ᠵᠤᠪᠠᠯᠠᠩ ᠲᠤᠭᠠᠴᠠᠭᠰᠠᠨ ᠨᠢ

ᠠᠵᠢᠯ ᠡᠴᠡ ᠪᠠᠨ ᠪᠠᠭᠤᠭᠠᠤᠨ ᠭᠡᠷ ᠵᠥᠭ᠌ ᠶᠢᠡᠨ ᠠᠶᠠᠯᠠᠵᠤ ᠪᠠᠢ᠌ᠳᠠᠯ᠎ᠠ ᠨᠢᠭᠡ ᠠᠯᠪᠠᠨ ᠭᠡᠷ ᠲᠤ ᠬᠠᠮᠳᠤ ᠰᠠᠭᠤᠳᠠᠭ ᠨᠥᠭᠦᠭᠡ ᠵᠠᠯᠠᠭᠤ ᠡᠴᠡ ᠣᠳᠠᠰᠤ ᠢᠷᠡᠭᠦᠯᠪᠡ᠃ ᠰᠠᠨᠠᠭ᠎ᠠ ᠰᠠᠤᠠᠭᠢᠯ ᠣᠢ᠌ᠮᠤᠷᠠᠵᠤ ᠪᠠᠢ᠌ᠨ᠎ᠠ᠂ ᠰᠠᠷᠬᠤᠤᠨ ᠭᠦᠡᠳᠡᠷᠴᠤ ᠪᠠᠬᠠᠨ ᠶᠠᠷᠢᠯᠴᠠᠶ᠎ᠠ ᠭᠡᠵᠤ ᠨᠠᠳᠠ ᠶᠢ ᠣᠷᠢᠯ᠎ᠠ᠃ ᠵᠠ ᠶᠠᠭᠠᠭᠢᠬᠤᠪ᠂ ᠬᠠᠮᠳᠤ ᠠᠵᠢᠯᠯᠠᠭᠰᠠᠨ ᠭᠡᠳᠤᠨ ᠵᠢᠯ ᠤᠨ ᠬᠠᠢ᠌ᠷ᠎ᠠ ᠨᠠᠢ᠌ᠷ ᠢ ᠪᠣᠳᠤᠵᠤ᠂ ᠳᠡᠭᠦᠨ ᠤ ᠣᠷᠢᠭᠰᠠᠨ ᠬᠤᠭᠤᠯᠠᠨ ᠭᠡᠷ ᠲᠤ ᠬᠤᠷᠳᠤᠬᠠᠨ ᠰᠢᠭ ᠳᠠᠯᠪᠢᠭᠠᠤᠨ ᠭᠦᠷᠦᠯ᠎ᠡ᠃ ᠬᠤᠶᠠᠷ ᠫᠢᠯᠠ ᠭᠦᠢᠳᠡᠨ ᠨᠤᠭᠤᠭ᠎ᠠ ᠥᠷᠦᠭ᠍ᠰᠡᠨ ᠬᠠᠪᠴᠢᠭ ᠰᠢᠷᠡᠭᠡ ᠬᠠᠪᠴᠢᠵᠤ ᠰᠠᠭᠤᠭᠰᠠᠨ ᠪᠢᠳᠠ ᠬᠤᠶᠠᠭᠤᠯᠠ ᠬᠤᠶᠠᠷ ᠳᠤᠮᠤ ᠬᠤᠠᠳᠠᠭ᠎ᠠ ᠲᠡᠶ ᠠᠷᠢᠭᠢ ᠪᠠᠨ ᠮᠥᠷᠭᠦᠭᠦᠯᠵᠤ ᠭᠡᠳᠤ ᠬᠤᠪᠢᠶᠠᠨ ᠵᠠᠯᠭᠢᠯᠠᠵᠤ ᠪᠠᠷᠠᠬᠤ ᠳᠤ ᠳᠠᠷᠠ ᠨᠥᠭᠦᠷ ᠮᠢᠨᠢ ᠨᠠᠳᠠ ᠣᠯᠠᠨ ᠶᠠᠭᠤᠮ᠎ᠠ ᠶᠠᠷᠢᠯ᠎ᠠ᠂ ᠠᠷᠪᠢᠨ ᠴᠤ ᠵᠤᠪᠠᠯᠠᠩ ᠳᠤᠭᠠᠴᠠᠯ᠎ᠠ᠁

《ᠠᠢ ᠳ᠋ᠠ᠂ ᠠᠯᠠᠭ ᠬᠤᠷᠸ᠎ᠠ ᠶᠢᠨ ᠠᠮᠢᠳᠤᠷᠠᠯ ᠭᠡᠵᠤ ᠠᠷᠭ᠎ᠠ ᠦᠭᠡᠶ ᠵᠤᠪᠠᠯᠠᠩ ᠲᠡᠶ ᠯᠠ ᠶᠤᠮ ᠪᠠᠢ᠌ᠨ᠎ᠠ᠃ ᠠᠷᠠᠤᠨ ᠤᠨ ᠪᠠᠭᠰᠢ ᠪᠣᠯᠵᠤ ᠠᠷᠪᠠᠭᠠᠤᠨ ᠵᠢᠯ ᠪᠣᠯᠤᠯ᠎ᠠ᠃ ᠣᠯᠠᠨ ᠭᠡᠦᠭᠡᠤᠨ ᠤᠨ ᠳᠤᠮᠳᠠ ᠣᠩᠰᠢᠵᠤ ᠪᠢᠴᠢᠵᠤ ᠵᠦᠳᠡᠷᠡᠯ᠎ᠠ᠃ ᠣᠯᠤᠭᠰᠠᠨ ᠵᠢᠭᠠᠬᠠᠨ ᠵᠤᠭᠤᠰ ᠶᠢᠡᠷ ᠶᠢᠡᠨ ᠣᠯᠤᠭᠠᠢ ᠬᠤᠳᠤᠭᠤᠳᠤ ᠪᠠᠨ ᠳᠦᠭᠦᠷᠭᠡᠯ᠎ᠡ᠃ ᠣᠷᠴᠢᠮ ᠤᠨ ᠵᠢᠯ ᠡᠴᠡ ᠬᠠᠷᠢᠨ ᠴᠠᠯᠢᠩ ᠭᠦᠯᠦᠰᠤ ᠨᠡᠮᠡᠭ᠍ᠳᠡᠯ᠎ᠡ᠃ ᠣᠠᠳᠤᠷᠤᠯ ᠠᠮᠢᠳᠤᠷᠠᠯ ᠰᠠᠢ᠌ᠵᠢᠷᠠᠨ᠎ᠠ ᠭᠡᠵᠤ ᠥᠨᠡᠭᠡᠷ ᠶᠡᠭᠡ ᠪᠠᠶᠠᠷᠯᠠᠯ᠎ᠠ᠃ ᠣᠷᠢᠳᠤ ᠵᠢᠯ ᠪᠢ ᠣᠷᠤᠭ ᠤᠨ ᠪᠠᠳᠤᠯᠠᠪᠣᠷᠢ ᠪᠠᠨ ᠠᠪᠴᠤ ᠬᠤᠯᠠ ᠡᠴᠡ ᠢᠷᠡᠭ᠍ᠰᠡᠨ ᠦᠬᠢᠨ ᠲᠡᠶ ᠬᠤᠷᠢᠮᠯᠠᠵᠤ ᠬᠠᠮᠳᠤ ᠰᠠᠭᠤᠭᠰᠠᠨ ᠶᠤᠮ᠃ ᠬᠤᠵᠢᠮ ᠤᠨ ᠠᠮᠢᠳᠤᠷᠠᠯ᠂ ᠬᠤᠪᠢᠨ ᠤ ᠣᠢ᠌ᠯᠠᠰ ᠭᠡᠵᠤ ᠴᠢᠷᠮᠠᠢ᠌ᠵᠤ ᠳᠠᠮᠠᠴᠠᠵᠤ ᠶᠠᠪᠣᠭᠰᠠᠨ ᠶᠤᠮ᠃ ᠠᠪᠣᠭᠰᠠᠨ ᠪᠦᠰᠡᠭᠦᠢ ᠮᠢᠨᠢ ᠠᠵᠢᠯ ᠦᠭᠡᠶ ᠴᠤ ᠠᠮᠢᠳᠤᠷᠠᠯ ᠣᠠᠳᠤᠷᠤᠯᠭ᠎ᠠ ᠳᠤ ᠮᠢᠨᠢ ᠳᠤᠰᠠᠯᠠᠵᠤ ᠪᠠᠢ᠌ᠭᠰᠠᠨ ᠶᠤᠮ᠃ ᠠᠭᠠᠰᠢ ᠵᠠᠩ ᠨᠢ ᠮᠠᠭᠤ ᠴᠤ ᠠᠮᠢ ᠬᠤᠪᠢ ᠭᠡᠤᠨ ᠴᠢᠷᠮᠠᠢ᠌ᠳᠠᠭ ᠪᠠᠢ᠌ᠭᠰᠠᠨ ᠶᠤᠮ᠁》

ᠡ᠊ᠨᠳᠡ ᠭᠦᠷᠳᠡᠯ᠎ᠡ ᠶᠠᠷᠢᠭᠠᠤᠨ ᠢᠷᠡᠭᠦ ᠳᠤ ᠨᠠᠢ᠌ᠵᠠ ᠶᠢᠨ ᠮᠢᠨᠢ ᠳᠠᠭᠤ ᠬᠤᠭᠤᠯᠠᠢ ᠰᠥᠭᠡᠩᠭᠡᠢ᠌ᠳᠦᠭ᠍ᠰᠡᠨ ᠪᠠᠢ᠌ᠪᠠ᠃ ᠨᠢᠳᠤᠨ ᠵᠤᠪᠭᠢᠨ ᠳᠤ ᠨᠢ ᠪᠦᠷ ᠨᠢᠯᠪᠣᠰᠤ ᠭᠡᠷᠡᠯᠳᠦᠴᠢᠭᠡᠭ᠍ᠰᠡᠨ ᠪᠠᠢ᠌ᠪᠠ᠃ ᠰᠠᠤᠠᠭᠢᠯ ᠤᠨ ᠥᠭᠡ ᠶᠢ ᠨᠢ ᠰᠤᠨᠤᠰᠴᠤ ᠰᠠᠨᠠᠭ᠎ᠠ ᠮᠢᠨᠢ ᠳᠠᠩᠴᠤ ᠣᠶᠠᠷᠠᠪᠠ᠃ ᠰᠠᠷᠬᠤᠤᠨ ᠠᠷᠢᠭᠢ ᠶᠢ ᠨᠢ ᠰᠢᠮᠠᠵᠤ ᠥᠷᠭᠦᠯᠵᠢᠯᠡᠨ ᠶᠠᠷᠢᠬᠤ ᠶᠢ ᠨᠢ ᠰᠤᠨᠤᠰᠤᠯ᠎ᠠ᠃

《ᠡᠨ ᠴᠡᠭᠡᠭᠡᠤᠨ᠂ ᠠᠮᠢᠳᠤᠷᠠᠯ ᠭᠡᠵᠤ ᠠᠶᠤᠮᠠᠷ ᠵᠤᠪᠠᠯᠠᠩ ᠲᠡᠶ ᠶᠤᠮ ᠡ᠂ ᠠᠪᠣᠭᠰᠠᠨ ᠡᠭᠡᠨᠡᠷ ᠲᠡᠭᠡᠨ ᠵᠦᠪ ᠦᠭᠡᠶ ᠪᠣᠯ ᠠᠷᠭ᠎ᠠ ᠦᠭᠡᠶ ᠵᠤᠪᠠᠳᠠᠭ ᠶᠤᠮ ᠪᠠᠢ᠌ᠨ᠎ᠠ᠃》 ᠭᠡᠵᠤ ᠶᠠᠷᠢᠬᠤ ᠳᠤ ᠨᠥᠭᠦᠷ ᠤᠨ ᠮᠢᠨᠢ ᠨᠢᠯᠪᠣᠰᠤ ᠴᠤᠪᠣᠷᠠᠴᠢᠬᠠᠭᠰᠠᠨ ᠪᠠᠢ᠌ᠯ᠎ᠠ᠃ ᠬᠤᠠᠳᠠᠭ᠎ᠠ ᠲᠡᠶ ᠠᠷᠢᠭᠢᠨ ᠳᠤ ᠨᠢ ᠳᠤᠰᠤᠯᠠᠴᠢᠬᠠᠭᠰᠠᠨ ᠪᠠᠢ᠌ᠯ᠎ᠠ᠃ ᠨᠢᠯᠪᠣᠰᠤ ᠲᠡᠶ ᠠᠷᠢᠭᠢ ᠪᠠᠨ ᠨᠠᠳᠠ ᠲᠡᠶ ᠮᠥᠷᠭᠦᠭᠦᠯᠵᠤ ᠦᠪᠡᠷ ᠶᠢᠡᠨ ᠭᠦᠴᠦᠳᠡᠢ ᠨᠢᠭᠡ ᠭᠦᠡᠳᠡᠷᠡᠭ᠍ᠰᠡᠨ ᠶᠢᠡᠨ ᠵᠠᠯᠭᠠᠵᠤ᠄

《ᠴᠠᠯᠢᠩ ᠭᠦᠯᠦᠰᠤ ᠴᠤ ᠨᠡᠮᠡᠭ᠍ᠳᠡᠯ᠎ᠡ᠂ ᠴᠠᠭ ᠲᠠᠭᠠᠨ ᠥᠭ᠍ᠳᠡᠭ᠌ ᠴᠤ ᠪᠣᠯᠤᠯ᠎ᠠ᠃ ᠭᠡᠳᠡᠯ᠎ᠡ ᠡᠳ᠋ ᠳᠠᠸᠠᠷ᠂ ᠢᠳᠠᠰᠢ ᠨᠤᠭᠤᠭ᠎ᠠ ᠶᠢᠨ ᠦᠨ᠎ᠡ ᠬᠠᠩᠰᠢ ᠪᠠᠰᠠ ᠳᠠᠭᠢᠨ ᠶᠢᠡᠷ ᠥᠰᠴᠢᠭᠡᠯ᠎ᠡ᠃ ᠢᠯᠠᠩᠭ᠋ᠤᠶ᠎ᠠ ᠭᠡᠷ ᠪᠠᠢ᠌ᠰᠢᠩ ᠤᠨ ᠦᠨ᠎ᠡ ᠥᠰᠦᠭᠡᠤᠨ᠂ ᠳᠡᠩᠭᠡᠭᠡ ᠪᠠᠨ ᠪᠠᠷᠠᠭᠰᠠᠨ ᠪᠢᠳᠠᠨᠤᠰ ᠲᠤ ᠳᠠᠷᠠ ᠬᠤᠯᠠ ᠳᠡᠭ᠍ᠷᠢ ᠣᠢ᠌ᠷ᠎ᠠ ᠭᠡᠰᠡᠨ ᠰᠢᠭ᠌ ᠶᠠᠭᠤᠮ᠎ᠠ ᠪᠣᠯᠴᠢᠬᠠᠯ᠎ᠠ᠃ ᠵᠠ ᠶᠠᠭᠠᠭᠢᠬᠤᠪ᠂ ᠠᠢ᠌ᠯ ᠭᠡᠷ ᠭᠡᠭ᠍ᠴᠢ ᠶᠠᠭᠤᠨ ᠤ ᠣᠷᠢᠳᠠ ᠭᠡᠷ ᠣᠷᠤᠨ ᠶᠢᠡᠨ ᠳᠤᠪᠭᠢᠨᠠᠭᠤᠯᠬᠤ ᠴᠢᠬᠤᠯᠠ ᠲᠡᠶ᠃ ᠨᠠᠳᠠ ᠰᠢᠭ ᠬᠤᠶᠠᠷ ᠭᠠᠵᠠᠷ ᠭᠡᠷ ᠳᠦᠷᠢᠶᠠᠰᠤᠯᠠᠵᠤ ᠰᠠᠭᠤᠭᠠᠤᠨ ᠪᠠᠢ᠌ᠵᠤ ᠪᠣᠯᠬᠤ ᠦᠭᠡᠶ ᠯᠠ ᠪᠢᠵᠠ᠃ ᠠᠪᠣ ᠡᠵᠢ ᠶᠢᠨ ᠳᠡᠮᠵᠢᠯᠭᠡ ᠪᠠᠷ ᠦᠨᠦ ᠵᠢᠯ ᠠᠷᠪᠠᠨ ᠭᠡᠳᠤᠨ ᠲᠦᠮᠡᠨ ᠳᠦᠭᠦᠷᠢᠭ᠌ ᠤᠨ ᠠᠰᠠᠷ ᠵᠠᠭᠢᠶᠠᠯᠠᠪᠠ᠃ ᠦᠪᠡᠷ ᠶᠢᠡᠨ ᠪᠠᠰᠠ ᠵᠤᠭᠤᠰ ᠵᠢᠭᠡᠯᠡᠯ᠎ᠡ᠂ ᠵᠢᠭᠡᠯᠡᠭ᠍ᠰᠡᠨ ᠵᠤᠭᠤᠰ ᠤᠨ ᠣᠷᠤᠨ ᠳᠤ ᠴᠠᠯᠢᠩ ᠤᠨ ᠺᠠᠷᠲ᠋ ᠪᠠᠨ ᠳᠠᠷᠤᠯ᠎ᠠ᠃ ᠵᠠ ᠳᠡᠭᠡᠭᠡᠤᠨ ᠵᠢᠯ ᠰᠢᠬᠠᠮ ᠴᠠᠯᠢᠩ ᠤᠨ ᠪᠠᠷ᠎ᠠ ᠬᠠᠷᠠᠭᠰᠠᠨ ᠦᠭᠡᠶ᠃ ᠦᠪᠡᠷ ᠶᠢᠡᠨ ᠪᠠᠰᠠ ᠳᠠᠮᠠᠭᠢ ᠳᠠᠳᠠᠨ᠎ᠠ᠂ ᠥᠷᠦᠭᠡᠯ ᠡᠴᠡ ᠨᠢᠭᠤᠵᠤ ᠬᠠᠮᠤᠭ ᠤᠨ ᠭᠢᠮᠳᠠ ᠳᠠᠮᠠᠭᠢ ᠶᠢ ᠠᠪᠴᠤ ᠳᠠᠳᠠᠳᠠᠭ ᠪᠣᠯᠤᠯ᠎ᠠ᠃ ᠭᠠᠷ ᠣᠳᠠᠰᠤᠨ ᠳᠤ ᠰᠥᠢᠦᠡᠭᠡᠯ ᠳᠤᠰᠢᠶᠠᠨ᠎ᠠ᠂ ᠮᠤᠲ᠋ᠤᠷ ᠳᠡᠷᠭᠡᠨ ᠳᠤ ᠳᠤᠰᠤ ᠨᠠᠮᠠᠨ᠎ᠡ᠃ ᠠᠢ᠌ᠯ ᠭᠡᠷ ᠤᠨ ᠪᠠᠭ᠎ᠠ ᠪᠠᠭᠤᠷᠠᠢ ᠵᠠᠷᠤᠯᠭ᠎ᠠ ᠪᠠᠰᠠ ᠭᠠᠷᠤᠭᠠᠤᠨ ᠢᠷᠡᠴᠢᠭᠡᠨ᠎ᠡ᠃ ᠡᠨᠡ ᠠᠢ᠌ᠯ ᠤᠨ ᠬᠤᠷᠢᠮ᠂ ᠳᠠᠷᠠ ᠠᠢ᠌ᠯ ᠤᠨ ᠭᠡᠦᠭᠡᠤᠨ ᠤᠨ ᠨᠠᠢ᠌ᠷ ᠭᠡᠤᠨ ᠣᠷᠢᠯᠭ᠎ᠠ ᠵᠠᠯᠠᠯᠭ᠎ᠠ ᠪᠠᠰᠠ ᠳᠠᠰᠤᠷᠠᠬᠤ ᠦᠭᠡᠶ᠃ ᠳᠡᠭᠡᠷ᠎ᠡ ᠡᠴᠡ ᠪᠠᠰᠠ ᠭᠡᠨᠡᠳᠲᠡ ᠭᠡᠨᠡᠳᠲᠡ ᠰᠢᠯᠭᠠᠯᠳᠠ ᠡᠨᠡ ᠳᠠᠷᠠ ᠭᠡᠤᠨ ᠵᠤᠭᠤᠰ ᠬᠤᠷᠢᠶᠠᠨ᠎ᠠ᠃ ᠢᠩᠭᠢᠭᠦ ᠳᠤ ᠪᠢ ᠡ᠊ᠨᠳᠡ ᠳᠠᠠᠳᠠ ᠡᠴᠡ ᠵᠤᠭᠤᠰ ᠵᠤᠭ᠎ᠠ ᠠᠷᠭᠠᠯᠠᠵᠤ ᠡᠪᠯᠡᠭᠦᠯᠤᠨ᠎ᠡ᠃ ᠴᠤᠬᠤᠮ ᠵᠡᠭᠦᠨ ᠭᠡᠷᠡᠮ ᠶᠢᠡᠨ ᠪᠠᠭᠤᠯᠭᠠᠵᠤ ᠪᠠᠷᠠᠭᠤᠨ ᠭᠡᠷᠡᠮ ᠶᠢᠡᠨ ᠪᠣᠰᠬᠠᠵᠤ ᠶᠠᠪᠣᠯ᠎ᠠ ᠰᠢᠤ᠁》

ᠡᠨᠡ ᠨᠥᠭᠦᠷ ᠤᠨ ᠣᠶᠠᠷᠠᠯᠳᠠᠢ ᠥᠭᠡᠨ ᠳᠤ ᠮᠢᠨᠤ ᠨᠢᠯᠪᠣᠰᠤ ᠴᠤ ᠮᠡᠯᠳᠡᠷᠡᠴᠢᠭᠡᠯ᠎ᠡ᠃ ᠦᠨᠡᠨ ᠶᠢᠡᠨ ᠳᠤᠭᠠᠴᠠᠭᠰᠠᠨ ᠥᠭᠡᠰ ᠤᠳ ᠨᠢ ᠨᠠᠳᠠ ᠥᠯᠢᠭᠡᠷ ᠶᠤᠮᠰᠢᠭ ᠰᠠᠨᠠᠭᠳᠠᠯ᠎ᠠ᠃ ᠦᠵᠡᠵᠤ ᠪᠠᠢ᠌ᠳᠠᠯ᠎ᠠ ᠠᠷᠢᠭᠢᠨ ᠯᠤᠩᠬᠤ ᠬᠤᠭᠤᠰᠤᠷᠠᠵᠤ ᠪᠠᠰᠠ ᠨᠢᠭᠡ ᠶᠢ ᠵᠠᠳᠠᠯᠤᠯ᠎ᠠ᠃ ᠦᠶ᠎ᠡ ᠶᠢᠨ ᠨᠠᠢ᠌ᠵᠠ ᠶᠢᠨ ᠦᠪᠡᠷ ᠤᠨ ᠵᠤᠪᠠᠯᠠᠩ ᠶᠢᠡᠨ ᠥᠷᠭᠦᠯᠵᠢᠯᠡᠨ ᠳᠤᠭᠠᠴᠠᠬᠤ ᠶᠢ ᠰᠤᠨᠤᠰᠤᠯ᠎ᠠ᠃

《ᠣᠳᠤ ᠭᠡᠳᠥᠢᠪᠠᠷ ᠠᠰᠠᠷ ᠵᠠᠭᠢᠶᠠᠯᠠᠭᠰᠠᠨ ᠴᠤ ᠵᠠᠰᠠᠵᠤ ᠴᠢᠮᠡᠭᠡ ᠦᠭᠡᠶ᠃ ᠪᠢᠳᠠ ᠮᠦᠨ ᠬᠤᠶᠠᠷ ᠭᠠᠵᠠᠷ ᠭᠡᠷ ᠳᠦᠷᠢᠶᠠᠰᠤᠯᠠᠵᠤ ᠣᠷᠤᠩᠨᠠᠨ᠎ᠠ᠃ ᠳᠦᠷᠢᠶᠠᠰᠤᠨ ᠭᠡᠷ ᠤᠨ ᠮᠥᠩᠭᠦ ᠶᠢ ᠪᠠᠰᠠ ᠠᠷᠭᠠᠯᠠᠵᠤ ᠦᠭ‍ᠭᠦ ᠴᠢᠬᠤᠯᠠ ᠲᠡᠶ᠃ ᠠᠰᠠᠷ ᠠᠪᠣᠭᠰᠠᠨ ᠵᠤᠭᠤᠰ ᠪᠠᠰᠠ ᠳᠤᠳᠠᠴᠢᠬᠠᠯ᠎ᠠ ᠭᠡᠤᠨ ᠣᠳᠠᠰᠤ ᠢᠷᠠᠨ᠎ᠡ᠃ ᠡᠭᠡᠨᠡᠷ ᠪᠠᠰᠠ ᠨᠠᠳᠠ ᠶᠢ ᠵᠤᠭᠤᠰ ᠣᠯᠵᠤ ᠥᠭ᠌ ᠭᠡᠤᠨ ᠰᠢᠬᠠᠮᠳᠠᠭᠤᠯᠤᠨ᠎ᠠ᠃ ᠡᠭᠡᠨᠡᠷ ᠮᠢᠨᠢ ᠣᠳᠤ ᠳᠡᠭᠡᠷ᠎ᠡ ᠶᠠᠮᠠᠷᠴᠤ ᠠᠵᠢᠯ ᠭᠢᠵᠤ ᠦᠭᠡᠶ᠂ ᠲᠡᠭᠡᠬᠦᠯᠡᠷ ᠪᠢ ᠪᠦᠰᠡᠭᠦᠢ ᠪᠠᠨ ᠪᠠᠭ᠎ᠠ ᠰᠠᠭ᠎ᠠ ᠠᠵᠢᠯ ᠣᠯᠤᠭᠠᠤᠨ ᠭᠢᠴᠢᠭᠡ᠂ ᠰᠠᠷ᠎ᠠ ᠶᠢᠨ ᠳᠠᠪᠣ ᠭᠤᠷᠪᠠᠨ ᠵᠠᠭᠤ ᠴᠤ ᠪᠣᠯᠤᠭ᠂ ᠦᠪᠡᠷ ᠤᠨ ᠰᠤᠯᠠ ᠵᠠᠷᠤᠬᠤ ᠵᠤᠭᠤᠰ ᠶᠢᠡᠨ ᠠᠷᠭᠠᠯᠠᠵᠤ ᠪᠠᠢ ᠭᠡᠵᠤ ᠰᠠᠨᠠᠭᠤᠯᠤᠭᠰᠠᠨ ᠶᠤᠮ᠃ ᠮᠢᠨᠤ ᠬᠠᠵᠠᠭᠤ ᠳᠤ ᠮᠠᠵᠢᠶᠠᠩ ᠤᠨ ᠫᠦᠰᠡ ᠨᠡᠭᠡᠭᠡᠨ᠎ᠡ ᠭᠡᠵᠤ ᠪᠠᠢ᠌ᠭᠰᠠᠨ ᠢ ᠨᠢ ᠪᠢ ᠵᠥᠪᠰᠢᠶᠡᠷᠡᠭ᠍ᠰᠡᠨ ᠦᠭᠡᠶ᠃ ᠳᠡᠭᠡᠭᠡᠤᠨ ᠬᠤᠰᠢᠭᠤ ᠲᠦᠪ ᠣᠷᠤᠵᠤ ᠠᠵᠢᠯ ᠣᠯᠵᠤ ᠭᠢᠨ᠎ᠡ ᠭᠡᠤᠨ ᠭᠠᠷᠤᠭᠰᠠᠨ ᠶᠤᠮ᠃ ᠭᠡᠳᠤ ᠬᠤᠨᠤᠭ ᠤᠨ ᠳᠠᠷᠠᠭ᠎ᠠ ᠨᠢ ᠳ᠋ᠦᠩᠱᠸᠩ ᠳᠤ ᠪᠠᠢ᠌ᠨ᠎ᠠ ᠭᠡᠵᠤ ᠪᠠᠢ᠌ᠯ᠎ᠠ᠃ ᠰᠡᠭᠦᠯᠳᠡᠵᠤ ᠢᠷᠡᠭᠡᠤᠨ ᠪᠢᠳᠠᠨ ᠤ ᠣᠳᠠᠰᠤ ᠪᠦᠷ ᠨᠡᠪᠳᠡᠷᠡᠭᠦ ᠪᠠᠨ ᠪᠣᠯᠢᠭᠰᠠᠨ᠃ ᠴᠤᠬᠤᠮ ᠶᠠᠭᠤ ᠭᠢᠵᠤ ᠶᠠᠭᠠᠭᠢᠵᠤ ᠪᠠᠢ᠌ᠭ᠎ᠠ ᠪᠣᠯ ᠭᠡᠵᠤ ᠰᠠᠨᠠᠭᠠᠰᠢᠷᠠᠨ ᠭᠠᠷ ᠣᠳᠠᠰᠤ ᠪᠠᠷ ᠮᠡᠳᠡᠭᠡ ᠣᠯᠠᠠᠳᠠ ᠶᠠᠪᠣᠭᠤᠯᠤᠭᠰᠠᠨ ᠪᠣᠯᠪᠠᠴᠤ ᠬᠠᠷᠢᠭᠤ ᠰᠤᠷᠠᠭ ᠦᠭᠡᠶ᠃ ᠰᠠᠷ᠎ᠠ ᠶᠢᠨ ᠳᠠᠷᠠᠭ᠎ᠠ ᠰᠤᠷᠠᠭ ᠢ ᠨᠢ ᠰᠤᠨᠤᠰᠬᠤ ᠳᠤ ᠳᠠᠭᠤᠤ ᠶᠢᠨ ᠳᠢᠩᠭᠢᠮ᠂ ᠠᠷᠢᠭᠢᠨ ᠮᠤᠬᠤᠯᠠᠭ ᠶᠢᠡᠷ ᠭᠡᠰᠦᠵᠤ ᠵᠤᠭᠤᠰ ᠣᠯᠳᠠᠭ ᠭᠡᠨ᠎ᠡ᠃ ᠨᠠᠷ᠎ᠠ ᠨᠢ ᠴᠤ ᠣᠯᠠᠨ ᠶᠠᠩᠵᠤ ᠪᠠᠷ ᠬᠤᠪᠢᠷᠠᠭᠰᠠᠨ ᠪᠠᠢ᠌ᠨ᠎ᠠ᠃ ᠳᠠᠨᠢᠵᠤ ᠮᠡᠳᠡᠭᠦ ᠦᠭᠡᠶ ᠵᠠᠯᠠᠭᠤᠰ ᠴᠤ ᠳᠠᠭᠢᠨ ᠳᠠᠭᠢᠨ ᠣᠳᠠᠰᠤ ᠢᠷᠠᠵᠤ ᠳᠠᠭᠤᠳᠠᠭᠠᠤᠨ ᠪᠠᠢ᠌ᠳᠠᠭ ᠢ ᠨᠢ ᠮᠠᠳᠠᠯ᠎ᠠ᠃ ᠣᠵᠠᠭᠤᠷ ᠤᠨ ᠬᠠᠨᠢᠯᠠᠭᠰᠠᠨ ᠵᠠᠯᠠᠭᠤ ᠲᠡᠶ ᠪᠠᠨ ᠴᠤ ᠥᠷᠭᠦᠯᠵᠢ ᠬᠠᠷᠢᠴᠠᠳᠠᠭ ᠢ ᠨᠢ ᠮᠠᠳᠠᠯ᠎ᠠ᠁ ᠡᠳᠡᠭᠡᠷ ᠣᠯᠠᠨ ᠢ ᠮᠡᠳᠡᠭᠡᠤᠨ ᠪᠢ ᠡᠭᠡᠨᠡᠷ ᠲᠡᠭᠡᠨ ᠰᠥᠷᠡᠭᠡᠢ ᠭᠤᠮᠤᠳᠠᠯ᠎ᠠ᠂ ᠡᠯᠢᠭᠡ ᠵᠢᠷᠦᠭᠡ ᠮᠢᠨᠢ ᠡᠮᠭᠡᠨᠢᠵᠤ ᠵᠤᠪᠠᠯᠠᠩ ᠤᠨ ᠳᠤᠮᠳᠠ ᠰᠢᠨᠠᠯᠠᠵᠤ ᠪᠠᠢ᠌ᠨ᠎ᠠ᠃ ᠬᠠᠳᠠᠮ ᠤᠨ ᠭᠡᠷ ᠲᠤ ᠣᠳᠠᠰᠤᠳᠠᠵᠤ ᠬᠠᠮᠤᠭ ᠣᠴᠢᠷ ᠢ ᠮᠡᠳᠡᠭ᠍ᠳᠡᠭ᠍ᠰᠡᠨ ᠶᠤᠮ᠂ ᠬᠠᠨᠢᠯᠠᠬᠤ ᠶᠢᠨ ᠵᠠᠶᠠᠭ᠎ᠠ ᠦᠭᠡᠶ ᠶᠤᠮ ᠪᠣᠯ ᠰᠠᠯᠵᠤ ᠠᠮᠠᠷᠠᠬᠤ ᠯᠠ ᠶᠤᠮ ᠪᠠ ᠁》

ᠨᠠᠢ᠌ᠵᠠ ᠮᠠᠨᠢ ᠵᠤᠪᠠᠯᠠᠩ ᠶᠢᠡᠨ ᠨᠠᠳᠠ ᠳᠤ ᠨᠠᠷᠢᠨ ᠳᠤᠭᠠᠴᠠᠭᠠᠤᠨ ᠪᠠᠷᠠᠬᠤ ᠳᠤ ᠬᠤᠶᠠᠷ ᠨᠢᠳᠤ ᠨᠢ ᠣᠯᠠᠢ᠌ᠭᠠᠤᠨ ᠡᠭᠡᠷ ᠳᠠᠳᠠᠴᠢᠬᠠᠭᠰᠠᠨ ᠪᠠᠢ᠌ᠪᠠ᠃ ᠬᠤᠶᠠᠷ ᠫᠢᠯᠠ ᠨᠤᠭᠤᠭ᠎ᠠ ᠬᠤᠭᠤᠰᠤᠷᠠᠬᠤ ᠵᠥᠭ᠌ ᠲᠡᠭᠡᠨ ᠬᠠᠠᠳᠤᠵᠤ᠂ ᠬᠤᠶᠠᠷ ᠯᠤᠩᠬᠤ ᠠᠷᠢᠭᠢ ᠬᠤᠷᠤᠭᠤ ᠥᠯᠡᠳᠡᠭᠡᠤᠨ ᠪᠠᠢ᠌ᠪᠠ᠃ ᠬᠤᠶᠠᠷ ᠰᠤᠭᠳᠤᠭᠤ ᠴᠢᠷᠦᠯᠴᠡᠭᠡᠤᠨ ᠬᠤᠭᠤᠯᠠᠨ ᠭᠡᠷ ᠡᠴᠡ ᠭᠠᠷᠬᠤ ᠳᠤ ᠬᠤᠯᠠ ᠶᠢᠨ ᠳᠡᠭ᠍ᠷᠢ ᠶᠢᠨ ᠣᠳᠤᠳ ᠯᠠ ᠪᠢᠳᠠᠨ ᠢ ᠪᠠᠰᠤᠭᠰᠠᠨ ᠰᠢᠭ ᠠᠨᠢᠪᠠᠯᠵᠠᠨ᠎ᠠ᠃


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ


ᠵᠤᠬᠢᠶᠠᠭᠴᠢ᠄ ᠰᠤ᠋·ᠦᠨᠡᠨᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6069
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ