪᠢᠯᠬᠠᠭᠠᠤᠨ᠂ ᠶᠠᠭᠤ ᠪᠦᠭᠦᠨ ᠰᠠᠢ᠌ᠨ ᠰᠠᠢ᠌ᠬᠠᠨ ᠁

ᠴᠢ ᠮᠢᠨᠢ ᠪᠠᠢ᠌ᠭ᠎ᠠ ᠪᠣᠯᠬᠤᠷ᠂ ᠠᠮᠢᠳᠤᠷᠠᠯ ᠮᠢᠨᠢ ᠭᠡᠷᠡᠯ ᠭᠡᠭᠡ ᠲᠡᠶ᠁ ᠴᠢ ᠮᠢᠨᠤ ᠢᠨᠢᠶᠡᠮᠰᠦᠭᠯᠡᠯ ᠪᠣᠯᠤᠭᠰᠠᠨ ᠁ 》 ᠪᠢ ᠪᠠᠶᠠᠷᠳᠠᠢ᠌ᠬᠠᠨ ᠳᠠᠭᠤᠤ ᠭᠢᠩᠰᠢᠵᠤ ᠭᠡᠷ ᠣᠷᠤᠨ ᠶᠢᠡᠨ ᠰᠠᠢ᠌ᠬᠠᠨ ᠳᠢᠭᠯᠡᠵᠤ ᠳᠠᠯᠪᠢᠯ᠎ᠠ᠃ ᠬᠤᠨ ᠭᠡᠨ᠎ᠡ ᠰᠢᠤ᠂ ᠨᠠᠷ᠎ᠠ ᠨᠢ ᠭᠦᠷᠳᠡᠯ᠎ᠡ ᠳᠠᠢ᠌ᠮᠤ ᠰᠠᠢ᠌ᠬᠠᠨ︕ ᠶᠠᠷᠤᠨᠢ ᠡᠢ᠌ᠮᠤ ᠰᠠᠢ᠌ᠬᠠᠨ ᠭᠡᠦᠭᠡᠨ ᠳᠠᠢ᠌ᠮᠤ ᠰᠠᠢ᠌ᠬᠠᠨ ᠨᠠᠷ᠎ᠠ ᠲᠡᠶ ᠪᠠᠢ᠌ᠬᠤ ᠨᠢ ᠵᠤᠭᠢᠨ᠎ᠠ ᠳ᠋ᠠ᠃ ᠪᠢ ᠳᠠᠷᠠᠭᠠᠴᠢ ᠪᠠᠷ ᠳᠡᠭᠦᠨ ᠲᠡᠶ ᠶᠠᠭᠠᠭᠢᠵᠤ ᠪᠣᠯᠵᠤᠵᠤ ᠠᠭᠤᠯᠵᠠᠬᠤ ᠪᠣᠢ︖ ᠰᠠᠨᠠᠭ᠎ᠠ ᠪᠠᠨ ᠳᠡᠭᠦᠨ ᠳᠤ ᠶᠠᠭᠠᠭᠢᠵᠤ ᠭᠡᠯᠡᠭᠦ ᠪᠢᠯᠠ︖

《ᠪᠢ ᠴᠢᠮ᠎ᠠ ᠶᠢ ᠳᠤᠭᠤᠴᠢᠬᠠᠯ᠎ᠠ》 ᠭᠡᠳ ᠯᠠ ᠳᠠᠭᠤᠨ ᠳᠤ ᠭᠠᠷᠳᠠᠭ ᠰᠢᠭ ᠰᠢᠭᠤᠳ ᠭᠡᠯᠡᠴᠢᠭᠡᠭᠦ ᠦᠦ︖ ᠳᠠᠷᠠ ᠶᠠᠭᠤ ᠭᠡᠳᠡᠭ᠌ ᠪᠣᠯ︖ ᠨᠠᠮ᠎ᠠ ᠶᠢ ᠳᠤᠭᠤᠳᠠᠭ ᠪᠣᠯ ᠦᠦ︖ ᠡᠰᠡᠭᠦᠯ᠎ᠡ ᠠᠭᠠᠵᠢᠮ ᠳᠤ ᠪᠠᠨ ᠭᠡᠯᠡᠭᠦ ᠦᠦ︖ ᠬᠡ ᠬᠡ︕ ᠶᠠᠭᠤ ᠴᠤ ᠭᠡᠰᠡᠨ ᠰᠠᠢ᠌ᠬᠠᠨ ᠳᠤᠷᠠᠯᠠᠯ ᠮᠠᠨᠢ ᠣᠳᠤ ᠢᠷᠡᠭᠦ ᠪᠣᠯᠵᠤ ᠦᠦ︖ ᠪᠢ ᠶᠠᠭᠠᠭᠢᠭᠰᠠᠨ ᠠᠵᠠ ᠲᠡᠶ ᠪᠣᠢ︖ ᠳᠡᠭᠦᠨ ᠲᠡᠶ ᠪᠠᠨ ᠣᠯᠤᠭᠠᠤᠨ ᠠᠭᠤᠯᠵᠠᠴᠢᠬᠠᠯ᠎ᠠ ᠁


(ᠭᠤᠷᠪᠠ)


ᠣᠳᠠᠯ ᠦᠭᠡᠶ ᠰᠢᠯᠭᠠᠯᠳᠠ ᠡᠭᠢᠯᠡᠨ᠎ᠡ᠃ ᠬᠤᠨ ᠮᠠᠨᠢ ᠴᠤᠬᠤᠮ ᠢᠷᠡᠳᠡᠭ᠌ ᠪᠣᠯ ᠦᠦ ᠦᠭᠡᠶ ᠪᠣᠯ ᠦᠦ︖ ᠶᠤᠰᠤᠨ ᠳᠤ ᠪᠠᠨ ᠳᠠᠷᠠ ᠪᠠᠰᠠ ᠨᠠᠳᠠ ᠲᠡᠶ ᠠᠳᠠᠯᠢᠬᠠᠨ ᠠᠵᠢᠯ ᠲᠡᠶ ᠪᠣᠯᠬᠤᠷ ᠢᠷᠠᠪᠠᠯ ᠳᠠᠭᠠᠷᠠᠨ᠎ᠠ᠃ ᠪᠢ ᠡᠢ᠌ᠰᠢ ᠳᠠᠢ᠌ᠰᠢ ᠠᠵᠢᠭᠯᠠᠵᠤ ᠶᠠᠪᠣᠭᠰᠠᠭᠠᠷ ᠰᠢᠯᠭᠠᠯᠳᠠ ᠶᠢᠨ ᠳᠠᠯᠠᠪᠠᠢ ᠳᠤ ᠪᠠᠨ ᠢᠷᠠᠵᠤ ᠣᠷᠤ ᠪᠠᠨ ᠣᠯᠵᠤ ᠠᠪᠣᠭᠠᠤᠨ ᠣᠴᠢᠳᠠᠯ᠎ᠠ ᠭᠡᠨᠡᠳᠲᠡ ᠨᠢᠳᠤ ᠭᠡᠷᠡᠯᠳᠦᠭᠡᠳ ᠶᠠᠪᠣᠴᠢᠬᠠᠪᠠ᠃ ᠬᠤᠨ ᠊᠊᠊᠊᠊᠊᠊᠊᠊᠊᠊᠊᠊᠊᠊ ᠮᠢᠨᠤ ᠰᠡᠳᠭᠢᠯ ᠵᠢᠷᠦᠭᠡ ᠶᠢ ᠡᠵᠡᠯᠡᠭ᠍ᠰᠡᠨ ᠬᠠᠢ᠌ᠷᠠᠳᠠᠢ ᠭᠡᠦᠭᠡᠨ ᠮᠢᠨᠢ ᠶᠠᠭ ᠰᠠᠶ‍ᠢᠬᠠᠨ ᠡᠮᠦᠨᠡᠭᠢ ᠰᠢᠷᠡᠭᠡᠨ ᠳᠤ ᠰᠠᠭᠤᠴᠢᠬᠠᠭᠰᠠᠨ ᠨᠠᠮ᠎ᠠ ᠶᠢ ᠭᠡᠳᠥᠢᠨ ᠣᠯᠵᠤ ᠬᠠᠷᠠᠭᠰᠠᠨ ᠪᠣᠯᠤᠯᠳᠠᠢ ᠥᠭᠡᠳᠡ ᠡᠴᠠ ᠢᠨᠢᠶᠡᠮᠰᠦᠭᠯᠡᠵᠤ ᠪᠠᠢ᠌ᠪᠠ᠃ ᠬᠤᠷᠤᠮᠬᠠᠨ᠎ᠠ ᠮᠢᠨᠤ ᠴᠡᠭᠡᠵᠢ ᠣᠩᠭ᠋ᠣᠢ᠌ᠵᠤ ᠴᠤᠭ ᠵᠤᠯᠢ ᠪᠠᠳᠠᠷᠠᠭᠰᠠᠨ ᠰᠢᠭ ᠪᠣᠯᠤᠯ᠎ᠠ᠃

᠊᠊᠊᠊᠊᠊᠊᠊᠊᠊᠊᠊᠊᠊᠊ ᠬᠤᠨ ᠡ︕ ᠪᠢ ᠦᠪᠡᠷ ᠤᠨ ᠡᠷᠭᠡ ᠦᠭᠡᠶ ᠢᠩᠭᠢᠭᠡᠳ ᠳᠠᠭᠤᠳᠠᠴᠢᠬᠠᠪᠠ᠃

᠊᠊᠊᠊᠊᠊᠊᠊᠊᠊᠊᠊᠊᠊᠊ ᠳᠠ ᠪᠠᠰᠠ ᠰᠢᠯᠭᠠᠯᠳᠠ ᠳᠤ ᠣᠷᠤᠯᠴᠠᠬᠤ ᠭᠡᠵᠤ ᠪᠠᠢ᠌ᠨ᠎ᠠ ᠦᠦ︖

᠊᠊᠊᠊᠊᠊᠊᠊᠊᠊᠊᠊᠊᠊᠊ ᠳᠠᠢ᠌ᠮᠤ ᠡ᠂ ᠪᠢᠳᠠ ᠬᠤᠶᠠᠷ ᠴᠢᠨᠢ ᠶᠡᠭᠡ ᠢᠷᠦᠭᠡᠯ ᠲᠡᠶ ᠪᠠᠢ᠌ᠨ᠎ᠠ ᠳ᠋ᠠ︕ ᠭᠡᠵᠤ ᠡᠭ᠍ᠴᠡᠯᠡᠨ ᠰᠢᠷᠳᠠᠪᠠᠯ ᠳᠠᠷᠠ ᠵᠤᠮᠠᠯᠵᠠᠵᠤ ᠴᠢᠷᠠᠢ ᠨᠢ ᠦᠯᠦ ᠮᠡᠳᠡᠭ᠍ᠳᠡᠮ᠎ᠡ ᠣᠯᠠᠢ᠌ᠵᠠᠢ᠃ ᠳᠠᠷᠠ ᠴᠤᠬᠤᠮ ᠢᠴᠢᠮᠡᠳᠡᠭᠡᠢ ᠳᠤ ᠪᠠᠨ ᠦᠦ︖ ᠨᠠᠮ᠎ᠠ ᠶᠢ ᠥᠨᠡᠭᠡᠷ ᠳᠤᠭᠤᠴᠢᠬᠠᠭᠰᠠᠨ ᠶᠤᠮ ᠦᠦ︖ ᠪᠢ ᠨᠢᠭᠡ ᠠᠷᠭ᠎ᠠ ᠣᠯᠵᠤ ᠵᠤᠷᠪᠣᠰ ᠴᠠᠭᠠᠰᠤᠨ ᠳᠡᠭᠡᠷ᠎ᠡ 《ᠪᠢ ᠴᠢᠮ᠎ᠠ ᠶᠢ ᠭᠦᠭᠡᠭᠡᠴᠡᠯᠳᠦᠵᠤ ᠪᠣᠯᠬᠤ ᠦᠦ︖》 ᠭᠡᠵᠤ ᠪᠢᠴᠢᠭᠡᠳ ᠮᠦᠷᠤᠨ ᠳᠡᠭᠡᠭᠦᠷ ᠨᠢ ᠴᠤᠭᠢᠪᠠ᠃ ᠳᠠᠷᠠ ᠣᠳᠠᠯ ᠦᠭᠡᠶ ᠪᠣᠴᠠᠭᠠᠵᠤ ᠴᠤᠭᠢᠭᠰᠠᠨ ᠨᠢ 《ᠪᠣᠯᠬᠤ ᠦᠭᠡᠶ》 ᠭᠡᠭᠦ ᠳᠠᠰᠤᠷᠬᠠᠢ ᠥᠭᠡ ᠪᠠᠢ᠌ᠪᠠ᠃ ᠮᠢᠨᠤ ᠳᠤᠳᠤᠷ᠎ᠠ ᠬᠠᠳᠠᠭᠠᠰᠤ ᠮᠦᠷᠭᠦᠭ᠍ᠰᠡᠨ ᠮᠠᠳᠤ ᠭᠤᠨᠢᠭᠳᠠᠢ ᠰᠠᠨᠠᠭᠳᠠᠵᠤ ᠪᠠᠢ᠌ᠪᠠᠴᠤ ᠪᠠᠰᠠᠯᠠ ᠪᠠᠶ᠎ᠠ ᠪᠠᠨ ᠵᠤᠷᠢᠭᠵᠢᠭᠤᠯᠵᠤ 《ᠪᠣᠳᠤᠭᠠᠤᠨ ᠦᠵᠡᠪᠠᠯ ᠶᠠᠮᠠᠷ ᠭᠡᠦᠭᠡᠨ ᠨᠢ ᠠᠪᠤᠨ ᠳᠤᠤᠷ᠎ᠠ ᠨᠢ ᠪᠣᠯᠤᠨ᠎ᠠ ᠭᠡᠭᠦ ᠪᠣᠢ︖》 ᠭᠡᠵᠤ ᠴᠤ ᠪᠣᠳᠤᠵᠤ ᠠᠮᠵᠢᠯ᠎ᠠ᠃ ᠪᠢ ᠰᠢᠯᠭᠠᠯᠳᠠ ᠪᠠᠨ ᠬᠠᠷᠢᠭᠤᠯᠬᠤ ᠳᠤ ᠪᠠᠨ ᠴᠤ ᠪᠠᠢ᠌ᠨ ᠪᠠᠢ᠌ᠨ ᠠᠷᠤ ᠡᠴᠠ ᠨᠢ ᠬᠠᠷᠠᠵᠤ ᠰᠠᠭᠤᠬᠤ ᠳᠤ ᠪᠠᠨ ᠵᠣᠢ᠌ᠯ ᠶᠢᠡᠷ ᠳᠠᠭᠠᠮᠠᠭᠯᠠᠨ ᠪᠣᠳᠤᠨ᠎ᠠ᠃ ᠳᠡᠭᠦᠨ ᠢ ᠳᠠᠭᠠᠭᠤᠯᠤᠨ ᠠᠭᠤᠯᠠ ᠳᠠᠯ᠎ᠠ ᠪᠠᠷ ᠳᠤᠭᠤᠷᠢᠵᠤ ᠪᠠᠢ᠌ᠬᠤ ᠪᠠᠷ᠂ ᠳᠡᠭᠦᠨ ᠲᠡᠶ ᠬᠠᠮᠳᠤ ᠵᠢᠷᠤᠭ ᠰᠡᠭᠦᠳᠡᠷ ᠠᠪᠬᠠᠭᠤᠯᠵᠤ ᠨᠠᠭᠠᠳᠴᠤ ᠭᠦᠭᠡᠷᠴᠤ ᠪᠠᠢ᠌ᠬᠤ ᠪᠠᠷ᠂ ᠳᠠᠷᠠ ᠪᠠᠶᠠᠷᠯᠠᠨ ᠢᠨᠢᠶᠠᠵᠤ ᠭᠦᠵᠦᠭᠦᠤ ᠪᠠᠷ ᠮᠢᠨᠢ ᠳᠠᠪᠠᠷᠢᠵᠤ ᠪᠠᠢ᠌ᠬᠤ ᠪᠠᠷ᠁ ᠡᠯᠳᠡᠪ ᠢ ᠪᠣᠳᠤᠵᠤ ᠰᠠᠭᠤᠨ᠎ᠠ᠃ ᠶᠠᠷᠤ ᠨᠢ ᠬᠠᠢ᠌ᠷᠠᠳᠠᠢ ᠭᠡᠦᠭᠡᠨ ᠶᠢᠡᠨ ᠦᠪᠡᠷ ᠤᠨ ᠶᠢᠡᠨ ᠪᠣᠯᠭᠠᠵᠤ ᠠᠪᠴᠢᠬᠠᠭᠠᠤᠨ ᠡᠷᠭᠡᠯᠡᠭᠦᠯᠵᠤ᠂ ᠡᠩᠭᠦᠷᠡᠢ᠌ᠯᠡᠵᠤ᠂ ᠠᠭᠤᠷᠯᠠᠭᠤᠯᠵᠤ᠂ ᠣᠶᠠᠷᠠᠭᠠᠵᠤ ᠶᠠᠪᠣᠬᠤ ᠨᠢ ᠡᠷ᠎ᠡ ᠭᠦᠮᠤᠨ ᠪᠣᠯᠤᠭᠰᠠᠨ ᠤ ᠨᠢᠭᠡ ᠶᠤᠰᠤᠨ ᠤ ᠵᠢᠷᠭᠠᠯ ᠪᠠᠢ᠌ᠬᠤ ᠶᠤᠰᠤᠳᠠᠢ᠃

᠊᠊᠊᠊᠊᠊᠊᠊᠊᠊᠊᠊᠊᠊᠊ ᠳᠤᠤᠷ᠎ᠠ ᠭᠦᠯᠢᠶᠡᠵᠤ ᠪᠠᠢ᠌ᠶ᠎ᠠ︕ ᠪᠢ ᠰᠢᠯᠭᠠᠯᠳᠠ ᠶᠢᠨ ᠬᠠᠭᠤᠳᠠᠰᠤ ᠪᠠᠨ ᠳᠤᠰᠢᠶᠠᠬᠤ ᠪᠠᠷ ᠬᠠᠵᠠᠭᠤ ᠪᠠᠷ ᠨᠢ ᠭᠠᠷᠬᠤ ᠳᠤ ᠪᠠᠨ ᠰᠢᠪᠠᠨᠠᠵᠤ ᠵᠠᠪᠳᠤᠪᠠ᠃ ᠭᠡᠳᠡᠯ᠎ᠡ ᠠᠰᠠᠷ ᠤᠨ ᠱᠠᠳᠤ ᠨᠢ ᠬᠤᠶᠠᠷ ᠳᠠᠯ᠎ᠠ ᠳᠤ ᠪᠠᠨ ᠪᠦᠷ ᠪᠠᠢ᠌ᠬᠤ ᠪᠦᠭᠡᠳ ᠶᠡᠭᠡ ᠳᠠᠩᠭᠢᠮ ᠨᠢ ᠴᠤ ᠡᠮᠤᠨ᠎ᠡ ᠬᠣᠢ᠌ᠨ᠎ᠠ ᠪᠠᠨ ᠪᠦᠷ ᠡᠭᠦᠳᠡ ᠲᠡᠶ ᠪᠠᠢ᠌ᠯ᠎ᠠ᠃ ᠣᠳᠤ ᠶᠠᠭᠠᠭᠢᠳᠠᠭ ᠪᠢᠯᠠ︖ ᠪᠢ ᠠᠷᠭ᠎ᠠ ᠪᠣᠰᠤ ᠳᠠᠭᠢᠨ ᠳᠡᠭᠡᠭ᠍ᠰᠢ ᠠᠪᠠᠷᠢᠨ ᠭᠠᠷᠴᠤ ᠰᠢᠯᠭᠠᠯᠳᠠ ᠶᠢᠨ ᠳᠠᠯᠠᠪᠠᠢ ᠶᠢᠨ ᠡᠭᠦᠳᠡᠨ ᠳᠤ ᠭᠦᠯᠢᠶᠡᠵᠤ ᠵᠤᠭᠰᠤᠪᠠ᠃ ᠳᠠᠷᠠ ᠨᠠᠮ᠎ᠠ ᠶᠢ ᠥᠵᠡᠭᠡᠳ ᠰᠤᠴᠢᠰᠭᠢᠭᠰᠠᠨ ᠪᠣᠯᠪᠠᠴᠤ ᠴᠢᠷᠠᠢ ᠪᠠᠨ ᠲᠦᠪ ᠪᠣᠯᠭᠠᠵᠤ᠄

᠊᠊᠊᠊᠊᠊᠊᠊᠊᠊᠊᠊᠊᠊᠊ ᠳᠠ ᠪᠠᠰᠠ ᠶᠠᠪᠣᠭᠠᠳᠤᠢ ᠶᠤᠮ ᠦᠦ︖ ᠭᠡᠯ᠎ᠡ᠃

᠊᠊᠊᠊᠊᠊᠊᠊᠊᠊᠊᠊᠊᠊᠊ ᠪᠢ ᠴᠢᠮ᠎ᠠ ᠶᠢ ᠭᠦᠯᠢᠶᠡᠶ᠎ᠡ ᠭᠡᠰᠡᠨ ᠪᠢᠰᠢᠤ︖ ᠳᠠᠷᠠ ᠨᠠᠮ᠎ᠠ ᠶᠢ ᠣᠢ᠌ᠰᠢᠶᠠᠯ ᠦᠭᠡᠶ ᠵᠦᠷᠢᠵᠤ ᠭᠠᠷᠬᠤ ᠳᠤ ᠪᠢ ᠨᠡᠭᠡᠵᠤ ᠣᠴᠢᠭᠠᠤᠨ᠄

᠊᠊᠊᠊᠊᠊᠊᠊᠊᠊᠊᠊᠊᠊᠊ ᠶᠠᠮᠠᠷ ᠵᠡᠷᠭᠡ ᠬᠠᠷᠢᠭᠤᠯᠪᠠ ᠳ᠋ᠠ︖ ᠭᠡᠯ᠎ᠡ᠃

᠊᠊᠊᠊᠊᠊᠊᠊᠊᠊᠊᠊᠊᠊᠊ ᠪᠣᠯᠴᠢᠬᠠᠨ᠎ᠠ᠃ ᠳᠡᠭᠦᠨ ᠤ ᠴᠢᠷᠠᠢ ᠳᠤ ᠶᠠᠮᠠᠷ ᠴᠤ ᠢᠯᠠᠷᠠᠯ ᠦᠭᠡᠶ ᠪᠦᠭᠡᠳ ᠨᠠᠮ᠎ᠠ ᠶᠢ ᠬᠠᠷᠠᠬᠤ ᠴᠤ ᠦᠭᠡᠶ ᠪᠠᠢ᠌ᠬᠤ ᠨᠢ ᠠᠩᠬᠠᠨ ᠤ ᠳᠡᠷᠡᠭᠦ ᠰᠠᠢ᠌ᠬᠠᠨ ᠢᠨᠢᠶᠠᠵᠤ ᠪᠠᠢ᠌ᠭᠰᠠᠨ ᠭᠡᠦᠭᠡᠨ ᠭᠡᠵᠤ ᠢᠳᠡᠭᠡᠭᠦ ᠶᠢᠨ ᠠᠷᠭ᠎ᠠ ᠦᠭᠡᠶ᠃ ᠪᠢ ᠨᠢᠭᠤᠷ ᠶᠢᠡᠨ ᠰᠢᠷᠢᠯᠠᠨ᠄

᠊᠊᠊᠊᠊᠊᠊᠊᠊᠊᠊᠊᠊᠊᠊ ᠪᠢ ᠴᠢᠮ᠎ᠠ ᠶᠢ ᠭᠦᠷᠭᠡᠵᠤ ᠦᠭ‍ᠭᠦᠶ᠎ᠡ︕ ᠭᠡᠪᠡ᠃

᠊᠊᠊᠊᠊᠊᠊᠊᠊᠊᠊᠊᠊᠊᠊ ᠳᠠᠯᠠᠷᠬᠠᠯ᠎ᠠ᠂ ᠭᠡᠷᠡᠭ᠌ ᠦᠭᠡᠶ︕ ᠱᠤᠩᠬᠤᠷ ᠨᠠᠮ᠎ᠠ ᠶᠢ ᠳᠤᠰᠬᠤ ᠶᠤᠮ᠃

᠊᠊᠊᠊᠊᠊᠊᠊᠊᠊᠊᠊᠊᠊᠊ ᠭᠡᠨ ᠡ︖ ᠪᠢ ᠰᠤᠴᠢᠰᠭᠢᠪᠠ᠃

᠊᠊᠊᠊᠊᠊᠊᠊᠊᠊᠊᠊᠊᠊᠊ ᠱᠤᠩᠬᠤᠷ︕ ᠮᠢᠨᠤ ᠡᠷᠡᠭ᠍ᠳᠡᠢ ᠨᠠᠢ᠌ᠵᠠ᠃

᠊᠊᠊᠊᠊᠊᠊᠊᠊᠊᠊᠊᠊᠊᠊ ᠁ ᠪᠢ ᠴᠢᠭᠢ ᠪᠠᠨ ᠢᠳᠡᠭᠡᠵᠤ ᠶᠠᠳᠠᠪᠠ᠂ ᠡᠷᠡᠭ᠍ᠳᠡᠢ ᠨᠠᠢ᠌ᠵᠠ ᠭᠡᠵᠤ ᠪᠠᠢ᠌ᠨ᠎ᠠ᠂᠂ ᠁ ᠶᠠᠭᠠᠭᠢᠳᠠᠭ ᠪᠢᠯᠠ︖ ᠪᠢ ᠠᠷᠠᠢ ᠯᠠ ᠠᠷᠤ ᠪᠠᠷ ᠶᠢᠡᠨ ᠰᠠᠪᠠᠵᠤ ᠣᠨᠠᠭᠰᠠᠨ ᠦᠭᠡᠶ᠃ ᠳᠤᠯᠤᠭᠠᠢ ᠳᠦᠨᠡᠷᠡᠭᠡᠳ ᠶᠠᠪᠣᠴᠢᠬᠠᠪᠠ ᠁ ᠪᠢ ᠳᠠᠭᠢᠭᠠᠤᠨ ᠶᠠᠭᠤ ᠴᠤ ᠳᠤᠤᠭᠠᠷᠴᠤ ᠴᠢᠳᠠᠭᠰᠠᠨ ᠦᠭᠡᠶ᠂ ᠡᠢ᠌ᠮᠤ ᠪᠣᠯᠤᠨ᠎ᠠ ᠭᠡᠵᠤ ᠰᠠᠨᠠᠭ᠎ᠠ ᠵᠡᠭᠦᠳᠤᠨ ᠳᠤ ᠪᠠᠢ᠌ᠭᠰᠠᠨ ᠦᠭᠡᠶ᠃ ᠭᠦᠷᠢᠶᠡᠨ ᠡᠭᠦᠳᠡᠨ ᠳᠤ ᠨᠢᠭᠡᠨ ᠦᠨᠳᠦᠷ ᠵᠠᠯᠠᠭᠤ ᠮᠤᠲ᠋ᠤᠷ ᠶᠢᠠᠨ ᠵᠤᠭᠰᠤᠭᠠᠭᠠᠤᠨ ᠨᠠᠰᠢ ᠬᠠᠷᠠᠵᠤ ᠪᠠᠢ᠌ᠭᠰᠠᠨ ᠶᠢᠡᠨ ᠪᠢᠳᠠᠨ ᠢ ᠥᠵᠡᠭᠡᠳ ᠳᠤᠰᠴᠤ ᠢᠷᠠᠪᠠ᠃ ᠳᠠᠷᠠ ᠨᠠᠮ᠎ᠠ ᠶᠢ ᠬᠠᠷᠠᠵᠤ ᠢᠨᠢᠶᠡᠮᠰᠦᠭᠯᠡᠨ᠄

᠊᠊᠊᠊᠊᠊᠊᠊᠊᠊᠊᠊᠊᠊᠊ ᠰᠠᠢ᠌ᠨ ᠦᠦ︖ ᠭᠡᠯ᠎ᠡ᠃

᠊᠊᠊᠊᠊᠊᠊᠊᠊᠊᠊᠊᠊᠊᠊ ᠰᠠᠢ᠌ᠨ᠂ ᠳᠠ ᠰᠠᠢ᠌ᠨ ᠦᠦ︖ ᠨᠢᠭᠤᠷ ᠲᠤ ᠪᠠᠨ ᠴᠤᠭ ᠲᠡᠶ ᠨᠢᠳᠤᠨ ᠳᠤ ᠪᠠᠨ ᠭᠠᠯ ᠲᠡᠶ ᠵᠠᠯᠠᠭᠤ ᠪᠠᠢ᠌ᠪᠠ᠃

ᠳᠠᠷᠠ ᠬᠤᠨ ᠤ ᠴᠢᠷᠠᠢ ᠥᠭᠡᠳᠡ ᠠᠵᠢᠭᠯᠠᠭᠠᠤᠨ᠄

᠊᠊᠊᠊᠊᠊᠊᠊᠊᠊᠊᠊᠊᠊᠊ ᠶᠠᠪᠣᠬᠤ ᠦᠦ︖ ᠬᠤᠨ ᠡ᠂ ᠴᠢᠷᠠᠢ ᠴᠢᠨᠢ ᠶᠠᠭᠠᠭᠢᠭᠰᠠᠨ ᠮᠠᠭᠤ ᠪᠣᠢ︖ ᠥᠯᠦᠰᠴᠢᠭᠡᠯ᠎ᠡ ᠪᠠ︖

᠊᠊᠊᠊᠊᠊᠊᠊᠊᠊᠊᠊᠊᠊᠊ ᠦᠭᠡᠶ᠂ ᠵᠥᠭᠡᠷ︕

᠊᠊᠊᠊᠊᠊᠊᠊᠊᠊᠊᠊᠊᠊᠊ ᠠᠬ᠎ᠠ ᠳᠡᠭᠦᠤ ᠡ︕ ᠬᠠᠮᠳᠤ ᠬᠤᠭᠤᠯᠠ ᠢᠳᠡᠭᠦ ᠪᠠᠷ ᠶᠠᠪᠣᠬᠤ ᠦᠦ︖

᠊᠊᠊᠊᠊᠊᠊᠊᠊᠊᠊᠊᠊᠊᠊ ᠦᠭᠡᠶ︕ ᠳᠠᠯᠠᠷᠬᠠᠯ᠎ᠠ ︕

᠊᠊᠊᠊᠊᠊᠊᠊᠊᠊᠊᠊᠊᠊᠊ ᠬᠠᠮᠳᠤ ᠠᠵᠢᠯᠯᠠᠭᠴᠢ ᠴᠢᠨᠢ ᠦᠦ︖

᠊᠊᠊᠊᠊᠊᠊᠊᠊᠊᠊᠊᠊᠊᠊ ᠪᠢᠰᠢ᠂ xxx ᠳᠤ ᠠᠵᠢᠯ ᠲᠡᠶ ᠭᠡᠯ᠎ᠡ ᠁ ᠲ᠋ᠡᠳᠡ ᠬᠤᠶᠠᠭᠤᠯᠠ ᠶᠠᠷᠢᠯᠴᠠᠭᠰᠠᠭᠠᠷ ᠭᠦᠷᠢᠶᠡᠨ ᠡᠭᠦᠳᠡ ᠪᠠᠷ ᠭᠠᠷᠴᠤ ᠶᠠᠪᠣᠪᠠ᠃

ᠪᠢ ᠦᠳᠡ ᠳᠤ ᠢᠳᠠᠵᠤ ᠴᠤ ᠣᠷᠤᠭᠰᠠᠨ ᠦᠭᠡᠶ᠂ ᠴᠡᠭᠡᠵᠢᠨ ᠳᠡᠭᠡᠷ᠎ᠡ ᠨᠢᠭᠡ ᠶᠠᠭᠤᠮ᠎ᠠ ᠪᠦᠭᠯᠡᠷᠡᠭᠡᠳ ᠪᠠᠢ᠌ᠬᠤ ᠮᠠᠳᠤ ᠳᠤᠳᠤᠷ᠎ᠠ ᠪᠢᠳᠡᠭᠦᠷᠡᠭᠡᠳ ᠬᠠᠯᠠᠭᠤᠴᠠᠬᠤ ᠴᠤ ᠰᠢᠭ ᠳᠠᠭᠠᠷᠠᠬᠤ ᠴᠤ ᠰᠢᠭ᠃ ᠮᠢᠨᠤ ᠡᠨᠡ ᠴᠢᠨᠢ ᠣᠳᠤ ᠶᠠᠭᠤ ᠪᠣᠯᠵᠤ ᠪᠠᠢ᠌ᠨ᠎ᠠ︖ 《ᠭᠤᠷᠪᠠᠳᠤᠭᠠᠷ ᠡᠳᠡᠭᠡᠳ》 ᠭᠡᠳᠡᠭ᠌ ᠨᠢ ᠪᠣᠯᠴᠢᠬᠠᠭᠰᠠᠨ ᠭᠡᠷᠡᠭ᠌ ᠦᠦ︖ ᠪᠣᠯᠴᠢᠬᠠᠵᠠᠢ ᠴᠤ ᠭᠡᠵᠤ ᠳ᠋ᠠ︕ ᠬᠤᠨ ᠪᠢᠳᠠ ᠬᠤᠶᠠᠷ ᠶᠠᠮᠠᠷ ᠢᠨᠠᠭᠯᠠᠭ᠎ᠠ ᠴᠤ ᠪᠢᠰᠢ᠂ ᠬᠠᠷᠢᠨ ᠥᠨᠡᠭᠡᠷ ᠪᠢ ᠳᠡᠭᠡᠳᠡᠭ᠌ ᠪᠣᠯ ᠳᠠᠷᠠ ᠨᠠᠮ᠎ᠠ ᠶᠢ ᠳᠤᠭᠤᠳᠠᠭ ᠪᠣᠯ ᠦᠦ︖ ᠬᠠᠢ᠌ᠷ᠎ᠠ ᠪᠣᠯ ᠬᠠᠷᠰᠢ ᠰᠠᠭᠠᠤᠨ ᠡᠴᠠ ᠠᠶᠤᠬᠤ ᠦᠭᠡᠶ ᠶ‍ᠤᠮ᠂ ᠭᠡᠷᠪᠡ ᠳᠠᠷᠠ ᠨᠠᠮ᠎ᠠ ᠶᠢ ᠳᠤᠭᠤᠳᠠᠭ ᠪᠣᠯ ᠱᠤᠩᠬᠤᠷ ᠪᠠᠢ᠌ᠯ᠎ᠠ ᠴᠤ ᠶᠠᠭᠠᠭᠢᠬᠤᠪ᠂ ᠬᠤᠷᠢᠭᠯᠠᠯ᠎ᠠ ᠴᠤ ᠶᠠᠭᠠᠭᠢᠬᠤᠪ᠃ ᠬᠠᠷᠢᠨ ᠶᠠᠪᠣᠵᠤ ᠪᠠᠢ᠌ᠭᠠᠤᠨ ᠯᠠ ᠪᠣᠯᠬᠤ ᠭᠡᠷᠡᠭ᠌᠃ ᠭᠡᠭᠦ ᠳᠤ ᠳᠠᠷᠠ ᠪᠠᠰᠠ 《ᠪᠣᠯᠬᠤ ᠦᠭᠡᠶ》 ᠭᠡᠳ ᠭᠡᠯᠡᠭᠡᠳ ᠥᠭ᠍ᠴᠢᠭᠡᠭ᠍ᠭ᠍ᠰᠡᠨ ᠰᠢᠤ᠃ ᠵᠤᠷᠢᠭᠯᠠᠭᠠᠤᠨ᠂ ᠨᠢᠭᠤᠷ ᠶᠢᠠᠨ ᠰᠢᠷᠢᠯᠡᠭᠡᠳ ᠳᠠᠭᠢᠨ 《ᠳᠠᠭᠠᠷᠢᠬᠤ》 ᠦᠦ︖ ᠬᠠᠢ︕ ᠁

ᠦᠳᠡ ᠶᠢᠨ ᠬᠣᠢ᠌ᠨ᠎ᠠ ᠨᠢ ᠪᠢ ᠰᠢᠭᠠᠯᠳᠠ ᠶᠢᠨ ᠳᠠᠯᠠᠪᠠᠢ ᠶᠢᠨ ᠭᠦᠷᠢᠶᠡᠨ ᠡᠭᠦᠳᠡᠨ ᠳᠤ ᠳᠠᠳᠠ ᠬᠤᠶᠠᠭᠤᠯᠠ ᠲᠡᠶ ᠬᠠᠷᠭᠤᠪᠠ᠃

᠊᠊᠊᠊᠊᠊᠊᠊᠊᠊᠊᠊᠊᠊᠊ ᠪᠢ ᠬᠤᠨ ᠢ ᠳᠤᠭᠤᠴᠢᠬᠠᠭᠰᠠᠨ︕ ᠪᠢ ᠭᠡᠯᠡᠴᠢᠭᠡᠭᠡᠳ ᠪᠠᠶ᠎ᠠ ᠪᠠᠨ ᠳᠡᠨᠡᠭ᠌ ᠭᠡᠵᠤ ᠪᠣᠳᠤᠪᠠ᠂ ᠢᠩᠭᠢᠵᠤ ᠭᠡᠯᠡᠴᠢᠭᠡᠭᠡᠳ ᠳᠠᠷᠠ ᠣᠳᠤ ᠭᠡᠵᠢᠶᠡᠳᠡ ᠠᠩᠬᠠᠷᠤᠯ ᠳᠠᠯᠪᠢᠭᠠᠤᠨ ᠪᠠᠢ᠌ᠪᠠᠯ ᠪᠢ ᠶᠠᠭᠠᠭᠢᠵᠤ ᠭᠦᠭᠡᠭᠡᠴᠡᠯᠳᠦᠨ᠎ᠡ ᠪᠣᠢ︖

ᠳᠠᠷᠠ ᠰᠤᠴᠢᠰᠭᠢᠵᠤ ᠠᠪᠣᠭᠰᠠᠨ ᠪᠣᠯᠪᠠᠴᠤ ᠳᠤᠭᠤᠭᠢ ᠲᠡᠶ ᠢᠨᠢᠶᠡᠮᠰᠦᠭᠯᠡᠪᠡ ᠄

᠊᠊᠊᠊᠊᠊᠊᠊᠊᠊᠊᠊᠊᠊᠊ ᠬᠤᠨ ᠪᠣᠯ ᠮᠢᠨᠤᠭᠢ ︕ ᠳᠡᠭᠦᠨ ᠤ ᠳᠡᠭᠡᠷᠡᠩᠭᠦᠢ ᠨᠢ ᠠᠷᠭ᠎ᠠ ᠦᠭᠡᠶ ᠥᠭᠡᠨ ᠳᠤ ᠮᠢᠨᠤ ᠠᠭᠤᠷ ᠪᠣᠴᠠᠯᠵᠤ᠄

᠊᠊᠊᠊᠊᠊᠊᠊᠊᠊᠊᠊᠊᠊᠊ ᠳᠠᠷᠠ ᠶᠢ ᠭᠡᠯᠡᠵᠤ ᠮᠡᠳᠡᠭᠦ ᠦᠭᠡᠶ ᠰᠢᠤ︕ ᠭᠡᠩ︕

ᠳᠠᠷᠠ ᠨᠢᠳᠤ ᠡᠷᠡᠢ᠌ᠯᠭᠡᠨ᠄

᠊᠊᠊᠊᠊᠊᠊᠊᠊᠊᠊᠊᠊᠊᠊ ᠴᠢ ᠨᠢᠭᠡ ᠬᠤᠨ ᠲᠡᠶ ᠬᠠᠯᠳᠠᠵᠤ ᠦᠵᠡ᠂ ᠠᠷᠠᠰᠤ ᠶᠢ ᠴᠢᠨᠢ ᠬᠠᠭᠤᠯᠠᠬᠤ ᠦᠭᠡᠶ ᠪᠣᠯ ᠁

᠊᠊᠊᠊᠊᠊᠊᠊᠊᠊᠊᠊᠊᠊᠊ ᠴᠢ ᠮᠢᠨᠤ ᠬᠤᠨ ᠢ ᠬᠠᠢ᠌ᠷᠠᠯᠠᠬᠤ ᠡᠷᠭᠡ ᠶᠢ ᠭᠢᠵᠠᠭᠠᠷᠯᠠᠵᠤ ᠴᠢᠳᠠᠬᠤ ᠦᠭᠡᠶ︕ ᠵᠢᠩᠭᠢᠨᠢ ᠰᠠᠢ᠌ᠨ ᠡᠷ᠎ᠡ ᠪᠣᠯ ᠡᠷᠭᠡ ᠳᠡᠭ᠍ᠰᠢ ᠪᠠᠷ ᠦᠷᠢᠰᠤᠯᠳᠤ︕ ᠪᠢ ᠮᠥᠴᠡᠭᠡ ᠪᠠᠨ ᠦᠭ‍ᠭᠦᠭ᠍ᠰᠡᠨ ᠦᠭᠡᠶ᠃

᠊᠊᠊᠊᠊᠊᠊᠊᠊᠊᠊᠊᠊᠊᠊ ᠭᠡᠨ ᠴᠢᠮ᠎ᠠ ᠲᠡᠶ ᠦᠷᠢᠰᠦᠯᠳᠦᠭᠦ ᠶᠤᠮ︖ ᠪᠢᠳᠠ ᠬᠤᠶᠠᠭᠤᠯᠠ ᠠᠯᠢ ᠭᠡᠳᠥᠢᠨᠡᠢ ᠪᠣᠯᠴᠢᠬᠠᠭᠰᠠᠨ᠂ ᠴᠢ ᠶᠠᠭᠤᠨ ᠳᠤ ᠮᠠᠨ ᠤ ᠳᠤᠮᠳᠠ ᠣᠷᠤᠵᠤ ᠢᠷᠡᠭᠦ ᠪᠣᠢ︖ ᠳᠠᠷᠠ ᠭᠦᠮᠦᠭᠡᠢ ᠪᠠᠨ ᠵᠠᠭᠤᠵᠤ ᠨᠠᠮ᠎ᠠ ᠶᠢ ᠭᠠᠭᠴᠠᠬᠠᠨ ᠳᠦᠭᠦᠰᠢᠯᠡᠴᠢᠭᠡᠮᠡᠷ ᠤᠢ᠌ᠷᠠᠳᠬᠤ ᠳᠤ ᠪᠢ ᠴᠤ ᠨᠢᠭᠡᠯᠡ ᠨᠢᠳᠤᠷᠭᠠᠳᠠᠬᠤ ᠶᠢ ᠵᠠᠪᠳᠤᠪᠠ᠃

᠊᠊᠊᠊᠊᠊᠊᠊᠊᠊᠊᠊᠊᠊᠊ ᠭᠦᠢ︕ ᠳᠠ ᠬᠤᠶᠠᠭᠤᠯᠠ ᠶᠠᠭᠠᠭᠢᠵᠤ ᠪᠠᠢ᠌ᠬᠤ ᠶᠤᠮ︖ ᠣᠮᠳᠠᠭᠠᠨ ᠠᠪᠬᠤ ᠪᠠᠷ ᠳᠡᠯᠭᠡᠭᠦᠷ ᠲᠤ ᠣᠷᠤᠭᠰᠠᠨ ᠪᠣᠯᠤᠯᠳᠠᠢ᠂ ᠬᠤᠨ ᠵᠠᠮ ᠣᠭᠳᠤᠯᠵᠤ ᠢᠷᠡᠭᠡᠳ ᠭᠦᠮᠦᠰᠭᠡ ᠵᠠᠩᠭᠢᠳᠤᠨ ᠬᠠᠰᠭᠢᠷᠬᠤ ᠳᠤ ᠪᠢᠳᠠ ᠰᠠ‍‌ᠶᠢ ᠰᠡᠭᠡᠰᠭᠢᠪᠡ᠃

᠊᠊᠊᠊᠊᠊᠊᠊᠊᠊᠊᠊᠊᠊᠊ ᠴᠢ ᠵᠥᠭᠡᠷ ᠰᠢᠯᠭᠠᠭᠤᠯᠬᠤ ᠪᠠᠷ ᠣᠷᠤ︕ ᠳᠠᠷᠠ ᠶᠠᠭᠤ ᠴᠤ ᠪᠣᠯᠤᠭ᠎ᠠ ᠦᠭᠡᠶ ᠰᠢᠭ᠌ ᠬᠤᠨ ᠳᠤ ᠬᠠᠠᠳᠤᠵᠤ ᠳᠠᠭᠤ ᠪᠠᠨ ᠵᠥᠭᠡᠯᠡᠷᠡᠭᠦᠯᠪᠡ᠃

᠊᠊᠊᠊᠊᠊᠊᠊᠊᠊᠊᠊᠊᠊᠊ ᠠᠬ᠎ᠠ ᠡ᠂ ᠳᠠ ᠪᠠᠰᠠ ᠬᠤᠷᠳᠤᠬᠠᠨ ᠣᠷᠤᠶ᠎ᠠ ᠯᠠ ᠳ᠋ᠠ᠂ ᠬᠤᠵᠢᠭᠳᠠᠯ᠎ᠠ ᠰᠢᠤ︕ ᠬᠤᠨ ᠢᠨᠢᠶᠡᠴᠢᠭᠡᠭ᠍ᠰᠡᠨ ᠨᠠᠳᠠ ᠣᠷᠤᠭᠤ ᠬᠠᠷᠠᠨ᠎ᠠ᠃

᠊᠊᠊᠊᠊᠊᠊᠊᠊᠊᠊᠊᠊᠊᠊ ᠳᠡᠭᠡᠶ᠎ᠡ ︕ ᠬᠤᠶᠠᠭᠤᠯᠠ ᠣᠷᠤᠶ᠎ᠠ︕ ᠪᠢ ᠬᠤᠨ ᠢ ᠳᠠᠭᠠᠭᠤᠯᠵᠤ ᠳᠤᠳᠤᠭᠰᠢ ᠣᠷᠤᠬᠤ ᠳᠤ ᠪᠠᠨ ᠵᠤᠷᠢᠭᠤᠳᠠ ᠣᠢ᠌ᠪ ᠤᠢ᠌ᠷ᠎ᠡ ᠠᠯᠬᠤᠵᠤ ᠳᠡᠭᠦᠨ ᠢ ᠬᠤᠷᠤᠰᠬᠠᠪᠠ᠃

᠊᠊᠊᠊᠊᠊᠊᠊᠊᠊᠊᠊᠊᠊᠊ ᠭᠦᠯᠢᠶᠡᠵᠤ ᠪᠠᠢ ᠴᠢ︕ ᠭᠡᠵᠤ ᠵᠠᠨᠤᠨ ᠬᠤᠴᠤᠷᠤᠭᠰᠠᠨ ᠱᠤᠩᠬᠤᠷ ᠢ ᠪᠢ ᠡᠷᠭᠢᠨ ᠬᠠᠷᠠᠵᠤ ᠠᠪᠣᠭᠠᠤᠨ᠄

᠊᠊᠊᠊᠊᠊᠊᠊᠊᠊᠊᠊᠊᠊᠊ ᠬᠤᠨ ᠡ᠂ ᠴᠢ ᠳᠠᠷᠠ ᠶᠢ ᠶᠠᠭᠤ ᠶᠢ ᠨᠢ ᠳᠤᠭᠤᠴᠢᠬᠠᠭᠰᠠᠨ ᠶ‍ᠤᠮ︖ ᠭᠡᠭᠦ ᠳ᠋ᠤ᠄

᠊᠊᠊᠊᠊᠊᠊᠊᠊᠊᠊᠊᠊᠊᠊ ᠬᠡ ᠬᠡ᠂ ᠬᠠᠷᠢᠨ ᠶᠠᠭᠤ ᠭᠡᠵᠤ ᠳᠤᠭᠤᠴᠢᠬᠠᠭᠰᠠᠨ ᠶᠢᠡᠨ ᠪᠢ ᠪᠠᠰᠠ ᠮᠡᠳᠡᠭᠦ ᠦᠭᠡᠶ︕

᠊᠊᠊᠊᠊᠊᠊᠊᠊᠊᠊᠊᠊᠊᠊ ᠨᠠᠮ᠎ᠠ ᠶᠢ ᠴᠤᠭᠢᠴᠢᠬᠠᠬᠤ ᠠᠯᠳᠠᠭᠰᠠᠨ︕

᠊᠊᠊᠊᠊᠊᠊᠊᠊᠊᠊᠊᠊᠊᠊ ᠢᠨᠠᠭ ᠳᠤᠷᠠᠯᠠᠯ ᠪᠣᠯ ᠬᠠᠷᠠᠮᠴᠢ ᠶᠤᠮ᠃ ᠪᠢᠳᠡᠭᠡᠢ ᠮᠠᠭᠤ ᠰᠠᠨᠠ︕ ᠬᠠᠷᠢᠨ ᠴᠢ ᠳᠡᠭᠦᠨ ᠳᠤ ᠶᠠᠭᠤ ᠭᠡᠯᠡᠴᠢᠭᠡᠭᠡᠳ ᠭᠡᠨᠡᠳᠲᠡ ᠭᠡᠷᠡᠯᠳᠦᠮᠡᠷ ᠭᠡᠮᠵᠢᠶᠡᠨ ᠳᠤ ᠭᠦᠷᠴᠢᠭᠡᠭ᠍ᠰᠡᠨ ᠪᠣᠢ︖ ᠭᠡᠵᠤ ᠭᠡᠨᠡᠭ᠌ ᠴᠤ ᠦᠭᠡᠶ ᠳᠦᠷᠢᠯᠠᠨ᠎ᠡ᠃

᠊᠊᠊᠊᠊᠊᠊᠊᠊᠊᠊᠊᠊᠊᠊ ᠶᠠᠮᠠᠷ ᠴᠤ ᠪᠣᠯᠤᠭ᠂ ᠪᠢ ᠦᠨᠦᠳᠤᠷ ᠡᠴᠠ ᠡᠭᠢᠯᠡᠵᠤ ᠴᠢᠮ᠎ᠠ ᠶᠢ ᠵᠢᠩᠭᠢᠨᠢ ᠪᠠᠷ ᠭᠦᠭᠡᠭᠡᠴᠡᠯᠳᠤᠨ᠎ᠡ︕

᠊᠊᠊᠊᠊᠊᠊᠊᠊᠊᠊᠊᠊᠊᠊ ᠴᠠᠭ ᠤᠨ ᠴᠢᠨᠢ ᠭᠠᠷᠤᠵᠠ︕ ᠪᠢᠳᠠ ᠳᠠᠢ᠌ᠮᠤ ᠭᠤᠷᠪᠠᠯᠵᠢᠨ ᠳᠤᠭᠯᠠᠭᠠᠮ ᠪᠢᠳᠡᠭᠡᠢ ᠨᠠᠭᠠᠳᠤᠶ᠎ᠠ︕

ᠪᠢ ᠪᠠᠬᠠᠨ ᠭᠤᠮᠤᠳᠤᠪᠠ᠂ ᠭᠡᠳᠡᠯ᠎ᠡ ᠳᠡᠭᠦᠨ ᠳᠤ ᠶᠠᠮᠠᠷ ᠪᠣᠷᠤᠭᠤ ᠲᠡᠶ ᠪᠣᠢ︖ ᠳᠡᠭᠡᠪᠠᠯ ᠨᠠᠳᠠᠳᠤ ᠪᠣᠷᠤᠭᠤ ᠲᠡᠶ ᠦᠦ︖ ᠢᠨᠠᠭ ᠳᠤᠷᠠᠯᠠᠯ ᠶᠠᠮᠠᠷ ᠪᠣᠷᠤᠭᠤ ᠲᠡᠶ ᠪᠣᠢ︖ ᠪᠢ ᠵᠠᠶᠠᠭ᠎ᠠ ᠮᠠᠭᠤᠳᠠᠢ ᠳᠤ ᠪᠠᠨ ᠦᠦ︖ ᠭᠡᠷᠪᠡ ᠳᠠᠷᠠ ᠱᠤᠩᠬᠤᠷ ᠲᠡᠶ ᠪᠢᠰᠢ ᠨᠠᠳᠠ ᠲᠡᠶ ᠣᠷᠢᠳᠠᠪᠠᠷ ᠳᠠᠨᠢᠯᠴᠠᠭᠰᠠᠨ ᠪᠣᠯ ᠁(ᠳᠦᠷᠪᠠ)


ᠬᠠᠮᠤᠭ ᠰᠡᠭᠦᠯ ᠤᠨ ᠨᠢᠭᠡ ᠳᠠᠯᠠᠪᠠᠢ ᠰᠢᠯᠭᠠᠯᠳᠠ ᠶᠠᠪᠣᠭᠳᠠᠵᠤ ᠪᠠᠢ᠌ᠯ᠎ᠠ᠃ ᠪᠢ ᠬᠠᠷᠢᠭᠤᠯᠵᠤ ᠪᠠᠷᠠᠭᠠᠤᠨ ᠮᠦᠨ ᠯᠠ ᠬᠤᠨ ᠤ ᠠᠷᠤ ᠡᠴᠠ ᠬᠠᠷᠠᠵᠤ ᠪᠠᠶ᠎ᠠ ᠪᠠᠨ ᠬᠠᠭᠤᠷᠴᠤ ᠰᠠᠭᠤᠪᠠ᠃ ᠲ᠋ᠡᠭᠡᠭᠦ ᠳᠤ ᠳᠡᠭᠦᠨ ᠤ ᠪᠠᠶ᠎ᠠ ᠡᠴᠠ ᠠᠩᠭᠢᠯᠳᠠᠭ ᠣᠸ᠎ᠠ ᠶᠢᠨ ᠶᠤᠮ ᠦᠦ︖ ᠡᠩᠭᠡᠰᠭᠡ ᠶᠢᠨ ᠶᠤᠮ ᠦᠦ ᠪᠣᠤ ᠮᠠᠳᠠ᠂ ᠰᠠᠢ᠌ᠬᠠᠨ ᠦᠨᠦᠷ ᠨᠢ ᠬᠠᠮᠠᠷ ᠲᠤ ᠥᠨᠦᠰᠳᠡᠭᠦ ᠰᠢᠭ᠌ ᠰᠠᠨᠠᠭᠳᠠᠵᠤ ᠪᠣᠳᠤᠯ ᠰᠦᠨᠠᠰᠤ ᠶᠢ ᠭᠦᠪᠪᠦᠯᠵᠡᠭᠦᠯᠦᠭᠡᠳ ᠬᠠᠶᠠᠴᠢᠬᠠᠨ᠎ᠠ᠃ ᠬᠤᠨ ᠰᠢᠯᠭᠠᠯᠳᠠ ᠪᠠᠨ ᠬᠠᠷᠢᠭᠤᠯᠵᠤ ᠪᠠᠷᠠᠭᠰᠠᠨ ᠪᠣᠯᠤᠯᠳᠠᠢ᠂ ᠪᠣᠰᠬᠤ ᠭᠡᠰᠡᠨ ᠶᠢᠡᠨ ᠭᠡᠨᠡᠳᠲᠡ ᠯᠠᠭ ᠭᠢᠳᠠᠯ᠎ᠠ ᠰᠠᠭᠤᠪᠠ᠃ ᠳᠠᠷᠠ ᠪᠠᠷᠠᠭᠤᠨ ᠳᠠᠯ᠎ᠠ ᠳᠤ ᠪᠠᠨ ᠳᠠᠷᠤᠵᠤ ᠪᠦᠭᠦᠢᠨ᠎ᠡ᠃ ᠪᠢ ᠰᠤᠴᠢᠰᠭᠢᠯ᠎ᠠ᠃ ᠶᠠᠭᠤ ᠨᠢᠭᠡ ᠨᠢ ᠡᠪᠠᠦᠡᠴᠤ ᠪᠠᠢ᠌ᠬᠤ ᠯᠠ ᠲᠦᠯᠤᠪᠳᠠᠢ᠂ ᠪᠢ ᠶᠠᠭᠤ ᠶᠢ ᠴᠤ ᠬᠠᠮᠢᠶᠠᠷᠤᠯ ᠦᠭᠡᠶ ᠣᠬᠤᠰᠭᠢᠨ ᠣᠴᠢᠳᠠᠯ᠎ᠠ 《ᠡᠨ︕》 ᠭᠡᠵᠤ ᠳᠠᠷᠠ ᠭᠦᠮᠦᠭᠡᠢ ᠪᠠᠨ ᠵᠠᠭᠤᠨ ᠬᠠᠮᠠᠷ ᠲᠤ ᠨᠢ ᠪᠣᠷᠴᠠᠭ ᠤᠨ ᠴᠢᠨᠡᠭᠡᠨ ᠭᠦᠯᠦᠰᠤ ᠪᠦᠮᠪᠦᠭᠡᠨᠡᠨ᠎ᠡ᠃ ᠴᠢᠷᠠᠢ ᠨᠢ ᠬᠤᠪᠠᠬᠠᠢ ᠴᠠᠢ᠌ᠵᠤ ᠨᠠᠮ᠎ᠠ ᠰᠤᠯᠠᠬᠠᠨ ᠬᠠᠷᠠᠭᠠᠤᠨ 《ᠭᠡᠳᠡᠰᠤ ᠁》 ᠭᠡᠪᠡ᠃ ᠭᠢᠨᠡᠭᠴᠢ ᠪᠠᠭᠰᠢ ᠳᠦᠷᠭᠡᠨ ᠠᠪᠣᠷᠠᠬᠤ ᠳᠡᠷᠭᠡ ᠳᠠᠭᠤᠳᠠᠵᠤ ᠪᠢ ᠳᠡᠭᠦᠨ ᠢ ᠡᠭᠦᠷᠤᠨ ᠠᠰᠠᠷ ᠤᠨ ᠱᠠᠳᠤ ᠪᠠᠷ ᠭᠦᠶ‍ᠦᠵᠤ ᠪᠠᠭᠤᠪᠠ᠃ ᠲᠦᠷᠭᠡᠨ ᠠᠪᠣᠷᠠᠯᠳᠠ ᠶᠢᠨ ᠴᠠᠭᠠᠨ ᠳᠡᠷᠭᠡ ᠬᠠᠩᠭᠢᠨᠠᠳᠠᠯ᠎ᠠ ᠪᠦᠷᠢᠶ᠎ᠡ ᠳᠤᠤᠭᠠᠷᠭᠠᠨ ᠢᠷᠠᠵᠤ ᠵᠤᠭᠰᠤᠭᠰᠠᠨ ᠳᠤ ᠪᠢ ᠡᠮᠴᠢ ᠳᠤ ᠬᠠᠮᠵᠢᠨ ᠳᠡᠭᠦᠨ ᠢ ᠳᠡᠷᠭᠡᠨ ᠳᠤ ᠭᠠᠷᠭᠠᠯ᠎ᠠ᠃ ᠭᠦᠭᠡᠷᠦᠭᠦᠢ᠂ ᠬᠤᠨ ᠮᠢᠨᠢ᠂ ᠳᠠᠯ᠎ᠠ ᠳᠡᠭᠡᠷ᠎ᠡ ᠪᠠᠨ ᠪᠠᠵᠠᠵᠤ ᠣᠷᠤᠭᠤᠯ ᠶᠢᠡᠨ ᠴᠢᠰᠤ ᠬᠤᠷᠠᠳᠠᠯ᠎ᠠ ᠵᠠᠭᠤᠬᠤ ᠳᠤ ᠨᠢ ᠪᠢ ᠡᠷᠭᠡᠭᠦᠢ ᠵᠢᠷᠦᠭᠡ ᠡᠪᠠᠦᠡᠴᠤ᠄

᠊᠊᠊᠊᠊᠊᠊᠊᠊᠊᠊᠊᠊᠊᠊ ᠬᠤᠨ ᠡ᠂ ᠳᠠᠰᠴᠤ ᠪᠠᠢ︕ ᠣᠳᠤ ᠪᠠᠷ ᠶᠢᠡᠨ ᠡᠮᠨᠡᠯᠭᠡ ᠳᠤ ᠭᠦᠷᠦᠯ᠎ᠡ︕ ᠭᠡᠳ ᠭᠦᠯᠦᠰᠤ ᠶᠢ ᠨᠢ ᠠᠷᠴᠢᠵᠤ ᠥᠭ᠍ᠪᠡ᠃ ᠬᠤᠨ ᠤ ᠨᠢᠳᠤᠨ ᠳᠤ ᠵᠠᠢ᠌ᠷ ᠭᠦᠶ‍ᠦᠵᠤ ᠨᠠᠮ᠎ᠠ ᠶᠢ ᠰᠤᠯᠠᠬᠠᠨ ᠬᠠᠷᠠᠬᠤ ᠨᠢ ᠴᠤᠬᠤᠮ ᠡᠪᠠᠳᠦᠭᠡᠳ ᠳᠠᠷᠠ ᠦᠦ︖ ᠨᠠᠳᠠ ᠳᠤ ᠳᠠᠯᠠᠷᠬᠠᠵᠤ ᠪᠠᠢ᠌ᠭ᠎ᠠ ᠶᠤᠮ ᠦᠦ︖ ᠪᠢ ᠮᠡᠳᠡᠭ᠍ᠰᠡᠨ ᠦᠭᠡᠶ᠃

᠊᠊᠊᠊᠊᠊᠊᠊᠊᠊᠊᠊᠊᠊᠊ 《ᠳᠦᠷᠭᠡᠨ ᠴᠢᠨᠠᠷᠳᠠᠢ ᠮᠤᠬᠤᠷ ᠣᠯᠤᠭᠠᠢ ᠶᠢᠨ ᠦᠷᠪᠢᠰᠤᠯ》᠂ ᠣᠳᠤ ᠪᠠᠷ ᠶᠢᠡᠨ ᠮᠠᠰᠠ ᠵᠠᠰᠠᠯ ᠭᠢᠭᠦ ᠦᠭᠡᠶ ᠪᠣᠯᠬᠤ ᠦᠭᠡᠶ︕ ᠭᠡᠷ ᠤᠨ ᠭᠦᠮᠦᠰ ᠨᠢ ᠭᠠᠷ ᠤᠨ ᠥᠰᠦᠭ᠌ ᠵᠢᠷᠤ︕ ᠪᠢ ᠳᠠᠳᠠᠭᠠᠯᠵᠠᠬᠤ ᠶᠢᠨ ᠵᠠᠪ ᠦᠭᠡᠶ ᠭᠠᠷ ᠤᠨ ᠥᠰᠦᠭ᠌ ᠶᠢᠡᠨ ᠵᠢᠷᠤᠬᠤ ᠳᠤ ᠭᠡᠳᠤᠨ ᠡᠮᠴᠢ ᠬᠤᠨ ᠢ ᠳᠠᠮᠨᠠᠭᠤᠷ ᠳᠡᠭᠡᠷ᠎ᠡ ᠠᠪᠣᠭᠠᠤᠨ ᠶᠠᠪᠣᠴᠢᠬᠠᠪᠠ᠃ ᠦᠨᠦ ᠰᠠᠢ᠌ᠨ ᠡᠷ᠎ᠡ ᠣᠳᠤ ᠬᠠᠮᠢᠭ᠎ᠠ ᠪᠠᠢ᠌ᠨ᠎ᠠ︖ ᠬᠤᠨ ᠶᠢᠡᠨ ᠬᠠᠷᠠᠭᠠᠤᠨ ᠰᠠᠭᠤᠬᠤ ᠦᠭᠡᠶ ᠬᠠᠮᠢᠭ᠎ᠠ ᠶᠠᠪᠣᠴᠢᠬᠠᠭᠰᠠᠨ ᠶᠤᠮ︖ ᠨᠠᠳᠠᠳᠤ ᠳᠠᠢ᠌ᠮᠤ ᠰᠠᠢ᠌ᠬᠠᠨ ᠪᠠᠷᠢ ᠲᠡᠶ ᠪᠠᠢ᠌ᠭᠰᠠᠨ ᠪᠣᠯ ᠪᠢ ᠰᠢᠯᠭᠠᠵᠤ ᠪᠠᠷᠠᠳᠠᠯ᠎ᠠ ᠨᠢ ᠭᠤᠷᠣᠢ᠌ᠳᠠᠯ᠎ᠠ ᠭᠦᠯᠢᠶᠡᠵᠤ ᠵᠤᠭᠰᠤᠨ᠎ᠠ᠃ ᠡᠳᠦᠢ ᠪᠣᠯᠳᠠᠯ᠎ᠠ ᠢᠷᠡᠳᠡᠭ᠌ ᠦᠭᠡᠶ ᠨᠢ᠂ ᠪᠢ ᠭᠡᠨᠡᠳᠲᠡ ᠶᠠᠭᠠᠷᠠᠵᠤ ᠰᠠᠠᠳᠤᠷᠤᠭᠠᠤᠨ ᠬᠤᠨ ᠤ ᠭᠠᠷ ᠪᠣᠭᠴᠤ ᠶᠢ ᠠᠪᠴᠤ ᠭᠠᠷᠴᠤ ᠢᠷᠡᠭ᠍ᠰᠡᠨ ᠦᠭᠡᠶ ᠪᠠᠨ ᠪᠣᠳᠤᠵᠤ ᠣᠯᠪᠠ᠃ ᠳᠠᠷᠠ ᠭᠡᠷᠪᠡ ᠱᠤᠩᠬᠤᠷ ᠲᠤ ᠪᠠᠨ ᠭᠡᠯᠡᠭᠦ ᠭᠡᠳ ᠭᠠᠷ ᠣᠳᠠᠰᠤ ᠦᠭᠡᠶ ᠪᠣᠯ ᠪᠠᠴᠢᠮᠳᠠᠬᠤ ᠪᠣᠯ ᠦᠦ︖ ᠬᠠᠮᠤᠭ ᠤᠨ ᠠᠶᠤᠮᠰᠢᠭᠳᠠᠢ ᠦᠶᠡᠰ ᠳᠡᠭᠦᠨ ᠤ ᠪᠣᠳᠤᠵᠤ ᠣᠯᠬᠤ ᠭᠦᠮᠤᠨ ᠨᠢ ᠣᠳᠤ ᠳᠡᠭᠡᠷ᠎ᠡ ᠪᠠᠨ ᠬᠠᠰᠢᠯᠠ ᠱᠤᠩᠬᠤᠷ ᠶᠤᠮᠰᠠᠨ᠃ ᠳᠠᠮᠠᠢ ᠣᠳᠠᠭᠰᠠᠨ ᠦᠭᠡᠶ ᠨᠢᠭᠡ ᠳᠠᠯᠠᠪᠠᠢ ᠳᠤ ᠰᠢᠯᠭᠠᠭᠤᠯᠵᠤ ᠪᠠᠢ᠌ᠭᠰᠠᠨ ᠬᠠᠮᠳᠤ ᠠᠵᠢᠯᠯᠠᠭᠴᠢ ᠨᠢ ᠭᠠᠷ ᠪᠣᠭᠴᠤ ᠶᠢ ᠨᠢ ᠭᠦᠷᠭᠡᠵᠤ ᠢᠷᠠᠯ᠎ᠠ᠃ ᠮᠠᠰᠠ ᠵᠠᠰᠠᠯ ᠨᠢᠭᠡᠨᠲᠡ ᠡᠭᠢᠯᠡᠴᠢᠭᠡᠭ᠍ᠰᠡᠨ ᠪᠠᠢ᠌ᠵᠤ ᠳᠠᠭᠠᠷᠠᠨ᠎ᠠ᠃ ᠱᠤᠩᠬᠤᠷ ᠢ ᠳᠠᠭᠤᠳᠠᠬᠤ ᠦᠦ ᠪᠠᠢ᠌ᠬᠤ ᠦᠦ ᠭᠡᠳᠡᠭ᠌ ᠲᠤ ᠪᠢ ᠳᠤᠩ ᠳᠦᠳᠡᠭᠡᠯᠵᠡᠪᠡ᠃ ᠳᠠᠷᠠ ᠢᠷᠠᠪᠠᠯ ᠪᠢ ᠶᠠᠷᠢᠶᠠᠨ ᠦᠭᠡᠶ ᠢᠯᠡᠭᠦᠴᠡ ᠭᠦᠮᠤᠨ ᠪᠣᠯᠤᠨ᠎ᠠ᠂ ᠬᠤᠨ ᠲᠡᠶ ᠬᠠᠮᠳᠤ ᠪᠠᠢ᠌ᠬᠤ ᠵᠠᠪᠰᠢᠶᠠᠨ ᠶᠢᠡᠨ ᠠᠯᠳᠠᠴᠢᠬᠠᠨ᠎ᠠ᠃ ᠪᠣᠯᠵᠠᠢ᠂ ᠬᠤᠨ ᠭᠡᠵᠢᠶ᠎ᠡ ᠳᠠᠭᠤᠳᠠᠶ᠎ᠠ ᠭᠡᠪᠠᠯ ᠭᠡᠵᠢᠶ᠎ᠡ ᠳᠠᠭᠤᠳᠠᠶ᠎ᠠ᠃

᠊᠊᠊᠊᠊᠊᠊᠊᠊᠊᠊᠊᠊᠊᠊ ᠬᠠᠵᠠᠭᠤ ᠪᠠᠷ ᠨᠢ ᠬᠠᠷᠠᠭᠤᠯᠵᠤ ᠭᠡᠪᠳᠡᠭᠦᠯᠵᠤ ᠪᠣᠯᠬᠤ ᠦᠭᠡᠶ᠃ ᠭᠡᠢ᠌ᠯᠡᠭᠦ ᠦᠭᠡᠶ ᠪᠣᠯ ᠪᠣᠳᠠᠭ᠎ᠠ ᠢᠳᠡᠭᠦᠯᠵᠤ ᠣᠰᠤ ᠣᠤᠭᠤᠯᠭᠠᠵᠤ ᠪᠣᠯᠬᠤ ᠦᠭᠡᠶ᠁ ᠰᠤᠪᠢᠯᠠᠭᠴᠢ ᠬᠤᠨ ᠢ ᠭᠦᠷᠭᠡᠵᠤ ᠢᠷᠡᠭᠡᠳ ᠨᠠᠳᠠᠳᠤ ᠨᠢᠭᠡ ᠣᠯᠠᠨ ᠶᠠᠭᠤᠮ᠎ᠠ ᠵᠠᠭᠢᠭᠠᠤᠨ ᠶᠠᠪᠣᠯ᠎ᠠ᠃ ᠪᠢ ᠦᠪᠡᠷ ᠢ ᠪᠠᠨ ᠥᠨᠡᠭᠡᠷ ᠬᠤᠨ ᠤ 《ᠭᠡᠷ ᠤᠨ ᠭᠦᠮᠦᠰ》 ᠨᠢ ᠪᠣᠯᠴᠢᠬᠠᠭᠰᠠᠨ ᠰᠢᠤ ᠰᠠᠨᠠᠵᠤ ᠵᠢᠷᠭᠠᠯᠳᠠᠢ ᠯᠠ ᠪᠠᠢ᠌ᠯ᠎ᠠ᠃ ᠮᠢᠡᠴᠦᠭᠦᠷᠡᠭᠦᠯᠭᠦ ᠡᠮ ᠤᠨ ᠢᠳᠠ ᠪᠠᠭᠤᠷᠠᠭ᠎ᠠ ᠦᠭᠡᠶ ᠳᠤᠯᠠ ᠬᠤᠨ ᠮᠦᠨ ᠯᠠ ᠣᠠᠳᠠᠵᠤ ᠪᠠᠢ᠌ᠯ᠎ᠠ᠃ ᠴᠢᠷᠠᠢ ᠨᠢ ᠴᠢᠰᠤ ᠦᠭᠡᠶ ᠴᠠᠢ᠌ᠭᠠᠤᠨ ᠳᠡᠷᠡᠭᠦ ᠰᠠᠢ᠌ᠬᠠᠨ ᠶᠠᠭᠠᠨ ᠳᠤᠶᠠᠭ᠎ᠠ ᠨᠢ ᠦᠭᠡᠶ ᠪᠣᠯᠵᠠᠢ᠃ ᠬᠠᠢ᠌ᠷᠠᠳᠤ ᠮᠢᠨᠢ᠂ ᠠᠬ᠎ᠠ ᠨᠢ ᠴᠢᠮ᠎ᠠ ᠶᠢ ᠭᠡᠵᠢᠶᠡᠳᠡ ᠢᠩᠭᠢᠵᠤ ᠬᠠᠷᠠᠵᠤ ᠬᠠᠷᠠᠭᠠᠯᠵᠠᠵᠤ ᠶᠠᠪᠣᠪᠠᠯ ᠶᠠᠭᠠᠭᠢᠭᠰᠠᠨ ᠵᠢᠷᠭᠠᠯᠳᠠᠢ ᠪᠣᠢ︖

ᠳᠠᠷᠠ ᠰᠠᠷᠢᠵᠤ ᠭᠠᠷ ᠶᠢᠡᠨ ᠭᠦᠳᠡᠯᠭᠡᠭᠦ ᠭᠡᠭᠦ ᠳᠤ ᠪᠢ ᠡᠮ ᠶᠡᠭᠦᠯᠡᠵᠤ ᠪᠠᠢ᠌ᠭᠰᠠᠨ ᠵᠡᠭᠦᠨ ᠭᠠᠷ ᠢ ᠨᠢ ᠳᠠᠷᠤᠭᠠᠤᠨ᠄

᠊᠊᠊᠊᠊᠊᠊᠊᠊᠊᠊᠊᠊᠊᠊ ᠪᠢᠳᠡᠭᠡᠢ ᠭᠦᠳᠡᠯ︕ ᠭᠡᠯ᠎ᠡ᠃

᠊᠊᠊᠊᠊᠊᠊᠊᠊᠊᠊᠊᠊᠊᠊ ᠠᠬ᠎ᠠ ᠡ᠃ ᠳᠠᠯᠠᠷᠬᠠᠵᠤ ᠪᠠᠢ᠌ᠨ᠎ᠠ︕ ᠪᠢ ᠴᠤᠬᠤᠮ ᠡᠪᠠᠳᠦᠭᠡᠳ ᠶᠠᠭᠠᠭᠢᠵᠤ ᠴᠤ ᠴᠢᠳᠠᠬᠤ ᠦᠭᠡᠶ ᠪᠣᠯᠴᠢᠬᠠᠭᠰᠠᠨ ᠰᠢᠤ᠃ ᠳᠠ ᠨᠠᠮ᠎ᠠ ᠶᠢ ᠡᠮᠨᠡᠯᠭᠡ ᠳᠤ ᠭᠦᠷᠭᠡᠭ᠍ᠰᠡᠨ ᠦᠭᠡᠶ ᠪᠣᠯ ᠁

᠊᠊᠊᠊᠊᠊᠊᠊᠊᠊᠊᠊᠊᠊᠊ ᠬᠠᠮᠢᠶ᠎ᠠ ᠦᠭᠡᠶ︕ ᠪᠢᠳᠡᠭᠡᠢ ᠠᠷᠪᠢᠨ ᠶᠠᠭᠤᠮ᠎ᠠ ᠪᠣᠳᠤ︕

᠊᠊᠊᠊᠊᠊᠊᠊᠊᠊᠊᠊᠊᠊᠊ ᠠᠬ᠎ᠠ ᠡ᠂ ᠳᠠ ᠱᠤᠩᠬᠤᠷ ᠢ ᠳᠠᠭᠤᠳᠠᠭᠠᠤᠨ ᠦᠭ‍ᠭᠦ ᠦᠦ︖ ᠪᠢ ᠳᠡᠭᠦᠨ ᠤ ᠭᠠᠷ ᠣᠳᠠᠰᠤ ᠶᠢ ᠳᠤᠷ᠎ᠠ ᠲᠡᠶ ᠳᠤᠷ᠎ᠠ ᠦᠭᠡᠶ ᠭᠠᠷᠭᠠᠵᠤ ᠱᠤᠩᠬᠤᠷ ᠲᠤ ᠣᠬᠤᠷ ᠮᠡᠳᠡᠭᠡ ᠪᠢᠴᠢᠵᠤ ᠶᠠᠪᠣᠭᠤᠯᠪᠠ᠃

᠊᠊᠊᠊᠊᠊᠊᠊᠊᠊᠊᠊᠊᠊᠊ ᠭᠡᠩ︕ ᠱᠤᠩᠬᠤᠷ ᠱᠤᠩᠬᠤᠷ ᠭᠡᠳ ᠯᠠ᠂ ᠲ᠋ᠠᠷᠠ ᠴᠢᠨᠢ ᠳᠡᠭᠡᠭᠡᠳ ᠬᠠᠮᠢᠭ᠎ᠠ ᠪᠠᠢ᠌ᠨ᠎ᠠ︖

᠊᠊᠊᠊᠊᠊᠊᠊᠊᠊᠊᠊᠊᠊᠊ ᠳᠠᠷᠠ ᠦᠨᠦᠳᠤᠷ ᠴᠢᠬᠤᠯᠠ ᠣᠴᠢᠷ ᠲᠡᠶ᠁ ᠪᠢ ᠳᠡᠭᠦᠨ ᠢ ᠵᠥᠳᠡᠷᠡᠭᠦ ᠡᠴᠠ ᠪᠣᠯᠭᠤᠮᠵᠢᠯᠠᠵᠤ ᠵᠠᠯᠭᠠᠭᠠᠤᠨ ᠳᠤᠤᠭᠠᠷᠤᠭᠰᠠᠨ ᠦᠭᠡᠶ᠃ ᠳᠠᠷᠠ ᠪᠠᠢ᠌ᠨ ᠪᠠᠢ᠌ᠨ ᠡᠭᠦᠳᠡ ᠥᠭᠡᠳᠡ ᠬᠠᠷᠠᠨ᠎ᠠ᠂ ᠪᠢ ᠳᠡᠭᠦᠨ ᠳᠤ ᠶᠠᠮᠠᠷ ᠴᠤ ᠬᠠᠨᠢ ᠳᠦᠰᠢᠭ᠌ ᠪᠣᠯᠵᠤ ᠳᠡᠢ᠌ᠯᠭᠦ ᠦᠭᠡᠶ ᠪᠠᠢ᠌ᠭ᠎ᠠ ᠨᠢ ᠡᠨᠡ ᠦᠦ︖ ᠁

᠊᠊᠊᠊᠊᠊᠊᠊᠊᠊᠊᠊᠊᠊᠊ ᠳᠤᠭ᠂ ᠳᠤᠭ᠂ ᠳᠤᠭ᠃ ᠡᠭᠦᠳᠡ ᠳᠤᠭᠰᠢᠬᠤ ᠳᠠᠭᠤ᠃

᠊᠊᠊᠊᠊᠊᠊᠊᠊᠊᠊᠊᠊᠊᠊ ᠣᠷᠤᠵᠤ ᠢᠷ᠎ᠠ︕ ᠬᠤᠨ ᠡᠭᠦᠳᠡ ᠣᠷᠤᠭᠤ ᠭᠦᠰᠡᠯᠳᠡᠢ᠌ᠭᠡᠨ ᠰᠢᠷᠳᠡᠭᠡᠳ ᠴᠢᠷᠠᠢ ᠳᠤ ᠨᠢ ᠢᠨᠢᠶᠡᠮᠰᠦᠭᠯᠡᠯ ᠳᠤᠳᠤᠷᠠᠪᠠ᠃ ᠱᠤᠩᠬᠤᠷ ᠳᠡᠭᠦᠨ ᠤ ᠥᠭᠡᠳᠡ ᠳᠦᠷᠭᠡᠨ ᠠᠯᠬᠤᠵᠤ ᠢᠷᠡᠭᠡᠳ ᠭᠠᠷ ᠢ ᠨᠢ ᠪᠠᠷᠢᠬᠤ ᠶᠢᠨ ᠳᠠᠭᠠᠤ᠄

᠊᠊᠊᠊᠊᠊᠊᠊᠊᠊᠊᠊᠊᠊᠊ ᠵᠥᠭᠡᠷ ᠦᠦ︖ ᠡᠪᠠᠦᠡᠴᠤ ᠪᠠᠢ᠌ᠨ᠎ᠠ ᠦᠦ︖ ᠭᠡᠵᠤ ᠪᠠᠴᠢᠮᠳᠠᠩᠭ᠋ᠤᠢ ᠭᠡᠯᠡᠪᠡ᠃

ᠬᠤᠨ ᠣᠷᠤᠭᠤᠯ ᠶᠢᠡᠨ ᠦᠯᠦ ᠮᠡᠳᠡᠭ᠌ ᠴᠤᠷᠪᠣᠢ᠌ᠯᠭᠠᠵᠤ ᠡᠷᠭᠡᠯᠡᠩᠭᠦᠢ ᠳᠠᠭᠤᠨ ᠶᠢᠡᠷ᠄

᠊᠊᠊᠊᠊᠊᠊᠊᠊᠊᠊᠊᠊᠊᠊ ᠣᠳᠤ ᠡᠪᠠᠦᠡᠴᠤ ᠦᠭᠡᠶ᠂ ᠴᠢ ᠶᠠᠭᠤ ᠴᠤ ᠭᠡᠰᠡᠨ ᠢᠷᠠᠯ᠎ᠠ᠂ ᠪᠢ ᠴᠢᠮ᠎ᠠ ᠶᠢ ᠬᠠᠵᠠᠭᠤ ᠳᠤ ᠪᠠᠢ᠌ᠬᠤ ᠶᠢ ᠳᠤᠩ ᠭᠦᠰᠡᠭ᠍ᠰᠡᠨ ᠰᠢᠤ︕

᠊᠊᠊᠊᠊᠊᠊᠊᠊᠊᠊᠊᠊᠊᠊ ᠳᠡᠭᠡᠭᠡᠳ ᠶᠠᠭᠠᠭᠢᠭᠠᠤᠨ ᠡᠷᠳᠡ ᠨᠠᠮ᠎ᠠ ᠶᠢ ᠳᠠᠭᠤᠳᠠᠭᠰᠠᠨ ᠦᠭᠡᠶ ᠪᠣᠢ︖

᠊᠊᠊᠊᠊᠊᠊᠊᠊᠊᠊᠊᠊᠊᠊ ᠵᠠᠪᠳᠤᠭᠰᠠᠨ ᠦᠭᠡᠶ᠂ ᠮᠢᠨᠤ ᠭᠠᠷ ᠣᠳᠠᠰᠤ ᠴᠤ ᠪᠠᠶᠠᠨ ᠳᠤ ᠪᠠᠢ᠌ᠭᠰᠠᠨ ᠦᠭᠡᠶ︕ ᠭᠡᠳ ᠬᠤᠨ ᠄

᠊᠊᠊᠊᠊᠊᠊᠊᠊᠊᠊᠊᠊᠊᠊ ᠭᠦᠢ︕ ᠰᠠᠯᠭᠢᠴᠢ ᠠᠬ᠎ᠠ ᠨᠠᠮ᠎ᠠ ᠶᠢ ᠡᠮᠨᠡᠯᠭᠡ ᠳᠤ ᠭᠦᠷᠭᠡᠭ᠍ᠰᠡᠨ ᠰᠢᠤ︕ ᠭᠡᠵᠤ ᠭᠠᠷ ᠢ ᠨᠢ ᠰᠡᠭ᠍ᠰᠦᠷᠪᠡ᠃

᠊᠊᠊᠊᠊᠊᠊᠊᠊᠊᠊᠊᠊᠊᠊ ᠳᠠᠯᠠᠷᠬᠠᠯ᠎ᠠ︕ ᠱᠤᠩᠬᠤᠷ ᠨᠠᠮᠬᠠᠨ ᠪᠣᠯᠪᠠᠴᠤ ᠡᠷᠡᠰ ᠳᠠᠰᠤ ᠭᠡᠯᠡᠭᠦ ᠳᠤ ᠨᠢ ᠦᠴᠦᠭᠡᠳᠦᠷ ᠶᠢᠡᠨ ᠪᠣᠳᠤᠪᠠᠯ ᠳᠠᠢ᠌ᠮᠤ ᠶᠡᠭᠡ ᠳᠠᠢ᠌ᠰᠤᠩᠨᠠᠬᠤ ᠣᠪᠣᠷ ᠦᠭᠡᠶ ᠪᠠᠢ᠌ᠯ᠎ᠠ᠃ ᠡᠭᠦᠨ ᠳᠤ ᠨᠢ ᠪᠢ ᠬᠠᠷᠢᠨ ᠠᠭᠤᠷ ᠪᠣᠴᠠᠯᠵᠤ᠄

᠊᠊᠊᠊᠊᠊᠊᠊᠊᠊᠊᠊᠊᠊᠊ ᠴᠢ ᠨᠠᠳᠠ ᠳᠤ ᠳᠠᠯᠠᠷᠬᠠᠬᠤ ᠭᠡᠷᠡᠭ᠌ ᠦᠭᠡᠶ᠂ ᠪᠢ ᠬᠤᠨ ᠢ ᠬᠠᠢ᠌ᠷᠠᠯᠠᠬᠤ ᠪᠣᠯᠬᠤᠷ ᠳᠡᠭᠦᠨ ᠤ ᠲᠦᠯᠦᠭᠡ ᠶᠠᠭᠤ ᠭᠢᠭ᠍ᠰᠡᠨ ᠴᠤ ᠪᠣᠯᠤᠨ᠎ᠠ︕ ᠪᠢ ᠳᠡᠭᠦᠨ ᠢ ᠡᠭ᠍ᠴᠡᠯᠡᠨ ᠰᠢᠷᠳᠠᠯ᠎ᠠ᠃ ᠳᠠᠷᠠ ᠨᠠᠮ᠎ᠠ ᠶᠢ ᠬᠠᠷᠠᠭᠠᠤᠨ ᠭᠡᠨᠡᠳᠲᠡ ᠢᠨᠢᠶᠡᠴᠢᠭᠡᠵᠤ ᠪᠣᠰᠴᠤ ᠢᠷᠡᠭᠡᠳ ᠮᠦᠷᠤ ᠶᠢ ᠳᠠᠪᠰᠢᠨ ᠴᠤᠩᠬᠤ ᠪᠠᠷ ᠭᠠᠳᠠᠭᠰᠢ ᠬᠠᠷᠠᠵᠤ ᠵᠤᠭᠰᠤᠪᠠ᠃ ᠨᠠᠮ᠎ᠠ ᠶᠢ ᠳᠤᠭᠤᠭᠢᠯᠠᠵᠤ ᠪᠠᠢ᠌ᠭ᠎ᠠ ᠨᠢ ᠡᠨᠡ ᠦᠦ︖ ᠬᠤᠨ ᠢ ᠬᠠᠪᠰᠤᠷᠤᠯ᠎ᠠ ᠭᠡᠳ ᠨᠠᠢ᠌ᠷ ᠬᠠᠶᠠᠵᠤ ᠪᠠᠢ᠌ᠭ᠎ᠠ ᠨᠢ ᠡᠨᠡ ᠦᠦ︖ ᠡᠨᠡ ᠦᠶ᠎ᠡ ᠳᠤ ᠰᠤᠪᠢᠯᠠᠭᠴᠢ ᠣᠷᠤᠵᠤ ᠢᠷᠡᠭᠡᠳ ᠰᠢᠭᠤᠳ ᠮᠢᠨᠤ ᠥᠭᠡᠳᠡ᠄

᠊᠊᠊᠊᠊᠊᠊᠊᠊᠊᠊᠊᠊᠊᠊ ᠠᠪᠣᠭᠠᠢ ᠡ᠂ ᠨᠢᠭᠡᠳᠦᠭᠡᠷ ᠠᠰᠠᠷ ᠲᠤ ᠣᠴᠢᠵᠤ ᠰᠦᠢᠳᠭᠡᠯ ᠶᠢᠡᠨ ᠳᠤᠰᠢᠶᠠᠭᠠᠷᠠᠢ︕ ᠭᠡᠳ ᠭᠠᠷᠳᠠᠮ ᠢ ᠨᠠᠳᠠᠳᠤ ᠭᠠᠷᠳᠠᠭᠤᠯᠬᠤ ᠶᠢ ᠵᠠᠪᠳᠤᠪᠠ᠃

᠊᠊᠊᠊᠊᠊᠊᠊᠊᠊᠊᠊᠊᠊᠊ ᠰᠤᠪᠢᠯᠠᠭᠴᠢ ᠡ᠂ ᠮᠢᠨᠤ ᠡᠷᠡᠭ᠍ᠳᠡᠢ ᠨᠠᠢ᠌ᠵᠠ ᠢᠷᠡᠴᠢᠭᠡᠭ᠍ᠰᠡᠨ ᠪᠣᠯᠬᠤᠷ ᠳᠠᠷᠠ ᠠᠪᠣᠭᠠᠢ ᠶᠢ ᠵᠤᠪᠠᠭᠠᠬᠤ ᠭᠡᠷᠡᠭ᠌ ᠦᠭᠡᠶ︕ ᠨᠠᠰᠢ ᠥᠭ᠍ᠴᠢᠭᠡ︕ ᠰᠤᠪᠢᠯᠠᠭᠴᠢ ᠴᠢᠷᠠᠢ ᠨᠢ ᠣᠯᠠᠢ᠌ᠵᠤ᠄

᠊᠊᠊᠊᠊᠊᠊᠊᠊᠊᠊᠊᠊᠊᠊ ᠣᠰᠤᠯ ᠪᠣᠯᠤᠯ᠎ᠠ᠂ ᠡᠨᠡ ᠠᠪᠣᠭᠠᠢ ᠳᠠᠨ ᠢ ᠭᠦᠷᠭᠡᠵᠤ ᠢᠷᠡᠭᠡᠳ ᠪᠠᠰᠠ ᠭᠠᠷ ᠤᠨ ᠥᠰᠦᠭ᠌ ᠵᠢᠷᠤᠭᠰᠠᠨ ᠪᠣᠯᠬᠤᠷ ᠪᠢᠳᠠ ᠪᠣᠷᠤᠭᠤ ᠣᠢ᠌ᠯᠠᠭᠠᠴᠢᠬᠠᠯ᠎ᠠ︕ ᠠᠭᠤᠴᠢᠯᠠᠭᠠᠷᠠᠢ︕

ᠱᠤᠩᠬᠤᠷ ᠭᠠᠷᠴᠤ ᠶᠠᠪᠣᠬᠤ ᠳᠤ ᠬᠤᠨ᠄

᠊᠊᠊᠊᠊᠊᠊᠊᠊᠊᠊᠊᠊᠊᠊ ᠠᠬ᠎ᠠ ᠡ᠂ ᠳᠠ ᠱᠤᠩᠬᠤᠷ ᠲᠤ ᠪᠢᠳᠡᠭᠡᠢ ᠮᠠᠭᠤ ᠰᠠᠨᠠ︕ ᠪᠢ ᠪᠠᠰᠠ ᠳᠡᠭᠦᠨ ᠢ ᠭᠠᠢ᠌ᠭᠤᠢ ᠵᠢᠮᠡᠯᠡᠭ᠍ᠰᠡᠨ᠂ ᠳᠠᠷᠠ ᠳᠤᠯᠭᠢᠨ ᠵᠠᠩ ᠲᠡᠶ ᠪᠣᠯᠪᠠᠴᠤ ᠭᠦᠮᠤᠨ ᠨᠢ ᠰᠠᠢ᠌ᠨ᠂ ᠨᠠᠳᠠᠳᠤ ᠪᠠᠰᠠ ᠬᠠᠢ᠌ᠷ᠎ᠠ ᠲᠡᠶ᠁

᠊᠊᠊᠊᠊᠊᠊᠊᠊᠊᠊᠊᠊᠊᠊ ᠪᠢ ᠪᠠᠰᠠ ᠴᠢᠮ᠎ᠠ ᠳᠤ ᠬᠠᠢ᠌ᠷ᠎ᠠ ᠲᠡᠶ ᠰᠢᠳᠠ︕ ᠪᠢ ᠳᠡᠭᠦᠨ ᠤ ᠬᠠᠵᠠᠭᠤ ᠳᠤ ᠣᠴᠢᠵᠤ ᠰᠠᠭᠤᠪᠠ᠃

᠊᠊᠊᠊᠊᠊᠊᠊᠊᠊᠊᠊᠊᠊᠊ ᠴᠢ ᠴᠤ ᠰᠠᠢ᠌ᠨ ᠭᠦᠮᠤᠨ ᠰᠢᠤ ᠠᠬ᠎ᠠ ᠡ︕ ᠭᠡᠳᠡᠯ᠎ᠡ ᠪᠢ ᠶᠠᠭᠤᠨ ᠳᠤ ᠬᠠᠢ᠌ᠷ᠎ᠠ ᠳᠤᠷᠠᠯᠠᠯ ᠡᠴᠠ ᠪᠠᠨ ᠳᠡᠷᠰᠯᠡᠭᠦ ᠪᠣᠢ︖ ᠳᠠ ᠨᠠᠮ᠎ᠠ ᠶᠢ ᠣᠢ᠌ᠯᠠᠭᠠᠵᠤ ᠦᠵᠡ︕

᠊᠊᠊᠊᠊᠊᠊᠊᠊᠊᠊᠊᠊᠊᠊ ᠴᠢ ᠳᠡᠭᠡᠭᠡᠳ ᠨᠠᠮ᠎ᠠ ᠶᠢ ᠳᠤᠭᠤᠬᠤ ᠦᠭᠡᠶ ᠦᠦ︖ ᠪᠢ ᠭᠤᠮᠤᠳᠠᠩᠭ᠋ᠤᠢ ᠭᠡᠯᠡᠭᠡᠳ ᠬᠠᠮᠠᠷ ᠢ ᠪᠣᠷᠭᠢᠭᠤᠯᠬᠤ ᠨᠢᠯᠪᠣᠰᠤ ᠪᠠᠨ ᠳᠤᠳᠤᠭᠰᠢ ᠭᠦᠴᠦᠯᠡᠨ ᠵᠠᠯᠭᠢᠵᠤ ᠣᠷᠤᠭᠤᠯᠪᠠ᠃

᠊᠊᠊᠊᠊᠊᠊᠊᠊᠊᠊᠊᠊᠊᠊ ᠳᠤᠭᠤᠬᠤ ᠬᠠᠢ᠌ᠷᠠᠯᠠᠬᠤ ᠬᠤᠶᠠᠷ ᠠᠳᠠᠯᠢ ᠦᠭᠡᠶ ᠭᠡᠵᠤ ᠪᠢ ᠪᠣᠳᠤᠨ᠎ᠠ︕

᠊᠊᠊᠊᠊᠊᠊᠊᠊᠊᠊᠊᠊᠊᠊ ᠳᠡᠭᠡᠪᠠᠯ ᠳᠤᠭᠤᠨ᠎ᠠ ᠭᠡᠰᠡᠨ ᠥᠭᠡ ᠰᠢᠳᠠ︕

᠊᠊᠊᠊᠊᠊᠊᠊᠊᠊᠊᠊᠊᠊᠊ ᠳᠤᠭᠤᠬᠤ ᠪᠠᠷ ᠪᠣᠳᠤᠬᠤ ᠳᠤ ᠮᠢᠨᠤ ᠰᠡᠳᠭᠢᠯ ᠳ᠋ᠠᠭᠢ ᠳᠡᠭᠦᠨ ᠤ ᠪᠠᠢ᠌ᠷᠢ ᠰᠠᠭᠤᠷᠢ ᠨᠢᠭᠡᠨᠲᠡ ᠳᠤᠭᠳᠠᠴᠢᠬᠠᠭᠰᠠᠨ᠃ ᠳᠠᠭᠢᠭᠠᠤᠨ ᠭᠡᠯᠡᠪᠠᠯ ᠠᠬ᠎ᠠ ᠳᠠ ᠡᠢ᠌ᠮᠤ ᠭᠠᠩᠭ᠋ᠠᠩ᠂ ᠰᠠᠢ᠌ᠬᠠᠨ ᠰᠡᠳᠭᠢᠯ ᠲᠡᠶ᠂ ᠨᠠᠳᠠ ᠡᠴᠠ ᠴᠤ ᠰᠠᠢ᠌ᠬᠠᠨ ᠭᠡᠦᠭᠡᠨ ᠣᠯᠳᠠᠨ᠎ᠠ᠃

ᠶᠠᠭᠤ ᠭᠡᠯᠡᠯᠳᠡᠢ ᠪᠢᠯᠠ︖ ᠪᠢ ᠢᠩᠭᠢᠭᠡᠳ ᠯᠠ ᠢᠯᠠᠭᠳᠠᠭᠴᠢ ᠪᠣᠯᠴᠢᠬᠠᠬᠤ ᠪᠠᠷ ᠥᠨᠡᠭᠡᠷ ᠢᠳᠡᠭᠡᠮᠡᠷ ᠦᠭᠡᠶ᠃ ᠣᠳᠤ ᠪᠢ ᠴᠤᠬᠤᠮ ᠶᠠᠭᠠᠭᠢᠳᠠᠭ ᠪᠢᠯᠠ︖

᠊᠊᠊᠊᠊᠊᠊᠊᠊᠊᠊᠊᠊᠊᠊ ᠬᠤᠨ ᠡ︕ ᠱᠤᠩᠬᠤᠷ ᠣᠷᠤᠵᠤ ᠢᠷᠡᠮᠡᠭ᠍ᠴᠡ ᠨᠠᠮ᠎ᠠ ᠶᠢ ᠣᠢ᠌ᠰᠢᠶᠠᠯ ᠦᠭᠡᠶ ᠬᠤᠨ ᠤ ᠨᠥᠭᠦᠭᠡ ᠳᠠᠯ᠎ᠠ ᠳᠤ ᠰᠠᠭᠤᠵᠤ ᠬᠠᠴᠠᠷ ᠢ ᠨᠢ ᠥᠨᠦᠰᠦᠭᠡᠳ᠄

᠊᠊᠊᠊᠊᠊᠊᠊᠊᠊᠊᠊᠊᠊᠊ ᠁ ᠭᠡᠵᠤ ᠡᠮᠴᠢ ᠠᠰᠠᠭᠤᠵᠤ ᠪᠠᠢ᠌ᠨ᠎ᠠ︕ ᠭᠡᠪᠡ᠃ ᠴᠤᠬᠤᠮ ᠶᠠᠭᠤ ᠭᠡᠰᠡᠨ ᠢ ᠪᠣᠤ ᠮᠠᠳᠠ᠃ ᠬᠤᠨ ᠳᠤᠯᠤᠭᠠᠢ ᠪᠠᠨ ᠰᠠᠵᠢᠭᠠᠤᠨ ᠨᠠᠮ᠎ᠠ ᠶᠢ ᠬᠠᠷᠠᠵᠤ ᠢᠴᠢᠭ᠍ᠰᠡᠨ ᠪᠣᠯᠤᠯᠳᠠᠢ ᠳᠤᠷᠤᠭᠰᠢ ᠬᠠᠷᠠᠴᠢᠬᠠᠪᠠ᠃ ᠳᠠᠷᠠ ᠳᠦᠷᠭᠦ ᠶᠢᠨ ᠭᠢᠨᠢ ᠭᠦᠭᠡᠷᠦᠭᠦᠨ ᠭᠡᠳᠡᠭ᠌ ᠨᠢ᠂ ᠭᠡᠳᠦᠢ ᠬᠠᠷᠠᠭᠰᠠᠨ ᠴᠤ ᠣᠢ᠌ᠤᠠᠬᠤ ᠦᠭᠡᠶ ᠳ᠋ᠠ᠃ ᠱᠤᠩᠬᠤᠷ ᠬᠠᠮᠠᠷ ᠢ ᠨᠢ ᠳᠤᠭᠰᠢᠵᠤ᠄

᠊᠊᠊᠊᠊᠊᠊᠊᠊᠊᠊᠊᠊᠊᠊ ᠪᠢᠴᠢᠬᠠᠨ ᠴᠢᠦᠡᠭᠦᠷ︕ ᠭᠡᠪᠡ᠃ ᠡᠨᠡ ᠪᠦᠭᠦᠨ ᠪᠦᠷ ᠯᠠ ᠨᠠᠳᠠᠳᠤ ᠳᠤᠭᠯᠠᠵᠤ ᠥᠵᠡᠭᠦᠯᠵᠤ ᠪᠠᠢ᠌ᠭ᠎ᠠ ᠰᠢᠭ ᠰᠠᠨᠠᠭᠳᠠᠵᠤ ᠪᠢ ᠰᠠᠭᠤᠵᠤ ᠳᠤᠭᠳᠠᠯ ᠦᠭᠡᠶ ᠭᠠᠷᠴᠤ ᠢᠷᠠᠪᠠ᠃ ᠱᠤᠩᠬᠤᠷ ᠨᠠᠮ᠎ᠠ ᠶᠢ ᠦᠳᠡᠨ ᠭᠠᠷᠴᠤ ᠢᠷᠡᠭᠡᠳ᠄

᠊᠊᠊᠊᠊᠊᠊᠊᠊᠊᠊᠊᠊᠊᠊ ᠵᠠᠯᠠᠭᠤ ᠡ︕ ᠴᠢ ᠶᠠᠭᠤᠨ ᠳᠤ ᠵᠦᠷᠢᠭᠦᠳᠯᠡᠭᠡᠳ ᠪᠠᠢ᠌ᠳᠠᠭ ᠪᠣᠢ︖ ᠭᠡᠪᠡ᠃

᠊᠊᠊᠊᠊᠊᠊᠊᠊᠊᠊᠊᠊᠊᠊ ᠪᠢ ᠬᠤᠨ ᠢ ᠬᠠᠢ᠌ᠷᠠᠯᠠᠬᠤ ᠡᠷᠭᠡ ᠴᠢᠯᠦᠭᠡ ᠲᠡᠶ᠃ ᠴᠢ ᠳᠤᠭᠤᠵᠤ ᠪᠣᠯᠤᠭᠠᠤᠨ ᠪᠢ ᠳᠤᠭᠤᠵᠤ ᠪᠣᠯᠬᠤ ᠦᠭᠡᠶ ᠦᠦ︖

᠊᠊᠊᠊᠊᠊᠊᠊᠊᠊᠊᠊᠊᠊᠊ ᠪᠣᠯᠬᠤ ᠦᠭᠡᠶ ᠭᠡᠳ ᠶᠠᠭᠠᠭᠢᠨ᠎ᠠ ᠳ᠋ᠠ︖ ᠭᠡᠳᠡᠯ᠎ᠡ ᠁ ᠴᠢ ᠴᠠᠭ ᠶᠢᠡᠨ ᠦᠷᠡᠭᠦ ᠭᠡᠷᠡᠭ᠌ ᠦᠭᠡᠶ︕ ᠬᠤᠨ ᠨᠠᠳᠠ ᠡᠴᠠ ᠶᠠᠭᠠᠭᠢᠭᠰᠠᠨ ᠴᠤ ᠰᠠᠯᠬᠤ ᠦᠭᠡᠶ ᠶᠤᠮ ᠡ︕

᠊᠊᠊᠊᠊᠊᠊᠊᠊᠊᠊᠊᠊᠊᠊ ᠭᠡᠩ︕ ᠴᠢ ᠨᠠᠳᠠ ᠳᠤ ᠪᠣᠯᠢᠶᠠᠭᠳᠠᠬᠤ ᠡᠴᠠ ᠠᠶᠤᠵᠤ ᠪᠠᠢ᠌ᠨ᠎ᠠ ᠦᠦ︖

᠊᠊᠊᠊᠊᠊᠊᠊᠊᠊᠊᠊᠊᠊᠊ ᠬᠡ ᠬᠡ ᠁ ᠴᠢ ᠬᠤᠨ ᠤ ᠰᠡᠳᠭᠢᠯ ᠢ ᠣᠯᠵᠤ ᠳᠠᠢ᠌ᠯᠪᠠᠯ ᠴᠤ ᠶᠠᠭᠠᠭᠢᠬᠤᠪ᠂ ᠭᠡᠳᠡᠯ᠎ᠡ ᠳᠡᠢ᠌ᠯᠭᠦ ᠦᠭᠡᠶ ᠪᠣᠯ ᠨᠠᠳᠠᠳᠤ ᠪᠣᠤ ᠭᠤᠮᠤᠳᠠ︕

᠊᠊᠊᠊᠊᠊᠊᠊᠊᠊᠊᠊᠊᠊᠊ ᠭᠡᠯᠡᠪᠠᠯ ᠥᠭᠡ︕

᠊᠊᠊᠊᠊᠊᠊᠊᠊᠊᠊᠊᠊᠊᠊ ᠭᠢᠰᠭᠢᠪᠠᠯ ᠭᠠᠵᠠᠷ︕


(ᠲ᠋ᠠᠪᠣ)


ᠪᠢ ᠭᠡᠳᠤᠨ ᠡᠳᠦᠷ ᠤᠨ ᠳᠤᠷᠰᠢ ᠬᠤᠨ ᠤ ᠬᠠᠵᠠᠭᠤ ᠡᠴᠠ ᠰᠠᠯᠤᠭᠰᠠᠨ ᠦᠭᠡᠶ᠃ ᠪᠠᠷᠤᠭ ᠯᠠ ᠱᠤᠩᠬᠤᠷ ᠲᠡᠶ ᠣᠷᠤᠯᠳᠤᠵᠤ ᠡᠮᠨᠡᠯᠭᠡ ᠳᠤ ᠣᠴᠢᠳᠠᠭ᠃ ᠳᠡᠭᠦᠨ ᠲᠡᠶ ᠬᠠᠮᠳᠤ ᠪᠠᠢ᠌ᠬᠤ ᠨᠢ ᠨᠠᠳᠠᠳᠤ ᠲᠤᠢ᠌ᠯ ᠤᠨ ᠵᠤᠯ ᠵᠢᠷᠭᠠᠯ ᠲᠡᠶ᠃ ᠪᠢ ᠱᠤᠭ ᠲᠡᠶ ᠶᠠᠭᠤᠮ᠎ᠠ ᠭᠡᠯᠡᠭᠦ ᠳᠤ ᠳᠠᠷᠠ ᠭᠡᠳᠡᠰᠤ ᠪᠠᠨ ᠭᠦᠡᠳᠡᠭᠡᠭᠦ ᠦᠭᠡᠶ ᠭᠡᠵᠤ ᠬᠠᠠᠳᠠᠯ᠎ᠠ ᠢᠨᠢᠶᠠᠵᠤ ᠴᠤ ᠪᠣᠯᠬᠤ ᠦᠭᠡᠶ ᠵᠥᠳᠡᠭᠦᠤ ᠳᠡᠰᠳᠡᠭ᠌᠃ ᠪᠢ ᠪᠠᠰᠠ ᠳᠡᠭᠦᠨ ᠳᠤ ᠥᠯᠢᠭᠡᠷ ᠣᠩᠰᠢᠵᠤ ᠦᠭ‍ᠭᠦ ᠪᠣᠶᠤ ᠳᠠᠭᠤᠤ ᠭᠡᠩᠰᠢᠵᠤ ᠥᠭ᠍ᠳᠡᠭ᠌᠃ ᠭᠡᠪᠠᠴᠤ ᠪᠢ ᠳᠡᠭᠦᠨ ᠤ ᠪᠠᠢ᠌ᠨ ᠪᠠᠢ᠌ᠨ ᠱᠤᠩᠬᠤᠷ ᠵᠢᠠᠨ ᠶᠠᠷᠢᠬᠤ ᠳᠤ ᠨᠢ ᠯᠠ ᠳᠤᠷ᠎ᠠ ᠦᠭᠡᠶ᠃

᠊᠊᠊᠊᠊᠊᠊᠊᠊᠊᠊᠊᠊᠊᠊ ᠴᠢ ᠪᠠᠰᠠᠯᠠ ᠳᠡᠭᠦᠨ ᠶᠢᠡᠨ ᠳᠤᠷᠠᠰᠴᠢᠬᠠᠯ᠎ᠠ︕ ᠴᠢ ᠴᠤᠬᠤᠮ ᠶᠠᠭᠤ ᠶᠢ ᠨᠢ ᠳᠠᠳᠤᠢ ᠳᠤᠭᠤᠴᠢᠬᠠᠭᠰᠠᠨ ᠪᠣᠢ︖

᠊᠊᠊᠊᠊᠊᠊᠊᠊᠊᠊᠊᠊᠊᠊ ᠪᠢ ᠪᠠᠰᠠ ᠮᠡᠳᠡᠭᠦ ᠦᠭᠡᠶ᠂ ᠳᠡᠭᠦᠨ ᠢ ᠬᠠᠷᠠᠭᠰᠠᠨ ᠴᠠᠭ ᠡᠴᠠ ᠯᠠ ᠬᠣᠢ᠌ᠰᠢ ᠥᠵᠡᠮᠡᠭ᠍ᠴᠡ ᠥᠭᠦᠨ ᠳᠤᠭᠤᠴᠢᠬᠠᠭᠰᠠᠨ ᠁ ᠳᠠᠷᠠ ᠪᠣᠯ ᠵᠢᠩᠭᠢᠨᠢ ᠡᠷ᠎ᠡ ᠭᠦᠮᠤᠨ ᠭᠡᠵᠤ ᠪᠢ ᠪᠣᠳᠤᠨ᠎ᠠ᠃

᠊᠊᠊᠊᠊᠊᠊᠊᠊᠊᠊᠊᠊᠊᠊ ᠪᠢ ᠠᠯᠢ ᠴᠤ ᠳᠠᠯ᠎ᠠ ᠪᠠᠷ ᠳᠡᠭᠦᠨ ᠡᠴᠠ ᠳᠤᠳᠠᠬᠤ ᠦᠭᠡᠶ ᠰᠢᠳᠠ᠃

᠊᠊᠊᠊᠊᠊᠊᠊᠊᠊᠊᠊᠊᠊᠊ ᠠᠭᠤᠴᠢᠯᠠᠭᠠᠷᠠᠢ︕ ᠪᠢ ᠱᠤᠩᠬᠤᠷ ᠲᠤ ᠬᠠᠢ᠌ᠷᠠᠳᠠᠢ︕

ᠪᠢ ᠳᠡᠭᠦᠨ ᠤ ᠭᠡᠯᠡᠭᠦ ᠶᠢ ᠰᠤᠨᠤᠰᠤᠭᠰᠠᠭᠠᠷ 《ᠬᠤᠨ ᠶᠠᠭᠠᠭᠢᠭᠰᠠᠨ ᠴᠤ ᠨᠠᠳᠠ ᠡᠴᠠ ᠰᠠᠯᠬᠤ ᠦᠭᠡᠶ ᠶᠤᠮ》 ᠭᠡᠰᠡᠨ ᠱᠤᠩᠬᠤᠷ ᠤᠨ ᠥᠭᠡ ᠶᠢ ᠪᠣᠳᠤᠵᠤ ᠣᠯᠤᠯ᠎ᠠ᠃

᠊᠊᠊᠊᠊᠊᠊᠊᠊᠊᠊᠊᠊᠊᠊ ᠠᠬ᠎ᠠ ᠡ᠂ ᠳᠠ ᠶᠠᠭᠠᠭᠢᠭᠠᠤᠨ ᠳᠤᠤᠭᠠᠷᠬᠤ ᠪᠠᠨ ᠪᠠᠢ᠌ᠴᠢᠬᠠᠪᠠ︖

ᠪᠢ ᠰᠠ‍‌ᠶᠢ ᠰᠡᠭᠡᠰᠭᠢᠵᠤ᠄

᠊᠊᠊᠊᠊᠊᠊᠊᠊᠊᠊᠊᠊᠊᠊ ᠴᠢ ᠶᠠᠭᠠᠭᠢᠭᠠᠤᠨ ᠨᠠᠮ᠎ᠠ ᠶᠢ ᠨᠠᠷ᠎ᠠ ᠪᠠᠷ ᠳᠠᠭᠤᠳᠠᠬᠤ ᠦᠭᠡᠶ ᠪᠣᠢ︖

᠊᠊᠊᠊᠊᠊᠊᠊᠊᠊᠊᠊᠊᠊᠊ ᠪᠢ ᠴᠢᠮ᠎ᠠ ᠶᠢ ᠭᠦᠨᠳᠦᠳᠭᠡᠵᠤ ᠪᠠᠢ᠌ᠨ᠎ᠠ ᠰᠢᠳᠠ︕

᠊᠊᠊᠊᠊᠊᠊᠊᠊᠊᠊᠊᠊᠊᠊ ᠳᠡᠭᠡᠪᠠᠯ ᠴᠢ ᠶᠠᠭᠤᠨ ᠳᠤ ᠨᠠᠮ᠎ᠠ ᠶᠢ ᠬᠠᠷᠠᠭᠰᠠᠭᠠᠷ ᠢᠴᠢᠳᠡᠭ᠌ ᠪᠣᠢ︖

᠊᠊᠊᠊᠊᠊᠊᠊᠊᠊᠊᠊᠊᠊᠊ ᠭᠢ ᠭᠢ︕ ᠴᠢ ᠳᠠᠷᠠ ᠬᠠᠷᠠᠴᠠ ᠪᠠᠨ ᠮᠡᠳᠡᠭᠦ ᠦᠭᠡᠶ︕ ᠪᠢ ᠪᠦᠷ ᠡᠭ᠍ᠴᠡ ᠬᠠᠷᠠᠬᠤ ᠡᠴᠠ ᠪᠠᠨ ᠳᠠᠯᠳᠠᠷᠢᠳᠠᠭ᠂ ᠶᠠᠭ ᠯᠠ ᠭᠦᠮᠤᠨ ᠤ ᠰᠡᠳᠭᠢᠯ ᠢ ᠨᠠᠪᠳᠠ ᠳᠤᠷᠠᠠᠳᠠᠬᠤ ᠰᠢᠭ ᠰᠠᠨᠠᠭᠳᠠᠨ᠎ᠠ︕ ᠭᠡᠳ ᠳᠠᠷᠠ ᠭᠡᠨᠡᠳᠲᠡ ᠠᠯᠠᠰᠭᠢᠨ ᠪᠠᠶᠠᠷᠯᠠᠵᠤ᠄

᠊᠊᠊᠊᠊᠊᠊᠊᠊᠊᠊᠊᠊᠊᠊ ᠪᠢ ᠴᠢᠮ᠎ᠠ ᠶᠢ ᠵᠥᠭᠡᠷ ᠠᠬ᠎ᠠ ᠳᠠᠨᠢᠴᠢᠬᠠᠶ᠎ᠠ︕ ᠭᠡᠯ᠎ᠡ᠃

᠊᠊᠊᠊᠊᠊᠊᠊᠊᠊᠊᠊᠊᠊᠊ ᠪᠣᠯᠬᠤ ᠦᠭᠡᠶ︕ ᠭᠡᠳ ᠪᠢ ᠳᠠᠰᠤ ᠵᠥᠪᠰᠢᠶᠡᠷᠡᠭ᠍ᠰᠡᠨ ᠦᠭᠡᠶ᠃ ᠨᠠᠮ᠎ᠠ ᠶᠢ ᠬᠠᠷᠢᠨ ᠠᠷᠭᠠᠨ ᠳᠤ ᠪᠠᠨ ᠣᠷᠤᠭᠤᠯᠬᠤ ᠰᠠᠨᠠᠭ᠎ᠠ ᠲᠡᠶ︕

ᠪᠢ ᠬᠤᠨ ᠢ ᠳᠠᠭᠠᠭᠤᠯᠵᠤ ᠡᠮᠨᠡᠯᠭᠡ ᠡᠴᠠ ᠭᠠᠷᠬᠤ ᠭᠠᠷ ᠭᠦᠢᠴᠡᠳᠭᠡᠯ ᠢ ᠨᠢ ᠭᠢᠵᠤ ᠭᠠᠷᠴᠤ ᠢᠷᠡᠭᠦ ᠳᠤ ᠬᠠᠷ᠎ᠠ ᠨᠢᠳᠤᠨ ᠰᠢᠯ ᠵᠡᠭᠦᠭ᠍ᠰᠡᠨ ᠱᠤᠩᠬᠤᠷ ᠮᠤᠲ᠋ᠤᠷ ᠡᠴᠠ ᠪᠠᠨ ᠪᠠᠭᠤᠵᠤ ᠨᠠᠰᠢ ᠠᠯᠬᠤᠯᠠᠬᠤ ᠨᠢ ᠳᠠᠢ᠌ᠮᠤ ᠯᠠ ᠴᠤᠭ ᠵᠢᠪᠬᠤᠭ᠎ᠠ ᠲᠡᠶ᠂ ᠭᠠᠩᠭ᠋ᠠᠩ ᠭᠡᠭᠡᠮᠰᠦᠭ᠌᠃ ᠬᠤᠨ ᠥᠭᠡᠳᠡ ᠡᠴᠠ ᠨᠢ ᠨᠢᠰᠤᠨ ᠳᠡᠪᠳᠡᠷᠢᠭᠦ ᠰᠢᠭ᠌ ᠭᠦᠶᠤᠨ ᠣᠴᠢᠨ᠎ᠠ ᠁

ᠣᠴᠠᠷᠠᠬᠤ ᠶᠢᠨ ᠵᠢᠮ᠎ᠠ ᠪᠠᠷ ᠠᠭᠤᠯᠵᠠᠳᠠᠭ ᠴᠤ᠂ ᠣᠰᠤᠨ ᠤ ᠬᠤᠨ ᠪᠣᠴᠠᠳᠠᠭ ᠪᠠᠢ᠌ᠵᠠᠢ ᠦᠦ︖ ᠵᠢᠷᠦᠭᠡᠨ ᠳᠤ ᠳᠡᠪᠳᠡᠷᠢᠭ᠍ᠰᠡᠨ ᠬᠤᠨ ᠶᠢᠡᠨ ᠪᠢ ᠢᠩᠭᠢᠭᠡᠳ ᠠᠯᠳᠠᠭᠠᠤᠨ ᠶᠠᠪᠣᠭᠤᠯᠴᠢᠬᠠᠬᠤ ᠦᠦ︖ ᠵᠠᠯᠠᠭᠤ ᠨᠠᠰᠤᠨ ᠤ ᠮᠢᠨᠢ ᠬᠠᠯᠠᠭᠤᠨ ᠬᠠᠢ᠌ᠷ᠎ᠠ ᠳᠦᠷᠡᠯᠵᠡᠭᠦ ᠭᠠᠯ ᠰᠢᠭ ᠨᠠᠮ᠎ᠠ ᠶᠢ ᠰᠢᠳᠠᠭᠠᠵᠤ ᠣᠷᠭᠢᠨ᠎ᠠ ᠁ ᠪᠢ ᠡᠪᠦᠷ ᠡᠴᠠ ᠪᠠᠨ ᠳᠡᠷᠡᠭᠦ ᠭᠠᠷ ᠣᠳᠠᠰᠤᠨ ᠳᠤ ᠳᠡᠭᠦᠵᠢᠯᠡᠳᠡᠭ᠌ ᠡᠷᠡᠭᠡᠢ ᠬᠤᠷᠤᠭᠤᠨ ᠤ ᠭᠢᠮᠤᠰᠤᠨ ᠳᠤᠯᠢᠨ ᠴᠢᠨᠡᠭᠡᠭᠡᠨ ᠪᠢᠴᠢᠬᠠᠨ ᠭᠦᠯᠦᠭᠡ ᠶᠢ ᠭᠠᠷᠭᠠᠵᠤ ᠡᠩᠭᠦᠷᠡᠢ᠌ᠯᠡᠨ ᠢᠯᠪᠢᠪᠠ᠃ ᠳᠠᠷᠠ ᠣᠳᠠᠭ᠎ᠠ ᠪᠢ ᠬᠤᠨ ᠤ ᠭᠠᠷ ᠣᠳᠠᠰᠤ ᠶᠢ ᠬᠠᠮᠳᠤ ᠠᠵᠢᠯᠯᠠᠭᠴᠢ ᠡᠴᠠ ᠨᠢ ᠠᠪᠣᠭᠠᠤᠨ ᠬᠤᠨ ᠳᠤ ᠦᠭ‍ᠭᠦ ᠦᠶ᠎ᠡ ᠳᠤ ᠡᠨᠡᠭᠦ ᠳᠡᠭᠦᠵᠢᠯᠡᠭᠦᠷ ᠤᠨ ᠣᠭᠤᠰᠤᠷ ᠨᠢ ᠳᠠᠰᠤᠷᠠᠵᠤ ᠰᠠᠨᠠᠮᠰᠠᠷ ᠦᠭᠡᠶ ᠬᠠᠷᠮᠠᠨ ᠳᠤ ᠥᠯᠡᠳᠡᠴᠢᠭᠡᠭ᠍ᠰᠡᠨ ᠪᠠᠢ᠌ᠵᠠᠢ᠃ ᠪᠢ ᠡᠳᠦᠢ ᠪᠣᠯᠳᠠᠯ᠎ᠠ ᠳᠡᠭᠦᠨ ᠳᠤ ᠪᠣᠴᠠᠭᠠᠵᠤ ᠦᠭ‍ᠭᠦᠭᠡ ᠦᠭᠡᠶ ᠪᠠᠢ᠌ᠭᠰᠠᠭᠠᠷ᠂ ᠳᠠᠷᠠ ᠪᠠᠷᠤᠭ ᠭᠡᠭᠡᠴᠢᠭᠡᠵᠡᠢ ᠭᠡᠵᠤ ᠪᠣᠳᠤᠵᠤ ᠪᠠᠢ᠌ᠬ᠎ᠠ᠃ ᠪᠢ ᠡᠭᠦᠨ ᠢ ᠣᠷᠤᠭᠤᠯ ᠳᠤ ᠪᠠᠨ ᠤᠢ᠌ᠷᠠᠳᠤᠭᠤᠯᠵᠤ ᠭᠦᠩᠭᠡᠭᠡᠨ ᠥᠨᠦᠰᠭᠦ ᠳᠤ ᠬᠤᠨ ᠲᠡᠶ ᠤᠢ᠌ᠷᠠᠬᠠᠨ ᠪᠠᠢ᠌ᠬᠤ ᠳᠤ ᠰᠡᠳᠭᠢᠯ ᠭᠡᠳᠡᠭᠡᠯᠡᠵᠤ ᠥᠨᠦᠰᠳᠡᠭᠡᠳ ᠪᠠᠢ᠌ᠳᠠᠭ ᠳᠠᠷᠠ ᠳᠠᠨᠢᠯ ᠳᠠᠰᠤᠯ ᠰᠠᠢ᠌ᠬᠠᠨ ᠦᠨᠦᠷ ᠪᠢᠴᠢᠬᠠᠨ ᠭᠦᠯᠦᠭᠡ ᠡᠴᠠ ᠪᠠᠰᠠ ᠠᠩᠭᠢᠯᠬᠤ ᠰᠢᠭ ᠁ ᠭᠦᠭᠡᠷᠦᠭᠦᠨ ᠭᠦᠯᠦᠭᠡ ᠡ︕ ᠴᠢ ᠬᠤᠨ ᠢ ᠴᠤᠬᠤᠮ ᠭᠡᠳᠦᠢ ᠣᠳᠠᠭᠠᠨ ᠳᠠᠭᠠᠭᠰᠠᠨ ᠪᠣᠢ︖ ᠪᠢ ᠨᠢᠭᠡᠮᠦᠰᠤᠨ ᠴᠢᠮ᠎ᠠ ᠰᠢᠭ ᠭᠠᠷ ᠣᠳᠠᠰᠤᠨ ᠤ ᠳᠡᠭᠦᠵᠢᠯᠡᠭᠦᠷ ᠪᠣᠯᠴᠢᠬᠠᠭᠠᠤᠨ ᠬᠤᠨ ᠲᠡᠶ ᠪᠠᠨ ᠬᠠᠮᠳᠤ ᠪᠠᠢ᠌ᠪᠠᠯ ᠭᠡᠳᠦᠢ ᠰᠠᠢ᠌ᠬᠠᠨ ᠪᠢᠯᠡ︖ ᠲ᠋ᠡᠭᠡᠭᠦ ᠳᠤ ᠪᠢ ᠴᠢᠮ᠎ᠠ ᠶᠢ ᠭᠦᠢᠴᠡᠭᠦ ᠦᠭᠡᠶ᠁ ᠨᠢᠯᠪᠣᠰᠤ ᠮᠢᠨᠢ ᠬᠠᠮᠠᠷ ᠢ ᠬᠠᠪᠴᠢᠨ ᠪᠦᠮᠪᠦᠷᠢᠵᠤ ᠪᠠᠭᠤᠨ᠎ᠠ ᠁ ᠪᠢ ᠶᠠᠷᠤ ᠡᠴᠠ ᠡᠢ᠌ᠮᠤ ᠣᠢ᠌ᠤᠠᠬᠠᠷᠳᠠᠢ᠂ ᠭᠤᠨᠢᠭᠳᠠᠢ ᠪᠠᠢ᠌ᠭ᠎ᠠ ᠦᠭᠡᠶ᠂ ᠭᠦᠯᠦᠭᠡ ᠴᠢ ᠨᠠᠮ᠎ᠠ ᠶᠢ ᠳᠤᠭᠤᠭᠢᠯᠠᠵᠤ ᠪᠠᠢ᠌ᠨ᠎ᠠ ᠦᠦ︖ ᠨᠠᠮ᠎ᠠ ᠶᠢ ᠡᠵᠡᠨ ᠳᠤ ᠮᠢᠨᠢ ᠪᠣᠴᠠᠭ᠎ᠠ ᠭᠡᠵᠤ ᠴᠢ ᠴᠤ ᠨᠠᠳᠠᠳᠤ ᠣᠭᠢᠯᠠᠵᠤ ᠪᠠᠢ᠌ᠨ᠎ᠠ ᠦᠦ︖ ᠳᠠᠢ᠌ᠮᠤ ᠡ︕ ᠪᠢ ᠪᠣᠴᠠᠭᠠᠬᠤ ᠶᠤᠰᠤᠳᠠᠢ᠂ ᠣᠴᠢᠷ ᠨᠢ ᠴᠢ ᠮᠢᠨᠤᠭᠢ ᠪᠢᠰᠢ︕ ᠠᠳᠠᠯᠢᠬᠠᠨ ᠶᠢᠡᠷ ᠬᠤᠨ ᠴᠤ ᠮᠢᠨᠤᠭᠢ ᠪᠢᠰᠢ᠃ ᠳᠠᠷᠠ ᠰᠠᠢ᠌ᠬᠠᠨ ᠢᠨᠢᠶᠠᠳᠤ᠂ ᠰᠠᠢ᠌ᠬᠠᠨ ᠬᠠᠷᠠᠴᠠ ᠁ ᠶᠠᠭᠤ ᠪᠦᠭᠦᠨ ᠪᠦᠷ ᠮᠢᠨᠤᠭᠢ ᠪᠢᠰᠢ᠂ ᠪᠢ ᠶᠠᠭᠤᠨ ᠳᠤ ᠱᠤᠩᠬᠤᠷ ᠡᠴᠠ ᠮᠢᠨᠤᠭᠢ ᠪᠢᠰᠢ ᠶᠠᠭᠤᠮ᠎ᠠ ᠶᠢ ᠪᠣᠯᠢᠶᠠᠵᠤ ᠠᠪᠬᠤ ᠭᠡᠵᠤ ᠦᠷᠢᠰᠦᠯᠳᠦᠭᠦ ᠪᠣᠢ︖ ᠪᠢ ᠶᠠᠭᠠᠭᠢᠭᠠᠤᠨ ᠳᠡᠭᠡᠳᠡᠭ᠌ ᠪᠣᠢ︖ ᠬᠤᠨ ᠮᠢᠨᠢ︕ ᠴᠢᠮ᠎ᠠ ᠲᠡᠶ ᠣᠴᠠᠷᠠᠭᠰᠠᠨ ᠳᠤ ᠪᠠᠨ ᠪᠢ ᠬᠠᠮᠤᠭ ᠡᠴᠠ ᠵᠢᠷᠭᠠᠯᠳᠠᠢ ᠭᠦᠮᠤᠨ ᠭᠡᠵᠤ ᠦᠪᠡᠷ ᠢ ᠪᠠᠨ ᠪᠣᠳᠤᠳᠠᠭ ᠪᠣᠯ ᠴᠢᠮ᠎ᠠ ᠲᠡᠶ ᠬᠠᠨᠢᠰᠠᠬᠤ ᠵᠠᠶᠠᠭ᠎ᠠ ᠦᠭᠡᠶ ᠳᠤ ᠪᠠᠨ ᠪᠢ ᠬᠠᠮᠤᠭ ᠡᠴᠠ ᠭᠤᠨᠢᠭᠳᠠᠢ ᠭᠦᠮᠤᠨ ᠭᠡᠵᠤ ᠦᠪᠡᠷ ᠢ ᠪᠠᠨ ᠳᠤᠭᠠᠴᠠᠬᠤ ᠦᠦ︖ ᠁

ᠪᠢ ᠬᠤᠨ ᠢ ᠪᠣᠯᠭᠤᠭᠠᠬᠤ ᠭᠦᠮᠤᠨ ᠪᠣᠯᠵᠤ ᠪᠠᠢ᠌ᠨ ᠪᠠᠢ᠌ᠨ ᠭᠡᠷ ᠲᠤ ᠨᠢ ᠤᠴᠢᠨ᠎ᠡ᠂ ᠲ᠋ᠡᠭᠦᠨ ᠲᠡᠶ ᠬᠠᠮᠳᠤ ᠭᠦᠵᠦᠷ ᠳᠤᠭᠯᠠᠨ᠎ᠠ᠂ ᠳᠸᠯᠸᠢᠰ ᠦᠵᠡᠨ᠎ᠡ᠃ ᠳᠠᠷᠠ ᠭᠡᠨᠡᠳᠲᠡ ᠦᠵᠡᠵᠤ ᠪᠠᠢ᠌ᠭᠰᠠᠭᠠᠷ ᠣᠶᠠᠷᠠᠯᠳᠠᠢ ᠥᠵᠡᠭ᠍ᠳᠡᠯ ᠭᠠᠷᠪᠠᠯ ᠨᠢᠯᠪᠣᠰᠤ ᠪᠦᠮᠪᠦᠷᠢᠭᠦᠯᠴᠢᠭᠡᠳᠡᠭ᠌᠃ ᠥᠵᠡᠭᠡᠴᠢ᠂ ᠪᠠᠰᠠᠯᠠ ᠣᠭᠢᠯᠠᠴᠢᠬᠠᠯ᠎ᠠ︕

᠊᠊᠊᠊᠊᠊᠊᠊᠊᠊᠊᠊᠊᠊᠊ ᠭᠦᠢ︕ ᠳᠠᠷᠠ ᠴᠢᠨᠢ ᠳᠤᠭᠯᠠᠵᠤ ᠪᠠᠢ᠌ᠨ᠎ᠠ ᠰᠢᠤ︕ ᠪᠦᠷ ᠬᠤᠳᠠᠯ︕ ᠭᠡᠪᠠᠯ᠄

᠊᠊᠊᠊᠊᠊᠊᠊᠊᠊᠊᠊᠊᠊᠊ ᠭᠡᠨ ᠮᠡᠳᠡᠭᠦ ᠦᠭᠡᠶ ᠪᠤᠢ︖ ᠭᠡᠪᠠᠴᠤ ᠪᠢ ᠳᠡᠰᠭᠦ ᠦᠭᠡᠶ ᠪᠠᠢ᠌ᠬᠤ ᠳᠤ᠁ ᠭᠡᠨ᠎ᠡ᠃

᠊᠊᠊᠊᠊᠊᠊᠊᠊᠊᠊᠊᠊᠊᠊ ᠬᠨ ᠬᠨ︕ ᠪᠢ ᠳᠡᠭᠦᠨ ᠢ ᠡᠯᠡᠭᠯᠡᠵᠤ ᠨᠢᠳᠤᠨ ᠡᠴᠠ ᠪᠠᠨ ᠨᠢᠯᠪᠣᠰᠤ ᠭᠠᠷᠳᠠᠯ᠎ᠠ ᠢᠨᠢᠶᠠᠨ᠎ᠡ᠃

᠊᠊᠊᠊᠊᠊᠊᠊᠊᠊᠊᠊᠊᠊᠊ ᠶᠠᠮᠠᠷ ᠡᠭ᠍ᠳᠡᠭᠦᠤ ᠲᠡᠶ ᠪᠣᠢ ᠳᠠ ᠨᠡᠷ︖ ᠱᠤᠩᠬᠤᠷ ᠪᠠᠰᠠ ᠨᠠᠮ᠎ᠠ ᠶᠢ ᠣᠭᠢᠯᠠᠭᠰᠠᠭᠠᠷ ᠡᠯᠡᠭᠯᠡᠭᠡᠳ ᠪᠠᠢ᠌ᠳᠠᠭ᠃ ᠲ᠋ᠠᠨ ᠤ ᠡᠷᠡᠭ᠍ᠳᠡᠢ᠌ᠴᠦᠳ ᠪᠦᠷ ᠭᠦᠷᠡᠯ ᠵᠢᠷᠦᠭᠡ ᠲᠡᠶ ᠴᠤ ᠶᠤᠮ ᠦᠦ︖

᠊᠊᠊᠊᠊᠊᠊᠊᠊᠊᠊᠊᠊᠊᠊ ᠭᠦᠷᠡᠯ ᠵᠢᠷᠦᠭᠡ ᠲᠡᠶ ᠳᠤ ᠪᠠᠨ ᠪᠢᠰᠢ︕ ᠪᠢᠳᠠ ᠳᠠᠢ᠌ᠮᠤ ᠨᠢᠯᠬᠠᠰᠠᠭ ᠶᠠᠭᠤᠮᠠᠨ ᠳᠤ ᠬᠠᠭᠤᠷᠳᠠᠭᠳᠠᠬᠤ ᠦᠭᠡᠶ︕

᠊᠊᠊᠊᠊᠊᠊᠊᠊᠊᠊᠊᠊᠊᠊ ᠥᠵᠡᠭᠦ ᠦᠭᠡᠶ ᠪᠣᠯ ᠪᠠᠢ︕ ᠭᠦᠮᠤᠨ ᠤ ᠦᠵᠡᠵᠤ ᠪᠠᠢ᠌ᠬᠤ ᠶᠠᠭᠤᠮ᠎ᠠ ᠶᠢ ᠪᠢᠳᠡᠭᠡᠢ ᠳᠡᠭᠡᠵᠤ ᠭᠡᠯᠡ︕

᠊᠊᠊᠊᠊᠊᠊᠊᠊᠊᠊᠊᠊᠊᠊ ᠭᠠᠷ ᠣᠳᠠᠰᠤ ᠴᠢᠨᠢ ᠳᠤᠤᠭᠠᠷᠴᠤ ᠪᠠᠢ᠌ᠨ᠎ᠠ︕

᠊᠊᠊᠊᠊᠊᠊᠊᠊᠊᠊᠊᠊᠊᠊ ᠡᠨ︕ ᠮᠦᠨ︕ ᠳᠠᠢ᠌ᠮᠤ ᠦᠦ︖ ᠣᠤ︕ ᠵᠠ᠂ ᠵᠠ︕ ᠪᠢ ᠣᠳᠤ ᠪᠠᠷ ᠶᠢᠡᠨ ᠣᠴᠢᠯ᠎ᠠ᠃

᠊᠊᠊᠊᠊᠊᠊᠊᠊᠊᠊᠊᠊᠊᠊ ᠬᠨ ᠬᠨ︕ ᠢᠷᠡᠴᠢᠭᠡᠭ᠍ᠰᠡᠨ︕ ᠭᠡᠳ ᠳᠠᠷᠠ ᠳᠡᠪᠭᠡᠷᠤᠨ ᠪᠣᠰᠴᠤ ᠮᠢᠨᠤ ᠭᠦᠵᠦᠭᠦᠤ ᠪᠠᠷ ᠳᠡᠪᠠᠷᠢᠭᠡᠳ ᠳᠡᠭᠡᠷ᠎ᠡ ᠳᠡᠭᠡᠷ᠎ᠡ ᠦᠰᠦᠷᠴᠤ᠄

᠊᠊᠊᠊᠊᠊᠊᠊᠊᠊᠊᠊᠊᠊᠊ ᠮᠠᠨ ᠤ ᠬᠠᠮᠳᠤ ᠰᠤᠷᠤᠭᠴᠢ ᠶᠢᠡᠨ ᠠᠪᠣ ᠨᠢ ᠢᠷᠡᠴᠢᠭᠡᠵᠡᠢ ᠭᠡᠨ᠎ᠡ᠂ ᠮᠢᠨᠤ ᠵᠤᠭᠤᠰ ᠢ ᠪᠣᠴᠠᠭᠠᠬᠤ ᠭᠡᠵᠤ ᠪᠠᠢ᠌ᠨ᠎ᠠ ︕ ᠭᠡᠵᠤ ᠳᠠᠷᠠ ᠬᠡᠦᠬᠡᠳ ᠰᠢᠭ᠌ ᠪᠠᠶᠠᠷᠯᠠᠪᠠ᠃ ᠳᠠᠷᠠ ᠨᠢᠭᠡ ᠬᠠᠮᠳᠤ ᠰᠤᠷᠤᠭᠴᠢ ᠪᠠᠨ ᠡᠪᠠᠦᠡᠴᠢᠯᠡᠭᠦ ᠳᠤ ᠨᠢ ᠵᠤᠭᠤᠰ ᠵᠢᠭᠡᠯᠡᠭᠦᠯᠵᠤ ᠦᠭ‍ᠭᠦᠭ᠍ᠰᠡᠨ ᠶᠤᠮ᠃ ᠭᠡᠨᠡᠳᠲᠡ ᠳᠠᠷᠠ ᠭᠦᠵᠦᠭᠦᠤ ᠪᠠᠷ ᠳᠡᠪᠠᠷᠢᠭ᠍ᠰᠡᠨ ᠶᠢᠡᠨ ᠮᠡᠳᠡᠭᠡᠳ ᠭᠠᠷ ᠶᠢᠡᠨ ᠬᠤᠷᠳᠤᠬᠠᠨ ᠳᠠᠳᠠᠵᠤ ᠠᠪᠤᠨ ᠳᠤᠤᠷ᠎ᠠ ᠣᠷᠤᠭᠤᠯ ᠶᠢᠡᠨ ᠵᠠᠭᠤᠵᠤ ᠳᠤᠷᠤᠭᠰᠢ ᠬᠠᠷᠠᠭᠠᠤᠨ ᠢᠨᠢᠶᠡᠴᠢᠭᠡᠪᠡ᠃ ᠪᠢ ᠳᠡᠭᠦᠨ ᠤ ᠡᠨᠡᠭᠦ ᠭᠦᠭᠡᠷᠦᠭᠦᠨ ᠪᠠᠢ᠌ᠳᠠᠯ ᠢ ᠬᠠᠷᠠᠭᠠᠤᠨ ᠪᠠᠶ᠎ᠠ ᠪᠠᠨ ᠪᠠᠷᠢᠵᠤ ᠳᠡᠢ᠌ᠯᠦᠭ᠍ᠰᠡᠨ ᠦᠭᠡᠶ ᠬᠠᠴᠠᠷ ᠳᠡᠭᠡᠷ᠎ᠡ ᠨᠢ 《ᠫᠣᠭ》 ᠭᠢᠳᠠᠯ᠎ᠠ ᠦᠨᠦᠰᠴᠤ ᠠᠮᠵᠢᠯ᠎ᠠ᠃ ᠳᠠᠷᠠ ᠰᠤᠴᠢᠰᠭᠢᠵᠤ ᠠᠪᠣᠭᠰᠠᠨ ᠶᠢᠡᠨ ᠨᠠᠮ᠎ᠠ ᠶᠢ ᠲᠦᠯᠭᠢᠵᠤ᠄

᠊᠊᠊᠊᠊᠊᠊᠊᠊᠊᠊᠊᠊᠊᠊ ᠶᠠᠭᠠᠭᠢᠵᠤ ᠠᠭᠠᠰᠢᠯᠠᠵᠤ ᠪᠠᠢ᠌ᠬᠤ ᠪᠣᠢ︖ ᠭᠡᠪᠡ᠃

᠊᠊᠊᠊᠊᠊᠊᠊᠊᠊᠊᠊᠊᠊᠊ ᠬᠤᠶᠠᠭᠤᠯᠠ ᠪᠠᠨ ᠶᠠᠪᠣᠭᠠᠤᠨ ᠠᠪᠣᠭᠠᠤᠨ ᠢᠷᠠᠶ᠎ᠠ ᠳ᠋ᠠ︕ ᠳᠠᠷᠠ ᠣᠷᠤᠨ ᠤ ᠭᠦᠪᠠᠭᠡ ᠳᠡᠭᠡᠷ᠎ᠡ ᠰᠠᠭᠤᠭᠠᠤᠨ ᠳᠤᠤᠭᠠᠷᠬᠤ ᠴᠤ ᠦᠭᠡᠶ ᠳᠤᠯᠠ ᠪᠢ ᠥᠭᠡ ᠰᠠᠳᠤᠪᠠ᠃

᠊᠊᠊᠊᠊᠊᠊᠊᠊᠊᠊᠊᠊᠊᠊ ᠭᠡᠨ ᠴᠢᠮ᠎ᠠ ᠲᠡᠶ ᠶᠠᠪᠣᠬᠤ ᠪᠣᠢ︖ ᠭᠡᠵᠤ ᠪᠠᠢ᠌ᠪᠠᠴᠤ ᠪᠢ ᠳᠠᠭᠠᠭᠠᠤᠨ ᠭᠠᠷᠬᠤ ᠳᠤ ᠳᠠᠷᠠ ᠬᠤᠷᠢᠭᠯᠠᠭᠰᠠᠨ ᠦᠭᠡᠶ᠃ ᠪᠢᠳᠠ ᠬᠤᠶᠠᠭᠤᠯᠠ ᠡᠮᠨᠡᠯᠭᠡ ᠳᠤ ᠣᠴᠢᠵᠤ ᠬᠠᠮᠳᠤ ᠰᠤᠷᠤᠭᠴᠢ ᠶᠢ ᠨᠢ ᠪᠣᠯᠭᠤᠭᠠᠭᠠᠤᠨ ᠭᠠᠷᠴᠤ ᠢᠷᠠᠳᠠᠯ᠎ᠠ ᠳᠠᠷᠠ ᠨᠠᠳᠠ ᠲᠡᠶ ᠨᠢᠭᠡᠴᠤ ᠳᠤᠤᠭᠠᠷᠤᠭᠰᠠᠨ ᠦᠭᠡᠶ᠃

᠊᠊᠊᠊᠊᠊᠊᠊᠊᠊᠊᠊᠊᠊᠊ ᠴᠢ ᠪᠠᠰᠠ ᠠᠭᠤᠷᠯᠠᠵᠤ ᠪᠠᠢ᠌ᠨ᠎ᠠ ᠦᠦ︖

᠊᠊᠊᠊᠊᠊᠊᠊᠊᠊᠊᠊᠊᠊᠊ ᠁

᠊᠊᠊᠊᠊᠊᠊᠊᠊᠊᠊᠊᠊᠊᠊ ᠭᠦᠢ᠂ ᠨᠢᠭᠡ ᠳᠤᠤᠭᠠᠷᠴᠢᠬ᠎ᠠ ᠳ᠋ᠠ︕ ᠪᠢ ᠭᠠᠷ ᠡᠴᠠ ᠨᠢ ᠰᠡᠭ᠍ᠰᠦᠷᠴᠤ᠄

᠊᠊᠊᠊᠊᠊᠊᠊᠊᠊᠊᠊᠊᠊᠊ ᠠᠭᠤᠷᠯᠠᠪᠠᠯ ᠭᠡᠦᠭᠡᠨ ᠭᠦᠮᠤᠨ ᠮᠠᠭᠤᠬᠠᠢ ᠪᠣᠯᠴᠢᠬᠠᠳᠠᠭ ᠭᠡᠨ᠎ᠡ ᠰᠢᠤ︕ ᠴᠢ ᠡᠢ᠌ᠮᠤ ᠪᠣᠯᠴᠢᠬᠠᠪᠠᠯ ᠮᠦᠳᠳᠤ ᠱᠤᠩᠬᠤᠷ ᠴᠢᠨᠢ ᠴᠢᠮ᠎ᠠ ᠶᠢ ᠠᠪᠬᠤ ᠦᠭᠡᠶ ᠪᠣᠯᠴᠢᠬᠠᠨ᠎ᠠ︕ ᠡᠢ᠌ᠮᠤ ᠪᠣᠯᠴᠢᠬᠠᠪᠠᠯ ᠁ ᠭᠡᠵᠤ ᠪᠢ ᠣᠷᠤᠭᠤᠯ ᠠᠮᠠ ᠪᠠᠨ ᠮᠤᠰᠭᠢᠯᠳᠤᠭᠤᠯᠵᠤ ᠨᠢᠳᠤ ᠪᠠᠨ ᠣᠨᠢ᠌ᠯᠭᠠᠪᠠ᠃

᠊᠊᠊᠊᠊᠊᠊᠊᠊᠊᠊᠊᠊᠊᠊ ᠬᠡ ᠬᠡ ᠬᠡ︕ ᠴᠠᠰᠢ ︕ ᠶᠠᠮᠠᠷ ᠪᠣᠯᠠᠢ ᠲᠡᠶ ᠶᠤᠮ︖ ᠭᠡᠵᠤ ᠳᠠᠷᠠ ᠨᠠᠮ᠎ᠠ ᠶᠢ ᠲᠦᠯᠭᠢᠭᠢᠳ᠄

᠊᠊᠊᠊᠊᠊᠊᠊᠊᠊᠊᠊᠊᠊᠊ ᠴᠢ ᠴᠢᠨᠢ ᠨᠠᠮ᠎ᠠ ᠶᠢ ᠪᠣᠯᠢᠶᠠᠯᠳᠤᠨ᠎ᠠ ᠭᠡᠵᠤ ᠪᠠᠢ᠌ᠭᠰᠠᠨ ᠰᠢᠳᠠ︕ ᠳᠠᠷᠠ ᠠᠪᠬᠤ ᠦᠭᠡᠶ ᠪᠣᠯ ᠳᠠᠪᠠᠭᠤ ᠪᠢᠰᠢᠤ︖ ᠬᠡ ᠬᠡ ᠬᠡ︕

᠊᠊᠊᠊᠊᠊᠊᠊᠊᠊᠊᠊᠊᠊᠊ ᠳᠠᠷᠠ ᠬᠠᠷᠢᠨ ᠪᠣᠯᠤᠨ᠎ᠠ︕ ᠳᠡᠭᠡᠪᠠᠯ ᠴᠢ ᠬᠤᠷᠳᠤᠨ ᠠᠭᠤᠷᠯᠠ︕ ᠬᠤᠷᠳᠤᠨ ᠡ︕ ᠪᠢ ᠳᠡᠭᠦᠨ ᠤ ᠬᠤᠶᠠᠷ ᠬᠠᠴᠠᠷ ᠢ ᠭᠦᠩᠭᠡᠭᠡᠨ ᠴᠢᠮᠭᠢᠵᠤ ᠳᠡᠯᠡᠭᠦ ᠳᠤ ᠳᠠᠷᠠ ᠬᠠᠮᠠᠷ ᠤᠨ ᠥᠵᠦᠭᠦᠷ ᠶᠢᠠᠨ ᠬᠤᠷᠤᠭᠤ ᠪᠠᠷ ᠶᠢᠡᠨ ᠳᠡᠭᠡᠭ᠍ᠰᠢ ᠲᠦᠯᠭᠢᠭᠡᠳ᠄

᠊᠊᠊᠊᠊᠊᠊᠊᠊᠊᠊᠊᠊᠊᠊ ᠭᠠᠬᠠᠢ ᠠᠳᠠᠯᠢ ᠪᠣᠯᠴᠢᠬᠠᠶ᠎ᠠ︕ ᠭᠡᠪᠡ᠃

᠊᠊᠊᠊᠊᠊᠊᠊᠊᠊᠊᠊᠊᠊᠊ ᠬᠨ ᠬᠨ ᠬᠨ ᠁

᠊᠊᠊᠊᠊᠊᠊᠊᠊᠊᠊᠊᠊᠊᠊ ᠬᠨ ᠬᠨ ᠬᠨ ᠁


(ᠵᠢᠷᠭᠤᠭ᠎ᠠ)


ᠦᠨᠦᠳᠤᠷ ᠪᠣᠯ ᠬᠤᠨ ᠤ ᠳᠦᠷᠦᠭ᠍ᠰᠡᠨ ᠡᠳᠦᠷ ᠶᠤᠮ᠃ ᠪᠢ ᠬᠤᠨ ᠳᠤ ᠠᠪᠣᠭᠰᠠᠨ ᠰᠤᠠᠳᠤᠷ ᠶᠢᠡᠨ ᠨᠠᠠᠳᠢᠩᠨᠠᠨ ᠡᠪᠦᠷᠳᠦᠯᠡᠵᠤ ᠪᠣᠯᠵᠤᠵᠤ ᠳᠤᠭᠳᠠᠭᠰᠠᠨ ᠬᠤᠭᠤᠯᠠᠨ ᠳᠠᠩᠭᠢᠮ ᠢ ᠴᠢᠭᠯᠡᠪᠡ᠃ ᠳᠠᠩᠭᠢᠮ ᠳᠤ ᠭᠦᠮᠦᠰ ᠳᠦᠭᠦᠷᠳᠡᠯ᠎ᠡ ᠰᠠᠭᠤᠯᠴᠠᠵᠤ ᠳᠠᠭᠤᠤ ᠬᠤᠭᠤᠷ ᠣᠶᠠᠩᠭ᠋ᠠᠷᠠᠨ᠎ᠠ᠃ ᠲ᠋ᠠᠩᠭᠢᠮ ᠤᠨ ᠳᠡᠭᠡᠪᠦᠷ ᠪᠣᠯᠤᠨ ᠬᠠᠶᠠᠭ᠎ᠠ ᠬᠠᠨ᠎ᠠ ᠳᠤ ᠳᠡᠭᠦᠨ ᠤ ᠵᠢᠷᠤᠭ᠂ ᠳᠡᠭᠦᠨ ᠤ ᠳᠤᠬᠠᠢ ᠰᠢᠯᠦᠭ᠌ ᠶᠢᠡᠷ ᠳᠦᠭᠦᠷᠴᠤ᠂ ᠥᠩᠭᠡ ᠢᠯᠭᠠᠷᠠᠭᠰᠠᠨ ᠭᠡᠢ᠌ᠳᠤ ᠪᠦᠮᠪᠦᠭᠡ ᠤᠳ ᠳᠡᠭᠦᠵᠢᠯᠡᠵᠤ᠂ ᠴᠠᠴᠩ ᠬᠤᠸᠠᠷ ᠮᠢᠷᠡᠯᠵᠡᠨ᠎ᠡ᠃ ᠡᠨᠡ ᠪᠣᠯ ᠦᠴᠦᠭᠡᠳᠦᠷ ᠤᠨ ᠱᠤᠩᠬᠤᠷ ᠮᠠᠨ ᠤ ᠭᠡᠳᠦᠭᠦᠯᠡ ᠶᠢᠨ 《ᠠᠪᠣᠷᠭᠤ ᠪᠦᠳᠦᠭᠡᠯ》 ᠶ‍ᠤᠮ᠃ ᠲ᠋ᠡᠭᠦᠨ ᠤ ᠪᠠᠶᠠᠷ ᠤᠨ ᠡᠳᠦᠷ ᠢ ᠬᠠᠭᠠᠨ ᠤ ᠭᠦᠩᠵᠤ ᠰᠢᠭ᠌ ᠬᠠᠮᠤᠭ ᠢ ᠪᠠᠬᠠᠷᠬᠠᠭᠤᠯᠤᠭᠰᠠᠨ ᠪᠠᠶᠠᠷ ᠤᠨ ᠡᠳᠦᠷ ᠪᠣᠯᠭᠠᠬᠤ ᠪᠠᠷ ᠪᠢᠳᠠ ᠨᠢᠭᠤᠴᠠ ᠪᠠᠷ ᠭᠡᠯᠡᠯᠴᠡᠵᠤ ᠳᠤᠭᠳᠠᠭᠰᠠᠨ᠃ ᠨᠢᠭᠡᠨ ᠪᠣᠳᠠ ᠳᠡᠯᠭᠡᠭ᠍ᠰᠡᠨ ᠴᠡᠴᠡᠭ᠌ ᠪᠣᠯᠳᠠᠯ᠎ᠠ ᠵᠠᠰᠠᠨ ᠴᠢᠮᠡᠭ᠍ᠰᠡᠨ ᠬᠤᠨ ᠶᠢᠠᠨ ᠳᠤᠭᠤᠷᠢᠵᠤ ᠪᠢᠳᠠ ᠪᠠᠶᠠᠷᠯᠠᠵᠤ ᠭᠦᠭᠡᠷᠤᠨ᠎ᠡ᠃ ᠳᠠᠷᠠ ᠯᠠ ᠦᠯᠢᠶᠠᠵᠤ ᠭᠦᠰᠡᠯ ᠶᠢᠡᠨ ᠳᠠᠭᠠᠳᠬᠠᠭᠠᠳ ᠥᠡᠳᠡᠭᠡ ᠲᠡᠶ ᠪᠣᠭᠤᠷᠰᠤᠭ ᠶᠢᠡᠨ ᠬᠤᠪᠢᠶᠠᠵᠤ ᠪᠠᠷᠠᠬᠤ ᠳᠤ ᠣᠳᠤ ᠪᠠᠯᠡᠭ᠌ ᠭᠦᠷᠭᠡᠭᠦ ᠴᠠᠭ ᠪᠣᠯᠤᠭᠰᠠᠨ ᠪᠠᠢ᠌ᠯ᠎ᠠ᠃

ᠨᠠᠢ᠌ᠵᠠ ᠨᠡᠷ ᠤᠨ ᠪᠠᠯᠡᠭ᠌ ᠭᠦᠷᠭᠡᠭᠦ ᠡᠭᠡᠯᠵᠢ ᠪᠣᠯᠬᠤ ᠳᠤ ᠪᠢ ᠦᠪᠡᠷ ᠤᠨ ᠡᠷᠭᠡ ᠦᠭᠡᠶ ᠵᠢᠷᠦᠭᠡ ᠳᠦᠭ᠍ᠰᠢᠪᠡ᠃ ᠬᠤᠨ ᠮᠢᠨᠤ ᠠᠪᠴᠤ ᠦᠭ‍ᠭᠦᠭ᠍ᠰᠡᠨ ᠰᠤᠠᠳᠤᠷ ᠢ ᠣᠯᠠᠨ ᠤ ᠡᠮᠤᠨ᠎ᠡ ᠵᠡᠭᠦᠳᠡᠭ᠌ ᠪᠣᠯ ᠦᠦ︖ ᠭᠡᠷᠪᠡ ᠵᠡᠭᠦᠳᠡᠭ᠌ ᠪᠣᠯ ᠳᠠᠷᠠ ᠮᠢᠨᠤ ᠭᠦᠭᠡᠭᠡᠴᠡᠯᠳᠦᠯ ᠢ ᠭᠦᠯᠢᠶᠡᠵᠤ ᠠᠪᠣᠭᠰᠠᠨ ᠶᠠᠪᠣᠳᠠᠯ ᠮᠥᠨ᠃ ᠭᠡᠳᠡᠯ᠎ᠡ ᠁ ᠱᠤᠩᠬᠤᠷ ᠠᠷᠠᠢ ᠪᠦᠯᠡᠵᠡᠭ᠌ ᠠᠪᠴᠢᠬᠠᠭᠰᠠᠨ ᠦᠭᠡᠶ ᠪᠠ︖ ᠠᠷᠠᠢ ᠴᠤ ᠁ ᠭᠡᠷᠪᠡ ᠳᠡᠭᠦᠨ ᠤ ᠪᠦᠯᠡᠵᠡᠭ᠌ ᠢ ᠵᠡᠭᠦᠴᠢᠭᠡᠪᠠᠯ ᠶᠠᠭᠠᠭᠢᠨ᠎ᠠ︖

᠊᠊᠊᠊᠊᠊᠊᠊᠊᠊᠊᠊᠊᠊᠊ ᠵᠠ᠂ ᠮᠢᠩᠭ᠋ᠠᠨ ᠴᠠᠭᠠᠰᠤᠨ ᠳᠤᠭᠤᠷᠤᠤ︕ ᠢᠨᠠᠭ ᠳᠤᠷᠠᠯᠠᠯ ᠴᠢᠨᠢ ᠢᠯᠭᠤᠮ ᠣᠷᠤᠭᠰᠢᠳᠠᠢ ᠪᠠᠢ᠌ᠭᠠᠰᠠᠢ︕

᠊᠊᠊᠊᠊᠊᠊᠊᠊᠊᠊᠊᠊᠊᠊ ᠡᠭᠡᠰᠢᠭ᠍ᠳᠤ ᠬᠠᠢ᠌ᠷᠴᠠᠭ︕ ᠣᠯᠠᠮ ᠰᠠᠢ᠌ᠬᠠᠨ ᠪᠣᠯᠬᠤ ᠶᠢ ᠴᠢᠨᠢ ᠵᠦᠩᠨᠠᠶ᠎ᠠ︕

᠊᠊᠊᠊᠊᠊᠊᠊᠊᠊᠊᠊᠊᠊᠊ ᠣᠳᠤ ᠱᠤᠩᠬᠤᠷ᠂ ᠰᠠᠯᠭᠢᠴᠢ ᠬᠤᠶᠠᠷ ᠯᠠ ᠥᠯᠡᠳᠡᠴᠢᠭᠡᠯ᠎ᠡ︕ ᠭᠡᠨ ᠨᠢᠭᠡ ᠨᠢ ᠢᠩᠭᠢᠵᠤ ᠭᠡᠯᠡᠮᠡᠭ᠍ᠴᠡ ᠨᠠᠢ᠌ᠵᠠ ᠨᠡᠷ ᠮᠠᠨᠢ ᠨᠢᠭᠡᠨ ᠵᠡᠷᠭᠡ ᠱᠤᠤᠭᠢᠯᠳᠤᠵᠤ ᠠᠪᠣᠭᠠᠤᠨ ᠨᠠᠮᠳᠠᠪᠠ᠃ ᠪᠢ ᠡᠪᠦᠷ ᠡᠴᠠ ᠪᠠᠨ ᠵᠢᠵᠢᠭ᠌ ᠬᠠᠢ᠌ᠷᠴᠠᠭ ᠲᠡᠶ ᠰᠤᠠᠳᠤᠷ ᠶᠢᠡᠨ ᠭᠠᠷᠭᠠᠬᠤ ᠳᠤ ᠱᠤᠩᠬᠤᠷ ᠴᠤ ᠠᠪ ᠠᠳᠠᠯᠢ ᠬᠠᠢ᠌ᠷᠴᠠᠭ ᠭᠠᠷᠭᠠᠵᠤ ᠪᠠᠢ᠌ᠨ᠎ᠠ᠃ ᠳᠠᠳᠠ ᠪᠠᠰᠠᠯᠠ ᠱᠤᠤᠭᠢᠭᠠᠤᠨ ᠡᠭᠢᠯᠡᠴᠢᠭᠡᠪᠡ᠃

᠊᠊᠊᠊᠊᠊᠊᠊᠊᠊᠊᠊᠊᠊᠊ ᠥ︕ ᠠᠪ ᠠᠳᠠᠯᠢ ᠬᠠᠢ᠌ᠷᠴᠠᠭ ᠪᠠᠢ᠌ᠨ᠎ᠠ ︕

᠊᠊᠊᠊᠊᠊᠊᠊᠊᠊᠊᠊᠊᠊᠊ ᠶᠠᠭᠤ ᠪᠣᠢ︖

᠊᠊᠊᠊᠊᠊᠊᠊᠊᠊᠊᠊᠊᠊᠊ ᠳᠠᠨ ᠤ ᠬᠤᠶᠠᠭᠤᠯᠠ ᠭᠡᠯᠡᠯᠴᠡᠭᠡᠳ ᠳᠤᠭᠳᠠᠴᠢᠬᠠᠭᠰᠠᠨ ᠦᠦ︖

᠊᠊᠊᠊᠊᠊᠊᠊᠊᠊᠊᠊᠊᠊᠊ ᠣᠷᠤᠭ ᠭᠤᠶᠤᠬᠤ ᠭᠡᠵᠤ ᠪᠠᠢ᠌ᠨ᠎ᠠ ᠦᠦ︖

᠊᠊᠊᠊᠊᠊᠊᠊᠊᠊᠊᠊᠊᠊᠊ ᠡᠨᠡ ᠣᠳᠤ ᠰᠠᠢ᠌ᠬᠠᠨ ᠪᠠᠢ᠌ᠨ᠎ᠠ︕ ᠴᠤᠬᠤᠮ ᠭᠡᠨ ᠤ ᠭᠢ ᠶᠢ ᠨᠢ ᠠᠪᠬᠤ ᠪᠣᠯ︖

ᠪᠢᠳᠠ ᠬᠤᠶᠠᠭᠤᠯᠠ ᠨᠢᠭᠡᠨ ᠨᠢᠭᠡᠨ ᠶᠢᠡᠨ ᠬᠠᠷᠠᠨ᠎ᠠ᠂ ᠬᠤᠨ ᠢ ᠬᠠᠷᠠᠬᠤ ᠳᠤ ᠳᠠᠷᠠ ᠴᠤ ᠪᠢᠳᠠ ᠬᠤᠶᠠᠭᠤᠯᠠ ᠶᠢ ᠡᠭᠡᠯᠵᠢᠯᠡᠨ ᠬᠠᠷᠠᠨ᠎ᠠ᠃

᠊᠊᠊᠊᠊᠊᠊᠊᠊᠊᠊᠊᠊᠊᠊ ᠬᠤᠷᠳᠤᠨ ᠨᠡᠭᠡᠭᠡ︕

᠊᠊᠊᠊᠊᠊᠊᠊᠊᠊᠊᠊᠊᠊᠊ ᠳᠦᠷᠭᠡᠨ ᠵᠠᠳᠠᠯ︕

᠊᠊᠊᠊᠊᠊᠊᠊᠊᠊᠊᠊᠊᠊᠊ ᠨᠢᠭᠡ᠂ ᠬᠤᠶᠠᠷ᠂ ᠭᠤᠷᠪᠠ︕

ᠪᠢᠳᠠ ᠬᠤᠶᠠᠭᠤᠯᠠ ᠪᠠᠷᠤᠭ ᠵᠡᠷᠭᠡᠪᠠᠷ ᠨᠡᠭᠡᠭᠡᠵᠡᠢ᠃ ᠠᠪ ᠠᠳᠠᠯᠢᠬᠠᠨ ᠰᠤᠠᠳᠤᠷ ᠁ ᠬᠤᠨ ᠤ ᠨᠢᠳᠤ ᠪᠦᠯᠳᠡᠭᠡᠨᠡᠵᠤ ᠪᠢᠳᠠ ᠬᠤᠶᠠᠭᠤᠯᠠ ᠶᠢ ᠰᠢᠷᠳᠡᠭᠦ ᠨᠢ ᠡᠭᠡᠭᠡ ᠯᠠ ᠄

᠊᠊᠊᠊᠊᠊᠊᠊᠊᠊᠊᠊᠊᠊᠊ ᠥᠨᠡᠭᠡᠷ ᠭᠡᠯᠡᠯᠴᠡᠭᠡᠳ ᠳᠤᠭᠳᠠᠴᠢᠬᠠᠭᠰᠠᠨ ᠶᠤᠮ ᠦᠦ︖ ᠭᠡᠭᠦ ᠰᠢᠭ᠌ ᠪᠠᠢ᠌ᠯ᠎ᠠ᠃

᠊᠊᠊᠊᠊᠊᠊᠊᠊᠊᠊᠊᠊᠊᠊ ᠴᠢ ᠪᠠᠰᠠ ᠡᠭᠦᠨ ᠢ ᠠᠪᠴᠢᠬᠠᠭᠰᠠᠨ ᠶᠤᠮ ᠦᠦ︖ ᠭᠡᠭᠦ ᠰᠢᠭ᠌ ᠪᠢᠳᠠ ᠬᠤᠶᠠᠭᠤᠯᠠ ᠥᠭᠡᠳᠡ ᠥᠭᠡᠳᠡ ᠡᠴᠠ ᠪᠠᠨ ᠬᠠᠷᠠᠭᠠᠤᠨ ᠭᠦᠨ ᠭᠡᠭ᠍ᠴᠢ ᠠᠮᠢᠰᠬᠤᠪᠠ᠃

᠊᠊᠊᠊᠊᠊᠊᠊᠊᠊᠊᠊᠊᠊᠊ ᠣᠷᠠᠢ︕ ᠶᠠᠮᠠᠷ ᠷᠤᠮᠠᠠᠲ᠋ᠢᠭ ᠶᠤᠮ ᠪᠣᠢ︖

᠊᠊᠊᠊᠊᠊᠊᠊᠊᠊᠊᠊᠊᠊᠊ ᠵᠠ᠂ ᠠᠯᠢ ᠶᠢ ᠨᠢ ᠭᠦᠯᠢᠶᠡᠵᠤ ᠠᠪᠬᠤ ᠪᠣᠢ︖

᠊᠊᠊᠊᠊᠊᠊᠊᠊᠊᠊᠊᠊᠊᠊ ᠥ︕ ᠬᠨ ᠬᠨ ᠬᠨ ᠁

᠊᠊᠊᠊᠊᠊᠊᠊᠊᠊᠊᠊᠊᠊᠊ ᠬᠤᠷᠳᠤᠨ ᠰᠤᠩᠭ᠋ᠤᠯᠳᠠ ᠭᠢᠭᠡᠷᠡᠢ︕

᠊᠊᠊᠊᠊᠊᠊᠊᠊᠊᠊᠊᠊᠊᠊ ᠬᠤᠷᠳᠤᠨ ᠡ ᠁

᠊᠊᠊᠊᠊᠊᠊᠊᠊᠊᠊᠊᠊᠊᠊ ᠨᠢᠭᠡ᠂ ᠬᠤᠶᠠᠷ᠂ ᠭᠤᠷᠪᠠ︕

ᠮᠠᠯᠠᠰ︕ ᠪᠣᠯᠤᠷ ᠡᠷᠢᠭᠡ ᠳᠠᠰᠤᠷᠠᠨ ᠣᠨᠠᠬᠤ ᠰᠢᠭ ᠨᠢᠭᠡᠨ ᠳᠤᠰᠤᠯ ᠨᠢᠯᠪᠣᠰᠤ ᠬᠤᠶᠠᠷ ᠬᠠᠢ᠌ᠷᠴᠠᠭ ᠤᠨ ᠶᠠᠭ ᠳᠤᠮᠳᠠ ᠨᠢ ᠪᠦᠮᠪᠦᠷᠢᠨ ᠣᠨᠠᠪᠠ᠃ ᠪᠢ ᠬᠠᠷᠮᠠᠨ ᠡᠴᠠ ᠪᠠᠨ ᠳᠡᠷᠡᠭᠦ ᠠᠯᠢ ᠡᠷᠳᠡ ᠪᠣᠴᠠᠭᠠᠬᠤ ᠶᠤᠰᠤᠳᠠᠢ ᠭᠦᠭᠡᠷᠦᠭᠦᠨ ᠭᠦᠯᠦᠭᠡ ᠶᠢ ᠭᠠᠷᠭᠠᠵᠤ ᠬᠤᠨ ᠤ ᠭᠠᠷ ᠤᠨ ᠠᠯᠠᠭᠠᠨ ᠳᠤ ᠳᠠᠯᠪᠢᠬᠤ ᠳᠤ ᠬᠤᠨ ᠪᠢᠴᠢᠬᠠᠨ ᠭᠦᠯᠦᠭᠡ ᠪᠠᠨ ᠬᠠᠷᠠᠭᠠᠤᠨ ᠨᠠᠳᠠ ᠣᠷᠤᠭᠤ ᠵᠥᠳᠡᠭᠦᠭᠡᠨ ᠢᠨᠢᠶᠠᠵᠤ᠄

᠊᠊᠊᠊᠊᠊᠊᠊᠊᠊᠊᠊᠊᠊᠊ ᠴᠢᠮ᠎ᠠ ᠳᠤ ᠪᠠᠢ᠌ᠭᠰᠠᠨ ᠶᠤᠮ ᠦᠦ︖ ᠭᠡᠵᠤ ᠨᠢᠯᠪᠣᠰᠤ ᠪᠠᠨ ᠠᠷᠴᠢᠪᠠ᠃

᠊᠊᠊᠊᠊᠊᠊᠊᠊᠊᠊᠊᠊᠊᠊ ᠪᠠᠶᠠᠷᠳᠠᠢ︕ ᠁

ᠵᠢᠷᠦᠭᠡ ᠮᠢᠨᠢ ᠳᠠᠰᠤᠷᠠᠵᠤ ᠣᠨᠠᠬᠤ ᠰᠢᠭ ᠡᠪᠠᠦᠡᠴᠤ ᠪᠢ ᠡᠷᠭᠢᠵᠤ ᠬᠠᠷᠠᠯ ᠦᠭᠡᠶ ᠠᠯᠬᠤᠯᠠᠯ᠎ᠠ᠃ ᠬᠤᠨ ᠮᠢᠨᠢ᠂ ᠬᠠᠢ᠌ᠷ᠎ᠠ ᠶᠢᠨ ᠨᠢᠯᠪᠣᠰᠤ ᠴᠢᠨᠢ ᠮᠢᠨᠤ ᠲᠦᠯᠦᠭᠡ ᠨᠢᠭᠡ ᠯᠠ ᠣᠳᠠᠭ᠎ᠠ ᠣᠷᠤᠰᠤᠭᠰᠠᠨ ᠴᠤ᠂ ᠪᠢ ᠭᠡᠵᠢᠶᠡᠳᠡ ᠮᠠᠷᠳᠠᠬᠤ ᠦᠭᠡᠶ ︕


2010.8


ᠵᠤᠬᠢᠶᠠᠭᠴᠢ ᠶᠢᠨ ᠬᠠ‍‌ᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ


ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9091
ᠴᠠᠭ᠄ 2010 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ