ᠡᠵᠢ ᠶᠢᠨ ᠰᠤᠷᠭᠠᠯ ᠡᠷᠳᠡᠨᠢ

ᠰᠡᠢ᠌ᠮᠡᠭᠡᠢ ᠪᠣᠯᠪᠠᠴᠤ ᠮᠢᠨᠤ ᠭᠡᠷ᠂ ᠰᠡᠭ᠍ᠰᠡᠭᠡᠷ ᠪᠣᠯᠪᠠᠴᠤ ᠮᠢᠨᠤ ᠡᠵᠢ᠃ ᠡᠵᠢ ᠮᠢᠨᠢ ᠪᠣᠷᠬᠠᠨ ᠪᠣᠯᠤᠭᠠᠤᠨ ᠳᠠᠪᠤᠨ ᠵᠢᠯ ᠪᠣᠯᠴᠢᠬᠠᠯ᠎ᠠ᠃ ᠡᠭᠡᠯ ᠶᠡᠷᠦᠮᠳᠡᠭ᠌ ᠡᠵᠢ ᠶᠢᠨ ᠳᠤᠬᠠᠢ ᠨᠢᠭᠡ ᠶᠠᠭᠤᠮ᠎ᠠ ᠪᠢᠴᠢᠮᠠᠷ ᠰᠠᠨᠠᠭᠳᠠᠭᠠᠤᠨ ᠯᠠ ᠪᠠᠢ᠌ᠳᠠᠭ ᠶᠤᠮ᠃ ᠭᠡᠪᠠᠴᠤ ᠬᠠᠮᠢᠭ᠎ᠠ ᠡᠴᠡ ᠨᠢ ᠡᠭᠢᠯᠡᠵᠤ ᠪᠢᠴᠢᠭᠦ ᠪᠠᠨ ᠣᠯᠵᠤ ᠶᠠᠳᠠᠭᠠᠤᠨ ᠡᠳᠦᠢ ᠪᠣᠯᠴᠢᠬᠠᠯ᠎ᠠ᠃ ᠡᠪᠦᠭᠡᠰᠢᠷᠡᠭᠦ ᠳᠤᠰᠤᠮ 《ᠪᠢ ᠴᠢᠨᠢ ᠶᠠᠭᠠᠭᠢᠵᠤ ᠭᠦᠮᠤᠨ ᠪᠣᠯᠵᠤ ᠪᠢᠯᠠ》 ᠭᠡᠭᠦ ᠡᠷᠭᠢᠴᠡᠭᠦᠯᠦᠯ ᠳᠤ ᠣᠷᠢᠶᠠᠭᠳᠠᠵᠤ᠂ ᠨᠠᠮᠢ᠋ᠢ ᠲᠦᠷᠦᠵᠤ ᠥᠰᠭᠡᠵᠤ ᠰᠤᠷᠭᠠᠵᠤ ᠭᠦᠮᠦᠵᠢᠭᠦᠯᠤᠨ ᠥᠭᠡᠯᠡᠢ ᠦᠨᠳᠦᠷ ᠪᠣᠯᠭᠠᠨ᠂ ᠠᠯᠤᠰ ᠲᠤ ᠮᠤᠷᠳᠠᠬᠤ ᠠᠭᠳᠠ ᠶᠢᠨ ᠵᠢᠯᠤᠭᠤ ᠶᠢ ᠠᠳᠬᠤᠭᠤᠯᠵᠤ᠂ ᠳᠦᠷᠦᠭᠡᠨ ᠳᠡᠭᠡᠷ᠎ᠡ ᠲᠦᠰᠢᠵᠤ ᠭᠠᠷᠭᠠᠭᠰᠠᠨ ᠭᠦᠮᠤᠨ ᠡᠩ ᠵᠢᠷ ᠤᠨ ᠮᠠᠯᠴᠢᠨ ᠭᠦᠮᠤᠨ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠢᠨᠤ ᠡᠵᠢ ᠮᠢᠨᠢ ᠪᠢᠯᠠ ᠭᠡᠵᠤ ᠪᠣᠳᠤᠯ᠎ᠠ᠃

ᠡᠵᠢ ᠶᠢᠨ ᠰᠠᠨᠠᠭ᠎ᠠ ᠦᠷ᠎ᠡ ᠳᠤ ᠦᠷ᠎ᠡ ᠶᠢᠨ ᠰᠠᠨᠠᠭ᠎ᠠ ᠳᠠᠯ᠎ᠠ ᠳᠤ ᠭᠡᠳᠡᠭ᠌ ᠶᠢᠡᠷ ᠪᠢ ᠴᠤ ᠠᠵᠢᠯ ᠣᠢ᠌ᠯᠠᠰ ᠭᠡᠵᠤ ᠭᠦᠶ‍ᠦᠵᠤ ᠶᠠᠪᠣᠭᠰᠠᠨ ᠡᠴᠡ ᠪᠢᠰᠢ᠂ ᠡᠵᠢ ᠮᠢᠨᠢ ᠭᠡᠵᠤ ᠡᠭᠡ ᠶᠢᠨ ᠰᠠᠨᠠᠭ᠎ᠠ ᠶᠢ ᠬᠠᠷᠢᠭᠤᠯᠵᠤ ᠶᠠᠪᠣᠭᠰᠠᠨ ᠭᠦᠮᠤᠨ ᠪᠢᠰᠢ ᠰᠢᠤ ᠳ᠋ᠠ᠃

ᠨᠢᠯᠴᠠᠷ ᠪᠠᠭ᠎ᠠ ᠪᠠᠢ᠌ᠬᠤ ᠳᠠᠭᠠᠨ ᠡᠵᠢ ᠶᠢᠨ ᠬᠤᠷᠮᠤᠢ ᠡᠴᠡ ᠰᠠᠯᠤᠯ ᠦᠭᠡᠶ ᠵᠢᠭᠤᠷᠠᠯᠳᠤᠵᠤ᠂ ᠪᠠᠭ᠎ᠠ ᠯᠠ ᠳᠦᠭᠦᠭᠡ ᠣᠷᠤᠮᠠᠭᠴᠠ ᠳᠤᠯᠤᠭᠠᠢ ᠨᠢ ᠭᠠᠳᠠᠠᠠᠰᠢ ᠪᠠᠨ ᠬᠠᠠᠳᠤᠵᠤ᠂ ᠡᠷ᠎ᠡ ᠶᠢᠨ ᠴᠡᠭᠡᠯ ᠳᠤ ᠭᠦᠷᠦᠮᠡᠭ᠍ᠴᠡ ᠡᠮ᠎ᠡ ᠶᠢᠨ ᠶᠢᠡᠨ 《ᠭᠦᠤ》 ᠨᠢ ᠪᠣᠯᠵᠤ᠂ ᠡᠵᠢ ᠪᠠᠨ ᠮᠠᠷᠳᠠᠵᠤ ᠶᠠᠪᠣᠭᠰᠠᠤᠨ ᠤᠨ ᠨᠢᠭᠡ ᠨᠢ ᠪᠢ ᠠᠵᠤᠭᠤ᠃ ᠦᠳᠦ ᠰᠦᠳᠤ ᠣᠷᠭᠤᠵᠤ ᠵᠢᠭᠦᠷ ᠳᠠᠯᠠᠪᠴᠢ ᠨᠢ ᠬᠠᠳᠠᠭᠤᠷᠠᠮᠠᠭᠴᠠ᠂ ᠬᠠᠳᠠᠨ ᠡᠴᠡ ᠬᠠᠭ᠎ᠠ ᠥᠰᠦᠷᠡᠭᠡᠳ ᠭᠠᠷᠤᠭᠠᠤᠨ ᠯᠠ ᠢᠷᠡᠭ᠍ᠰᠡᠨ ᠰᠢᠭ᠌᠂ ᠬᠠᠷᠢ ᠬᠤᠯᠠ ᠪᠢᠴᠢᠭ᠌ ᠰᠤᠷᠭᠠᠭᠤᠯᠢ ᠠᠵᠢᠯ ᠠᠯᠪᠠ ᠭᠦᠭᠡᠭᠡᠵᠤ ᠶᠠᠪᠣᠭᠰᠠᠨ ᠡᠴᠡ ᠪᠢᠰᠢ ᠬᠠᠢ᠌ᠷᠠᠳᠤ ᠡᠵᠢ ᠪᠠᠨ ᠬᠠᠷᠠᠵᠤ ᠬᠠᠷᠭᠠᠯᠵᠠᠵᠤ ᠬᠠᠯᠠᠭᠤᠯᠠᠵᠤ ᠪᠦᠯᠢᠶᠡᠯᠡᠵᠤ ᠶᠠᠪᠣᠵᠤ ᠴᠢᠳᠠᠭᠰᠠᠨ ᠶᠢᠡᠷ ᠳᠤᠳᠠᠮᠠᠭ ᠭᠡᠪᠠᠯ ᠦᠨᠡᠨ ᠥᠭᠡ ᠶᠤᠮ᠃ ᠬᠠᠷᠢᠨ ᠡᠭᠦᠨ ᠤ ᠡᠰᠡᠷᠭᠦ ᠪᠠᠷ 《ᠮᠠᠨ ᠤ ᠮᠥᠮᠥ ᠢᠩᠭᠢᠭᠡᠳ ᠯᠠ》 ᠭᠡᠵᠤ ᠪᠣᠷᠤᠭᠤᠤᠠᠬᠠᠬᠤ ᠥᠭᠡ ᠶᠢ ᠠᠪᠤᠨ ᠪᠠᠷᠢᠨ ᠭᠡᠯᠡᠵᠤ᠂ ᠡᠮᠰᠢᠭᠡᠷ ᠪᠣᠯᠤᠭᠰᠠᠨ ᠡᠵᠢ ᠪᠠᠨ ᠭᠤᠯᠤᠵᠤ ᠴᠤ ᠶᠠᠪᠣᠯ᠎ᠠ᠂ ᠭᠤᠮᠤᠳᠠᠭᠠᠵᠤ ᠴᠤ ᠦᠵᠡᠯ᠎ᠠ᠃ ᠠᠢ︕ ᠭᠠᠰᠠᠯᠠ᠂ ᠣᠬᠠᠭᠠᠨ ᠳᠤᠮᠤᠭ᠎ᠠ ᠦᠭᠡᠶ ᠯᠠ ᠶᠠᠪᠣᠵᠠᠢ᠃

《ᠬᠡᠦᠬᠡᠳ ᠠᠷᠪᠠᠨ ᠵᠢᠷᠭᠠᠤᠭ᠎ᠠ ᠭᠦᠷᠦᠭ᠍ᠰᠡᠭᠡᠷ ᠡᠴᠢᠭᠡ ᠪᠠᠨ ᠭᠤᠯᠤᠵᠤ᠂ ᠠᠯᠢ ᠦᠶ᠎ᠡ ᠳᠤ ᠦᠪᠡᠷ ᠶᠢᠡᠨ ᠭᠦᠮᠤᠨ ᠤ ᠡᠴᠢᠭᠡ ᠰᠠᠭᠤᠭᠰᠠᠨ ᠤ ᠬᠣᠢ᠌ᠨ᠎ᠡ ᠰᠠ‍‌ᠶᠢ ᠪᠢ ᠴᠢᠨᠢ ᠡᠴᠢᠭᠡ ᠪᠠᠨ ᠪᠠᠰᠠ ᠭᠦᠷᠭᠦ ᠦᠭᠡᠶ ᠶᠤᠮ ᠪᠠᠢ᠌ᠨ᠎ᠠ ᠭᠡᠵᠤ ᠮᠡᠳᠡᠷᠡᠳᠡᠭ᠌》 ᠭᠡᠵᠤ ᠠᠮᠸᠷᠢᠺᠠ ᠶᠢᠨ ᠨᠢᠭᠡ ᠡᠷᠳᠡᠮᠳᠡᠨ ᠭᠡᠯᠡᠭ᠍ᠰᠡᠨ ᠠᠳᠠᠯᠢ ᠰᠠᠨᠠᠭᠳᠠᠨ᠎ᠠ᠃ ᠪᠢ ᠪᠣᠯ ᠶᠠᠭ ᠳᠠᠢ᠌ᠮᠤ ᠣᠬᠠᠭᠠᠨ ᠳᠦᠭᠦᠭᠡ ᠦᠭᠡᠶ ᠬᠡᠦᠬᠡᠳ ᠮᠦᠨ᠃

《ᠠᠯᠳᠠᠭᠰᠠᠨ ᠬᠣᠢ᠌ᠨ᠎ᠠ ᠨᠢ ᠭᠡᠮᠰᠢᠭᠦ ᠪᠠᠷ ᠶᠢᠡᠨ ᠪᠠᠢ᠌ᠬᠤ ᠦᠶ᠎ᠡ ᠳ᠋ᠤᠨᠢ ᠬᠠᠢ᠌ᠷᠠᠯᠠ︕》᠂ 《ᠥᠭᠦᠭ᠍ᠰᠡᠨ ᠬᠣᠢ᠌ᠨ᠎ᠡ ᠨᠢ ᠳᠠᠭᠢᠬᠤ ᠪᠠᠷ ᠶᠢᠡᠨ ᠠᠮᠢᠳᠤ ᠳᠡᠭᠡᠷ᠎ᠡ ᠨᠢ ᠠᠴᠢᠯᠠ︕》 ᠭᠡᠳᠡᠭ᠌ ᠮᠡᠷᠭᠡᠨ ᠥᠭᠡ ᠪᠠᠢ᠌ᠳᠠᠭ ᠪᠢᠯᠠ᠃ ᠪᠢ ᠪᠣᠯ ᠡᠵᠢ ᠪᠠᠨ ᠠᠯᠳᠠᠭᠰᠠᠨ ᠤ ᠬᠣᠢ᠌ᠨ᠎ᠡ ᠡᠨᠡ ᠪᠦᠭᠦᠨ ᠢ ᠰᠠᠷᠠᠵᠤ ᠮᠡᠳᠡᠭ᠍ᠰᠡᠨ 《ᠪᠣᠷᠤᠭᠠᠨ ᠤ ᠳᠠᠷᠠᠭᠠᠭᠢ ᠴᠤᠪᠠ》᠂ ᠳᠠᠢ᠌ᠮᠤ ᠡᠭᠡᠭᠡ ᠳᠤᠮᠤᠭ᠎ᠠ ᠦᠭᠡᠶ ᠬᠡᠦᠬᠡᠳ ᠪᠠᠢ᠌ᠵᠠᠢ᠃

ᠪᠠᠭ᠎ᠠ ᠡᠴᠡ ᠪᠠᠨ ᠪᠢ ᠡᠵᠢ ᠪᠠᠨ ᠮᠥᠮᠥ ᠭᠡᠵᠤ᠂ ᠠᠪᠣ ᠪᠠᠨ ᠠᠵᠠᠢ ᠭᠡᠵᠤ ᠳᠠᠭᠤᠳᠠᠵᠤ ᠰᠤᠷᠤᠭᠰᠠᠨ ᠣᠩᠨᠢᠭᠤᠳ ᠭᠦᠤ᠃ ᠠᠵᠠᠢ ᠮᠢᠨᠢ ᠨᠠᠮᠢ᠋ᠢ ᠮᠡᠳᠡᠭᠡ ᠣᠷᠤᠬᠤ ᠦᠶ᠎ᠡ ᠳᠤ ᠡᠩᠭᠡᠷ ᠪᠠᠭ᠎ᠠ ᠰᠤᠷᠭᠠᠭᠠᠤᠯᠢ᠂ ᠰᠢᠨᠠᠰᠦ᠋ᠮ᠎ᠡ ᠪᠦᠷᠢᠨ ᠪᠠᠭ᠎ᠠ ᠰᠤᠷᠭᠠᠭᠤᠯᠢ ᠳᠤ ᠣᠯᠤᠰ ᠤᠨ ᠪᠠᠭᠰᠢ ᠪᠠᠷ ᠠᠵᠢᠯᠯᠠᠵᠤ᠂ ᠵᠢᠯ ᠤᠨ ᠳᠤᠭ᠎ᠠ ᠲᠡᠶ ᠭᠡᠳᠤᠨ ᠣᠳᠠᠭ᠎ᠠ ᠭᠡᠷ ᠤᠨ ᠪᠠᠷ᠎ᠠ ᠥᠵᠡᠳᠡᠭ᠌ ᠭᠦᠮᠤᠨ ᠪᠠᠢ᠌ᠯ᠎ᠠ᠃ ᠨᠠᠮᠢ᠋ᠢ ᠳᠦᠩᠭᠡᠵᠢ ᠪᠦᠭᠦᠯᠢ ᠳᠤᠯᠤᠭ᠎ᠠ ᠭᠦᠷᠦᠭᠡᠳᠦᠢ ᠪᠠᠷ ᠠᠵᠠᠢ ᠮᠢᠨᠢ ᠡᠪᠡᠳᠴᠢᠨ ᠶᠢᠡᠷ ᠨᠠᠰᠤ ᠪᠠᠷᠠᠴᠢᠬᠠᠯ᠎ᠠ᠃ ᠢᠩᠭᠢᠭᠡᠳ ᠮᠥᠮᠥ ᠮᠢᠨᠢ ᠡᠴᠢᠭᠡ ᠡᠭᠡ ᠬᠤᠶᠠᠷ ᠤᠨ ᠭᠦᠡᠳᠤ ᠡᠭᠦᠷᠭᠡ ᠶᠢ ᠭᠠᠭᠴᠠ ᠪᠠᠶ᠎ᠠ ᠳᠡᠭᠡᠷ᠎ᠡ ᠪᠠᠨ ᠡᠭᠦᠷᠴᠤ ᠪᠢᠯᠠ᠃

ᠮᠠᠨ ᠤ ᠭᠢ ᠪᠣᠯ ᠶᠠᠳᠠᠭᠤ ᠠᠮᠢᠳᠤᠷᠯᠭ᠎ᠠ ᠲᠡᠶ ᠭᠡᠷ ᠶᠤᠮ᠃ ᠨᠠᠮᠢ᠋ᠢ ᠮᠡᠳᠡᠭᠡ ᠣᠷᠤᠬᠤ ᠦᠶ᠎ᠡ ᠳᠤ ᠮᠠᠨ ᠤ ᠭᠢᠨ ᠬᠠᠷᠠᠮᠤᠳᠤ ᠶᠢᠨ ᠠᠢ᠌ᠯ ᠳᠤ ᠰᠠᠭᠤᠵᠤ ᠪᠠᠢ᠌ᠯ᠎ᠠ᠃ ᠵᠥᠯᠭᠡᠨ ᠬᠠᠶᠠᠭ᠎ᠠ ᠲᠡᠶ ᠬᠤᠶᠠᠷ ᠳᠠᠰᠤᠯᠭ᠎ᠠ ᠪᠢᠴᠢᠬᠠᠨ ᠪᠠᠢ᠌ᠰᠢᠩ ᠭᠡᠷ ᠢ ᠮᠢᠨᠢ ᠠᠢ᠌ᠯ ᠠᠢ᠌ᠮᠠᠭ ᠤᠨ ᠠᠬᠠᠮᠠᠤᠨ ᠨᠡᠷ ᠬᠠᠪᠰᠤᠷᠴᠤ ᠪᠠᠷᠢᠵᠤ ᠦᠭ‍ᠭᠦᠭ᠍ᠰᠡᠨ ᠶᠤᠮ᠃ ᠡᠵᠢ ᠮᠢᠨᠢ ᠡᠳᠦᠷ ᠳᠤᠵᠢ ᠠᠷᠪᠠᠭᠠᠤᠨ ᠥᠭᠡᠷ ᠶᠢᠡᠨ ᠠᠷᠠᠴᠢᠯᠠᠵᠤ ᠠᠷᠭᠠᠯ ᠳᠦᠯᠡᠭᠡ ᠡᠭᠦᠷᠤᠨ ᠠᠮᠢᠳᠤᠷᠠᠯ ᠶᠢᠡᠨ ᠠᠷᠭᠠᠴᠠᠭᠠᠵᠤ ᠪᠠᠢ᠌ᠯ᠎ᠠ᠃ ᠭᠠᠴᠠᠭᠠᠨ ᠤ ᠬᠤᠷᠠᠯ ᠴᠤᠭᠯᠠᠭᠠᠨ ᠪᠣᠯᠤᠨ ᠣᠷᠠᠨ ᠰᠠᠢ᠌ᠬᠠᠨ ᠳᠤ ᠶᠠᠪᠣᠪᠠᠯ ᠭᠡᠦᠭᠡᠨ ᠳᠡᠭᠦᠤ ᠪᠢᠳᠠ ᠬᠤᠶᠠᠭᠤᠯᠠ ᠶᠢ ᠣᠠᠳᠤᠷᠤᠨ᠎ᠠ ᠢᠨᠢᠶᠠᠩ ᠤᠨ ᠳᠤ ᠬᠠᠶᠠᠵᠤ ᠦᠭ‍ᠭᠦᠭᠡᠳ ᠶᠠᠪᠣᠳᠠᠭ ᠪᠠᠢ᠌ᠪᠠ᠃ ᠳᠠᠷᠠ ᠦᠶ᠎ᠡ ᠶᠢᠨ ᠮᠢᠨᠤ ᠬᠠᠮᠤᠭ ᠳᠤᠷ᠎ᠠ ᠲᠡᠶ ᠠᠵᠤ ᠪᠣᠯ ᠨᠠᠭᠠᠴᠤ ᠳᠤ ᠪᠠᠨ ᠶᠠᠪᠣᠬᠤ ᠪᠣᠯᠤᠨ᠎ᠠ᠃ ᠣᠴᠢᠷ ᠨᠢ ᠨᠠᠭᠠᠴᠤ ᠶᠢᠨ ᠳᠤ ᠣᠴᠢᠪᠠᠯ ᠮᠢᠬ᠎ᠠ ᠥᠭᠡᠭᠦ ᠣᠯᠵᠤ ᠢᠳᠡᠭᠦ ᠪᠠᠷ ᠪᠠᠷᠠᠬᠤ ᠦᠭᠡᠶ᠂ ᠨᠠᠭᠠᠴᠤ ᠡᠪᠦᠭᠡ ᠶᠢᠨ ᠡᠪᠦᠷ ᠲᠤ ᠣᠠᠳᠠᠵᠤ᠂ ᠰᠢᠭᠢᠷ ᠢᠳᠠᠵᠤ ᠰᠠᠢ᠌ᠬᠠᠨ ᠰᠠᠢ᠌ᠬᠠᠨ ᠥᠯᠢᠭᠡᠷ ᠣᠯᠵᠤ ᠰᠤᠨᠤᠰᠤᠨ᠎ᠠ᠃

ᠡᠵᠢ ᠪᠣᠯ ᠭᠦᠮᠤᠨ ᠤ ᠬᠠᠮᠤᠭ ᠶᠡᠭᠡ ᠦᠬᠢᠨ ᠨᠢ ᠪᠣᠯᠬᠤᠷ ᠪᠠᠭ᠎ᠠ ᠳᠠᠭᠠᠨ ᠪᠠᠬᠠᠨ ᠡᠷᠭᠡ ᠲᠡᠶ ᠥᠰᠦᠭ᠍ᠰᠡᠨ ᠭᠡᠨ᠎ᠡ᠃ ᠡᠵᠢ ᠶᠢᠨ ᠪᠠᠶ᠎ᠠ ᠨᠢᠭᠡ ᠮᠸᠲ᠋ᠷ ᠵᠢᠷᠠ ᠭᠠᠷᠤᠢ ᠯᠠ ᠪᠠᠢ᠌ᠵᠤ᠂ ᠣᠢ᠌ᠯᠠ ᠣᠶᠤᠳᠠᠯ ᠰᠠᠭᠠᠯᠢ ᠰᠦᠨ ᠤ ᠠᠵᠢᠯ ᠳᠤ ᠪᠣᠯ ᠦᠶ᠎ᠡ ᠭᠡᠪ ᠤᠨ ᠳᠤᠳᠤᠷ᠎ᠠ ᠪᠠᠨ ᠳᠠᠰ ᠲᠤ ᠣᠷᠤᠴᠢᠳᠠᠭ᠃ ᠭᠡᠳᠡᠯ᠎ᠡ ᠡᠪᠠᠰᠤ ᠳᠠᠷᠢᠶ᠎ᠠ ᠰᠢᠪᠠᠷ ᠣᠰᠤᠨ ᠤ ᠠᠵᠢᠯ ᠳᠤ ᠪᠣᠯ ᠠᠷᠭ᠎ᠠ ᠴᠤ ᠦᠭᠡᠶ ᠳᠤᠯᠢᠮᠠᠭ ᠶᠤᠮ᠃ ᠭᠡᠪᠠᠴᠤ ᠦᠷ᠎ᠡ ᠨᠢ ᠪᠣᠯᠤᠭᠰᠠᠨ ᠨᠠᠳᠠᠳᠤ ᠪᠠᠨ ᠪᠣᠯ ᠡᠵᠢ ᠮᠢᠨᠢ ᠠᠭᠤᠯᠠ ᠰᠢᠭ ᠥᠮᠦᠭ᠌ ᠳᠦᠰᠢᠭ᠌ ᠪᠣᠯᠵᠤ ᠪᠠᠢ᠌ᠯ᠎ᠠ᠃ ᠠᠵᠠᠢ ᠶᠢ ᠨᠠᠰᠤ ᠪᠠᠷᠠᠭᠰᠠᠨ ᠤ ᠳᠠᠷᠠᠭ᠎ᠠ᠂ ᠠᠮᠢᠳᠤᠷᠠᠯ ᠤᠨ ᠬᠠᠷᠠᠭ᠎ᠠ ᠪᠠᠷ ᠡᠵᠢ ᠮᠢᠨᠢ ᠥᠭᠡᠷ᠎ᠡ ᠨᠢᠭᠡ ᠭᠦᠮᠤᠨ ᠲᠡᠶ ᠬᠤᠷᠢᠮᠯᠠᠵᠠᠢ᠃ ᠨᠢ᠋ᠮᠠ ᠲᠡᠶ ᠳᠠᠷᠠ ᠵᠢᠯ ᠨᠢᠭᠡ ᠣᠳᠠᠭ᠎ᠠ ᠪᠢ ᠣᠭᠢᠶᠠᠭᠰᠠᠨ ᠠᠶᠠᠭ᠎ᠠ ᠪᠠᠨ ᠬᠤᠷᠢᠶᠠᠨ᠎ᠠ ᠭᠡᠵᠤ ᠪᠠᠢ᠌ᠭᠠᠤᠨ ᠰᠤᠭᠰᠤᠷᠠᠭ᠎ᠠ ᠭᠡᠳᠤᠨ ᠠᠶᠠᠭ᠎ᠠ ᠶᠢ ᠭᠠᠵᠠᠷ ᠠᠯᠳᠠᠭᠠᠤᠨ ᠪᠦᠭᠦᠳᠡ ᠶᠢ ᠬᠠᠭᠠᠯᠴᠢᠬᠠᠵᠠᠢ᠃ ᠢᠩᠭᠢᠭ᠍ᠰᠡᠨ ᠴᠢᠨᠢ ᠬᠣᠢ᠌ᠳᠤ ᠠᠪᠣ ᠶᠢᠨ ᠨᠢᠳᠤ ᠨᠢ ᠣᠷᠤᠢ ᠳᠡᠭᠡᠷ᠎ᠡ ᠪᠠᠨ ᠭᠠᠷᠴᠤ᠂ ᠭᠠᠷ ᠲᠤ ᠣᠯᠳᠠᠭᠰᠠᠨ ᠭᠢᠷᠢ ᠪᠠᠷ ᠶᠢᠡᠨ ᠭᠠᠮᠵᠢᠶᠠᠩ ᠤᠨ ᠮᠤᠳᠤ ᠪᠠᠷ ᠳᠤᠯᠤᠭᠠᠢ ᠳᠡᠭᠡᠷ᠎ᠡ ᠳᠤᠭᠰᠢᠯ᠎ᠠ᠂ ᠪᠢ ᠴᠤ ᠠᠮᠢ ᠠᠪᠣᠮᠠᠷ ᠣᠷᠢᠯᠠᠵᠤ ᠭᠠᠷᠤᠭᠰᠠᠨ ᠳᠤ ᠡᠵᠢ ᠮᠢᠨᠢ ᠪᠠᠯᠠᠭ ᠠᠯᠳᠠᠵᠤ᠄ 《ᠴᠢ ᠮᠢᠨᠤ ᠭᠦᠤ ᠶᠢ ᠠᠯᠠᠬᠤ ᠶᠤᠮ ᠦᠦ︖》 ᠭᠡᠳ ᠬᠠᠮᠢᠭ᠎ᠠ ᠡᠴᠡ ᠭᠠᠷᠴᠤ ᠢᠷᠡᠭ᠍ᠰᠡᠨ ᠭᠦᠴᠤ ᠴᠢᠳᠠᠯ ᠢ ᠪᠣᠤ ᠮᠠᠳᠠ᠂ ᠠᠪᠣ ᠶᠢᠨ ᠭᠠᠷ ᠡᠴᠡ ᠭᠠᠮᠵᠢᠶᠠᠩ ᠤᠨ ᠮᠤᠳᠤ ᠶᠢ ᠪᠣᠯᠢᠶᠠᠨ ᠠᠪᠴᠤ᠂ ᠡᠯᠢᠶ᠎ᠡ ᠥᠵᠡᠭ᠍ᠰᠡᠨ ᠳᠠᠭᠢᠶ᠎ᠠ ᠴᠤᠷᠪᠣᠭ᠎ᠠ ᠪᠠᠨ ᠬᠠᠮᠠᠭᠠᠯᠠᠵᠤ ᠪᠠᠢ᠌ᠬᠤ ᠰᠢᠭ ᠨᠤᠴᠠᠵᠤ ᠢᠷᠡᠭᠦ ᠳᠤ ᠪᠢ ᠮᠥᠮᠥ ᠶᠢᠨ ᠶᠢᠡᠨ ᠡᠪᠦᠷ ᠲᠤ ᠰᠥᠭᠦᠷᠡᠨ ᠣᠨᠠᠯ᠎ᠠ᠃ ᠭᠦᠭᠡᠷᠦᠭᠦᠢ ᠡᠵᠢ ᠮᠢᠨᠢ ᠦᠷ᠎ᠡ ᠭᠦᠤ ᠶᠢᠨ ᠶᠢᠡᠨ ᠳᠠᠷᠬᠠᠨ ᠬᠠᠮᠠᠭᠠᠯᠠᠭᠴᠢ ᠪᠠᠢ᠌ᠵᠠᠢ᠃ ᠳᠡᠭᠦᠨ ᠡᠴᠡ ᠠᠪᠣᠭᠠᠤᠨ ᠬᠣᠢ᠌ᠳᠤ ᠠᠪᠣ ᠨᠠᠳᠠ ᠳᠤ ᠨᠢᠭᠡ ᠴᠤ ᠬᠠᠯᠠ ᠥᠵᠡᠭᠦᠯᠦᠭ᠍ᠰᠡᠨ ᠦᠭᠡᠶ᠃

ᠠᠷᠪᠠᠨ ᠭᠤᠷᠪᠠᠳᠠᠢ ᠵᠢᠯ ᠤᠨ ᠬᠠᠪᠣᠷ ᠤᠨ ᠨᠢᠭᠡ ᠡᠳᠦᠷ᠂ ᠪᠠᠭ᠎ᠠ ᠰᠤᠷᠭᠠᠭᠠᠤᠯᠢ ᠶᠢᠨ ᠲᠦᠯᠡᠰᠢ ᠦᠭᠡᠶ ᠪᠣᠯᠤᠭᠰᠠᠨ ᠳᠤ᠂ ᠮᠠᠨ ᠤ ᠳᠠᠪᠣᠳᠤᠭᠠᠷ ᠣᠨ ᠤ ᠡᠷᠡᠭ᠍ᠳᠡᠢ ᠰᠤᠷᠤᠭᠴᠢᠳ ᠮᠠᠩᠬᠠᠨ ᠳᠤ ᠣᠷᠤᠵᠤ᠂ ᠰᠢᠷ᠎ᠠ ᠪᠣᠷᠭᠠᠰᠤ ᠬᠠᠳᠤᠬᠤ ᠪᠠᠷ ᠶᠠᠪᠣᠯ᠎ᠠ᠃ ᠥᠷᠯᠦᠭᠡ ᠨᠢ ᠪᠢᠳᠠ ᠰᠢᠷᠠᠮᠦ᠋ᠷᠠᠨ ᠭᠤᠤᠯ ᠤᠨ ᠬᠠᠰᠢᠯᠭ᠎ᠠ ᠶᠢᠨ ᠰᠡᠳᠡᠷᠭᠡᠢ ᠪᠠᠷ ᠭᠠᠷᠴᠤ ᠢᠷᠡᠭ᠍ᠰᠡᠨ ᠬᠠᠯᠢᠶ᠎ᠠ ᠶᠢ ᠭᠦᠯᠳᠡᠭᠦᠤ ᠮᠦᠰᠤᠨ ᠳᠡᠭᠡᠭᠡᠭᠦᠷ ᠭᠠᠳᠤᠯᠠᠭᠰᠠᠨ ᠶᠤᠮ᠃ ᠳᠠᠷᠠ ᠡᠳᠦᠷ ᠦᠳᠡ ᠪᠣᠯᠵᠤ ᠢᠷᠡᠭᠡᠳ ᠶᠡᠭᠡ ᠳᠤᠯᠠᠭᠠᠷᠠᠭᠰᠠᠨ ᠶᠢᠡᠷ ᠰᠢᠷ᠎ᠠ ᠪᠣᠷᠭᠠᠰᠤ ᠭᠦᠯᠦᠭᠯᠡᠵᠤ ᠭᠤᠤᠯ ᠤᠨ ᠮᠦᠰᠤ ᠬᠠᠢ᠌ᠯᠴᠢᠬᠠᠯ᠎ᠠ᠃ ᠣᠷᠤᠢ ᠪᠣᠴᠠᠬᠤ ᠦᠶ᠎ᠡ ᠪᠢᠳᠠ ᠪᠦᠰᠡᠯᠡᠭᠡ ᠴᠢᠨᠡᠭᠡ ᠮᠦᠰᠤ ᠲᠡᠶ ᠭᠦᠢᠳᠡᠨ ᠣᠰᠤ ᠶᠢ ᠳᠤᠭᠤᠯᠵᠤ ᠰᠤᠷᠭᠠᠭᠤᠯᠢ ᠳᠠᠭᠠᠨ ᠢᠷᠡᠵᠡᠭᠡᠪᠡ᠃ ᠠᠩᠭᠢ ᠳᠤᠳᠤᠷ᠎ᠠ ᠪᠠᠨ ᠨᠠᠰᠤ ᠪᠠᠭ᠎ᠠ ᠪᠢᠳᠠ ᠭᠡᠳᠦᠭᠦᠯᠡ ᠭᠦᠪᠦᠩ ᠥᠮᠦᠳᠤ ᠲᠡᠶ ᠭᠤᠤᠯ ᠳᠤᠭᠤᠯᠠᠭᠰᠠᠨ ᠳᠤᠯᠠ ᠭᠠᠷᠴᠤ ᠢᠷᠡᠮᠡᠭ᠍ᠴᠡ ᠪᠦᠷ ᠮᠦᠰᠤᠨ ᠭᠦᠮᠤᠨ ᠪᠣᠯᠴᠢᠬᠠᠪᠠ᠃ ᠳᠠᠷᠠ ᠣᠳᠠᠭ᠎ᠠ ᠡᠪᠠᠦᠡᠴᠢᠯᠡᠵᠤ ᠰᠠᠷ᠎ᠠ ᠰᠢᠬᠠᠭᠤ ᠭᠡᠷ ᠲᠤ ᠪᠠᠨ ᠭᠡᠪᠳᠡᠯ᠎ᠡ᠃ ᠡᠭᠦᠨ ᠡᠴᠡ ᠠᠪᠣᠭᠠᠤᠨ ᠮᠥᠮᠥ ᠮᠢᠨᠢ ᠨᠠᠮᠢ᠋ᠢ ᠪᠠᠷᠤᠭ ᠤᠨ ᠠᠵᠢᠯ ᠳᠤ ᠶᠠᠪᠣᠭᠤᠯᠬᠤ ᠳᠤᠷ᠎ᠠ ᠦᠭᠡᠶ᠃ ᠪᠠᠭᠰᠢ ᠪᠣᠯᠤᠨ ᠪᠠᠷᠢᠭᠠᠳᠠ ᠶᠢᠨ ᠣᠳᠤᠷᠢᠳᠤᠯᠭ᠎ᠠ ᠳᠤ᠄ 《ᠮᠢᠨᠤ ᠭᠦᠤ ᠡᠪᠡᠳᠴᠢᠨ ᠲᠡᠶ ᠰᠢᠤ︕》 ᠯᠠ ᠭᠡᠭᠦ ᠪᠣᠯᠪᠠ᠃ ᠠᠢ᠂ ᠭᠦᠭᠡᠷᠦᠭᠦᠢ ᠡᠭᠡ ᠭᠦᠮᠤᠨ ᠤ ᠰᠡᠳᠭᠢᠯ ᠭᠡᠵᠤ ᠡ︕

《ᠰᠤᠶᠤᠯ ᠤᠨ ᠬᠤᠪᠢᠰᠬᠠᠯ》 ᠤᠨ ᠳᠤᠮᠳᠠ 《ᠠᠪᠠᠭ᠎ᠠ ᠬᠤᠰᠢᠭᠤ ᠡᠴᠡ ᠰᠤᠷᠤᠯᠴᠠᠬᠤ》 ᠭᠡᠳᠡᠭ᠌ ᠶᠠᠭᠤᠮ᠎ᠠ ᠭᠠᠷᠴᠤ ᠢᠷᠡᠴᠢᠭᠡᠳ ᠮᠢᠨᠤ ᠳᠦᠷᠦᠭ᠍ᠰᠡᠨ ᠭᠡᠷ ᠤᠨ ᠭᠠᠷᠤᠯ ᠢ ᠪᠠᠶᠠᠨ ᠮᠠᠯᠴᠢᠨ ᠪᠣᠯᠭᠠᠵᠤ᠂ ᠬᠣᠢ᠌ᠳᠤ ᠠᠪᠣ ᠶᠢ ᠪᠠᠰᠠ 《ᠴᠢᠨᠠᠷ ᠨᠢ ᠬᠤᠪᠢᠷᠠᠭᠰᠠᠨ ᠡᠳᠡᠭᠡᠳ》 ᠪᠣᠯᠭᠠᠪᠠ᠃ ᠡᠵᠢ ᠨᠠᠳᠠᠳᠤ᠄ 《ᠭᠦᠮᠤᠨ ᠶᠠᠭᠤ ᠭᠡᠯᠡᠪᠠᠯ ᠭᠡᠯᠡᠭ᠌ ᠴᠠᠭᠠᠰᠢ ᠪᠠᠨ᠂ ᠠᠮᠠ ᠪᠠᠨ ᠯᠠ ᠭᠢᠴᠢᠶᠠ︕》 ᠭᠡᠵᠤ ᠵᠠᠭᠢᠵᠤ ᠰᠤᠷᠭᠠᠵᠤ ᠪᠠᠢ᠌ᠪᠠ᠃ ᠳᠠᠷᠠ ᠦᠶ᠎ᠡ ᠳᠤ ᠪᠢ ᠬᠤᠷᠢ ᠭᠦᠷᠴᠤ ᠪᠠᠢ᠌ᠭᠰᠠᠨ ᠲᠡᠶ ᠵᠠᠯᠭᠤ ᠶᠢᠨ ᠣᠮᠤᠭ ᠶᠡᠭᠡ ᠪᠠᠢ᠌ᠪᠠ᠃ ᠡᠵᠢ ᠮᠢᠨᠢ ᠨᠠᠮᠢ᠋ᠢ ᠪᠣᠰᠤᠳ ᠲᠡᠶ ᠮᠠᠷᠭᠤᠯᠳᠤᠵᠤ ᠭᠡᠷᠦᠯᠳᠦᠭᠦ ᠡᠴᠡ ᠭᠢᠴᠢᠶᠠᠵᠤ ᠯᠠ ᠪᠠᠢ᠌ᠯ᠎ᠠ᠃ ᠢᠩᠭᠢᠭᠡᠳ ᠪᠢ ᠪᠠᠷᠢᠭᠠᠳᠠ ᠳᠤ ᠪᠠᠨ ᠣᠳᠤᠷᠢᠳᠤᠯᠭ᠎ᠠ ᠶᠢᠨ ᠥᠭᠡᠨ ᠡᠴᠡ ᠵᠥᠷᠢᠭᠦ ᠦᠭᠡᠶ᠂ ᠭᠡᠷᠡᠭ᠌ ᠶᠠᠪᠣᠳᠠᠯ ᠳᠤ ᠳᠤᠷᠠᠯᠠᠬᠤ ᠦᠭᠡᠶ᠂ ᠭᠤᠤᠯ ᠶᠢᠡᠨ ᠭᠦᠭᠡᠭᠡᠵᠤ ᠭᠤᠭᠤᠳ ᠶᠢᠡᠨ ᠳᠡᠭᠦᠭ᠍ᠰᠡᠨ ᠭᠦᠮᠤᠨ ᠪᠣᠯᠤᠯ᠎ᠠ᠃ ᠡᠭᠦᠨ ᠤ ᠠᠴᠢ ᠪᠠᠷ 《ᠰᠤᠶᠤᠯ ᠤᠨ ᠬᠤᠪᠢᠰᠬᠠᠯ》 ᠳᠤᠮᠳᠠ ᠪᠢ ᠪᠣᠰᠤᠳ ᠲᠤ ᠳᠡᠮᠡᠴᠡᠭ᠍ᠳᠡᠭ᠍ᠰᠡᠨ ᠦᠭᠡᠶ ᠥᠩᠭᠡᠷᠡᠯ᠎ᠡ᠃ ᠬᠤᠵᠢᠮ ᠨᠢ ᠨᠤᠮ ᠪᠢᠴᠢᠭ᠌ ᠳᠡᠭᠡᠷ᠎ᠡ ᠡᠴᠡ 《ᠠᠮᠠ ᠠᠶᠤᠯ ᠤᠨ ᠡᠭᠦᠳᠡ》 ᠭᠡᠰᠡᠨ ᠶᠠᠫᠣᠨ ᠦᠨᠳᠦᠰᠦᠳᠠᠨ ᠤ ᠰᠠᠴᠠᠨ ᠥᠭᠡ ᠶᠢ ᠣᠯᠵᠤ ᠮᠡᠳᠡᠭᠡᠳ ᠳᠤᠬᠠᠢ ᠶᠢᠨ ᠦᠶ᠎ᠡ ᠶᠢᠨ ᠡᠵᠢ ᠶᠢᠨ ᠮᠢᠨᠢ ᠭᠡᠯᠡᠭ᠍ᠰᠡᠨ ᠥᠭᠡ ᠨᠠᠮᠢ᠋ᠢ ᠠᠶᠤᠯ ᠡᠴᠡ ᠵᠠᠢ᠌ᠯᠠᠭᠤᠯᠤᠭᠰᠠᠨ ᠢ ᠰᠠ‍‌ᠶᠢ ᠵᠢᠩᠭᠢᠨᠢ ᠪᠠᠷ ᠣᠬᠠᠭᠠᠷᠠᠯ᠎ᠠ᠃ ᠡᠵᠢ ᠶᠢᠨ ᠰᠤᠷᠭᠠᠯ ᠡᠷᠳᠡᠨᠢ ᠠᠵᠠᠢ︕

ᠮᠠᠨ ᠤ ᠭᠢ ᠪᠣᠯ 《ᠭᠦᠮᠤᠨ ᠤ ᠡᠰᠡᠷᠭᠦ ᠦᠨᠡᠰᠤ ᠬᠤᠭ ᠬᠠᠶᠠᠬᠤ》᠂ 《ᠭᠦᠮᠤᠨ ᠤ ᠥᠭᠡᠳᠡ ᠡᠴᠡ ᠬᠤᠭᠤᠰᠤᠨ ᠰᠠᠭᠤᠯᠭ᠎ᠠ ᠰᠠᠪᠠ ᠠᠪᠴᠤ ᠭᠠᠷᠬᠤ》 ᠵᠡᠷᠭᠡ ᠶᠢ ᠣᠠᠴᠠ ᠴᠡᠭᠡᠷᠯᠡᠳᠡᠭ᠌ ᠶᠤᠮ᠃ ᠨᠢᠭᠡ ᠣᠳᠠᠭ᠎ᠠ ᠪᠢ ᠠᠢ᠌ᠯ ᠤᠨ ᠶᠢᠡᠨ ᠬᠤᠤᠠᠳᠤᠭ ᠤᠨ ᠣᠰᠤ ᠶᠢ ᠢᠳᠡᠭᠦ ᠳᠤ ᠠᠮᠳᠠ ᠦᠭᠡᠶ ᠭᠡᠳ ᠠᠭᠤᠯᠠᠨ ᠭᠦᠳᠦᠯ ᠳᠠᠮᠵᠢᠨ ᠠᠮᠤ ᠪᠣᠳᠠᠭ᠎ᠠ ᠬᠠᠩᠭ᠋ᠠᠬᠤ ᠥᠷᠳᠡᠭᠡ ᠶᠢᠨ ᠭᠦᠨ ᠬᠤᠤᠠᠳᠤᠭ ᠡᠴᠡ ᠣᠰᠤ ᠳᠠᠮᠨᠠᠬᠤ ᠪᠠᠷ ᠶᠠᠪᠣᠪᠠ᠃ ᠨᠠᠮᠢ᠋ᠢ ᠬᠤᠶᠠᠷ ᠳᠤᠮᠤ ᠰᠠᠭᠤᠯᠭ᠎ᠠ ᠲᠡᠶ ᠣᠰᠤ ᠶᠢ ᠳᠠᠮᠨᠠᠨ ᠳᠠᠭᠠᠭᠠᠵᠤ ᠶᠠᠳᠠᠨ ᠶᠠᠪᠣᠵᠤ ᠪᠠᠢ᠌ᠳᠠᠯ᠎ᠠ ᠥᠭᠡᠳᠡ ᠡᠴᠡ ᠮᠠᠨ ᠤ ᠠᠢ᠌ᠯ ᠤᠨ ᠬᠠᠷᠠᠸᠴᠢᠷ ᠭᠡᠳᠡᠭ᠌ ᠳᠠᠯᠠ ᠰᠢᠬᠠᠭᠰᠠᠨ ᠡᠪᠦᠭᠡᠨ ᠯᠠᠮᠠ ᠭᠠᠷᠴᠤ ᠢᠷᠠᠯ᠎ᠠ᠃ ᠳᠠᠷᠠ ᠮᠢᠨᠤ ᠣᠰᠤ ᠳᠠᠮᠨᠠᠵᠤ ᠡᠰᠡᠷᠭᠦ ᠡᠴᠡ ᠨᠢ ᠢᠷᠡᠭᠦ ᠶᠢ ᠥᠵᠡᠭᠡᠳ ᠳᠤᠰᠴᠤ ᠢᠷᠠᠨ᠂ ᠰᠠᠭᠤᠯᠭ᠎ᠠ ᠲᠡᠶ ᠣᠰᠤᠨ ᠳᠤ ᠬᠤᠷᠤᠭᠤ ᠪᠠᠨ ᠲᠦᠷᠦᠵᠤ ᠰᠠᠷᠵᠢᠮᠯᠠᠨ᠂ ᠣᠰᠤᠨ ᠡᠴᠡ ᠠᠮᠳᠠᠯᠠᠭᠰᠠᠭᠠᠷ᠄ 《ᠶᠡᠭᠡ ᠰᠠᠢ᠌ᠨ᠂ ᠡᠨᠡ ᠡᠳᠦᠷ ᠶᠡᠭᠡ ᠥᠭᠡᠳᠡ ᠡᠰᠡᠷᠡᠭ᠌ ᠲᠡᠶ ᠪᠠᠢ᠌ᠨ᠎ᠠ︕ ᠰᠠᠢ᠌ᠨ ᠭᠦᠤ᠂ ᠬᠤᠵᠢᠮ ᠰᠠᠢ᠌ᠨ ᠰᠠᠢ᠌ᠬᠠᠨ ᠶᠠᠪᠣᠬᠤ ᠶᠤᠮ ᠁》 ᠭᠡᠵᠤ ᠢᠷᠦᠭᠡᠵᠤ ᠭᠠᠷᠤᠯ᠎ᠠ᠃ ᠪᠢ ᠳᠠᠷᠠ ᠯᠠᠮᠠ ᠠᠪᠣ ᠶᠢ ᠰᠠᠭᠤᠯᠭ᠎ᠠ ᠲᠡᠶ ᠣᠰᠤᠨ ᠳᠤ ᠬᠤᠷᠤᠭᠤ ᠪᠠᠨ ᠲᠦᠷᠦᠯ᠎ᠠ ᠭᠡᠵᠤ ᠰᠢᠷᠭᠡᠢ᠌ᠵᠤ ᠪᠠᠢ᠌ᠭᠰᠠᠨ ᠪᠣᠯᠪᠠᠴᠤ᠂ ᠮᠥᠮᠥ ᠶᠢᠨ 《ᠨᠠᠰᠤᠳᠠᠨ ᠢ ᠭᠦᠡᠳᠦᠯᠡᠪᠠᠯ ᠪᠣᠶᠠᠨ ᠢ ᠨᠢ ᠣᠯᠬᠤ ᠶᠤᠮ》 ᠭᠡᠰᠡᠨ ᠰᠤᠷᠭᠠᠯ ᠢ ᠪᠣᠳᠤᠵᠤ ᠣᠯᠤᠭᠠᠤᠨ ᠴᠢᠷᠠᠢ ᠬᠤᠪᠢᠯᠤᠭᠰᠠᠨ ᠦᠭᠡᠶ ᠳᠠᠰᠴᠤ ᠭᠠᠷᠤᠯ᠎ᠠ᠃ ᠭᠡᠷ ᠲᠤ ᠪᠠᠨ ᠭᠦᠷᠴᠤ ᠢᠷᠡᠭᠡᠳ ᠡᠨᠡ ᠣᠴᠢᠷ ᠢ ᠮᠥᠮᠥ ᠳᠤ ᠭᠡᠯᠡᠭ᠍ᠰᠡᠨ ᠳᠤ ᠮᠥᠮᠥ ᠨᠠᠮᠢ᠋ᠢ ᠶᠡᠭᠡᠯ᠎ᠡ ᠰᠠᠢ᠌ᠨ ᠠᠵᠢᠯ ᠭᠢᠭ᠍ᠰᠡᠨ ᠰᠢᠭ᠌ ᠪᠠᠶᠠᠷᠯᠠᠵᠤ 《ᠣᠬᠠᠭᠠᠨ ᠲᠡᠶ ᠭᠦᠤ》 ᠭᠡᠵᠤ ᠮᠠᠭᠳᠠᠵᠤ ᠭᠠᠷᠤᠯ᠎ᠠ᠃

ᠮᠥᠮᠥ ᠮᠢᠨᠢ ᠶ‍ᠢᠰᠤᠨ ᠬᠡᠦᠬᠡᠳ ᠲᠦᠷᠦᠵᠤ ᠵᠢᠷᠭᠤᠭ᠎ᠠ ᠶᠢ ᠨᠢ ᠭᠦᠮᠤᠨ ᠪᠣᠯᠭᠠᠨ ᠥᠰᠭᠡᠵᠤ ᠴᠢᠳᠠᠭᠰᠠᠨ ᠤ ᠳᠤᠳᠤᠷ᠎ᠠ ᠪᠢ ᠪᠣᠯ ᠬᠠᠮᠤᠭ ᠶᠡᠭᠡ ᠨᠢ ᠶᠤᠮ᠃ ᠵᠢᠷᠭᠤᠭᠠᠨ ᠬᠡᠦᠬᠡᠳ ᠢ ᠮᠦᠷᠤ ᠪᠦᠳᠤᠨ ᠭᠡᠳᠡᠰᠤ ᠳᠦᠭᠦᠷᠡᠩ ᠠᠪᠴᠤ ᠶᠠᠪᠣᠬᠤ ᠶᠢᠨ ᠳᠦᠯᠦᠭᠡ ᠠᠪᠣ ᠳᠠᠳᠠ ᠬᠤᠶᠠᠷ ᠣᠢ᠌ᠯᠠ ᠪᠠᠨ ᠪᠠᠷᠠᠵᠤ ᠦᠰᠦ ᠪᠠᠨ ᠳᠡᠭᠦᠵᠤ ᠶᠠᠪᠣᠵᠠᠢ᠃ ᠠᠪᠣ ᠬᠠᠩᠭ᠋ᠠᠨ ᠪᠣᠷᠤᠯᠠᠭᠤᠯᠬᠤ ᠬᠤᠷᠰᠢᠶ᠎ᠠ ᠶᠢᠨ ᠪᠣᠷᠤᠯᠠᠭᠤᠯᠤᠭᠴᠢ᠂ ᠰᠠᠷ᠎ᠠ ᠶᠢᠨ ᠳᠦᠴᠢᠨ ᠭᠤᠷᠪᠠᠨ ᠳᠦᠭᠦᠷᠢᠭ᠌ ᠤᠨ ᠴᠠᠯᠢᠩ ᠲᠡᠶ᠃ ᠠᠪᠣ ᠠᠷᠢᠭᠢᠨ ᠳᠤ ᠳᠤᠷᠠᠳᠠᠢ ᠪᠣᠯᠪᠠᠴᠤ ᠠᠮᠢᠳᠤᠷᠠᠬᠤ ᠳᠤ ᠪᠣᠯ ᠭᠠᠷᠮᠠᠭᠠᠢ ᠰᠠᠢ᠌ᠨ ᠡᠷ᠎ᠡ ᠶᠤᠮ᠃ ᠴᠤᠯᠮᠤᠨ ᠳᠡᠭ᠍ᠳᠡᠭᠦ ᠶᠢᠨ ᠦᠶ᠎ᠡ ᠪᠠᠷ ᠭᠦᠯᠳᠡᠭᠦᠰᠤ ᠳᠡᠭᠦᠭᠦ ᠪᠠᠷ ᠶᠠᠪᠣᠳᠠᠭ᠃ ᠮᠠᠯ ᠠᠬᠤᠢ᠂ ᠰᠢᠪᠠᠷ ᠱᠠᠭᠠᠯᠭ᠎ᠠ᠂ ᠪᠣᠷᠭᠠᠰᠤᠨ ᠭᠦᠷᠦᠮᠡᠯ᠂ ᠳᠤᠭᠤᠭ᠎ᠠ ᠰᠢᠨᠠᠭ᠎ᠠ ᠶᠢᠨ ᠠᠵᠢᠯ ᠡᠴᠡ ᠣᠢ᠌ᠯᠠ ᠣᠳᠠᠰᠤᠨ ᠤ ᠠᠵᠢᠯ ᠭᠦᠷᠳᠡᠯ᠎ᠡ ᠪᠦᠷ ᠥ ᠰᠠᠪ ᠦᠭᠡᠶ ᠰᠠᠢ᠌ᠬᠠᠨ ᠭᠢᠳᠡᠭ᠌᠃ ᠪᠢ ᠪᠠᠷᠢᠭᠠᠳᠠ ᠶᠢᠨ ᠮᠠᠯ ᠳᠠᠷᠢᠶᠠᠨ ᠤ ᠨᠦᠰᠠᠷ ᠠᠵᠢᠯ ᠤᠨ ᠠᠯᠢ ᠶᠢ ᠨᠢ ᠴᠤ ᠭᠢᠵᠤ ᠥᠵᠡᠭ᠍ᠰᠡᠨ ᠪᠣᠯᠪᠠᠴᠤ ᠵᠢᠯ ᠳᠡᠭᠡᠨ ᠶᠠᠪᠣᠭᠠᠤᠨ ᠭᠤᠷᠪᠠᠨ ᠵᠠᠭᠤ ᠢᠯᠡᠭᠦᠭᠡᠨ ᠳᠦᠭᠦᠷᠢᠭ᠌ ᠤᠨ ᠣᠷᠤᠯᠭ᠎ᠠ ᠣᠯᠳᠠᠭ᠃ ᠡᠵᠢ ᠮᠢᠨᠢ ᠰᠦᠨᠢ ᠪᠣᠯᠭᠠᠨ ᠰᠦᠨᠢ ᠳᠦᠯᠢ ᠪᠣᠯᠳᠠᠯ᠎ᠠ ᠮᠠᠨ ᠤ ᠭᠡᠷ ᠤᠨ ᠨᠢ᠋ᠮᠠᠨ ᠠᠮᠠ ᠭᠦᠮᠤᠨ ᠤ ᠮᠠᠭᠤ ᠰᠠᠢ᠌ᠨ ᠬᠤᠪᠴᠠᠰᠤ ᠬᠤᠨᠠᠷ ᠢ ᠨᠥᠭᠦᠵᠤ ᠰᠢᠳᠠᠵᠤ ᠰᠠᠭᠤᠳᠠᠭ᠃ ᠢᠩᠭᠢᠭ᠍ᠰᠡᠨ ᠤ ᠰᠠᠢ᠌ᠨ ᠶᠢᠡᠷ ᠠᠮᠢᠳᠤ ᠥᠯᠡᠳᠡᠭ᠍ᠰᠡᠨ ᠵᠢᠷᠭᠤᠭᠠᠨ ᠬᠡᠦᠬᠡᠳ ᠨᠢ ᠡᠪᠦᠯ ᠤᠨ ᠭᠦᠢᠳᠡᠨ ᠳᠤ ᠭᠦᠯ ᠭᠠᠷ ᠶᠢᠡᠨ ᠭᠦᠯᠳᠡᠭᠡᠭ᠍ᠰᠡᠨ ᠦᠭᠡᠶ᠂ ᠵᠤᠨ ᠤ ᠬᠠᠯᠠᠭᠤᠨ ᠳᠤ ᠨᠠᠷᠠᠨ ᠳᠤ ᠨᠠᠷᠠᠰᠢᠭᠰᠠᠨ ᠦᠭᠡᠶ᠂ ᠴᠦᠪ ᠤᠨ ᠭᠠᠴᠢᠭ ᠵᠢᠯ ᠤᠳ ᠲᠤ ᠦᠯᠪᠠᠷᠠᠵᠤ ᠥᠭᠦᠭ᠍ᠰᠡᠨ ᠦᠭᠡᠶ᠂ ᠨᠢᠭᠡᠳ ᠨᠢᠭᠡ ᠪᠠᠷ ᠶᠢᠡᠨ ᠡᠷᠡᠭᠦᠯ ᠴᠠᠭᠢᠷᠠᠭ ᠪᠣᠢ᠌ᠵᠢᠵᠤ ᠴᠢᠳᠠᠵᠠᠢ᠃ ᠳᠠᠷᠠ ᠦᠶ᠎ᠡ ᠮᠥᠮᠥ ᠮᠢᠨᠢ ᠮᠠᠨ ᠳᠤ 《ᠭᠦᠮᠤᠨ ᠤ ᠶᠠᠳᠠᠭᠤ ᠭᠠᠢ᠌ᠭᠤᠢ᠂ ᠣᠬᠠᠭᠠᠨ ᠤ ᠶᠠᠳᠠᠭᠤ ᠭᠡᠴᠡᠭᠦᠤ ᠰᠢᠤ︕》᠂ 《ᠪᠠᠶ᠎ᠠ ᠶᠢ ᠴᠢᠨᠢ ᠲᠦᠷᠦᠵᠤ ᠴᠢᠳᠠᠪᠠᠴᠤ ᠣᠬᠠᠭᠠᠨ ᠢ ᠴᠢᠨᠢ ᠲᠦᠷᠦᠵᠤ ᠴᠢᠳᠠᠨᠠᠤ ᠳ᠋ᠠ᠂ ᠭᠦᠮᠤᠨ ᠢ ᠦᠵᠡᠵᠤ ᠰᠤᠷ ᠡ》᠂ 《ᠣᠶᠤᠭᠤᠨ (ᠣᠶᠤᠨ) ᠣᠬᠠᠭᠠᠨ ᠶᠢᠡᠷ ᠶᠢᠡᠨ ᠠᠮᠢᠳᠤᠷᠠ︕》᠂ 《ᠠᠯᠳᠠᠨ ᠳᠡᠯᠡᠭᠡᠢ ᠰᠤᠭᠤ ᠪᠠᠨ ᠬᠠᠪᠴᠢᠬᠤ ᠦᠭᠡᠶ ᠶᠤᠮ᠃ ᠶᠠᠭᠤᠮ᠎ᠠ ᠶᠢ ᠭᠦᠮᠤᠨ ᠣᠯᠬᠤ ᠶᠤᠮ᠃》᠂ 《ᠭᠦᠮᠤᠨ ᠤ ᠳᠦᠷᠢ ᠲᠡᠶ ᠠᠮᠢᠳᠤᠷᠠ》 ᠭᠡᠵᠤ ᠰᠤᠷᠭᠠᠵᠤ ᠯᠠ ᠪᠠᠢ᠌ᠯ᠎ᠠ᠃ ᠡᠭᠦᠨ ᠢ ᠨᠢ ᠰᠤᠨᠤᠰᠤᠭᠰᠠᠭᠠᠷ ᠪᠠᠢ᠌ᠭᠠᠤᠨ ᠣᠯᠢᠭ ᠪᠣᠯᠤᠭᠰᠠᠨ ᠮᠠᠨ ᠤ ᠭᠡᠳᠦᠭᠦᠯᠡ 《ᠮᠠᠨ ᠤ ᠮᠥᠮᠥ ᠪᠠᠰᠠᠯᠠ ᠶᠠᠩᠰᠢᠯ᠎ᠠ︕》 ᠭᠡᠵᠤ ᠪᠠᠢ᠌ᠪᠠ᠃ ᠦᠨᠦ ᠪᠣᠳᠤᠪᠠᠯ ᠮᠥᠮᠥ ᠶᠢᠨ ᠳᠠᠷᠠ ᠶᠠᠩᠰᠢᠭᠰᠠᠨ ᠤ ᠰᠠᠢ᠌ᠨ ᠶᠢᠡᠷ ᠠᠬ᠎ᠠ ᠳᠡᠭᠦᠤ ᠡᠭᠡᠴᠢ ᠳᠡᠭᠦᠤ ᠭᠡᠳᠦᠭᠦᠯᠡ ᠶᠢᠨ ᠠᠯᠢ ᠨᠢ ᠴᠤ ᠭᠡᠳ ᠪᠦᠷ ᠠᠵᠢᠯ ᠭᠦᠳᠡᠯᠮᠦᠷᠢ ᠳᠤ ᠳᠦᠢ᠌ ᠳᠦᠰᠦᠭᠡ ᠲᠡᠶ ᠠᠵᠢᠯᠴᠢ ᠠᠷᠪᠢᠴᠢ ᠪᠣᠯᠵᠤ ᠭᠦᠮᠦᠵᠢᠵᠤ ᠴᠢᠳᠠᠵᠠᠢ᠃

《ᠭᠦᠮᠤᠨ ᠤ ᠠᠵᠢᠯ ᠢ ᠭᠢᠪᠠᠴᠤ ᠪᠣᠤ ᠵᠠᠯᠬᠠᠭᠤᠷᠠ᠂ ᠭᠦᠮᠤᠨ ᠴᠢᠨᠤ ᠭᠢᠭ᠍ᠰᠡᠨ ᠢ ᠴᠢᠨᠢ ᠠᠪᠬᠤ ᠡᠴᠡ ᠪᠢᠰᠢ ᠰᠤᠷᠤᠭᠰᠠᠨ ᠢ ᠴᠢᠨᠢ ᠠᠪᠬᠤ ᠦᠭᠡᠶ ᠶᠤᠮ》᠂ 《ᠭᠦᠮᠤᠨ ᠤ ᠥᠵᠡᠯᠡᠭᠡᠨ ᠳᠤ ᠵᠢᠷᠤᠮᠳᠠᠢ ᠶᠠᠪᠣ》᠂ 《ᠳᠡᠭᠡᠷ᠎ᠡ ᠪᠠᠨ ᠳᠠᠯ ᠲᠡᠶ᠂ ᠳᠤᠤᠷ᠎ᠠ ᠪᠠᠨ ᠰᠡᠭᠦᠯ ᠲᠡᠶ ᠶᠠᠪᠣ︕ ᠠᠬᠠᠮᠠᠤᠨ ᠭᠦᠮᠤᠨ ᠲᠡᠶ ᠠᠭᠤᠯᠵᠠᠪᠠᠯ ᠠᠮᠤᠷ ᠮᠠᠠᠳᠤ ᠶᠢ ᠨᠢ ᠠᠰᠠᠭᠤᠵᠤ ᠪᠠᠢ︕ ᠠᠶᠠᠨ ᠵᠠᠮ ᠳᠡᠭᠡᠷ᠎ᠡ ᠳᠠᠭᠠᠷᠠᠪᠠᠯ ᠮᠤᠷᠢ ᠣᠨᠤᠭ᠎ᠠ ᠡᠴᠡ ᠪᠠᠨ ᠪᠠᠭᠤᠵᠤ ᠮᠠᠠᠳᠤ ᠶᠢ ᠨᠢ ᠠᠰᠠᠭᠤ︕》 ᠭᠡᠵᠤ ᠮᠥᠮᠥ ᠪᠠᠰᠠ ᠶᠠᠩᠰᠢᠵᠤ ᠯᠠ ᠪᠠᠢ᠌ᠳᠠᠭ᠃ ᠢᠩᠭᠢᠭ᠍ᠰᠡᠨ ᠤ ᠭᠢᠨᠢ ᠰᠠᠢ᠌ᠨ ᠶᠢᠡᠷ ᠪᠢ ᠭᠦᠮᠤᠨ ᠤ ᠦᠪᠡᠷ ᠤᠨ ᠠᠵᠢᠯ ᠭᠡᠰᠡᠨ ᠦᠭᠡᠶ ᠨᠠᠷᠢᠨ ᠭᠢᠨᠠᠮᠠᠭᠠᠢ ᠭᠢᠳᠡᠭ᠌ ᠵᠠᠩᠰᠢᠯ ᠲᠡᠶ ᠪᠣᠯᠵᠤ ᠴᠢᠳᠠᠵᠠᠢ᠃ ᠶᠠᠭᠠᠭᠢᠭᠰᠠᠨ ᠵᠠᠮᠪᠠ᠂ ᠠᠷᠤᠭ ᠰᠠᠭᠰᠤ ᠭᠦᠷᠦᠭᠦ ᠵᠡᠷᠭᠡ ᠮᠠᠯᠴᠢᠨ ᠭᠦᠮᠤᠨ ᠤ ᠠᠵᠢᠯ ᠤᠳ ᠢ ᠪᠣᠯ ᠪᠢ ᠥᠨᠡᠭᠡᠷ ᠭᠦᠮᠤᠨ ᠤ ᠭᠢᠭ᠍ᠰᠡᠨ ᠢ ᠪᠠᠢ᠌ᠨ ᠳᠠᠭᠢᠨ ᠦᠵᠡᠵᠤ ᠪᠠᠢ᠌ᠭᠠᠤᠨ ᠰᠤᠷᠤᠭᠰᠠᠨ ᠪᠢᠯᠠ᠃ ᠡᠢ᠌ᠮᠤ ᠵᠠᠩᠰᠢᠯ ᠲᠡᠶ ᠪᠣᠯᠤᠭᠰᠠᠨ ᠤ ᠰᠠᠢ᠌ᠨ ᠶᠢᠡᠷ ᠪᠠᠩᠭᠢ ᠶᠢᠨ ᠠᠵᠢᠯ ᠳᠤ ᠭᠠᠷᠴᠤ ᠬᠤᠰᠢᠭᠤᠨ ᠲᠦᠪ ᠳᠡᠭᠡᠷ᠎ᠡ ᠳᠠᠷᠢᠶᠠᠯᠠᠩ ᠤᠨ ᠪᠠᠩᠭᠢ ᠳᠤ ᠭᠢᠳᠠᠤᠨ ᠤᠳ ᠤᠨ ᠳᠤᠮᠳᠠ ᠠᠵᠢᠯᠯᠠᠬᠤ ᠬᠤᠭᠤᠴᠠᠭᠠᠨ ᠳᠤ ᠭᠢᠳᠠᠤᠨ ᠥᠭᠡ ᠭᠡᠯᠡᠵᠤ ᠴᠢᠳᠠᠬᠤ ᠦᠭᠡᠶ᠂ ᠭᠢᠳᠠᠤᠨ ᠪᠢᠴᠢᠭ᠌ ᠲᠤ ᠮᠠᠭᠤ ᠪᠠᠢ᠌ᠭᠰᠠᠨ ᠴᠤ ᠳᠡᠳᠡᠭᠡᠷ ᠮᠡᠳᠡᠯᠭᠡ ᠪᠠᠨ ᠬᠠᠷᠠᠮᠨᠠᠵᠤ ᠭᠢᠮᠤᠰᠤ ᠪᠠᠨ ᠨᠢᠭᠤᠭᠰᠠᠤᠨ ᠤᠨ ᠬᠠᠵᠠᠭᠤ ᠡᠴᠡ ᠨᠢ ᠬᠠᠷᠠᠵᠤ ᠪᠠᠢ᠌ᠭᠠᠤᠨ ᠳᠤᠬᠠᠢ᠌ᠯᠠᠭᠰᠠᠨ ᠠᠵᠢᠯ ᠤᠨ ᠮᠡᠷᠭᠡᠵᠢᠯ ᠢ ᠰᠤᠷᠤᠭᠰᠠᠨ ᠪᠢᠯᠠ᠃

ᠮᠥᠮᠥ ᠪᠣᠯ ᠮᠢᠨᠤ ᠭᠤᠷᠪᠠᠨ ᠬᠡᠦᠬᠡᠳ ᠢ ᠪᠠᠭ᠎ᠠ ᠳ᠋ᠤᠨᠢ ᠬᠠᠷᠠᠵᠤ ᠥᠰᠭᠡᠭ᠍ᠰᠡᠨ ᠠᠴᠢᠳᠤ ᠭᠦᠮᠤᠨ ᠶᠤᠮ᠃ ᠠᠪᠣ ᠡᠴᠡ ᠬᠣᠢ᠌ᠳᠠᠢ ᠬᠤᠷᠢᠨ ᠬᠤᠶᠠᠷ ᠵᠢᠯ ᠤᠨ ᠳᠤᠳᠤᠷ᠎ᠠ ᠮᠥᠮᠥ ᠴᠤᠬᠤᠮ ᠳᠠᠭᠠᠨ ᠪᠠᠭ᠎ᠠ ᠳᠡᠭᠦᠤ ᠶᠢ ᠳᠠᠭᠠᠵᠤ ᠠᠮᠢᠳᠤᠷᠠᠨ᠎ᠠ ᠭᠡᠵᠤ ᠳᠤᠭᠳᠠᠭᠰᠠᠨ ᠪᠣᠯᠪᠠᠴᠤ ᠡᠴᠦᠰ ᠰᠡᠭᠦᠯ ᠳᠡᠭᠡᠨ ᠬᠠᠰᠢᠯᠠ ᠨᠠᠮᠢ᠋ᠢ ᠳᠠᠭᠠᠵᠤ ᠬᠤᠷᠢᠨ ᠵᠢᠯ ᠠᠮᠢᠳᠤᠷᠠᠵᠠᠢ᠃ ᠵᠢᠷᠠᠨ ᠨᠠᠰᠤᠳᠠᠢ ᠵᠢᠯ ᠳᠡᠭᠡᠨ ᠳᠤᠤᠷ᠎ᠠ ᠡᠭᠦᠳᠡᠨ ᠰᠢᠳᠤᠨ ᠳᠡᠭᠡᠷ᠎ᠡ ᠨᠢ ᠬᠠᠪᠣᠳᠠᠷ ᠭᠠᠷᠤᠭᠰᠠᠨ ᠳᠤ ᠪᠢᠳᠠ ᠦᠮᠠᠨ ᠪᠣᠯᠴᠢᠬᠠᠯ᠎ᠠ ᠭᠡᠵᠤ ᠶᠡᠭᠡ ᠵᠤᠪᠠᠭᠰᠠᠨ ᠶᠢᠡᠷ ᠪᠠᠷᠠᠬᠤ ᠦᠭᠡᠶ ᠡᠵᠢ ᠦᠪᠡᠷ ᠶᠢᠡᠨ ᠴᠤ ᠰᠡᠵᠢᠭ᠌ ᠠᠪᠴᠤ᠂ ᠡᠳᠦᠷᠵᠢᠨ ᠴᠤᠩᠬᠤ ᠪᠠᠷ ᠭᠠᠳᠠᠭᠰᠢ ᠱᠠᠭᠠᠢ᠌ᠨ᠂ ᠴᠢᠷᠠᠢ ᠨᠢᠭᠤᠷ ᠨᠢ ᠬᠤᠵᠠᠢ᠌ᠵᠤ᠂ ᠨᠢᠳᠤᠨ ᠳ᠋ᠤᠨᠢ ᠵᠠᠢ᠌ᠷ ᠭᠦᠶ‍ᠦᠵᠤ ᠶᠡᠭᠡᠯ᠎ᠡ ᠭᠤᠳᠤᠷᠠᠩᠭ᠋ᠤᠢ ᠪᠠᠢ᠌ᠯ᠎ᠠ᠃ ᠬᠤᠵᠢᠮ ᠨᠢ ᠡᠮᠴᠢ ᠨᠡᠷ ᠬᠤᠤᠷ ᠦᠭᠡᠶ ᠬᠠᠪᠣᠳᠠᠷ ᠭᠡᠵᠤ ᠳᠤᠳᠤᠯᠠᠭᠰᠠᠨ ᠳᠤ ᠰᠠ‍‌ᠶᠢ ᠥᠳᠡᠯᠦᠭᠡ ᠪᠣᠯᠤᠭᠰᠠᠨ ᠴᠢᠷᠠᠢ ᠳ᠋ᠤᠨᠢ ᠪᠠᠶᠠᠷ ᠤᠨ ᠮᠦᠰᠢᠶᠠᠳᠤ ᠢᠯᠡᠷᠡᠭ᠍ᠰᠡᠨ ᠪᠢᠯᠠ᠃

ᠮᠥᠮᠥ ᠪᠣᠯ ᠠᠬ᠎ᠠ ᠳᠡᠭᠦᠤ ᠡᠭᠡᠴᠢ ᠳᠡᠭᠦᠤ ᠨᠡᠷ ᠤᠨ ᠶᠢᠡᠨ ᠳᠤᠳᠤᠷ᠎ᠠ ᠬᠠᠮᠤᠭ ᠣᠷᠳᠤ ᠨᠠᠰᠤᠯᠠᠭᠰᠠᠨ ᠭᠦᠮᠤᠨ ᠶᠤᠮ᠃ ᠳᠠᠯᠠ ᠶ‍ᠢᠰᠤᠳᠠᠢ ᠵᠢᠯ ᠳᠡᠭᠡᠷ᠎ᠡ ᠪᠠᠨ ᠰᠠ ᠡᠪᠡᠳᠴᠢᠨ ᠣᠯᠵᠤ᠂ ᠬᠤᠳᠠᠨ ᠳᠤ ᠥᠭᠦᠵᠤ ᠭᠡᠭᠦᠷ ᠶᠢᠡᠨ ᠰᠢᠳᠠᠭᠠᠯᠭᠠᠬᠤ ᠦᠭᠡᠶ ᠭᠡᠵᠤ ᠬᠠᠢ᠌ᠯᠠᠰᠤ ᠪᠠᠯᠭᠠᠰᠤ ᠳᠠᠭᠠᠨ ᠪᠣᠴᠠᠵᠤ᠂ ᠬᠤᠶᠠᠳᠤᠭᠠᠷ ᠳᠡᠭᠦᠤ ᠶᠢᠨ ᠳᠤ ᠰᠠᠭᠤᠵᠤ᠂ ᠬᠤᠶᠠᠳᠤᠭᠠᠷ ᠳᠡᠭᠦᠤ ᠪᠣᠯᠤᠨ ᠳᠡᠭᠦᠤ ᠪᠠᠷᠢ ᠬᠤᠶᠠᠷ ᠶᠢᠡᠷ ᠡᠷᠭᠢᠴᠡᠭᠦᠯᠵᠤ ᠪᠣᠷᠬᠠᠨ ᠪᠣᠯᠤᠭᠰᠠᠨ ᠪᠢᠯᠠ᠃ ᠡᠮᠨᠡᠯᠭᠡ ᠶᠢᠨ ᠵᠠᠷᠤᠳᠠᠯ ᠢ ᠨᠢ ᠶᠡᠭᠡ ᠭᠦᠤ ᠪᠢᠳᠠ ᠬᠤᠶᠠᠭᠤᠯᠠ ᠭᠠᠷᠭᠠᠵᠤ᠂ ᠠᠮᠢᠰᠬᠤᠯ ᠬᠤᠷᠢᠶᠠᠳᠠᠯ᠎ᠠ ᠪᠠᠨ ᠣᠤᠭᠤᠬᠤ ᠡᠮ ᠳᠠᠰᠤᠷᠠᠭᠰᠠᠨ ᠦᠭᠡᠶ᠂ ᠬᠠᠷᠠᠵᠤ ᠬᠠᠷᠠᠭᠠᠯᠵᠠᠬᠤ ᠭᠦᠮᠤᠨ ᠰᠠᠯᠤᠭᠰᠠᠨ ᠦᠭᠡᠶ ᠶᠤᠮ᠃ ᠡᠳᠡᠭᠡᠷ ᠣᠴᠢᠷ ᠢ ᠠᠢ᠌ᠯ ᠠᠢ᠌ᠮᠠᠭ ᠤᠨ ᠠᠬᠠᠮᠠᠤᠨ ᠨᠡᠷ ᠥᠵᠡᠭᠡᠳ ᠮᠥᠮᠥ ᠶᠢ 《ᠪᠣᠶᠠᠨ ᠲᠡᠶ ᠭᠦᠮᠤᠨ ᠡ》 ᠭᠡᠵᠡᠭᠡᠵᠤ ᠪᠠᠢ᠌ᠪᠠ᠃

ᠮᠥᠮᠥ ᠥᠰᠦᠭ᠌ ᠳᠠᠨᠢᠬᠤ ᠠᠩᠭᠢ ᠳᠤ ᠭᠡᠳᠤᠨ ᠰᠠᠷ᠎ᠠ ᠮᠤᠩᠭ᠋ᠤᠯ ᠪᠢᠴᠢᠭ᠌ ᠰᠤᠷᠤᠭᠰᠠᠨ ᠪᠣᠯᠪᠠᠴᠤ᠂ ᠵᠠᠯᠠᠭᠤᠬᠠᠨ ᠶᠢᠡᠷ ᠠᠵᠠᠢ ᠡᠴᠡ ᠰᠠᠯᠵᠤ᠂ ᠳᠡᠭᠡᠷ᠎ᠡ ᠨᠢ ᠬᠡᠦᠬᠡᠳ ᠣᠯᠠᠨ ᠲᠡᠶ ᠪᠣᠯᠬᠤᠷ ᠨᠢᠭᠡ ᠭᠡᠳᠤᠨ ᠰᠤᠷᠤᠭᠰᠠᠨ ᠥᠰᠦᠭ᠌ ᠶᠢᠡᠨ ᠪᠦᠷ ᠮᠠᠷᠳᠠᠭᠠᠤᠨ ᠣᠷᠭᠢᠴᠢᠬᠠᠵᠠᠢ᠃ ᠡᠵᠢ ᠮᠢᠨᠢ ᠵᠠᠯᠠᠭᠤ ᠳᠠᠭᠠᠨ 《ᠴᠡᠩᠭᠡᠷ ᠳᠤᠷᠳᠤᠩ ᠠᠯᠴᠢᠭᠤᠷ》 ᠵᠡᠷᠭᠡ ᠭᠡᠳᠤᠨ ᠳᠠᠭᠤ ᠶᠢ ᠳᠠᠪᠠᠭᠤ ᠰᠠᠢ᠌ᠠᠬᠠᠨ ᠳᠠᠭᠤᠯᠠᠳᠠᠭ ᠪᠠᠢ᠌ᠭᠰᠠᠨ ᠪᠣᠯᠪᠠᠴᠤ ᠰᠥᠰᠦᠭ᠌ ᠪᠢᠰᠢᠷᠠᠯ ᠲᠡᠶ ᠬᠣᠢ᠌ᠳᠤ ᠠᠪᠣ ᠲᠡᠶ ᠠᠭᠤᠯᠵᠠᠭᠰᠠᠨ ᠡᠴᠡ ᠠᠪᠣᠭᠠᠤᠨ ᠦᠪᠡᠷ ᠶᠢᠡᠨ ᠳᠠᠭᠤᠤ ᠳᠠᠭᠤᠯᠠᠬᠤ ᠶᠢ ᠪᠠᠢ᠌ᠳᠤᠭᠠᠢ ᠪᠢᠳᠠ ᠭᠡᠳᠦᠭᠦᠯᠡ ᠶᠢᠨ ᠳᠠᠭᠤᠤ ᠳᠠᠭᠤᠯᠠᠵᠤ ᠭᠦᠭ᠍ᠵᠢᠮ ᠭᠦᠭ᠍ᠵᠢᠮᠳᠡᠭᠦ ᠶᠢ ᠭᠦᠷᠳᠡᠯ᠎ᠡ ᠬᠤᠷᠢᠭᠯᠠᠬᠤ ᠪᠣᠯᠴᠢᠵᠠᠢ᠃ ᠨᠢᠭᠡ ᠣᠳᠠᠭ᠎ᠠ ᠪᠢ ᠦᠪᠡᠷ ᠶᠢᠡᠨ ᠬᠤᠶᠠᠷ ᠣᠳᠠᠰᠤᠳᠤ ᠬᠤᠭᠤᠷ ᠭᠢᠭ᠍ᠰᠡᠨ ᠳᠤ ᠡᠵᠢ ᠥᠵᠡᠭᠡᠳ ᠶᠡᠭᠡ ᠠᠭᠤᠷᠯᠠᠵᠤ ᠬᠤᠭᠤᠷ ᠢ ᠮᠢᠨᠢ ᠡᠪᠳᠡᠯᠡᠵᠤ ᠬᠠᠶᠠᠴᠢᠬᠠᠪᠠ᠃ ᠡᠵᠢ ᠭᠡᠯᠡᠭᠦ ᠲᠡᠭᠡᠨ ᠵᠤᠪᠠᠯᠠᠩ ᠲᠡᠶ ᠭᠦᠮᠤᠨ ᠳᠠᠭᠤᠤ ᠭᠦᠭ᠍ᠵᠢᠮ ᠲᠡᠶ ᠨᠥᠭᠦᠷᠯᠡᠳᠡᠭ᠌ ᠭᠡᠨ᠎ᠡ᠃

ᠮᠥᠮᠥ ᠪᠣᠷᠬᠠᠨ ᠰᠢᠳᠤᠵᠤ ᠡᠳᠦᠷᠵᠢᠨ 《ᠪᠣᠷᠬᠠᠨ ᠡ》 ᠭᠡᠵᠤ ᠪᠠᠢ᠌ᠪᠠ᠃ ᠪᠠᠭ᠎ᠠ ᠯᠠ ᠡᠪᠡᠳᠴᠢᠨ ᠵᠤᠪᠠᠯᠠᠩ ᠣᠴᠠᠷᠠᠭᠰᠠᠭᠠᠷ ᠪᠣᠷᠬᠠᠨ ᠳᠠᠭᠠᠨ ᠵᠤᠯᠠ ᠭᠦᠵᠢ ᠠᠰᠠᠭᠠᠵᠤ᠂ ᠯᠠᠮᠠ ᠨᠡᠷ ᠶᠢᠡᠷ ᠨᠤᠮ ᠭᠦᠷᠢᠮ ᠣᠩᠰᠢᠭᠤᠯᠳᠠᠭ᠃ ᠦᠳᠡᠯᠵᠤ ᠢᠷᠡᠭ᠍ᠰᠡᠨ ᠬᠣᠢ᠌ᠨ᠎ᠡ ᠨᠢ ᠪᠢ ᠣᠳᠠᠢ ᠡᠴᠡ ᠨᠢᠭᠡ ᠡᠷᠢᠭᠡ ᠬᠤᠳᠠᠯᠳᠤᠨ ᠠᠪᠴᠢᠷᠠᠵᠤ ᠥᠭᠦᠭ᠍ᠰᠡᠨ ᠳᠤ᠂ ᠮᠥᠮᠥ ᠮᠢᠨᠢ ᠡᠷᠢᠭᠡ ᠪᠠᠨ ᠭᠦᠵᠦᠭᠦᠨ ᠡᠴᠡ ᠪᠠᠨ ᠰᠠᠯᠭᠠᠯ ᠦᠭᠡᠶ ᠵᠡᠭᠦᠵᠤ᠂ ᠵᠠᠪ ᠯᠠ ᠭᠠᠷᠪᠠᠯ ᠮᠠᠨᠢ ᠳᠤᠭᠠᠯᠠᠵᠤ᠂ 《ᠪᠣᠷᠬᠠᠨ ᠠᠪᠣᠷᠠᠯᠠ᠂ ᠦᠷ᠎ᠡ ᠬᠡᠦᠬᠡᠳ ᠢ ᠮᠢᠨᠢ ᠡᠪᠡᠳᠴᠢᠨ ᠵᠤᠪᠠᠯᠠᠩ ᠦᠭᠡᠶ ᠶᠠᠪᠣᠭᠤᠯᠬᠤ ᠶᠢ ᠪᠣᠷᠬᠠᠨ ᠳᠡᠭ᠍ᠷᠢ ᠲᠤ ᠳᠠᠭᠠᠳᠬᠠᠵᠤ ᠪᠠᠢ᠌ᠨ᠎ᠠ︕》 ᠭᠡᠵᠤ ᠠᠮᠠᠨ ᠳᠠᠭᠠᠨ ᠰᠢᠪᠰᠢᠵᠤ ᠯᠠ ᠪᠠᠢ᠌ᠪᠠ᠃ ᠨᠠᠮᠢ᠋ᠢ ᠭᠠᠳᠠᠭᠰᠢ ᠭᠠᠷᠤᠭᠠᠤᠨ ᠢᠷᠡᠭᠦ ᠦᠭᠡᠶ ᠣᠳᠠᠭᠰᠠᠭᠠᠷ ᠴᠤᠩᠬᠤ ᠪᠠᠷ ᠶᠢᠡᠨ ᠪᠠᠷᠠᠯᠠᠵᠤ᠂ ᠣᠷᠤᠢ ᠪᠣᠯᠳᠠᠯ᠎ᠠ ᠣᠠᠳᠠᠬᠤ ᠦᠭᠡᠶ ᠡᠨᠡ ᠭᠡᠳᠤᠨ ᠬᠡᠦᠭᠡᠳ ᠤᠨ ᠳᠦᠯᠦᠭᠡ ᠥᠨᠡᠭᠡᠷ ᠵᠢᠷᠦᠭᠡ ᠪᠠᠨ ᠭᠠᠷ ᠲᠠᠭᠠᠨ ᠪᠠᠷᠢᠨ᠎ᠠ ᠭᠡᠵᠤ ᠪᠠᠢ᠌ᠯ᠎ᠠ᠃ ᠠᠢ᠂ ᠭᠦᠭᠡᠷᠦᠭᠦᠢ︕ ᠡᠭᠡ ᠭᠦᠮᠤᠨ ᠤ ᠰᠡᠳᠭᠢᠯ ᠳᠤ ᠦᠷ᠎ᠡ ᠨᠢ ᠵᠢᠷᠠ ᠭᠦᠷᠪᠠᠴᠤ ᠨᠢᠯᠬ᠎ᠠ ᠪᠠᠷ ᠶᠢᠡᠨ ᠪᠠᠢ᠌ᠳᠠᠭ ᠪᠠᠢ᠌ᠵᠠᠢ᠃

《ᠠᠮᠢᠳᠠᠨ ᠵᠢᠷᠭᠤᠭᠠᠨ ᠵᠣᠢ᠌ᠯ ᠳᠤ ᠳᠤᠰᠠ ᠭᠢᠭᠦ》᠂ 《ᠭᠦᠮᠤᠨ ᠳᠤ ᠬᠤᠤᠷ ᠭᠦᠷᠭᠡᠭᠦ ᠦᠭᠡᠶ᠂ ᠭᠦᠮᠤᠨ ᠢ ᠭᠢᠯᠢᠰ ᠭᠦᠵᠢᠷ ᠶᠢᠡᠷ ᠭᠡᠯᠡᠭᠦ ᠦᠭᠡᠶ᠂ ᠦᠨᠡᠨ ᠴᠠᠭᠠᠨ ᠶᠢᠡᠷ ᠶᠠᠪᠣᠬᠤ》 ᠪᠣᠯ ᠮᠥᠮᠥ ᠶᠢᠨ ᠶ‍ᠢᠷᠳᠢᠠᠴᠤ ᠶᠢᠨ ᠦᠵᠡᠯᠳᠠ ᠠᠵᠤᠭᠤ᠃ ᠡᠢ᠌ᠮᠤ ᠦᠵᠡᠯᠳᠠ ᠲᠡᠶ ᠪᠣᠯᠬᠤᠷ ᠮᠥᠮᠥ ᠮᠢᠨᠢ ᠠᠢ᠌ᠯ ᠠᠢ᠌ᠮᠠᠭ ᠤᠨ ᠶᠢᠡᠨ ᠭᠡᠨ ᠲᠡᠶ ᠴᠤ ᠭᠡᠳ ᠰᠠᠢ᠌ᠨ ᠶᠠᠪᠣᠯᠴᠠᠬᠤ ᠭᠡᠵᠤ ᠴᠢᠷᠮᠠᠢ᠌ᠨ᠎ᠠ᠃ 《ᠭᠦᠮᠤᠨ ᠲᠡᠶ ᠳᠤᠢ᠌ ᠲᠡᠶ ᠠᠮᠢᠳᠤᠷᠠᠬᠤ》 ᠪᠣᠯ ᠮᠥᠮᠥ ᠶᠢᠨ ᠶ‍ᠢᠷᠳᠢᠠᠴᠤ ᠶᠢᠨ ᠦᠵᠡᠯᠳᠠ ᠪᠠᠢ᠌ᠵᠠᠢ᠃ ᠳᠠᠷᠠ 《ᠭᠦᠮᠤᠨ ᠡᠴᠡ ᠳᠡᠭᠡᠭᠦᠷ ᠠᠮᠢᠳᠤᠷᠠᠪᠠᠯ ᠭᠦᠮᠤᠨ ᠳᠤ ᠨᠢᠳᠦᠯᠡᠭ᠍ᠳᠡᠨ᠎ᠡ᠂᠂ ᠭᠦᠮᠤᠨ ᠡᠴᠡ ᠳᠤᠤᠭᠤᠷ ᠶᠠᠪᠣᠪᠠᠯ ᠭᠦᠮᠤᠨ ᠳᠤ ᠮᠠᠭᠤ ᠥᠵᠡᠭ᠍ᠳᠡᠨ᠎ᠡ》 ᠭᠡᠵᠤ ᠪᠣᠳᠤᠳᠠᠭ᠃ ᠭᠦᠮᠤᠨ ᠢ ᠥᠵᠡᠭᠦ ᠳᠡᠭᠡᠨ ᠮᠥᠮᠥ 《ᠠᠵᠢᠯ ᠨᠢ ᠰᠠᠢ᠌ᠨ᠂ ᠭᠦᠮᠤᠨ ᠨᠢ ᠰᠠᠢ᠌ᠨ ᠪᠣᠯ ᠪᠦᠷ ᠪᠣᠯᠴᠢᠬᠠᠨ᠎ᠠ》 ᠭᠡᠳᠡᠭ᠌ ᠪᠠᠢ᠌ᠪᠠ᠃ ᠠᠵᠤ ᠠᠬᠤᠢ ᠶᠢᠨ ᠣᠬᠠᠭᠳᠠᠬᠤᠨ ᠪᠣᠯ ᠭᠡᠷᠡᠭ᠍ᠴᠡᠭᠡᠨ ᠤ ᠬᠠᠩᠭ᠋ᠠᠯᠳᠠ ᠶᠢ ᠵᠢᠷᠭᠠᠯ ᠭᠡᠵᠤ ᠥᠵᠡᠳᠡᠭ᠌᠃ ᠭᠡᠷᠡᠭ᠍ᠴᠡᠭᠡ ᠳᠤ ᠠᠮᠢᠳᠤᠷᠠᠬᠤ ᠶᠢᠨ ᠭᠡᠷᠡᠭ᠍ᠴᠡᠭᠡ᠂ ᠠᠮᠤᠷ ᠲᠦᠪᠰᠢᠨ ᠤ ᠭᠡᠷᠡᠭ᠍ᠴᠡᠭᠡ᠂ ᠬᠠᠷᠢᠶᠠᠯᠠᠭᠳᠠᠬᠤ ᠭᠡᠷᠡᠭ᠍ᠴᠡᠭᠡ᠂ ᠭᠦᠡᠳᠦᠳᠭᠡᠭ᠍ᠳᠡᠭᠦ ᠭᠡᠷᠡᠭ᠍ᠴᠡᠭᠡ᠂ ᠦᠪᠡᠷ ᠤᠨ ᠥᠷᠳᠡᠭ᠌ ᠶᠢᠡᠨ ᠪᠣᠳᠠᠳᠠᠢ ᠢᠯᠡᠷᠡᠭᠦᠯᠭᠦ ᠭᠡᠷᠡᠭ᠍ᠴᠡᠭᠡ ᠭᠡᠵᠤ ᠪᠠᠢ᠌ᠳᠠᠭ᠃ ᠮᠠᠨ ᠤ ᠡᠩ ᠤᠨ ᠭᠦᠮᠤᠨ ᠳᠤ ᠠᠪᠴᠤ ᠭᠡᠯᠡᠪᠠᠯ᠂ ᠠᠮᠤᠷ ᠲᠦᠪᠰᠢᠨ᠂ ᠬᠠᠷᠢᠶᠠᠯᠠᠭᠳᠠᠬᠤ᠂ ᠭᠦᠡᠳᠦᠳᠭᠡᠭ᠍ᠳᠡᠭᠦ ᠭᠡᠷᠡᠭ᠍ᠴᠡᠭᠡ ᠪᠣᠯ ᠴᠢᠬᠤᠯᠠ ᠪᠠᠢ᠌ᠳᠠᠭ᠃ ᠭᠡᠳᠡᠯ᠎ᠡ ᠮᠥᠮᠥ ᠳᠤ ᠠᠪᠴᠤ ᠭᠡᠯᠡᠪᠠᠯ ᠠᠮᠢᠳᠤᠷᠠᠯ ᠪᠣᠯᠤᠨ ᠠᠮᠤᠷ ᠳᠦᠪᠰᠢᠨ ᠨᠢ ᠪᠠᠳᠤᠯᠭ᠎ᠠ ᠲᠡᠶ ᠯᠠ ᠪᠣᠯ ᠪᠦᠷ ᠪᠣᠯᠴᠢᠳᠠᠭ᠃ ᠨᠠᠮᠢ᠋ᠢ ᠪᠠᠷᠢ ᠳᠤᠷᠠᠰᠬᠤ ᠨᠠᠰᠤ ᠪᠣᠯᠤᠮᠠᠭᠴᠠ ᠮᠥᠮᠥ ᠮᠢᠨᠢ ᠭᠦᠤ ᠳᠡᠭᠡᠨ ᠪᠠᠷᠢ ᠠᠪᠴᠤ ᠦᠭ‍ᠭᠦ ᠭᠡᠵᠤ ᠳᠠᠨᠢᠬᠤ ᠮᠡᠳᠡᠭᠦ ᠦᠬᠢᠳ ᠪᠣᠯᠭᠠᠨ ᠢ ᠪᠠᠷᠤᠭ ᠪᠦᠷ ᠠᠰᠠᠭᠤᠯᠭᠠᠵᠤ ᠥᠵᠡᠭ᠍ᠰᠡᠨ ᠪᠣᠯᠪᠠᠴᠤ᠂ ᠭᠦᠮᠤᠨ ᠤ ᠭᠡᠦᠭᠡᠡᠴᠦᠳ 《ᠠᠮᠢᠳᠤᠷᠠᠯᠭ᠎ᠠ ᠨᠢ ᠶᠠᠳᠠᠭᠤ᠂ ᠭᠦᠮᠤᠨ ᠠᠮᠠ ᠣᠯᠠᠨ ᠲᠡᠶ᠂ ᠳᠠᠭᠠᠵᠤ ᠢᠷᠡᠭ᠍ᠰᠡᠨ ᠭᠦᠤ᠂ ᠠᠰᠳᠠᠭᠠᠨ ᠰᠠᠭᠤᠬᠤ ᠭᠡᠷ ᠦᠭᠡᠶ》 ᠭᠡᠭᠦ ᠵᠣᠢ᠌ᠯ ᠪᠣᠯᠭᠠᠨ ᠤ ᠰᠢᠯᠳᠠᠭ ᠶᠢᠡᠷ ᠪᠦᠷ ᠲᠦᠯᠬᠢᠵᠤ ᠶᠠᠪᠣᠭᠤᠯᠪᠠ᠃ ᠳᠤᠰ ᠠᠢ᠌ᠯ ᠤᠨ ᠨᠢᠭᠡ ᠦᠬᠢᠨ ᠨᠠᠳᠠ ᠶᠢ ᠦᠵᠡᠵᠤ ᠳᠤᠭᠤᠭᠰᠠᠨ ᠪᠣᠯᠪᠠᠴᠤ ᠡᠴᠢᠭᠡ ᠡᠭᠡ ᠨᠢ ᠠᠮᠢᠳᠤᠷᠠᠯᠭ᠎ᠠ ᠨᠢ ᠶᠠᠳᠠᠭᠤ ᠭᠡᠳ ᠵᠥᠪᠰᠢᠶᠡᠷᠡᠭ᠍ᠰᠡᠨ ᠦᠭᠡᠶ ᠳᠤ ᠡᠵᠢ ᠮᠢᠨᠢ ᠨᠠᠳᠠ ᠶᠢ ᠰᠡᠳᠭᠢᠯ ᠵᠤᠪᠠᠬᠤ ᠡᠴᠡ ᠠᠶᠤᠵᠤ᠂ ᠡᠮ᠎ᠡ ᠭᠦᠮᠤᠨ ᠤ ᠳᠦᠯᠦᠭᠡ ᠡᠷ᠎ᠡ ᠭᠦᠮᠤᠨ ᠭᠦᠮᠤᠨ ᠲᠡᠶ ᠦᠰ ᠳᠠᠯᠪᠢᠬᠤ ᠦᠭᠡᠶ ᠶᠤᠮ ᠰᠢᠤ᠂ ᠶ‍ᠢᠷᠳᠢᠠᠴᠤ ᠶᠢᠨ ᠳᠤᠤᠷ᠎ᠠ ᠪᠠᠢ᠌ᠬᠤ ᠯᠠ ᠦᠬᠢᠨ ᠰᠢᠳᠠ ᠭᠡᠵᠤ ᠵᠤᠷᠢᠭᠵᠠᠭᠤᠯᠵᠤ ᠪᠠᠢ᠌ᠯ᠎ᠠ᠃ ᠬᠨ ᠬᠤᠵᠢᠮ ᠨᠢ ᠬᠤᠷᠢᠨ ᠳᠦᠷᠪᠡ ᠳᠠᠪᠣ ᠭᠦᠷᠦᠭᠡᠳ ᠨᠢᠭᠡ ᠪᠠᠷᠢ ᠣᠯᠤᠭᠰᠠᠨ ᠳᠤ ᠮᠥᠮᠥ ᠮᠢᠨᠢ ᠭᠦᠯ ᠭᠠᠵᠠᠷ ᠲᠤ ᠭᠦᠷᠭᠦ ᠦᠭᠡᠶ ᠪᠠᠶᠠᠷᠯᠠᠵᠤ ᠪᠢᠯᠠ᠃ ᠨᠠᠳᠠ ᠡᠴᠡ ᠭᠤᠷᠪᠠᠨ ᠬᠡᠦᠬᠡᠳ ᠲᠡᠶ ᠪᠣᠯᠤᠭᠰᠠᠨ ᠳᠤ ᠶᠡᠭᠡ ᠭᠦᠤ ᠶᠢ ᠠᠪᠣ ᠮᠥᠮᠥ ᠬᠤᠶᠠᠷ ᠥᠮᠴᠢᠷᠭᠡᠵᠤ ᠠᠪᠣᠭᠠᠤᠨ ᠭᠠᠷ ᠳᠡᠭᠡᠷ᠎ᠡ ᠪᠠᠨ ᠳᠠᠰᠬᠠᠴᠢᠬᠠᠪᠠ᠃ ᠪᠣᠳᠤᠬᠤ ᠳᠤ ᠰᠠᠨᠠᠭ᠎ᠠ ᠨᠢ ᠭᠦᠢᠴᠡᠵᠤ ᠶ‍ᠢᠷᠳᠢᠠᠴᠤ ᠶᠢᠨ ᠵᠢᠷᠭᠠᠯ ᠢ ᠪᠦᠷᠢᠨ ᠡᠳ᠋ᠯᠡᠭ᠍ᠰᠡᠨ ᠭᠡᠵᠤ ᠪᠣᠳᠤᠭᠰᠠᠨ ᠪᠣᠯᠤᠯᠳᠠᠢ᠂ ᠡᠳᠦᠷᠵᠢᠨ ᠢᠨᠢᠶᠠᠳᠤ ᠬᠠᠨᠢᠶᠠᠳᠤ ᠲᠡᠶ ᠪᠣᠯᠴᠢᠬᠠᠪᠠ᠃ ᠬᠤᠵᠢᠮ ᠨᠢ ᠪᠢ ᠠᠵᠢᠯ ᠳᠡᠭᠡᠷ᠎ᠡ ᠭᠠᠷᠴᠤ ᠭᠤᠷᠪᠠᠨ ᠳᠠᠰᠤᠯᠭ᠎ᠠ ᠰᠢᠨ᠎ᠡ ᠸᠠᠭᠠᠷ ᠳᠤᠭᠤᠰᠭ᠎ᠠ ᠶᠢᠨ ᠭᠡᠷ ᠲᠡᠶ ᠪᠣᠯᠤᠭᠰᠠᠨ ᠳᠤ ᠮᠥᠮᠥ ᠮᠢᠨᠢ ᠮᠠᠩᠨᠠᠢ ᠬᠠᠭᠠᠷᠠᠮ᠎ᠠ ᠪᠠᠶᠠᠷᠯᠠᠵᠤ᠂ ᠵᠠᠮ ᠶᠠᠪᠣᠬᠤ ᠳᠠᠭᠠᠨ ᠴᠤ ᠨᠢᠷᠤᠭᠤ ᠡᠭᠦᠷᠴᠤ ᠠᠯᠬᠤᠬᠤ ᠪᠣᠯᠪᠠ᠃ ᠰᠡᠭᠦᠯ ᠳᠤ ᠨᠢ ᠪᠢ ᠬᠤᠰᠢᠭᠤᠨ ᠲᠦᠪ ᠪᠣᠷᠤᠬᠤᠳᠠ ᠳᠤ ᠠᠵᠢᠯ ᠰᠢᠯᠵᠢᠵᠤ ᠠᠰᠠᠷ ᠲᠤ ᠰᠠᠭᠤᠭᠰᠠᠨ ᠳᠤ ᠮᠥᠮᠥ ᠨᠠᠮᠢ᠋ᠢ ᠳᠠᠭᠠᠵᠤ ᠠᠰᠠᠷ ᠳᠡᠭᠡᠷ᠎ᠡ ᠰᠠᠭᠤᠯ᠎ᠠ᠃ ᠨᠢᠭᠡ ᠣᠳᠠᠭ᠎ᠠ ᠦᠶ᠎ᠡ ᠶᠢᠨ ᠭᠡᠦᠭᠡᠨ ᠳᠡᠭᠦᠤ ᠨᠢ ᠢᠷᠡᠭ᠍ᠰᠡᠨ ᠳᠤ ᠮᠥᠮᠥ ᠮᠢᠨᠢ ᠳᠠᠷᠠ ᠳᠡᠭᠦᠤ ᠲᠡᠶ ᠪᠠᠨ ᠬᠤᠶᠠᠷ ᠭᠦᠮᠤᠨ ᠤ ᠳᠤᠮᠤ ᠣᠷᠤ ᠳᠡᠭᠡᠷ᠎ᠡ ᠭᠦᠡᠳᠡᠯᠡᠨ ᠶᠢᠡᠷ ᠣᠠᠳᠠᠵᠤ᠂ ᠰᠦᠨᠢ ᠳᠤᠵᠢ ᠵᠤᠭᠤᠭᠳᠠᠨ ᠢᠨᠢᠶᠠᠯᠴᠠᠵᠤ ᠥᠩᠭᠡᠷᠡᠵᠡᠢ᠃ ᠪᠣᠳᠤᠬᠤ ᠳᠤ ᠶᠡᠭᠡᠯ᠎ᠡ ᠪᠠᠶᠠᠷᠯᠠᠭᠰᠠᠨ ᠪᠣᠯᠤᠯᠳᠠᠢ᠃ ᠠᠢ᠂ ᠭᠦᠭᠡᠷᠦᠭᠦᠢ︕ ᠭᠦᠳᠡᠭᠡ ᠶᠢᠨ ᠮᠠᠯᠴᠢᠨ ᠡᠵᠢ ᠭᠡᠵᠤ ᠪᠦᠷ ᠡᠢ᠌ᠮᠤ ᠪᠠᠢ᠌ᠭᠰᠠᠨ ᠪᠠᠢ᠌ᠵᠠᠢ᠃

《ᠭᠦᠮᠤᠨ ᠵᠤᠪᠠᠯᠠᠩ ᠢ ᠳᠠᠭᠠᠭᠠᠬᠤ ᠡᠴᠡ ᠪᠢᠰᠢ᠂ ᠵᠢᠷᠭᠠᠯᠠᠩ ᠢ ᠳᠠᠭᠠᠭᠠᠬᠤ ᠦᠭᠡᠶ ᠶᠤᠮ ᠰᠢᠤ᠃᠂ ᠵᠢᠷᠭᠠᠯ ᠡᠳ᠋ᠯᠡᠵᠤ ᠶᠠᠪᠣᠬᠤ ᠦᠶ᠎ᠡ ᠳᠤ ᠵᠤᠪᠠᠵᠤ ᠶᠠᠪᠣᠭᠰᠠᠨ ᠶᠢᠡᠨ ᠪᠣᠳᠤᠬᠤ ᠶᠤᠮ᠂ ᠶᠠᠳᠠᠭᠤ ᠵᠥᠳᠡᠭᠦᠤ ᠭᠦᠮᠤᠨ ᠢ ᠦᠷᠦ ᠦᠪᠳᠤᠵᠤ ᠶᠠᠪᠣ ᠡ ︕》 ᠮᠥᠮᠥ ᠪᠠᠰᠠ ᠰᠢᠨ᠎ᠡ ᠵᠢᠭᠠᠪᠣᠷᠢ ᠪᠠᠭᠤᠯᠠᠭᠠᠯ᠎ᠠ᠃ 《ᠥᠷᠯᠦᠭᠡᠨ ᠤ ᠳᠤᠯᠠᠭᠠᠨ ᠢ ᠳᠤᠯᠠᠭᠠᠨ ᠳᠤ ᠪᠣᠤ ᠪᠣᠳᠤ᠂ ᠥᠴᠦᠭᠡᠨ ᠵᠢᠷᠭᠠᠯ ᠢ ᠵᠢᠷᠭᠠᠯ ᠳᠤ ᠪᠣᠤ ᠪᠣᠳᠤ》 ᠭᠡᠳᠡᠭ᠌ ᠦᠨᠡᠨ ᠪᠠᠢ᠌ᠵᠠᠢ᠃ ᠮᠠᠨ ᠤ ᠠᠬ᠎ᠠ ᠳᠡᠭᠦᠤ ᠭᠡᠳᠦᠭᠦᠯᠡ ᠭᠡᠨ ᠨᠢ ᠭᠡᠳ ᠨᠠᠰᠤᠨ ᠤ ᠵᠠᠯᠠᠭᠤ ᠢᠳᠠᠷ ᠳᠡᠭᠡᠷ᠎ᠡ ᠪᠠᠨ ᠨᠢᠭᠡ ᠭᠡᠳᠤᠨ ᠵᠢᠯ ᠭᠢᠯᠠᠷᠠᠭᠤᠯᠵᠤ ᠶᠠᠪᠣᠭᠰᠠᠨ ᠪᠣᠯᠪᠠᠴᠤ ᠡᠭᠡᠳᠡᠷᠡᠭᠡᠨ ᠪᠣᠳᠤᠯᠢᠶᠠᠳᠤ ᠠᠮᠢᠳᠤᠷᠠᠯ ᠤᠨ ᠳᠠᠯᠠᠢ ᠳᠤᠮᠳᠠ ᠭᠦᠪᠪᠦᠵᠤ ᠴᠤ ᠦᠵᠡᠯ᠎ᠠ᠂ ᠵᠢᠪᠪᠣᠵᠤ ᠴᠤ ᠦᠵᠡᠯ᠎ᠠ᠂ ᠬᠠᠢ᠌ᠷ᠎ᠠ ᠶᠢᠨ ᠵᠠᠯᠠᠭᠤ ᠽᠠᠠᠳᠠᠨ ᠨᠠᠰᠤ ᠮᠢᠨᠢ ᠥᠵᠦᠭᠦᠷ ᠡᠴᠡ ᠪᠠᠨ ᠭᠤᠭᠤᠵᠢᠬᠤ ᠡᠷᠢᠭᠡ ᠰᠢᠭ᠌ ᠨᠢᠭᠡ ᠨᠢᠭᠡ ᠪᠠᠷ ᠳᠤᠭᠠᠯᠠᠭᠳᠠᠰᠠᠭᠠᠷ ᠪᠠᠷᠠᠵᠤ ᠢᠷᠡᠭᠦ ᠳᠤ ᠡᠷᠭᠢᠵᠤ ᠬᠠᠷᠠᠭᠠᠤᠨ ᠶᠠᠪᠣᠵᠤ ᠢᠷᠡᠭ᠍ᠰᠡᠨ ᠮᠦᠷ ᠶᠢᠡᠨ ᠥᠵᠡᠭᠦ ᠳᠤ ᠪᠦᠳᠦᠴᠢᠨ ᠬᠠᠳᠠᠴᠢᠨ ᠠᠯᠬᠤᠵᠤ ᠢᠷᠡᠭ᠍ᠰᠡᠨ ᠵᠠᠮ ᠮᠢᠨᠢ ᠳᠤᠪ ᠳᠤᠳᠤ ᠳᠤᠷᠠᠢ᠌ᠵᠤ ᠪᠠᠢ᠌ᠯ᠎ᠠ᠃ ᠡᠨᠡ ᠵᠠᠮ ᠳᠡᠭᠡᠷ᠎ᠡ ᠮᠥᠮᠥ ᠮᠢᠨᠢ ᠪᠠᠢ᠌ᠨ ᠪᠠᠢ᠌ᠨ ᠭᠠᠷᠴᠤ ᠢᠷᠠᠨ ᠦᠷ᠎ᠡ ᠨᠢ ᠪᠣᠯᠤᠭᠰᠠᠨ ᠨᠠᠮᠢ᠋ᠢ ᠪᠠᠨ ᠶᠠᠭ ᠨᠢᠯᠬ᠎ᠠ ᠮᠤᠳᠤᠨ ᠤ ᠨᠠᠮᠠᠭ᠎ᠠ ᠰᠠᠯᠠᠭ᠎ᠠ ᠶᠢ ᠵᠠᠰᠠᠵᠤ ᠥᠭ᠍ᠳᠡᠭ᠌ ᠴᠡᠴᠡᠷᠯᠢᠭ᠍ᠴᠢ ᠰᠢᠭ᠌ ᠳᠤᠳᠤᠮᠳᠠᠨ ᠵᠠᠰᠠᠵᠤ ᠯᠠ ᠪᠠᠢ᠌ᠨ᠎ᠠ᠃ ᠮᠥᠮᠥ ᠮᠢᠨᠢ ᠣᠤᠯ ᠨᠢ ᠡᠢ᠌ᠮᠤ ᠨᠢᠭᠡ ᠵᠢᠷ ᠤᠨ ᠪᠦᠭᠡᠳ ᠠᠭᠤᠤ ᠶᠡᠭᠡ ᠴᠡᠴᠡᠷᠯᠢᠭ᠍ᠴᠢ ᠪᠠᠢ᠌ᠭᠰᠠᠨ ᠠᠵᠠᠢ᠃

《ᠭᠡᠷ ᠪᠦᠯᠢ ᠪᠣᠯ ᠡᠴᠢᠭᠡ ᠭᠦᠮᠤᠨ ᠤ ᠸᠠᠩᠳᠤ ᠣᠯᠤᠰ᠂ ᠡᠭᠡ ᠪᠣᠯᠤᠭᠰᠠᠤᠨ ᠤᠨ ᠳᠤᠯᠠᠭᠠᠨ ᠶ‍ᠢᠷᠳᠢᠠᠴᠤ᠂ ᠦᠷ᠎ᠡ ᠬᠡᠦᠬᠡᠳ ᠤᠨ ᠴᠡᠩᠭᠡᠯ ᠤᠨ ᠣᠷᠳᠤᠨ ᠮᠦᠨ》 ᠭᠡᠵᠤ ᠠᠮᠸᠷᠢᠺᠠ ᠶᠢᠨ ᠠᠯᠳᠠᠷᠳᠤ ᠵᠤᠬᠢᠶᠠᠯᠴᠢ᠂ ᠭᠦᠨ ᠣᠬᠠᠭᠠᠠᠳᠠᠨ ᠡᠮᠸᠷᠲ᠋ᠤᠨ ᠭᠡᠯᠡᠭ᠍ᠰᠡᠨ ᠪᠢᠯᠠ᠃ ᠭᠡᠷ ᠪᠣᠯ ᠬᠠᠮᠤᠭ ᠤᠨ ᠳᠠᠭᠠᠯᠠᠮᠵᠢᠳᠠᠢ᠂ ᠬᠠᠮᠤᠭ ᠤᠨ ᠠᠮᠤᠷ ᠲᠦᠪᠰᠢᠨ᠂ ᠬᠠᠮᠤᠭ ᠤᠨ ᠳᠤᠭᠳᠠᠪᠣᠷᠢᠳᠠᠢ᠂ ᠬᠠᠮᠤᠭ ᠤᠨ ᠪᠠᠶᠠᠷ ᠭᠦᠷ ᠲᠡᠶ ᠭᠠᠵᠠᠷ ᠮᠦᠨ᠃ ᠡᠨᠡ ᠭᠡᠷ ᠲᠤ ᠡᠴᠢᠭᠡ ᠭᠦᠮᠤᠨ ᠠᠭᠤᠯᠠ ᠮᠠᠳᠤ ᠳᠦᠰᠢᠭ᠌ ᠪᠣᠯᠳᠠᠭ ᠪᠣᠯ ᠡᠭᠡ ᠭᠦᠮᠤᠨ ᠢᠮᠠᠭᠳᠠ ᠬᠠᠯᠠᠭᠤᠨ ᠭᠦᠢᠳᠡᠨ ᠢ ᠲᠡᠩᠴᠡᠬᠦᠯᠦᠭ᠍ᠴᠢ ᠠᠭᠠᠷ ᠳᠤᠭᠢᠷᠠᠭᠤᠯᠤᠭᠴᠢ ᠪᠣᠯᠳᠠᠭ ᠪᠠᠢ᠌ᠵᠠᠢ᠃ ᠮᠢᠨᠤ ᠮᠥᠮᠥ ᠶᠢᠨ ᠪᠠᠢ᠌ᠭᠰᠠᠨ ᠡᠳᠦᠷ ᠤᠳ ᠲᠤ᠂ ᠭᠡᠷ ᠮᠢᠨᠢ ᠭᠡᠵᠢᠶᠠᠳᠠ ᠬᠠᠯᠠᠭᠤᠨ ᠪᠦᠯᠢᠶᠡᠨ ᠶᠢᠡᠷ ᠪᠢᠯᠬᠠᠵᠤ᠂ ᠦᠷ᠎ᠡ ᠨᠢ ᠪᠣᠯᠤᠭᠰᠠᠨ ᠮᠠᠨ ᠳᠠᠭᠠᠨ ᠵᠤᠯ ᠵᠢᠷᠭᠠᠯ ᠢ ᠠᠪᠴᠢᠷᠠᠵᠤ ᠥᠭ᠍ᠳᠡᠭ᠌ ᠪᠢᠯᠠ᠃

ᠡᠵᠢ ᠮᠢᠨᠢ ᠶᠠᠪᠣᠴᠢᠬᠠᠯ᠎ᠠ᠃ ᠭᠡᠪᠠᠴᠤ ᠳᠡᠭᠦᠨ ᠤ ᠡᠨᠡᠷᠡᠩᠭᠦᠢ ᠪᠠᠶᠠᠷᠳᠤ ᠳᠦᠷᠢ ᠳᠦᠷᠰᠤ ᠮᠢᠨᠤ ᠵᠢᠷᠦᠭᠡᠨ ᠳᠤ ᠡᠭᠦᠷᠢᠳᠡ ᠰᠡᠢ᠌ᠯᠦᠭ᠍ᠳᠡᠵᠤ᠂ ᠳᠡᠭᠦᠨ ᠤ ᠡᠷᠳᠡᠨᠢ ᠡᠴᠡ ᠦᠨᠡᠳᠠᠢ ᠰᠤᠷᠭᠠᠯ ᠥᠭᠡ ᠤᠳ ᠨᠢ ᠢᠮᠠᠭᠳᠠ ᠨᠠᠮᠢ᠋ᠢ ᠭᠦᠮᠦᠵᠢᠭᠦᠯᠤᠨ ᠰᠤᠷᠭᠠᠵᠤ ᠪᠠᠢ᠌ᠨ᠎ᠠ᠃

ᠡᠵᠢ ᠮᠢᠨᠢ ᠠᠮᠤᠷᠯᠢᠩᠭ᠋ᠤᠢ ᠨᠣᠢ᠌ᠷᠰᠤᠬᠤ ᠪᠣᠯᠤᠭᠠᠰᠠᠢ︕


2008 ᠣᠨ ᠤ 10 ᠰᠠᠷᠠᠢ᠌ᠨ 13 ᠊ᠤ ᠡᠳᠦᠷ ᠪᠣᠷᠤᠬᠤᠳᠠᠨ᠎ᠠ᠃

ᠵᠤᠬᠢᠶᠠᠭᠴᠢ ᠶᠢᠨ ᠬᠠᠶ‍ᠢᠭ ᠄ ᠣᠩᠨᠢᠭᠤᠳ ᠬᠤᠰᠢᠭᠤ ᠶᠢᠨ ᠢᠳᠡᠭᠡᠮᠵᠢ ᠶᠢᠨ ᠬᠤᠷᠰᠢᠶ᠎ᠠ

ᠵᠤᠬᠢᠶᠠᠭᠴᠢ᠄ ᠨᠠᠮᠳᠠᠢ᠌ᠰᠦ᠋ᠷᠤᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6069
ᠴᠠᠭ᠄ 2010 ᠤᠨ ᠤ 01 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ