ᠯᠤᠪᠰᠠᠩᠳᠠᠠᠵᠢᠨ ᠤ ᠳᠠᠮᠠᠴᠠᠯ ᠤᠨ ᠡᠭᠦᠰᠦᠯ ᠭᠢᠭᠡᠤᠨ ᠵᠤᠷᠢᠭ ᠰᠠᠨᠠᠭᠠᠨ ᠤ ᠦᠨ᠎ᠡ ᠴᠠᠨ᠎ᠠ ᠵᠢᠴᠢ ᠳᠠᠢ᠌ᠨ ᠤ ᠬᠤᠭᠢᠷᠠᠯ ᠤᠨ ᠳᠤᠬᠠᠢ ᠥᠭᠦᠯᠡᠭᠦ ᠨᠢ

ᠯᠤᠪᠰᠠᠩᠳᠠᠠᠵᠢᠨ ᠪᠣᠯ ᠬᠦᠬᠡ‍ᠨᠠᠭᠤᠷ ᠲᠦᠪᠡᠳ ᠢ ᠵᠢᠯᠤᠭᠤᠨ ᠳᠡᠭᠡᠷ᠎ᠡ ᠵᠠᠭᠢᠷᠴᠤ ᠬᠤᠱᠤᠳ ᠬᠠᠭᠠᠠᠳᠤ ᠲᠦᠷᠦ ᠶᠢ ᠪᠠᠢ᠌ᠭᠤᠯᠤᠭᠰᠠᠨ ᠲᠦᠷᠦ ᠱᠠᠰᠢᠨ ᠤ ᠮᠡᠷᠭᠡᠨ ᠣᠳᠤᠷᠢᠳᠤᠭᠴᠢ ᠭᠡᠭᠡᠨ ᠭᠦᠦᠰᠢ ᠬᠠᠭᠠᠨ ᠤ ᠣᠮᠪᠣᠯᠤ ᠪᠣᠯᠬᠤ ᠶᠤᠮ᠃ 1657 ᠣᠨ ᠳᠤ ᠭᠡᠭᠡᠨ ᠭᠦᠦᠰᠢ ᠬᠠᠭᠠᠨ ᠲᠦᠪᠡᠳ ᠤᠨ ᠪᠣᠳᠠᠯᠠ ᠣᠷᠳᠤᠨ ᠳᠤ ᠥᠭᠡᠳᠡ ᠪᠣᠯᠤᠭᠰᠠᠨ ᠤ ᠳᠠᠷᠠᠭ᠎ᠠ᠂ ᠳᠡᠭᠦᠨ ᠤ ᠠᠷᠪᠠᠨ ᠭᠦᠪᠠᠭᠦᠨ ᠡᠴᠡ ᠴᠤᠷᠢ ᠶᠢᠨ ᠭᠠᠭᠴᠠ ᠦᠯᠠᠳᠠᠵᠤ ᠪᠠᠢ᠌ᠭᠰᠠᠨ ᠳ᠋ᠠᠰᠢᠪᠠᠭᠠᠳᠤᠷ ᠡᠴᠢᠭᠡ ᠶᠢᠨ ᠶᠢᠡᠨ ᠣᠷᠤ ᠶᠢ ᠵᠠᠯᠭᠠᠮᠵᠢᠯᠠᠵᠤ ᠬᠦᠬᠡ‍ᠨᠠᠭᠤᠷ ᠤᠨ ᠶᠡᠷᠦᠩᠭᠡᠢ ᠵᠠᠭᠢᠷᠤᠭᠴᠢ ᠨᠤᠶᠠᠨ ᠪᠣᠯᠤᠭᠰᠠᠨ ᠪᠠᠢ᠌ᠨ᠎ᠠ᠃ 1698 ᠣᠨ ᠳᠤ ᠳᠠᠷᠠ ᠴᠢᠩ ᠣᠯᠤᠰ ᠲᠤ ᠠᠯᠪᠠ ᠪᠠᠷᠢᠬᠤ ᠶᠢ ᠭᠤᠶᠤᠴᠢᠯᠠᠭᠰᠠᠨ ᠡᠴᠡ 《ᠬᠤᠱᠤᠢ ᠴᠢᠨ ᠸᠠᠩ》 ᠵᠡᠷᠭᠡ ᠣᠯᠵᠠᠢ᠃ ᠳᠠᠷᠠ ᠦᠶ᠎ᠡ ᠬᠦᠬᠡ‍ᠨᠠᠭᠤᠷ ᠮᠤᠩᠭ᠋ᠤᠯᠴᠤᠳ ᠭᠡᠳᠥᠢᠪᠠᠷ ᠮᠠᠠᠵᠤ ᠴᠢᠩ ᠳᠤ ᠠᠯᠪᠠ ᠪᠠᠷᠢᠵᠤ ᠪᠠᠢ᠌ᠭᠰᠠᠨ ᠴᠤ ᠮᠠᠠᠵᠤ ᠶᠢᠨ ᠰᠢᠭᠤᠳ ᠬᠠᠷᠢᠶᠠᠳᠤ ᠪᠣᠯᠤᠭᠰᠠᠨ ᠦᠭᠡᠶ ᠪᠠᠢ᠌ᠯ᠎ᠠ᠃ 1716 ᠣᠨ ᠳᠤ ᠳ᠋ᠠᠰᠢᠪᠠᠭᠠᠳᠤᠷ ᠨᠠᠰᠤ ᠨᠥᠭ᠍ᠴᠢᠭ᠍ᠰᠡᠨ ᠳᠤ ᠯᠤᠪᠰᠠᠩᠳᠠᠠᠵᠢᠨ ᠡᠴᠢᠭᠡ ᠶᠢᠨ ᠶᠢᠡᠨ ᠬᠤᠱᠤᠢ ᠴᠢᠨ ᠸᠠᠩ ᠤᠨ ᠵᠡᠷᠭᠡ ᠶᠢ ᠣᠯᠠᠮᠵᠢᠯᠠᠭᠠᠤᠨ ᠪᠦᠭᠦ ᠬᠦᠬᠡ‍ᠨᠠᠭᠤᠷ ᠢ ᠶᠡᠷᠦᠩᠭᠡᠢ ᠳ᠋ᠤᠨᠢ ᠵᠠᠭᠢᠷᠴᠠᠢ᠃ ᠡᠨᠡ ᠦᠶ᠎ᠡ ᠬᠦᠬᠡ‍ᠨᠠᠭᠤᠷ ᠤᠨ ᠶᠡᠷᠦᠩᠭᠡᠢ ᠪᠠᠢ᠌ᠳᠠᠯ ᠨᠢ ᠠᠵᠤ ᠠᠬᠤᠢ᠂ ᠨᠡᠢ᠌ᠭᠡᠮ ᠵᠤᠭᠢᠬᠤ ᠭᠦᠭ᠍ᠵᠢᠯᠳᠡ ᠪᠠᠨ ᠣᠯᠵᠤ ᠪᠠᠷᠠᠭᠤᠨ ᠬᠣᠢ᠌ᠳᠤ ᠶᠢᠨ ᠭᠦᠴᠦᠷᠭᠡᠭ᠌ ᠡᠩᠨᠡᠭᠡ ᠪᠣᠯᠵᠤ ᠢᠯᠡᠷᠡᠭ᠍ᠰᠡᠨ ᠪᠠᠢ᠌ᠨ᠎ᠠ᠃ ᠶᠠᠭ ᠯᠠ ᠶᠡᠭᠡ ᠡᠷᠳᠡᠮᠳᠡᠨ ᠰᠦᠮᠪᠠ ᠬᠠᠮᠪᠣ ᠢᠰᠢᠪᠠᠯᠵᠤᠤᠷ ᠤᠨ ᠶᠠᠷᠢᠭᠰᠠᠨ᠄ 《ᠡᠷᠳᠡ ᠶᠢᠨ ᠬᠤᠷᠢᠶᠠᠭᠰᠠᠨ ᠠᠷᠢᠭᠤᠨ ᠴᠠᠭᠠᠨ ᠪᠣᠶᠠᠠᠳᠤ ᠣᠢ᠌ᠯᠠ ᠶᠢᠨ ᠭᠦᠴᠤ ᠪᠠᠷ ᠨᠢᠭᠡ ᠴᠢᠰᠤᠳᠠᠨ ᠪᠣᠯᠵᠤ ᠵᠠᠶᠠᠭᠠᠭᠰᠠᠨ ᠬᠦᠬᠡ‍ᠨᠠᠭᠤᠷᠴᠦᠳ ᠪᠦᠭᠦᠳᠡ ᠪᠠᠷ ᠶᠢᠡᠨ ᠪᠣᠷᠬᠠᠨ ᠤ ᠢᠵᠠᠭᠤᠷᠳᠠᠢ ᠳᠦᠷᠦᠭ᠍ᠰᠡᠨ ᠪᠣᠯᠬᠤᠷ᠂ ᠸᠠᠩ ᠨᠤᠶᠡᠳ᠂ ᠪᠠᠢ᠌ᠯᠡ᠂ ᠪᠠᠢ᠌ᠰᠡ᠂ ᠭᠦᠩ᠂ ᠵᠡᠰᠠᠭ ᠤᠨ ᠰᠠᠢ᠌ᠨ ᠵᠠᠶᠠᠭᠠᠳᠤ ᠳᠠᠢ᠌ᠵᠢ ᠳᠡᠪᠠᠨᠡᠩ᠂ ᠵᠡᠢ᠌ᠰᠡᠩ ᠳᠡᠷᠢᠭᠦᠳᠡᠨ ᠪᠦᠭᠦᠨ ᠴᠦᠮ ᠳᠡᠭ᠍ᠷᠢ ᠶᠢᠨ ᠣᠷᠤᠨ ᠤ ᠡᠷᠭᠡ ᠴᠢᠳᠡᠯ᠂ ᠡᠷᠡᠯᠭᠡᠭ᠌ ᠪᠠᠭᠠᠳᠤᠷᠯᠢᠭ ᠪᠦᠭᠦᠳᠡ ᠶᠢ ᠪᠠᠶ᠎ᠠ ᠳᠡᠭᠡᠨ ᠪᠦᠷᠢᠯᠳᠦᠭᠦᠯᠵᠤ᠂ ᠮᠡᠭᠤ ᠰᠠᠨᠠᠭ᠎ᠠ᠂ ᠮᠤᠩᠬᠠᠭ ᠪᠣᠳᠤᠯ᠂ ᠣᠮᠤᠷᠬᠠᠭ ᠪᠠᠷᠳᠠᠮ ᠠᠤᠠᠬᠠᠭ ᠰᠠᠨᠠᠭ᠎ᠠ ᠦᠭᠡᠶ ᠬᠤᠭᠤᠷᠤ ᠬᠤᠭᠤᠷᠤᠠᠳᠤ ᠪᠠᠨ ᠬᠠᠷᠢᠯᠴᠠᠨ ᠪᠦᠯᠭᠦᠮᠳᠡᠵᠤ᠂ ᠶᠡᠳᠡᠭᠤ ᠳᠤᠷᠤᠢ ᠪᠠᠨ ᠡᠷᠭᠦᠨ ᠮᠡᠷᠭᠡᠤᠨ ᠤᠨ ᠵᠠᠩ ᠣᠢ᠌ᠯᠠ ᠪᠠᠷ ᠳᠡᠭᠦᠯᠳᠡᠷ ᠪᠢᠯᠡ᠃ ᠡᠳᠡᠨ ᠤ ᠬᠠᠷᠠᠴᠤ ᠠᠯᠪᠠᠳᠤ ᠪᠠᠨ ᠲᠡᠳᠬᠦᠨ ᠪᠠᠢ᠌ᠵᠤ ᠬᠠᠳᠠᠭᠤ ᠰᠥᠵᠢᠭ᠌ ᠤᠨ ᠭᠦᠴᠤ ᠪᠠᠷ ᠯᠠᠮᠠ ᠭᠤᠷᠪᠠᠨ ᠡᠷᠳᠡᠨᠢ ᠳᠤ ᠰᠥᠰᠦᠭᠯᠡᠭᠦ ᠶᠢ ᠡᠷᠳᠡᠨ ᠤ ᠡᠨᠡᠳᠭᠡᠭ᠌ ᠤᠨ ᠱᠠᠮᠪᠠᠯᠠ ᠶᠢᠨ ᠨᠤᠮ ᠤᠨ ᠬᠠᠭᠠᠨ ᠮᠠᠳᠤ》 ① ᠠᠮᠤᠭᠤᠯᠠᠩ ᠳᠠᠢ᠌ᠪᠣᠩ᠂ ᠵᠤᠯ ᠵᠢᠷᠭᠠᠯᠳᠠᠢ ᠪᠠᠢ᠌ᠵᠡᠢ᠃ ᠡᠢ᠌ᠮᠤ ᠯᠠ ᠨᠢᠭᠡ ᠠᠮᠤᠷ ᠵᠢᠷᠭᠠᠯ ᠳᠡᠭᠦᠰ ᠰᠠᠭᠠᠳᠠᠭᠰᠠᠨ᠂ ᠭᠦᠮᠤᠨ ᠠᠷᠠᠤᠨ ᠨᠢ ᠡᠪ ᠨᠠᠢ᠌ᠷᠳᠠᠢ ᠣᠷᠤᠨ ᠨᠢ ᠬᠠᠷᠢᠨ ᠵᠠᠭᠤ ᠭᠠᠷᠣᠢ᠌ᠬᠠᠨ ᠵᠢᠯ ᠤᠨ ᠳᠠᠷᠠᠭ᠎ᠠ ᠭᠠᠳᠠᠭᠠᠳᠤ ᠶᠢᠨ ᠵᠢᠭᠤᠯᠴᠢᠯᠠᠭᠴᠢᠳ ᠤᠨ ᠨᠢᠳᠤᠨ ᠳᠤ 《ᠡᠮᠦᠨ᠎ᠡ ᠬᠤᠶᠠᠷ ᠰᠢᠳᠤ ᠶᠢ ᠨᠢ ᠠᠪᠣᠭᠠᠤᠨ ᠬᠠᠶᠠᠴᠢᠬᠠᠪᠠᠯ ᠥᠭᠡᠷ ᠡᠴᠡ ᠥᠭᠡᠷ᠎ᠡ ᠶᠠᠭᠤ ᠪᠠᠢ᠌ᠬᠤ ᠪᠢᠯᠠ》 ᠭᠡᠮᠡᠨ ᠮᠤᠩᠬᠠᠷᠠᠨ ᠳᠤᠷᠣᠢ᠌ᠳᠠᠭᠰᠠᠨ ᠳᠡᠦᠭᠡ ᠶᠢ ᠶᠠᠷᠢᠬᠤ ᠪᠠᠷ ᠯᠤᠪᠰᠠᠩᠳᠠᠠᠵᠢᠨ ᠭᠡᠭᠦ ᠶᠡᠷᠦᠩᠭᠡᠢ ᠵᠠᠭᠢᠷᠤᠭᠴᠢ ᠶᠢᠨ ᠳᠠᠮᠠᠴᠠᠯ ᠨᠢ ᠠᠷᠭ᠎ᠠ ᠦᠭᠡᠶ ᠬᠤᠯᠪᠣᠭᠳᠠᠵᠤ ᠢᠷᠡᠳᠡᠭ᠌᠃

ᠯᠤᠪᠰᠠᠩᠳᠠᠠᠵᠢᠨ 1723 ᠣᠨ ᠤ ᠳᠠᠪᠣᠳᠤᠭᠠᠷ ᠰᠠᠷ᠎ᠠ ᠳᠤ ᠴᠠᠭᠠᠠᠳᠤᠯᠤᠭᠠᠢ ᠳᠤ ᠴᠢᠭᠤᠯᠭᠠᠨ ᠭᠢᠵᠤ᠂ ᠮᠠᠠᠵᠤ ᠴᠢᠩ ᠢ ᠡᠰᠡᠷᠭᠦᠴᠡᠭᠦ ᠰᠠᠨᠠᠭ᠎ᠠ ᠪᠠᠨ ᠶᠠᠷᠢᠵᠤ᠂ ᠬᠤᠱᠤᠢ ᠴᠢᠨ ᠸᠠᠩ ᠤᠨ ᠬᠠᠭᠤᠷᠮᠠᠭ ᠨᠠᠷ᠎ᠠ ᠶᠢ ᠬᠤᠪᠬᠤ ᠳᠠᠳᠠᠨ ᠬᠠᠶᠠᠵᠤ᠂ 《ᠡᠪᠦᠭᠡ ᠶᠢᠨ ᠡᠵᠡᠷᠭᠡᠭ᠌ ᠣᠢ᠌ᠯᠠᠰ ᠢ ᠰᠡᠷᠭᠦᠭᠡᠭᠦ》 ᠪᠠᠷ ᠣᠷᠢᠶᠠᠯᠠᠵᠤ᠂ ᠬᠤᠷᠢ ᠭᠠᠷᠤᠢ ᠲᠦᠮᠡᠨ ᠭᠦᠮᠤᠨ ᠢ ᠳᠠᠢ᠌ᠴᠢᠯᠠᠨ ᠣᠳᠤᠷᠢᠤᠠᠴᠤ ᠮᠠᠠᠵᠤ ᠴᠢᠩ ᠢ ᠡᠰᠡᠷᠭᠦᠴᠡᠪᠡ᠃ ᠡᠨᠡᠭᠦ ᠳᠠᠮᠠᠴᠠᠯ ᠨᠢ ᠵᠣᠢ᠌ᠯ ᠵᠣᠢ᠌ᠯ ᠤᠨ ᠰᠢᠯᠳᠠᠭᠠᠨ ᠡᠴᠡ ᠪᠣᠯᠵᠤ ᠢᠯᠠᠠᠭᠳᠠᠭᠰᠠᠨ ᠪᠤᠯᠪᠠᠴᠤ᠂ ᠬᠦᠬᠡ‍ᠨᠠᠭᠤᠷ ᠮᠤᠩᠭ᠋ᠤᠯᠴᠤᠳ ᠤᠨ ᠬᠤᠪᠢ ᠵᠠᠶᠠᠭᠠᠨ ᠳᠤ ᠳᠡᠦᠭᠡ ᠶᠢᠨ ᠰᠤᠷᠪᠢ ᠪᠣᠯᠵᠤ ᠦᠯᠠᠳᠠᠵᠠᠢ᠃ ᠳᠡᠭᠡᠪᠠᠯ ᠯᠤᠪᠰᠠᠩᠳᠠᠠᠵᠢᠨ ᠤ ᠳᠠᠮᠠᠴᠠᠯ ᠨᠢ ᠭᠡᠷᠭᠢᠨ ᠡᠭᠦᠰᠦᠭ᠍ᠰᠡᠨ ᠣᠴᠢᠷ ᠰᠢᠯᠳᠠᠭᠠᠨ ᠢ ᠡᠷᠢᠭᠦ ᠨᠢ ᠲᠤᠩ ᠴᠢᠬᠤᠯᠠ ᠪᠣᠯᠤᠭᠠᠤᠨ ᠪᠠᠢ᠌ᠨ᠎ᠠ᠃

ᠨᠢᠭᠡ᠂ ᠯᠤᠪᠰᠠᠩᠳᠠᠠᠵᠢᠨ ᠤ ᠳᠠᠮᠠᠴᠠᠯ ᠤᠨ ᠡᠭᠦᠰᠦᠭ᠍ᠰᠡᠨ ᠣᠴᠢᠷ ᠰᠢᠯᠳᠠᠭᠠᠨ

1᠂ ᠲᠦᠪᠡᠳ ᠳᠠᠭᠢ ᠬᠤᠱᠤᠳ ᠬᠠᠭᠠᠨ ᠤ ᠣᠷᠤ ᠶᠢ ᠮᠠᠠᠵᠤ ᠴᠢᠩ ᠰᠢᠭᠤᠳ ᠡᠵᠡᠯᠡᠭ᠍ᠰᠡᠨ ᠨᠢ ᠯᠤᠪᠰᠠᠩᠳᠠᠠᠵᠢᠨ ᠤ ᠮᠠᠠᠵᠤ ᠶᠢ ᠡᠰᠡᠷᠭᠦᠴᠡᠭᠦ ᠵᠤᠷᠢᠭ ᠰᠠᠨᠠᠭ᠎ᠠ ᠶᠢ ᠪᠣᠢ ᠪᠣᠯᠭᠠᠪᠠ᠃ 1717 ᠣᠨ ᠳᠤ ᠵᠦᠩᠭ᠋ᠠᠷ ᠤᠨ ᠴᠠᠸᠠᠩᠷᠠᠪᠳᠠᠨ ᠨᠢᠭᠤᠴᠠ ᠪᠠᠷ ᠦᠶᠡᠯᠢᠳ ᠳᠡᠭᠦᠤ ᠶᠡᠭᠡ ᠴᠠᠷᠠᠠᠳᠤᠠᠳᠤᠪ ᠢ ᠳᠤᠮᠢᠯᠠᠵᠤ᠂ ᠪᠠᠷᠠᠭᠤᠨ ᠲᠦᠪᠡᠳ ᠳᠠᠭᠢ ᠬᠤᠱᠤᠳ ᠬᠠᠭᠠᠠᠳᠤ ᠲᠦᠷᠦ ᠶᠢᠨ ᠡᠵᠡᠨ ᠪᠣᠯᠬᠤ ᠯᠠᠽᠠᠩ ᠬᠠᠭᠠᠨ ᠢ ᠠᠯᠠᠪᠠ᠃ ᠲᠦᠪᠡᠳ ᠢ ᠬᠠᠮᠠᠭᠠᠯᠠᠵᠤ ᠵᠦᠩᠭ᠋ᠠᠷ ᠢ ᠥᠯᠳᠡᠭᠦ ᠨᠠᠷ᠎ᠠ ᠪᠠᠷ ᠮᠠᠠᠵᠤ ᠴᠢᠩ ᠡᠴᠡ ᠬᠦᠬᠡ‍ᠨᠠᠭᠤᠷ ᠸᠠᠩ ᠭᠦᠩ ᠵᠢᠴᠢ ᠪᠣᠰᠤᠳ ᠳᠠᠯ᠎ᠠ ᠵᠢᠨ ᠴᠡᠷᠢᠭ᠌ ᠢ ᠳᠠᠳᠠᠵᠤ ᠲᠦᠪᠡᠳ ᠲᠤ ᠣᠷᠤᠭᠠᠤᠨ ᠮᠠᠠᠵᠤ ᠴᠢᠩ ᠡᠴᠡ ᠲᠦᠪᠡᠳ ᠢ ᠡᠵᠡᠷᠭᠡᠭᠦ ᠭᠡᠰᠡᠨ ᠣᠯᠠᠨ ᠵᠢᠯ ᠤᠨ ᠵᠡᠭᠦᠳᠤ ᠪᠠᠨ ᠨᠢᠭᠡᠯᠡ ᠳᠤᠤᠷ᠎ᠠ ᠪᠠᠶᠡᠯᠡᠭᠦᠯᠵᠡᠢ᠃ ᠡᠭᠦᠨ ᠳᠤ ᠬᠦᠬᠡ‍ᠨᠠᠭᠤᠷ ᠤᠨ ᠶᠡᠷᠦᠩᠭᠡᠢ ᠵᠠᠭᠢᠷᠤᠭᠴᠢ ᠪᠠᠢ᠌ᠭᠰᠠᠨ ᠯᠤᠪᠰᠠᠩᠳᠠᠠᠵᠢᠨ ᠡᠴᠡ ᠵᠢᠷᠭᠤᠳᠤᠭᠠᠷ ᠳᠠᠯᠠᠢ ᠯᠠᠮᠠ ᠭᠠᠯᠳᠠᠠᠵᠠᠮᠰᠤ ᠶᠢ ᠰᠢᠷᠡᠭᠡᠨ ᠳᠤ ᠵᠠᠯᠠᠬᠤ ᠪᠠ ᠵᠦᠩᠭ᠋ᠠᠷ ᠴᠡᠷᠢᠭ᠌ ᠢ ᠴᠤᠭᠢᠬᠤ ᠳᠤ ᠪᠠᠭ᠎ᠠ ᠪᠣᠰᠤ ᠶᠢᠨ ᠭᠦᠴᠤᠨ ᠴᠢᠳᠠᠯ ᠶᠢᠡᠨ ᠡᠷᠭᠦᠵᠡᠢ᠃ ᠦᠨᠡᠨ ᠳᠡᠭᠡᠨ ᠲᠦᠪᠡᠳ ᠳᠠᠭᠢ ᠬᠤᠱᠤᠳ ᠬᠠᠭᠠᠨ ᠤ ᠰᠠᠭᠤᠷᠢ ᠶᠢ ᠭᠦᠦᠰᠢ ᠬᠠᠭᠠᠨ ᠤ ᠬᠣᠢ᠌ᠴᠢᠰ ᠰᠠᠭᠤᠬᠤ ᠪᠠᠢ᠌ᠭᠰᠠᠨ ᠨᠢ ᠵᠤᠭᠢᠬᠤ ᠪᠠᠢ᠌ᠭᠰᠠᠨ᠃ ᠭᠡᠳᠡᠯ᠎ᠡ ᠮᠠᠠᠵᠤ ᠴᠢᠩ ᠡᠴᠡ ᠲᠦᠪᠡᠳ ᠳᠠᠭᠢ ᠮᠤᠩᠭ᠋ᠤᠯ ᠤᠨ ᠣᠯᠤᠰ ᠲᠦᠷᠦ ᠶᠢᠨ ᠡᠷᠭᠡ ᠶᠢ ᠨᠢᠭᠡ ᠯᠠ ᠳᠤᠤᠷ᠎ᠠ ᠭᠠᠵᠠᠷᠳᠠᠭᠤᠯᠤᠭᠰᠠᠨ ᠨᠢ ᠯᠤᠪᠰᠠᠩᠳᠠᠠᠵᠢᠨ ᠤ ᠳᠤᠷ᠎ᠠ ᠥᠭᠡᠢ᠌ᠴᠡᠯ ᠢ ᠡᠭᠦᠰᠭᠡᠪᠡ᠃ 《ᠪᠣᠳᠠᠯᠠ ᠣᠷᠳᠤᠨ ᠤ ᠥᠪᠠᠳᠡᠭ᠍ᠰᠢ ᠶᠡᠭᠡ ᠨᠠᠢ᠌ᠷ ᠤᠨ ᠴᠢᠭᠤᠯᠭᠠᠨ ᠳᠡᠭᠡᠷ᠎ᠡ᠂ ᠪᠠᠶᠠᠷ ᠬᠤᠷᠢᠮ ᠤᠨ ᠲᠦᠪ ᠢ ᠡᠵᠡᠯᠡᠵᠤ ᠭᠢᠳᠠᠤᠨ ᠤᠨ ᠠᠮᠪᠠᠨ ᠬᠣᠢ᠌ᠮᠤᠷ ᠰᠠᠭᠤᠪᠠ᠃ ᠭᠡᠳᠡᠯ᠎ᠡ ᠮᠤᠩᠭ᠋ᠤᠯᠴᠤᠳ ᠢ ᠪᠠᠭ᠎ᠠ ᠪᠠᠷ ᠦᠵᠡᠨ ᠪᠠᠭᠢᠰ ᠲᠤ ᠰᠠᠭᠤᠯᠭᠠᠭᠠᠤᠨ》 ②ᠲ᠋ᠤᠷᠤᠮᠵᠢᠯᠠᠪᠠ᠃ 《ᠮᠠᠨᠤᠰ ᠢ ᠭᠡᠷᠡᠭᠯᠡᠭᠦ ᠳ᠋ᠡᠭᠡᠨ ᠭᠦᠮᠤᠨ ᠤ ᠰᠠᠢ᠌ᠨ ᠢ ᠥᠵᠡᠭᠡᠤᠨ ᠳᠠᠭᠢᠵᠤ ᠣᠢ᠌ᠯᠠ ᠪᠠᠨ ᠪᠦᠳᠦᠭᠡᠭ᠍ᠰᠡᠨ ᠤ ᠬᠣᠢ᠌ᠨ᠎ᠠ ᠭᠦᠢᠳᠡᠨ ᠴᠢᠷᠠᠢ ᠥᠵᠡᠭᠦᠯᠭᠦ ᠨᠢ ᠡ》 ③ 《ᠣᠷᠢᠳᠤ ᠡᠴᠡ ᠭᠦᠦᠰᠢ ᠬᠠᠭᠠᠨ ᠤ ᠦᠷᠡᠰ ᠦᠶ᠎ᠡ ᠵᠠᠯᠭᠠᠮᠵᠢᠯᠠᠵᠤ ᠲᠦᠪᠡᠳ ᠤᠨ ᠬᠠᠭᠠᠨ ᠤ ᠰᠠᠭᠤᠷᠢ ᠶᠢ ᠡᠵᠡᠯᠡᠵᠤ ᠢᠷᠡᠭ᠍ᠰᠡᠨ ᠪᠢᠯᠠ》 ④ ᠭᠡᠳᠡᠯ᠎ᠡ ᠣᠳᠤ ᠲᠦᠪᠡᠳ ᠤᠨ ᠬᠠᠭᠠᠨ ᠤ ᠰᠠᠭᠤᠷᠢ ᠶᠢ ᠮᠠᠠᠵᠤ ᠡᠵᠡᠯᠡᠭᠦ ᠪᠠᠷ 《ᠢᠴᠢᠭᠦ ᠳᠡᠭᠡᠨ ᠪᠢᠳᠠ ᠬᠠᠷ᠎ᠠ ᠭᠦᠯᠦᠰᠤ ᠪᠠᠷ ᠶᠢᠡᠨ ᠣᠯᠠᠭᠠᠨ ᠨᠢᠭᠤᠷ ᠶᠢᠡᠨ ᠣᠭᠢᠶᠠᠭᠠᠤᠨ᠂ ᠭᠢᠯᠢᠩ ᠠᠭᠤᠷ ᠦᠷᠦᠴᠠᠨ ᠳᠤ ᠳᠦᠭᠦᠷᠡᠭᠡᠤᠨ ᠵᠤᠯᠠ ᠮᠤᠳᠤᠨ ᠤ ᠡᠮᠦᠨ᠎ᠡ ᠬᠠᠮᠳᠤᠷᠴᠤ ᠭᠢᠳᠠᠤᠨ ᠲᠡᠶ ᠡᠰᠡᠷᠭᠦᠴᠡᠯᠳᠦᠭᠦ ᠠᠷᠢᠭᠤᠨ ᠳᠠᠷᠬᠠᠨ ᠠᠠᠳᠠᠭᠠᠢ ᠪᠠᠨ ᠠᠪᠣᠴᠠᠯᠤᠭ᠎ᠠ》 ⑤ ᠭᠡᠵᠤ ᠯᠤᠪᠰᠠᠩᠳᠠᠠᠵᠢᠨ ᠤ ᠪᠣᠰᠤᠯᠭ᠎ᠠ ᠤᠨ ᠣᠴᠢᠷ ᠰᠢᠯᠳᠠᠭᠠᠨ ᠢ ᠨᠢᠭᠡ ᠳᠠᠯ᠎ᠠ ᠡᠴᠡ ᠨᠢ ᠦᠨᠡᠨ ᠮᠦᠨ ᠶᠢᠡᠷ ᠪᠢᠴᠢᠵᠠᠢ᠃ ᠡᠭᠦᠨ ᠡᠴᠡ ᠦᠵᠡᠪᠠᠯ ᠲᠦᠪᠡᠳ ᠳᠠᠭᠢ ᠬᠤᠱᠤᠳ ᠬᠠᠭᠠᠨ ᠤ ᠰᠠᠭᠤᠷᠢ ᠶᠢ ᠮᠠᠠᠵᠤ ᠴᠢᠩ ᠮᠤᠩᠭ᠋ᠤᠯ ᠤᠨ ᠭᠠᠷ ᠡᠴᠡ ᠪᠣᠯᠢᠶᠠᠨ ᠠᠪᠣᠭᠰᠠᠨ ᠨᠢ ᠯᠤᠪᠰᠠᠩᠳᠠᠠᠵᠢᠨ ᠤ ᠳᠠᠮᠠᠴᠠᠯ ᠡᠭᠦᠰᠦᠭ᠍ᠰᠡᠨ ᠤ ᠴᠢᠬᠤᠯᠠ ᠨᠢᠭᠡ ᠰᠢᠯᠳᠠᠭᠠᠨ ᠪᠣᠯᠤᠨ᠎ᠠ᠃

2᠂ ᠬᠦᠬᠡ‍ᠨᠠᠭᠤᠷ ᠤᠨ ᠶᠡᠷᠦᠩᠭᠡᠢ ᠵᠠᠭᠢᠷᠤᠭᠴᠢ ᠶᠢᠨ ᠳᠤᠤᠷᠠᠭᠢ ᠣᠯᠤᠰ ᠲᠦᠷᠦ ᠶᠢᠨ ᠨᠢᠭᠡᠳᠦᠮᠡᠯ ᠴᠤᠭᠴᠠ ᠶᠢᠨ ᠵᠠᠳᠠᠷᠠᠭᠰᠠᠨ ᠨᠢ ᠯᠤᠪᠰᠠᠩᠳᠠᠠᠵᠢᠨ ᠮᠠᠠᠵᠤ ᠶᠢ ᠡᠰᠡᠷᠭᠦᠴᠡᠭᠦ ᠵᠤᠷᠢᠭ ᠰᠠᠨᠠᠭ᠎ᠠ ᠶᠢ ᠪᠣᠢ ᠪᠣᠯᠭᠠᠪᠠ᠃ ᠮᠠᠠᠵᠤ ᠴᠢᠩ ᠡᠴᠡ ᠬᠦᠬᠡ‍ᠨᠠᠭᠤᠷ ᠮᠤᠩᠭ᠋ᠤᠯ ᠤᠨ ᠭᠠᠷ ᠲᠤ ᠳᠦᠰᠢᠭᠯᠡᠵᠤ ᠲᠦᠪᠡᠳ ᠲᠤ ᠨᠤᠶᠠᠷᠬᠠᠯ ᠶᠢᠡᠨ ᠪᠠᠭᠢᠵᠢᠭᠦᠯᠭᠦ ᠠᠷᠭ᠎ᠠ ᠪᠠᠨ ᠰᠡᠳᠦᠭ᠍ᠰᠡᠨ ᠤ ᠳᠠᠷᠠᠭ᠎ᠠ᠂ ᠭᠤᠤᠯ ᠰᠠᠨᠠᠭ᠎ᠠ ᠪᠠᠨ ᠭᠦᠴᠦᠷᠭᠡᠭ᠍ᠵᠢᠨ ᠮᠠᠠᠳᠤᠭᠰᠠᠨ ᠬᠦᠬᠡ‍ᠨᠠᠭᠤᠷ ᠵᠥᠭ᠌ ᠬᠠᠠᠳᠤᠭᠤᠯᠤᠭᠰᠠᠨ ᠪᠠᠢ᠌ᠨ᠎ᠠ᠃ ᠳᠠᠷᠠ 《ᠢᠯᠪᠢᠨ ᠮᠡᠭᠡᠯᠡᠭᠦ》᠂ 《ᠵᠡᠷᠭᠡ ᠳᠠᠰ ᠨᠡᠮᠡᠭᠦ》 ᠠᠷᠭ᠎ᠠ ᠪᠠᠷ ᠮᠤᠩᠭ᠋ᠤᠯ ᠸᠠᠩ ᠭᠦᠩ ᠤᠨ ᠳᠤᠮᠳᠠ ᠶᠠᠰᠤ ᠬᠠᠶᠠᠵᠤ ᠭᠡᠮᠭᠡᠷᠡᠯᠳᠦᠭᠦᠯᠤᠨ ᠭᠦᠴᠤ ᠶᠢ ᠨᠢ ᠪᠠᠭᠤᠷᠠᠭᠤᠯᠤᠨ ᠣᠷᠬᠠᠨ ᠳᠠᠭᠠᠨ ᠣᠨᠠᠭᠠᠬᠤ ᠪᠠᠷ ᠣᠷᠤᠯᠳᠤᠪᠠ᠃

1701ᠣᠨ ᠳᠤ ᠴᠠᠭᠠᠠᠳᠠᠠᠵᠢᠨ ᠪᠠᠭᠡᠵᠢᠩ ᠳᠤ ᠣᠴᠢᠵᠤ ᠮᠠᠠᠵᠤ ᠬᠠᠭᠠᠨ ᠤ ᠦᠯᠮᠡᠢ ᠳᠤ ᠮᠥᠷᠭᠦᠭᠦ ᠪᠠᠷ ᠣᠴᠢᠭᠠᠤᠨ ᠪᠠᠢ᠌ᠯᠠ ᠭᠡᠷᠭᠢᠮ ᠣᠯᠪᠠ᠃ 1717 ᠣᠨ ᠳᠤ ᠳᠠᠭᠢᠨ ᠳᠠᠪᠰᠢᠭᠠᠤᠨ ᠵᠢᠶᠦ᠋ᠨ ᠸᠠᠩ ᠡᠷᠭᠦᠮᠵᠢᠯᠡᠭ᠍ᠳᠡᠪᠡ᠃ ᠡᠨᠡ ᠦᠶ᠎ᠡ ᠡᠴᠡ ᠮᠠᠠᠵᠤ ᠴᠢᠩ ᠤᠨ ᠲᠦᠷᠦ ᠨᠢ ᠮᠤᠩᠭ᠋ᠤᠯ ᠤᠨ ᠸᠠᠩ ᠭᠦᠩ ᠢ ᠢᠯᠪᠢᠨ ᠮᠡᠭᠡᠯᠡᠭᠦ ᠠᠷᠭ᠎ᠠ ᠪᠠᠨ ᠰᠠᠳᠤᠵᠤ᠂ ᠴᠠᠭᠠᠠᠳᠠᠠᠵᠢᠨ ᠮᠠᠳᠤ ᠶᠢᠨ ᠭᠦᠮᠦᠰ ᠲᠡᠶ ᠨᠢᠭᠳᠠ ᠬᠠᠷᠢᠴᠠᠭ᠎ᠠ ᠪᠠᠢ᠌ᠭᠤᠯᠵᠠᠢ᠃ 1723 ᠣᠨ ᠤ ᠬᠤᠶᠠᠳᠤᠭᠠᠷ ᠰᠠᠷ᠎ᠠ ᠳᠤ ᠯᠤᠪᠰᠠᠩᠳᠠᠠᠵᠢᠨ ᠤ ᠰᠦᠷ ᠭᠦᠴᠤᠨ ᠢ ᠣᠯᠠᠮ ᠳᠤᠷᠣᠢ᠌ᠳᠠᠭᠤᠯᠬᠤ ᠶᠢᠨ ᠳᠤᠰᠠᠳᠠ 《ᠵᠢᠶᠦ᠋ᠨ ᠸᠠᠩ ᠴᠠᠭᠠᠠᠳᠠᠠᠵᠢᠨ ᠢ ᠴᠢᠨ ᠸᠠᠩ ᠶᠢᠡᠷ ᠳᠡᠪᠰᠢᠭᠦᠯᠵᠤ᠂ ᠪᠠᠢ᠌ᠯᠠ ᠡᠷᠭᠡ‍ᠳᠤᠭᠳᠠᠨ᠎ᠠ ᠶᠢ ᠵᠢᠶᠦ᠋ᠨ ᠸᠠᠩ ᠶᠢᠡᠷ ᠡᠷᠭᠦᠮᠵᠢᠯᠡᠵᠤ᠂ ᠪᠠᠢ᠌ᠰᠠ ᠪᠠᠯᠵᠤᠤᠷᠷᠠᠪᠳᠠᠨ ᠪᠣᠯᠤᠨ ᠯᠸᠴᠢᠪ ᠬᠤᠶᠠᠷ ᠢ ᠬᠠᠮᠳᠤ ᠵᠡᠷᠭᠡᠴᠡᠭᠦᠯᠵᠤ᠂ ᠣᠤᠯ ᠊ᠤᠨ (ᠬᠦᠬᠡ‍ᠨᠠᠭᠤᠷ ᠤᠨ ᠨᠢ᠋ᠮᠠᠨ ᠳᠠᠢ᠌ᠵᠢ) ᠶᠢᠨ ᠳᠤᠳᠤᠷ᠎ᠠ ᠡᠴᠡ ᠨᠢᠭᠡ ᠶᠢ ᠨᠢ ᠪᠦᠭᠦᠳᠡ ᠶᠢᠨ ᠳᠠᠷᠤᠭ᠎ᠠ ᠪᠣᠯᠭᠠᠵᠤ ᠪᠠᠢ᠌ᠭᠰᠠᠨ ᠣᠯᠤᠰ ᠲᠦᠷᠦ ᠶᠢᠨ ᠪᠠᠢ᠌ᠳᠠᠯ ᠢ ᠬᠤᠪᠢᠷᠠᠭᠤᠯᠤᠭᠰᠠᠨ ᠮᠥᠷᠳᠡᠭᠡᠨ ᠲᠦᠪᠡᠳ ᠳᠠᠭᠢ ᠬᠤᠱᠤᠳ ᠤᠨ ᠬᠠᠭᠠᠨ ᠤ ᠰᠠᠭᠤᠷᠢ ᠶᠢ ᠡᠴᠦᠰᠯᠡᠭᠦᠯᠵᠤ᠂ ᠭᠡᠰᠡᠭᠯᠡᠨ ᠵᠠᠭᠢᠷᠬᠤ ᠠᠷᠭ᠎ᠠ ᠪᠣᠳᠤᠯᠭ᠎ᠠ ᠪᠠᠨ ᠶᠠᠪᠣᠭᠤᠯᠬᠤ ᠭᠡᠰᠡᠨ ᠶᠤᠮ᠃》 ⑥ ᠡᠪᠦᠭᠡ ᠭᠦᠦᠰᠢ ᠬᠠᠭᠠᠨ ᠡᠴᠡ ᠡᠭᠢᠯᠡᠨ ᠡᠴᠢᠭᠡ ᠳ᠋ᠠᠰᠢᠪᠠᠭᠠᠳᠤᠷ ᠭᠦᠷᠳᠡᠯ᠎ᠡ ᠵᠠᠭᠢᠷᠴᠤ ᠶᠠᠪᠣᠭᠰᠠᠨ ᠳᠤᠮᠤ ᠭᠦᠷᠤᠨ ᠨᠢ ᠯᠤᠪᠰᠠᠩᠳᠠᠠᠵᠢᠨ ᠤ ᠳᠤᠯᠤᠭᠠᠢ ᠳᠡᠭᠡᠷ᠎ᠡ ᠭᠤᠯᠤᠮᠳᠠ ᠬᠠᠷᠠᠯᠠᠬᠤ ᠪᠠᠷ ᠳᠠᠷᠠ ᠭᠡᠷᠭᠢᠨ ᠪᠠᠴᠢᠮᠳᠠᠬᠤ ᠦᠭᠡᠶ ᠪᠠᠢ᠌ᠵᠤ ᠴᠢᠳᠠᠬᠤ ᠪᠢᠯᠠ᠃ ᠭᠡᠳᠡᠯ᠎ᠡ ᠮᠠᠠᠵᠤ ᠴᠢᠩ ᠡᠴᠡ ᠯᠤᠪᠰᠠᠩᠳᠠᠠᠵᠢᠨ ᠤ ᠪᠠᠢ᠌ᠷᠢ ᠰᠠᠭᠤᠷᠢ ᠶᠢ ᠢᠯᠠ ᠪᠠᠷ ᠪᠠᠭᠤᠷᠠᠭᠤᠯᠵᠤ᠂ ᠵᠦᠷᠢᠴᠠᠯ ᠮᠥᠷᠭᠦᠯᠳᠦᠭᠡᠨ ᠢ ᠣᠯᠠᠮ ᠶᠡᠭᠡᠰᠭᠡᠨ᠂ ᠳᠤᠮᠳᠠ ᠡᠴᠡ ᠨᠢ ᠭᠠᠷ ᠲᠦᠷᠦᠵᠤ ᠡᠵᠡᠷᠭᠡᠭᠦ ᠪᠠᠢ᠌ᠷᠢ ᠪᠠᠨ ᠪᠠᠭᠢᠵᠢᠭᠦᠯᠭᠦ ᠶᠢ ᠪᠣᠳᠤᠯᠭᠢᠯᠠᠭᠰᠠᠨ ᠪᠠᠢ᠌ᠨ᠎ᠠ᠃ ᠮᠠᠠᠵᠤ ᠴᠢᠩ ᠤᠨ ᠡᠨᠡᠭᠦ ᠬᠣᠢ᠌ᠬᠤᠷ ᠰᠠᠨᠠᠭ᠎ᠠ᠂ ᠬᠤᠯᠵᠢᠨ ᠪᠣᠳᠤᠯ ᠢ ᠨᠠᠪᠳᠠ ᠥᠵᠡᠭ᠍ᠰᠡᠨ ᠯᠤᠪᠰᠠᠩᠳᠠᠠᠵᠢᠨ ᠡᠴᠦᠰ ᠲᠡᠭᠡᠨ ᠮᠠᠠᠵᠤ ᠶᠢ ᠡᠰᠡᠷᠭᠦᠴᠡᠭᠦ ᠳᠤᠭ ᠶᠢᠡᠨ ᠪᠣᠰᠬᠠᠨ ᠭᠠᠷᠪᠠ᠃

3᠂ ᠡᠪᠠᠰᠤ ᠪᠠᠯᠴᠢᠭᠡᠷ ᠤᠨ ᠵᠢᠭᠤᠷᠭᠠᠨ ᠡᠴᠡ ᠪᠣᠢ ᠪᠣᠯᠤᠭᠰᠠᠨ ᠣᠯᠠᠨ ᠳᠠᠯ᠎ᠠ ᠶᠢᠨ ᠠᠰᠠᠭᠤᠳᠠᠯ ᠨᠢ ᠮᠤᠩᠭ᠋ᠤᠯᠴᠤᠳ ᠤᠨ ᠨᠢᠭᠳᠠᠷᠠᠯ ᠪᠦᠯᠭᠦᠮᠳᠡᠯ ᠤᠨ ᠭᠦᠴᠤᠨ ᠢ ᠡᠪᠳᠡᠪᠡ᠃ 《ᠣᠢ᠌ᠷᠠᠤᠨ ᠤᠨ ᠳᠤᠳᠤᠭᠠᠳᠤ ᠳᠠᠭᠠᠨ ᠥᠢᠮᠡᠭᠡᠨ ᠡᠭᠦᠰᠦᠭ᠍ᠰᠡᠨ ᠳᠤ ᠳᠠᠯᠠᠢ ᠯᠠᠮᠠ ᠪᠠᠷᠰᠪᠦᠩ ᠭᠡᠢ᠌ᠤᠨ ᠤᠨ ᠭᠤᠮᠠᠩ ᠺᠠᠰᠠᠩ ᠴᠢᠭᠯᠡᠢ᠌ᠯᠥᠳᠦᠪ ᠢ ᠬᠦᠬᠡ‍ᠨᠠᠭᠤᠷ ᠤᠨ ᠭᠦᠪᠠᠭᠡ ᠳᠤ ᠳᠤᠮᠢᠯᠠᠨ ᠢᠷᠡᠭᠦᠯᠵᠤ᠂ ᠳ᠋ᠠ ᠨᠨ ᠰᠦᠮ᠎ᠡ ᠶᠢᠨ ᠣᠢ᠌ᠷᠠᠯᠴᠠᠭ᠎ᠠ ᠵᠥᠯᠭᠡᠳᠤ ᠶᠢᠨ ᠰᠣᠢ᠌ᠰᠢᠶᠠᠪᠠᠲᠦ᠋ᠩ ᠭᠤᠤᠯ ᠤᠨ ᠠᠮᠠᠨ ᠳᠤ ᠸᠠᠩ ᠭᠦᠩ ᠢᠵᠠᠭᠤᠷᠳᠠᠨ ᠢ ᠴᠤᠭᠯᠠᠭᠤᠯᠵᠤ᠂ ᠪᠠᠯᠴᠢᠭᠡᠷ ᠬᠤᠪᠢᠶᠠᠨ᠂ ᠣᠷᠤᠨ ᠨᠤᠳᠤᠭ ᠢ ᠠᠮᠤᠷ ᠲᠦᠪᠰᠢᠨ ᠪᠣᠯᠭᠠᠪᠠ》 ⑦ ᠭᠡᠵᠤ ᠪᠠᠷᠤᠭ ᠳ᠋ᠠᠰᠢᠪᠠᠭᠠᠳᠤᠷ ᠤᠨ ᠦᠶ᠎ᠡ ᠳᠤ ᠬᠦᠬᠡ‍ᠨᠠᠭᠤᠷ ᠮᠤᠩᠭ᠋ᠤᠯᠴᠤᠳ ᠢ ᠵᠡᠭᠦᠨ ᠪᠠᠷᠠᠭᠤᠨ ᠭᠠᠷ ᠬᠤᠪᠢᠶᠠᠵᠤ᠂ ᠨᠤᠳᠤᠭ ᠪᠠᠯᠴᠢᠭᠡᠷ ᠡᠴᠡ ᠪᠣᠯᠤᠭᠰᠠ ᠣᠯᠠᠨ ᠳᠠᠯ᠎ᠠ ᠶᠢᠨ ᠵᠢᠭᠤᠷᠠᠭᠠᠨ ᠢ ᠰᠢᠦᠡᠪᠦᠷᠢᠯᠡᠭᠦ ᠶᠢ ᠵᠤᠷᠢᠭᠰᠠᠨ ᠪᠠᠢ᠌ᠵᠠᠢ᠃ ᠭᠡᠳᠡᠯ᠎ᠡ ᠯᠤᠪᠰᠠᠩᠳᠠᠠᠵᠢᠨ ᠤ ᠦᠶ᠎ᠡ ᠳᠤ ᠡᠨᠡᠭᠦ ᠵᠠᠭᠤᠷᠠᠭᠠᠨ ᠳᠠᠰᠤᠷᠠᠭᠰᠠᠨ ᠦᠭᠡᠶ ᠣᠯᠠᠮ ᠶᠡᠭᠡᠳᠦᠭᠡᠤᠨ᠂ ᠮᠤᠩᠭ᠋ᠤᠯ ᠨᠤᠶᠠᠤᠨ ᠬᠠᠷᠢᠨ ᠳᠤᠰ ᠳᠤᠰ ᠲᠠᠭᠠᠨ ᠳᠤᠯᠭ᠎ᠠ ᠪᠠᠨ ᠳᠤᠯᠵᠤ᠂ ᠪᠠᠭᠡᠵᠢᠩ ᠵᠥᠭᠯᠡᠨ ᠮᠠᠠᠵᠤ ᠬᠠᠭᠠᠨ ᠡᠴᠡ ᠵᠡᠷᠭᠡ ᠭᠦᠷᠳᠡᠭᠦ ᠪᠠᠷ ᠵᠤᠷᠢᠭᠰᠠᠨ ᠨᠢ ᠬᠦᠬᠡ‍ᠨᠠᠭᠤᠷ 《ᠨᠢ᠋ᠮᠠᠨ ᠳᠠᠢ᠌ᠵᠢ》 ᠶᠢᠨ ᠠᠬᠠᠯᠠᠭᠴᠢ ᠪᠣᠯᠤᠭᠰᠠᠨ ᠯᠤᠪᠰᠠᠩᠳᠠᠠᠵᠢᠨ ᠤ ᠳᠤᠷ᠎ᠠ ᠥᠭᠡᠢ᠌ᠴᠡᠯ ᠢ ᠭᠦᠷᠭᠡᠵᠤ᠂ ᠣᠷᠢᠳᠠᠪᠠᠷ ᠳᠤᠳᠤᠭᠠᠳᠤ ᠶᠢᠨ ᠳᠠᠢ᠌ᠰᠤᠨ ᠶᠢᠡᠨ ᠣᠰᠠᠤᠠᠬᠠᠵᠤ᠂ ᠨᠢᠭᠳᠠᠷᠠᠯ ᠪᠦᠯᠭᠦᠮᠳᠡᠯ ᠤᠨ ᠶᠢᠡᠨ ᠭᠦᠴᠤᠨ ᠢ ᠪᠣᠢ ᠪᠣᠯᠭᠠᠬᠤ ᠭᠡᠷᠡᠭ᠍ᠳᠡᠢ ᠭᠡᠤᠨ ᠵᠢᠳᠠᠨ ᠥᠵᠦᠭᠦᠷ ᠢ ᠳᠤᠳᠤᠭᠠᠳᠤ ᠶᠢᠨ ᠳᠠᠢ᠌ᠰᠤᠨ ᠵᠥᠭ᠌ ᠶᠢᠡᠨ ᠬᠠᠠᠳᠤᠭᠤᠯᠵᠠᠢ᠃

4᠂ ᠳᠠᠯᠠᠢ ᠯᠠᠮᠠ ᠶᠢᠨ ᠦᠨᠡᠨ ᠬᠤᠳᠠᠯ ᠤᠨ ᠠᠰᠠᠭᠤᠳᠠᠯ ᠳᠡᠭᠡᠷ᠎ᠡ ᠴᠠᠭᠠᠠᠳᠠᠠᠵᠢᠨ ᠪᠠ ᠯᠤᠪᠰᠠᠩᠳᠠᠠᠵᠢᠨ ᠤ ᠵᠦᠷᠢᠴᠠᠯ ᠣᠯᠠᠮ ᠬᠤᠷᠴᠠᠤᠠᠪᠠ᠃ ᠲᠦᠪᠡᠳ ᠤᠨ ᠳ᠋ᠢᠪᠠ ᠰᠠᠩᠵᠠᠢ᠌ᠵᠠᠮᠰᠤ ᠶᠢᠨ ᠭᠦᠮᠦᠵᠢᠭᠦᠯᠦᠭ᠍ᠰᠡᠨ ᠵᠢᠷᠭᠤᠳᠤᠭᠠᠷ ᠳᠦᠷᠢ ᠶᠢᠨ ᠳᠠᠯᠠᠢ ᠯᠠᠮᠠ ᠽᠠᠩᠶᠠᠩᠵᠠᠮᠰᠤ ᠪᠣᠯᠤᠨ ᠯᠠᠽᠢᠩ ᠬᠠᠭᠠᠨ ᠳ᠋ᠢᠪᠠ ᠯᠤᠩᠰᠢ ᠨᠡᠷ ᠡᠷᠭᠦᠮᠵᠢᠯᠡᠭ᠍ᠰᠡᠨ ᠢᠰᠢᠵᠠᠮᠰᠤ ᠪᠣᠯᠤᠨ ᠬᠦᠬᠡ‍ᠨᠠᠭᠤᠷ ᠤᠨ ᠴᠠᠭᠠᠠᠳᠠᠠᠵᠢᠨ ᠨᠡᠷ ᠡᠷᠭᠦᠮᠵᠢᠯᠡᠭ᠍ᠰᠡᠨ ᠵᠢᠷᠭᠤᠳᠤᠭᠠᠷ ᠳᠠᠯᠠᠢ ᠯᠠᠮᠠ ᠶᠢᠨ ᠦᠨᠡᠨ ᠬᠤᠳᠠᠯ ᠢ ᠢᠯᠭᠠᠬᠤ ᠶᠢᠨ ᠳᠦᠯᠦᠭᠡ 1718 ᠣᠨ ᠳᠤ ᠡᠩᠭᠡ ᠠᠮᠤᠭᠤᠯᠠᠩ ᠬᠠᠭᠠᠨ ᠡᠴᠡ ᠴᠠᠭᠠᠠᠳᠠᠠᠵᠢᠨ ᠢ ᠪᠠᠭᠡᠵᠢᠩ ᠳᠤ ᠳᠠᠭᠤᠳᠠᠵᠤ᠂ ᠵᠢᠩᠭᠢᠨᠢ ᠬᠠᠭᠤᠷᠮᠠᠭ ᠭᠤᠷᠪᠠᠨ ᠳᠠᠯᠠᠢ ᠯᠠᠮᠠ ᠶᠢᠨ ᠦᠨᠡᠨ ᠪᠠᠢ᠌ᠳᠠᠯ ᠢ ᠠᠰᠠᠭᠤᠭᠰᠠᠨ ᠤ ᠬᠠᠮᠳᠤ᠂ ᠴᠠᠭᠠᠠᠳᠠᠠᠵᠢᠨ ᠢ ᠳᠠᠯᠠᠢ ᠯᠠᠮᠠ ᠶᠢᠨ ᠬᠤᠪᠢᠯᠭᠠᠨ ᠭᠠᠯᠰᠠᠩᠵᠠᠮᠰᠤ ᠶᠢ ᠮᠠᠠᠵᠤ ᠴᠢᠩ ᠤᠨ ᠵᠠᠰᠠᠭ ᠤᠨ ᠣᠷᠳᠤᠨ ᠳᠤ ᠳᠤᠰᠢᠶᠠᠨ ᠦᠭ‍ᠭᠦᠭ᠍ᠰᠡᠨ ᠦᠭᠡᠶ ᠭᠡᠮᠡᠨ ᠶᠠᠯ᠎ᠠ ᠳᠤᠭᠤᠴᠠᠭᠰᠠᠨ ᠳᠤ ᠴᠠᠭᠠᠠᠳᠠᠠᠵᠢᠨ ᠶᠠᠯᠠᠯᠠᠭᠳᠠᠬᠤ ᠡᠴᠡ ᠪᠠᠨ ᠠᠶᠤᠭᠠᠤᠨ ᠪᠦᠭᠦ ᠭᠡᠷᠡᠭ᠌ ᠶᠢᠡᠨ ᠯᠤᠪᠰᠠᠩᠳᠠᠠᠵᠢᠨ ᠳᠤ ᠳᠦᠯᠭᠢᠭ᠍ᠰᠡᠨ ᠪᠠᠢ᠌ᠨ᠎ᠠ᠃ ᠡᠭᠦᠨ ᠡᠴᠡ ᠪᠣᠯᠵᠤ ᠯᠤᠪᠰᠠᠩᠳᠠᠠᠵᠢᠨ ᠪᠣᠯᠤᠨ ᠴᠠᠭᠠᠠᠳᠠᠠᠵᠢᠨ ᠤ ᠬᠤᠭᠤᠷᠤᠠᠳᠤ ᠶᠢᠨ ᠵᠦᠷᠢᠴᠠᠯ ᠬᠤᠷᠴᠠᠳᠤᠭᠰᠠᠨ ᠤ ᠬᠠᠮᠳᠤ᠂ ᠮᠠᠠᠵᠤ ᠬᠠᠭᠠᠨ ᠡᠴᠡ ᠯᠤᠪᠰᠠᠩᠳᠠᠠᠵᠢᠨ ᠢ ᠴᠤ ᠳᠣᠢ᠌ᠯ ᠶᠢᠡᠷ ᠬᠤᠷᠤᠰᠤᠨ ᠭᠢᠨᠠᠬᠤ ᠪᠣᠯᠪᠠ᠃

ᠬᠤᠶᠠᠷ᠂ ᠯᠤᠪᠰᠠᠩᠳᠠᠠᠵᠢᠨ ᠤ ᠳᠠᠮᠠᠴᠠᠯ ᠤᠨ ᠵᠤᠷᠢᠭ ᠰᠠᠨᠠᠭᠠᠨ ᠤ ᠦᠨ᠎ᠡ ᠴᠠᠨ᠎ᠠ

ᠯᠤᠪᠰᠠᠩᠳᠠᠠᠵᠢᠨ 1723 ᠣᠨ ᠤ ᠳᠠᠪᠣᠳᠤᠭᠠᠷ ᠰᠠᠷ᠎ᠠ ᠳᠤ ᠴᠠᠭᠠᠠᠳᠤᠯᠤᠭᠠᠢ ᠳᠤ ᠴᠢᠭᠤᠯᠭᠠᠨ ᠭᠢᠵᠤ᠂ ᠬᠦᠬᠡ‍ᠨᠠᠭᠤᠷ ᠤᠨ ᠬᠤᠷᠢ ᠭᠠᠷᠤᠢ ᠲᠦᠮᠡᠨ ᠭᠦᠮᠤᠨ ᠢ ᠳᠠᠢ᠌ᠴᠢᠯᠠᠵᠤ᠂ ᠮᠠᠠᠵᠤ ᠶᠢ ᠡᠰᠡᠷᠭᠦᠴᠡᠭᠡᠤᠨ ᠳᠠᠷᠠᠭ᠎ᠠ ᠵᠢᠯ ᠤᠨ ᠭᠢᠨᠢ ᠭᠤᠷᠪᠠᠨ ᠰᠠᠷ᠎ᠠ ᠳᠤ ᠢᠯᠠᠭᠳᠠᠭᠰᠠᠨ ᠪᠠᠢ᠌ᠨ᠎ᠠ᠃ ᠥᠨᠡ᠊ᠨᠳᠡᠭᠡᠨ ᠯᠤᠪᠰᠠᠩᠳᠠᠠᠵᠢᠨ ᠤ ᠳᠠᠮᠠᠴᠠᠯ ᠪᠣᠯ 《ᠪᠦᠭᠦᠢ᠌ᠯᠡ ᠮᠤᠩᠭ᠋ᠤᠯ ᠦᠨᠳᠦᠰᠦᠳᠠᠨ ᠡᠴᠡ ᠴᠢᠩ ᠣᠯᠤᠰ ᠤᠨ ᠳᠠᠢ᠌ᠯᠠᠨ ᠳᠠᠭᠠᠭᠤᠯᠬᠤ ᠶᠢ ᠡᠰᠡᠷᠭᠦᠴᠡᠭ᠍ᠰᠡᠨ ᠳᠠᠮᠠᠴᠠᠯ ᠤᠨ ᠨᠢᠭᠡ ᠭᠡᠰᠡᠭ᠌ ᠪᠣᠯᠤᠭᠰᠠᠨ ᠪᠠᠢ᠌ᠨ᠎ᠠ᠃ ᠮᠦᠨ ᠴᠤ ᠭᠤᠴᠢᠨ ᠵᠢᠯ ᠤᠨ ᠳᠠᠷᠠᠭ᠎ᠠ ᠪᠣᠯᠤᠭᠰᠠᠨ ᠳᠠᠷᠤᠢ 1755 ᠣᠨ ᠳᠤ ᠴᠢᠩ ᠣᠯᠤᠰ ᠢᠯᠢ ᠶᠢ ᠳᠦᠪᠰᠢᠦᠡᠭᠡᠨ ᠵᠦᠩᠭ᠋ᠠᠷ ᠢ ᠳᠠᠢ᠌ᠯᠠᠨ ᠳᠠᠭᠠᠭᠤᠯᠬᠤ ᠡᠴᠡ ᠡᠮᠦᠨᠡᠭᠢ ᠳᠠᠮᠠᠴᠠᠯ ᠤᠨ ᠨᠢᠭᠡ ᠣᠷᠭᠢᠯ ᠪᠣᠯᠤᠭᠰᠠᠨ ᠠᠵᠤᠭᠤ》 ⑧᠃ ᠶᠠᠭᠤᠨ ᠤ ᠡᠮᠦᠨ᠎ᠡ ᠯᠤᠪᠰᠠᠩᠳᠠᠠᠵᠢᠨ ᠤ ᠳᠠᠮᠠᠴᠠᠯ ᠢ ᠴᠤᠬᠤᠮ ᠶᠠᠮᠠᠷ ᠵᠣᠢ᠌ᠯ ᠶᠢᠡᠷ ᠪᠠᠷᠢᠮᠵᠢᠶᠠᠯᠠᠨ ᠥᠨᠡᠯᠡᠭᠦ ᠪᠣᠢ︖ ᠭᠡᠳᠡᠭ᠌ ᠠᠰᠠᠭᠤᠳᠠᠯ ᠳᠤᠯᠭᠠᠷᠠᠨ᠎ᠠ᠃ ᠣᠯᠠᠩᠭᠢ ᠨᠤᠮ ᠤᠳ ᠲᠤ ᠳᠡᠭᠦᠨ ᠢ 《ᠣᠷᠪᠠᠭᠴᠢ᠂ ᠬᠤᠯᠠᠭᠠᠢ᠂ ᠳᠡᠭᠡᠷᠡᠮ》 ᠭᠡᠭᠦ ᠮᠠᠳᠤ ᠪᠠᠷ ᠥᠨᠡᠯᠡᠳᠡᠭ᠌ ᠪᠠᠢ᠌ᠨ᠎ᠠ᠃ ᠭᠡᠳᠡᠯ᠎ᠡ ᠳᠡᠭᠡᠳᠤ ᠮᠤᠩᠭ᠋ᠤᠯᠴᠤᠳ ᠤᠨ ᠠᠷᠠᠤᠨ ᠲᠦᠮᠡᠨ ᠤ ᠳᠤᠮᠳᠠ ᠯᠤᠪᠰᠠᠩᠳᠠᠠᠵᠢᠨ ᠪᠣᠯ ᠭᠦᠰᠡᠯᠡᠩ ᠤᠨ ᠳᠦᠷᠢ᠂ ᠪᠠᠭᠠᠳᠤᠷᠯᠢᠭ ᠳᠦᠷᠢ᠂ ᠦᠨᠡᠨ ᠶᠤᠰᠤᠨ ᠤ ᠳᠦᠯᠦᠭᠡ ᠳᠡᠮᠡᠴᠡᠭ᠍ᠰᠡᠨ ᠴᠢᠩ ᠵᠤᠷᠢᠭᠳᠠᠨ ᠪᠣᠯᠵᠤ ᠢᠯᠡᠷᠡᠳᠡᠭ᠌᠃ ᠳᠡᠭᠡᠳᠤ ᠮᠤᠩᠭ᠋ᠤᠯ ᠤᠨ ᠠᠮᠠᠨ ᠵᠤᠬᠢᠶᠠᠯ 《ᠳ᠋ᠠᠠᠵᠢᠨ ᠬᠦᠡᠭ᠌ ᠳᠠᠢ᠌ᠵᠢ ᠶᠢᠨ ᠳᠤᠮᠤᠭ》᠂ 《ᠭᠠᠰ ᠤᠨ ᠴᠠᠭᠠᠨ ᠳᠠᠷᠠᠰᠤᠨ》 ᠭᠡᠭᠦ ᠮᠠᠳᠤ ᠠᠷᠠᠤᠨ ᠤᠨ ᠳᠠᠭᠤᠨ ᠳᠤ ᠢᠯᠠ ᠳᠤᠳᠤ ᠳᠤᠰᠬᠠᠯ ᠶᠢᠡᠨ ᠣᠯᠵᠤ ᠪᠣᠢ᠃ ᠳᠡᠦᠭᠡᠨ ᠭᠦᠮᠤᠨ ᠢ ᠥᠨᠡᠯᠡᠭᠦ ᠳᠤ ᠳᠤᠬᠠᠢ ᠶᠢᠨ ᠳᠡᠦᠭᠡᠨ ᠴᠠᠭ ᠦᠶ᠎ᠡ ᠶᠢᠨ ᠪᠣᠳᠠᠳᠤ ᠪᠠᠢ᠌ᠳᠠᠯ ᠡᠴᠡ ᠡᠭᠦᠰᠴᠤ ᠥᠨᠡᠯᠡᠭᠦ ᠨᠢ ᠬᠠᠮᠤᠭ ᠤᠨ ᠴᠢᠬᠤᠯᠠ᠃ ᠣᠴᠢᠷ ᠨᠢ ᠴᠠᠭ ᠡᠷᠢᠨ ᠪᠠᠭᠠᠳᠤᠷ ᠭᠦᠮᠤᠨ ᠢ ᠳᠦᠷᠦᠭᠡᠳᠡᠭ᠌ ᠣᠴᠢᠷᠳᠠᠢ᠃

ᠲ᠋ᠤᠬᠠᠢ ᠶᠢᠨ ᠴᠠᠭ ᠦᠶ᠎ᠡ ᠳᠤ ᠬᠦᠬᠡ‍ᠨᠠᠭᠤᠷ ᠮᠤᠩᠭ᠋ᠤᠯ ᠭᠡᠳᠥᠢᠪᠠᠷ ᠮᠠᠠᠵᠤ ᠴᠢᠩ ᠳᠤ ᠡᠶᠡᠳᠡᠭᠦ ᠪᠠᠷ ᠪᠣᠯᠵᠤ ᠠᠯᠪᠠ ᠪᠠᠷᠢᠵᠤ ᠪᠠᠢ᠌ᠭᠰᠠᠨ ᠪᠣᠯᠪᠠᠴᠤ᠂ ᠵᠢᠩᠭᠢᠨᠢ ᠠᠯᠪᠠᠳᠤ ᠨᠢ ᠪᠣᠯᠵᠤ ᠪᠠᠢ᠌ᠭᠰᠠᠨ ᠦᠭᠡᠶ ᠪᠢᠯᠠ᠃ ᠮᠠᠠᠵᠤ ᠴᠢᠩ ᠡᠴᠡ ᠲᠦᠪᠡᠳ ᠬᠦᠬᠡ‍ᠨᠠᠭᠤᠷ ᠨᠤᠳᠤᠭ ᠣᠤᠯ ᠡᠴᠡ ᠪᠠᠨ ᠴᠢᠩ ᠤᠨ ᠲᠦᠷᠦ ᠶᠢᠨ ᠨᠤᠳᠤᠭ ᠭᠡᠭᠦ ᠦᠵᠡᠯᠳᠠ ᠪᠣᠯ ᠴᠦᠮ ᠪᠣᠷᠤᠭᠤ ᠳᠠᠨᠢᠯᠳᠠ ᠪᠣᠯᠬᠤ ᠶᠤᠮ᠃ ᠣᠰᠤᠨ ᠤ ᠭᠤᠷᠪᠠᠨ ᠵᠦᠷᠴᠢᠨ 1636 ᠣᠨ ᠳᠤ ᠶᠤᠸᠠᠨ ᠣᠯᠤᠰ ᠤᠨ ᠬᠠᠭᠠᠤᠨ ᠤᠨ ᠬᠠᠰ ᠳᠠᠮᠠᠭ᠎ᠠ ᠶᠢ ᠣᠯᠵᠤ᠂ ᠦᠪᠣᠷ ᠮᠤᠩᠭ᠋ᠤᠯ ᠢ ᠣᠷᠤᠭᠤᠯᠤᠭᠠᠤᠨ ᠮᠤᠩᠭ᠋ᠤᠯ ᠤᠨ ᠬᠠᠭᠠᠨ ᠰᠠᠭᠤᠯ᠎ᠠ ᠭᠡᠳᠡᠭ᠌ ᠪᠣᠯᠪᠠᠴᠤ᠂ ᠡᠷᠡᠯᠭᠡᠭ᠌ ᠪᠠᠭᠠᠳᠤᠷᠯᠢᠭ᠂ ᠬᠤᠱᠤᠳ ᠮᠤᠩᠭ᠋ᠤᠯᠴᠤᠳ ᠡᠨᠡ ᠴᠠᠭ ᠰᠤᠳᠤ ᠮᠡᠷᠭᠡᠨ ᠣᠳᠤᠷᠢᠳᠤᠭᠴᠢ ᠭᠡᠭᠡᠨ ᠭᠦᠦᠰᠢ ᠬᠠᠭᠠᠨ ᠤ ᠣᠳᠤᠷᠢᠳᠤᠯᠭ᠎ᠠ ᠪᠠᠷ ᠬᠦᠬᠡ‍ᠨᠠᠭᠤᠷ ᠲᠦᠪᠡᠳ ᠢ ᠡᠵᠡᠯᠡᠵᠤ᠂ ᠬᠤᠱᠤᠳ ᠬᠠᠭᠠᠠᠳᠤ ᠲᠦᠷᠦ ᠪᠠᠨ ᠪᠠᠢ᠌ᠭᠤᠯᠵᠤ ᠪᠠᠢ᠌ᠭᠰᠠᠨ᠃ 1644 ᠣᠨ ᠳᠤ ᠮᠠᠠᠵᠤ ᠪᠠᠷ ᠪᠠᠭᠡᠵᠢᠩ ᠳᠤ ᠣᠷᠤᠵᠤ ᠳᠤᠮᠳᠠᠳᠤ ᠣᠯᠤᠰ ᠢ ᠨᠢᠭᠡᠳᠭᠡᠭᠡᠤᠨ 1691 ᠣᠨ ᠳᠤ ᠬᠠᠯᠬ᠎ᠠ ᠮᠤᠩᠭ᠋ᠤᠯ ᠢ ᠭᠦᠴᠤ ᠪᠠᠷ ᠳᠠᠭᠠᠭᠤᠯᠪᠠ᠃ ᠭᠡᠳᠡᠯ᠎ᠡ ᠡᠷᠡᠯᠭᠡᠭ᠌ ᠪᠠᠭᠠᠳᠤᠷᠯᠢᠭ ᠵᠦᠩᠭ᠋ᠠᠷ ᠬᠠᠭᠠᠠᠳᠤ ᠣᠯᠤᠰ ᠪᠣᠯᠤᠨ ᠬᠤᠱᠤᠳ ᠬᠠᠭᠠᠠᠳᠤ ᠣᠯᠤᠰ ᠢ ᠳᠠᠢ᠌ᠮᠤ ᠠᠮᠠᠷᠬᠠᠨ ᠶᠢᠡᠷ ᠮᠥᠭᠦᠭᠡᠵᠤ ᠴᠢᠳᠠᠭᠰᠠᠨ ᠦᠭᠡᠶ᠃ ᠡᠨᠡᠭᠦ ᠳᠠᠮᠠᠴᠠᠯ ᠨᠢ 1723 ᠣᠨ (ᠬᠦᠬᠡ‍ᠨᠠᠭᠤᠷ)᠂ 1755(ᠵᠦᠩᠭ᠋ᠠᠷ) ᠣᠨ ᠭᠦᠷᠳᠡᠯ᠎ᠡ ᠥᠷᠭᠦᠯᠵᠢᠯᠡᠭ᠍ᠰᠡᠨ ᠪᠠᠢ᠌ᠨ᠎ᠠ᠃ ᠡᠢ᠌ᠮᠤ ᠡᠴᠡ ᠯᠤᠪᠰᠠᠩᠳᠠᠠᠵᠢᠨ ᠤ ᠳᠠᠮᠠᠴᠠᠯ ᠪᠣᠯ ᠮᠠᠠᠵᠤ ᠴᠢᠩ ᠤᠨ ᠬᠤᠯᠵᠢᠨ ᠰᠠᠨᠠᠭ᠎ᠠ᠂ ᠬᠣᠢ᠌ᠬᠤᠷ ᠠᠷᠭ᠎ᠠ ᠶᠢᠨ ᠡᠮᠦᠨ᠎ᠡ ᠡᠴᠡ ᠪᠣᠰᠴᠤ᠂ ᠣᠷᠤᠨ ᠨᠤᠳᠤᠭ ᠦᠨᠳᠦᠰᠦᠳᠠᠨ ᠤ ᠪᠠᠨ ᠡᠷᠭᠡ ᠮᠠᠳᠠᠯ ᠢ ᠬᠠᠮᠠᠭᠠᠯᠠᠬᠤ ᠶᠢᠨ ᠳᠦᠯᠦᠭᠡ ᠪᠣᠰᠤᠭᠰᠠᠨ ᠰᠢᠳᠤᠷᠭᠤ ᠶᠤᠰᠤᠨ ᠤ ᠳᠠᠢ᠌ᠨ ᠪᠣᠯᠬᠤ ᠶᠤᠮ᠃ ᠳᠠᠷᠠ ᠬᠦᠬᠡ‍ᠨᠠᠭᠤᠷ ᠤᠨ ᠶᠡᠭᠡᠩᠭᠢ ᠳᠤᠭᠠᠨ ᠤ ᠡᠯ᠎ᠡ ᠦᠨᠳᠦᠰᠦᠳᠠᠨ ᠤ ᠠᠷᠠᠤᠨ ᠲᠦᠮᠡᠨ ᠤ ᠭᠦᠰᠡᠯ ᠵᠤᠷᠢᠯᠳᠠ ᠶᠢ ᠳᠦᠯᠦᠭᠡᠯᠡᠵᠤ᠂ ᠮᠠᠠᠵᠤ ᠶᠢᠨ ᠲᠦᠷᠦ ᠳᠤ ᠭᠦᠡᠳᠤ ᠴᠤᠭᠢᠯᠳᠠ ᠶᠢ ᠦᠭ‍ᠭᠦᠭ᠍ᠰᠡᠨ ᠪᠠᠢ᠌ᠨ᠎ᠠ᠃ ᠡᠨᠡ ᠳᠠᠢ᠌ᠨ ᠳᠤ ᠬᠦᠬᠡ‍ᠨᠠᠭᠤᠷ ᠤᠨ ᠮᠤᠩᠭ᠋ᠤᠯ᠂ ᠲᠦᠪᠡᠳ᠂ ᠴᠠᠭᠠᠨ ᠮᠤᠩᠭ᠋ᠤᠯ᠂ ᠰᠠᠯᠠᠷ᠂ ᠬᠤᠲᠤᠩ ᠵᠡᠷᠭᠡ ᠣᠯᠠᠨ ᠦᠨᠳᠦᠰᠦᠳᠠᠨ ᠤ ᠬᠤᠷᠢ ᠭᠠᠷᠤᠢ ᠲᠦᠮᠡᠨ ᠭᠦᠮᠤᠨ ᠪᠣᠰᠤᠭᠰᠠᠨ ᠡᠨᠡ ᠳᠠᠮᠠᠴᠠᠯ ᠰᠢᠳᠤᠷᠭᠤ ᠶᠤᠰᠤᠨ ᠤ ᠭᠢ ᠪᠣᠯᠬᠤ ᠶᠢ ᠨᠢᠭᠡ ᠳᠠᠯ᠎ᠠ ᠡᠴᠡ ᠳᠤᠰᠬᠠᠵᠤ ᠪᠣᠢ᠃ ᠡᠨᠡ ᠣᠳᠠᠭᠠᠨ ᠤ ᠳᠠᠢ᠌ᠨ ᠭᠡᠳᠥᠢᠪᠠᠷ ᠭᠦᠮᠤᠨ ᠠᠮᠠ ᠶᠢᠨ ᠭᠦᠴᠤᠨ ᠤ ᠵᠦᠷᠢᠶ᠎ᠠ᠂ ᠳᠤᠳᠤᠭᠠᠳᠤ ᠶᠢᠨ ᠣᠷᠪᠠᠭᠴᠢ ᠶᠢᠨ ᠬᠤᠤᠪᠢᠯᠳᠤᠯᠭ᠎ᠠ᠂ ᠪᠠᠢ᠌ᠭᠠᠯᠢ ᠶᠢᠨ ᠭᠠᠮᠰᠢᠭ᠂ ᠳᠠᠢ᠌ᠨ ᠤ ᠳᠤᠭᠢᠷᠠᠭᠤᠯᠤᠯᠳᠠ᠂ ᠪᠠᠢ᠌ᠯᠳᠤᠬᠤ ᠠᠷᠭ᠎ᠠ ᠭᠡᠭᠦ ᠣᠯᠠᠨ ᠳᠠᠯ᠎ᠠ ᠶᠢᠨ ᠨᠥᠭᠦᠴᠡᠯ ᠡᠴᠡ ᠢᠯᠠᠭᠳᠠᠭᠰᠠᠨ ᠪᠣᠯᠪᠠᠴᠤ ᠮᠠᠠᠵᠤ ᠴᠢᠩ ᠤᠨ ᠳᠦᠷᠢᠮᠡᠭᠡᠢ᠌ᠯᠡᠯ ᠤᠨ ᠭᠦᠴᠤᠨ ᠳ᠋ᠤ ᠭᠦᠡᠳᠤ ᠴᠤᠭᠢᠯᠳᠡ ᠥᠭ᠍ᠪᠡ᠃

ᠭᠤᠷᠪᠠ᠂ ᠳᠠᠢ᠌ᠨ ᠡᠴᠡ ᠪᠣᠯᠤᠭᠰᠠᠨ ᠬᠤᠭᠢᠷᠠᠯ

ᠯᠤᠪᠰᠠᠩᠳᠠᠠᠵᠢᠨ ᠤ ᠳᠠᠮᠠᠴᠠᠯ ᠢᠯᠠᠭᠳᠠᠭᠰᠠᠨ ᠨᠢ ᠬᠦᠬᠡ‍ᠨᠠᠭᠤᠷ ᠮᠤᠩᠭ᠋ᠤᠯᠴᠤᠳ ᠤᠨ ᠳᠤᠷᠣᠢ᠌ᠳᠠᠯ ᠤᠨ ᠴᠠᠭ ᠢᠷᠡᠭ᠍ᠰᠡᠨ ᠢ ᠳᠤᠩᠬᠠᠭᠯᠠᠪᠠ᠃ ᠡᠨᠡ ᠳᠠᠢ᠌ᠨ ᠡᠴᠡ ᠬᠣᠢ᠌ᠰᠢ ᠬᠦᠬᠡ‍ᠨᠠᠭᠤᠷ ᠮᠤᠩᠭ᠋ᠤᠯᠴᠤᠳ ᠪᠦᠷᠢᠮᠦᠰᠤᠨ ᠴᠢᠩ ᠣᠯᠤᠰ ᠤᠨ ᠵᠠᠰᠠᠭ ᠤᠨ ᠣᠷᠳᠤᠨ ᠤ ᠰᠢᠭᠤᠳ ᠨᠤᠶᠠᠷᠬᠠᠯ ᠳᠤ ᠣᠷᠤᠵᠤ᠂ ᠣᠭ ᠤᠨ ᠡᠷᠡᠯᠭᠡᠭ᠌ ᠪᠠᠭᠠᠳᠤᠷᠯᠢᠭ ᠦᠨᠳᠦᠰᠦᠳᠠᠨ ᠰᠦᠷ ᠰᠦᠯᠳᠡ ᠪᠠᠨ ᠠᠯᠳᠠᠵᠤ᠂ ᠣᠯᠤᠰ ᠳᠤᠷᠤ᠂ ᠠᠵᠤ ᠠᠬᠤᠢ ᠭᠦᠮᠤᠨ ᠠᠮᠠ ᠵᠡᠷᠭᠡ ᠳᠠᠯ᠎ᠠ ᠪᠠᠷ ᠳᠤᠷᠣᠢ᠌ᠳᠠᠨ ᠪᠠᠭᠤᠷᠠᠪᠠ᠃ ᠣᠤᠯ ᠤᠨ ᠭᠤᠴᠢ ᠭᠠᠷᠤᠢ ᠲᠦᠮᠡᠨ ᠭᠦᠮᠤᠨ ᠠᠮᠠ ᠲᠡᠶ ᠮᠤᠩᠭ᠋ᠤᠯᠴᠤᠳ ᠬᠤᠶᠠᠷ ᠵᠠᠭᠤ ᠭᠠᠷᠤᠢ ᠵᠢᠯ ᠤᠨ ᠡᠭᠡᠳᠡᠷᠡᠭᠡᠨ ᠪᠣᠳᠤᠯᠢᠶᠠᠨ ᠲᠡᠶ ᠳᠡᠦᠭᠡ ᠶᠢ ᠳᠤᠭᠤᠯᠵᠤ᠂ ᠴᠢᠯᠦᠭᠡᠯᠡᠭ᠍ᠳᠡᠭᠦ ᠭᠦᠷᠳᠡᠯ᠎ᠡ ᠠᠷᠠᠢ ᠬᠤᠶᠠᠷ ᠲᠦᠮᠡ ᠭᠠᠷᠣᠢ᠌ᠬᠠᠨ ᠪᠣᠯᠵᠤ ᠴᠥᠭᠡᠷᠡᠭ᠍ᠰᠡᠨ ᠪᠠᠢ᠌ᠯ᠎ᠠ᠃ ᠢᠩᠭᠢᠵᠤ ᠭᠦᠮᠤᠨ ᠠᠮᠠ ᠰᠢᠭᠤᠳ ᠱᠤᠭᠤᠮ ᠶᠢᠡᠷ ᠴᠥᠭᠡᠷᠡᠭ᠍ᠰᠡᠨ ᠨᠢ ᠳᠤᠮᠳᠠᠳᠤ ᠣᠯᠤᠰ ᠤᠨ ᠳᠡᠦᠭᠡᠨ ᠳᠤ ᠪᠠᠢ᠌ᠳᠤᠭᠠᠢ ᠳᠡᠯᠡᠭᠡᠢ ᠶᠢᠨ ᠳᠡᠦᠭᠡᠨ ᠳᠤ ᠬᠤᠪᠣᠷ ᠥᠵᠡᠭ᠍ᠳᠡᠯ ᠭᠡᠮᠡᠨ ᠡᠷᠳᠡᠮᠳᠡᠳ ᠦᠵᠡᠵᠤ ᠪᠣᠢ᠃ ᠳᠡᠭᠡᠪᠠᠯ ᠬᠦᠬᠡ‍ᠨᠠᠭᠤᠷ ᠮᠤᠩᠭ᠋ᠤᠯᠴᠤᠳ ᠶᠠᠭᠠᠭᠢᠭᠠᠤᠨ ᠢᠩᠭᠢᠵᠤ ᠳᠤᠷᠣᠢ᠌ᠳᠠᠯ ᠤᠨ ᠵᠠᠮ ᠳᠠᠭᠠᠨ ᠣᠷᠤᠪᠠ︖

1᠂ ᠳᠠᠢ᠌ᠨ ᠤ ᠳᠠᠷᠠᠭ᠎ᠠ ᠭᠦᠮᠤᠨ ᠠᠮᠠ ᠶᠡᠭᠡ ᠭᠡᠮᠵᠢᠶ᠎ᠡ ᠪᠠᠷ ᠬᠤᠷᠤᠭᠳᠠᠪᠠ᠃ ᠨᠢᠭᠡᠨ ᠨᠡᠭᠦᠳᠡᠯᠴᠢᠨ ᠦᠨᠳᠦᠰᠦᠳᠠᠨ ᠳᠤ ᠭᠦᠮᠤᠨ ᠠᠮᠠ ᠪᠣᠯ ᠳᠠᠷᠠ ᠦᠨᠳᠦᠰᠦᠳᠠᠨ ᠤ ᠣᠷᠤᠰᠢᠯ ᠳᠤᠭᠳᠠᠨᠢᠯ ᠲᠡᠶ ᠬᠤᠯᠪᠣᠭᠳᠠᠭᠰᠠᠨ ᠴᠢᠬᠤᠯᠠ ᠶᠠᠪᠣᠳᠠᠯ ᠪᠣᠯᠵᠤ ᠪᠠᠢ᠌ᠳᠠᠭ᠃ 《ᠳᠠᠢ᠌ᠨ ᠤ ᠳᠠᠯᠠᠪᠣᠷ ᠲᠤ ᠠᠯᠠᠭᠳᠠᠵᠤ᠂ ᠣᠯᠵᠠᠯᠠᠭᠳᠠᠭᠰᠠᠤᠨ ᠳᠤᠭᠠᠯᠠᠰᠢ ᠦᠭᠡᠶ᠂ ᠣᠯᠵᠠᠯᠠᠭᠳᠠᠭᠰᠠᠤᠨ ᠤᠨ ᠳᠤᠳᠤᠷ᠎ᠠ ᠡᠴᠡ ᠭᠤᠷᠪᠠᠬᠠᠨ ᠭᠦᠮᠤᠨ ᠢ ᠪᠠᠭᠡᠵᠢᠩ ᠭᠦᠷᠭᠡᠵᠤ ᠶᠠᠯ᠎ᠠ ᠳᠤᠭᠠᠴᠠᠭᠰᠠᠨ ᠡᠴᠡ ᠪᠣᠰᠤᠳ ᠳᠠᠪᠢᠨ ᠨᠠᠰᠤᠨ ᠡᠴᠡ ᠳᠤᠷᠤᠭᠰᠢ ᠠᠷᠪᠠᠨ ᠳᠠᠪᠤᠨ ᠨᠠᠰᠤᠨ ᠡᠴᠡ ᠳᠡᠭᠡᠭ᠍ᠰᠢᠭᠢ ᠭᠦᠮᠦᠰ ᠢ ᠪᠦᠭᠦᠳᠡ ᠶᠢ ᠴᠠᠪᠴᠢᠨ ᠠᠯᠠᠪᠠ᠃ ᠢᠩᠭᠢᠵᠤ ᠠᠯᠠᠭᠰᠠᠨ ᠨᠢ ᠠᠷᠪᠠᠭᠠᠤᠨ ᠲᠦᠮᠡᠨ ᠭᠦᠮᠤᠨ ᠳᠤ ᠭᠦᠷᠴᠤ ᠪᠢᠯᠠ》᠃ 《ᠭᠡᠦᠭᠡᠡᠴᠦᠳ ᠢ ᠪᠦᠷ ᠴᠡᠷᠢᠭ᠌ ᠤᠳ ᠲᠤ ᠱᠠᠩᠨᠠᠪᠠ᠃ ᠡᠯ᠎ᠡ ᠮᠤᠵᠢ ᠶᠢᠨ ᠪᠦᠰᠡᠯᠡᠨ ᠴᠤᠭᠢᠬᠤ ᠳᠤ ᠣᠷᠤᠯᠴᠠᠭᠰᠠᠨ ᠴᠡᠷᠢᠭ᠌ ᠤᠨ ᠳᠠᠷᠤᠭ᠎ᠠ ᠨᠤᠶᠠᠨ ᠡᠴᠡ ᠡᠡᠭ᠌ ᠤᠨ ᠪᠠᠢ᠌ᠯᠳᠤᠭᠴᠢ ᠭᠦᠷᠳᠡᠯ᠎ᠡ ᠴᠦᠮ ᠬᠠᠷᠢ ᠶᠢᠨ ᠡᠮᠡᠭ᠍ᠳᠡᠢ ᠠᠪᠴᠤ ᠪᠣᠴᠠᠪᠠ᠃ ᠰᠢ ᠠᠨ ᠰᠢᠯᠳᠦᠭᠡᠨ ᠳᠤ ᠰᠡᠷᠭᠡᠢ᠌ᠯᠡᠨ ᠰᠠᠭᠤᠭ᠎ᠠ ᠨᠢ᠋ᠮᠠᠨ ᠬᠤᠰᠢᠭᠤ ᠶᠢᠨ ᠴᠡᠷᠢᠭ᠌ ᠤᠳ ᠪᠣᠴᠠᠬᠤ ᠳᠠᠭᠠᠨ ᠦᠪᠡᠷ ᠶᠢᠡᠨ ᠳᠠᠭᠠᠭᠤᠯᠤᠭᠰᠠᠨ ᠡᠴᠡ ᠭᠠᠳᠠᠨ᠎ᠠ ᠶᠡᠭᠡ ᠵᠠᠩᠵᠤᠨ ᠨᠢᠶᠠᠨ ᠭᠧᠩ ᠶᠤᠤ ᠶᠢ ᠪᠠᠰᠠ ᠳᠠᠪᠤᠨ ᠵᠠᠭᠤᠨ ᠬᠠᠷᠢ ᠶᠢᠨ ᠡᠮᠡᠭ᠍ᠳᠡᠢ᠌ᠴᠦᠳ ᠶᠢᠡᠷ ᠱᠠᠩᠨᠠᠵᠠᠢ᠃》 ⑨ ᠡᠢ᠌ᠡᠭᠦ ᠣᠯᠠᠨ ᠮᠤᠩᠭ᠋ᠤᠯᠴᠤᠳ ᠪᠠᠢ᠌ᠯᠳᠤᠭᠠᠨ ᠶᠢᠡᠷ ᠳᠠᠮᠵᠢᠨ ᠠᠯᠠᠭᠳᠠᠵᠤ ᠪᠣᠳᠠᠷᠠᠭᠰᠠᠨ ᠡᠴᠡ ᠬᠦᠬᠡ‍ᠨᠠᠭᠤᠷ ᠮᠤᠩᠭ᠋ᠤᠯᠴᠤᠳ ᠭᠡᠷᠭᠢᠨ ᠳᠤᠯᠤᠭᠠᠢ ᠥᠡᠳᠡᠢ᠌ᠭᠦ ᠪᠢᠯᠠ᠃ ᠭᠡᠳᠡᠯ᠎ᠡ ᠳᠠᠢ᠌ᠨ ᠤ ᠳᠠᠷᠠᠭ᠎ᠠ᠂ ᠬᠤᠰᠢᠭᠤ ᠬᠤᠪᠢᠶᠠᠬᠤ ᠳᠤ ᠬᠦᠬᠡ‍ᠨᠠᠭᠤᠷ ᠮᠤᠩᠭ᠋ᠤᠯᠴᠤᠳ 17000 ᠭᠠᠷᠤᠢ ᠡᠷᠦᠭᠡ᠂ ᠪᠠᠷᠤᠭ 11 ᠲᠦᠮᠡᠨ ᠭᠦᠮᠤᠨ ᠲᠡᠶ ᠪᠠᠢ᠌ᠭᠰᠠᠨ ᠪᠠᠢ᠌ᠨ᠎ᠠ᠃ ᠬᠤᠵᠢᠮ ᠨᠢ ᠲᠦᠪᠡᠳ ᠤᠨ ᠣᠤᠯᠭ᠎ᠠ᠂ ᠡᠪᠠᠦᠡᠴᠢᠨ ᠳᠠᠬᠤᠯ ᠡᠴᠡ ᠪᠣᠯᠵᠤ ᠭᠦᠮᠤᠨ ᠠᠮᠠ ᠨᠢ ᠣᠯᠠᠮ ᠴᠥᠭᠡᠷᠡᠭ᠍ᠰᠡᠨ ᠪᠠᠢ᠌ᠨ᠎ᠠ᠃

2᠂ ᠮᠤᠩᠭ᠋ᠤᠯᠴᠤᠳ ᠤᠨ ᠨᠤᠳᠤᠭ ᠪᠠᠯᠴᠢᠭᠡᠷ ᠣᠯᠠᠮ ᠡᠴᠡ ᠣᠯᠠᠮ ᠪᠠᠭᠠᠰᠪᠠ᠃ ᠭᠦᠭᠡ ᠨᠠᠭᠤᠷ ᠤᠨ ᠭᠦᠪᠠᠭᠡ ᠳᠠᠭᠠᠤ ᠣᠷᠤᠨ᠂ ᠬᠠᠳᠤᠨ ᠭᠤᠤᠯ ᠤᠨ ᠳᠤᠬᠤᠢ ᠣᠷᠤᠨ ᠨᠢ ᠶᠤᠸᠠᠨ ᠣᠯᠤᠰ ᠡᠴᠡ ᠨᠠᠰᠢ ᠪᠠᠨ ᠮᠤᠩᠭ᠋ᠤᠯᠴᠤᠳ ᠤᠨ ᠮᠠᠯᠵᠢᠯ ᠤᠨ ᠴᠢᠬᠤᠯᠠ ᠪᠠᠯᠴᠢᠭᠡᠷ ᠪᠠᠢ᠌ᠭᠰᠠᠨ ᠪᠠᠢ᠌ᠨ᠎ᠠ᠃ ᠯᠤᠪᠰᠠᠩᠳᠠᠠᠵᠢᠨ ᠤ ᠳᠠᠮᠠᠴᠠᠯ ᠢᠯᠠᠭᠳᠠᠭᠰᠠᠨ ᠤ ᠳᠠᠷᠠᠭ᠎ᠠ ᠴᠤ ᠬᠦᠬᠡ‍ᠨᠠᠭᠤᠷ ᠮᠤᠩᠭ᠋ᠤᠯ ᠢ 29 ᠬᠤᠰᠢᠭᠤ ᠬᠤᠪᠢᠶᠠᠵᠤ᠂ ᠲᠦᠪᠡᠳ ᠪᠠ ᠮᠤᠩᠭ᠋ᠤᠯ ᠢ ᠬᠠᠳᠤᠨ ᠭᠤᠤᠯ ᠶᠢᠡᠷ ᠵᠠᠭᠠᠭᠯᠠᠵᠤ᠂ ᠬᠠᠳᠤᠨ ᠭᠤᠤᠯ ᠤᠨ ᠡᠮᠦᠨᠡᠭᠢ 5 ᠬᠤᠰᠢᠭᠤᠨ ᠡᠴᠡ ᠪᠣᠰᠤᠳ 24 ᠬᠤᠰᠢᠭᠤ ᠶᠢ ᠬᠣᠢ᠌ᠨᠠᠭᠢ ᠥᠷᠭᠡᠨ ᠠᠭᠤᠳᠠᠮ ᠨᠤᠳᠤᠭ ᠳᠡᠪᠢᠰᠭᠡᠷ ᠳᠡᠭᠡᠷ᠎ᠡ ᠪᠠᠢ᠌ᠷᠢᠰᠢᠭᠤᠯᠤᠭᠰᠠᠨ ᠪᠠᠢ᠌ᠳᠠᠭ᠃ ᠭᠡᠳᠡᠯ᠎ᠡ ᠮᠤᠩᠠᠭᠤᠯ ᠤᠨ ᠨᠡᠢ᠌ᠭᠡᠮ᠂ ᠣᠯᠤᠰ ᠲᠦᠷᠦ ᠶᠢᠨ ᠨᠢᠭᠡᠳᠦᠮᠡᠯ ᠴᠤᠭᠴᠠ ᠪᠠᠨ ᠠᠯᠳᠠᠵᠤ᠂ ᠬᠤᠰᠢᠭᠤ ᠬᠤᠰᠢᠭᠤᠨ ᠤ ᠭᠡᠪᠴᠢᠶᠡᠨ ᠳᠤ ᠭᠢᠵᠠᠭᠠᠷᠳᠠᠢ ᠰᠠᠭᠤᠷᠢᠰᠢᠭᠤᠯᠤᠭᠰᠠᠨ ᠡᠴᠡ ᠬᠠᠮᠳᠤ ᠶᠢᠨ ᠭᠦᠴᠤᠨ ᠶᠢᠡᠷ ᠭᠠᠳᠠᠨᠠᠭᠢ ᠶᠢᠨ ᠬᠠᠯᠳᠠᠯᠭ᠎ᠠ ᠶᠢ ᠡᠰᠡᠷᠭᠦᠴᠡᠵᠤ᠂ ᠨᠤᠳᠤᠭ ᠣᠷᠤᠨ ᠶᠢᠡᠨ ᠬᠠᠮᠠᠭᠠᠯᠠᠬᠤ ᠠᠷᠭ᠎ᠠ ᠦᠭᠡᠶ ᠣᠴᠢᠷ ᠮᠤᠩᠭ᠋ᠤᠯ ᠨᠤᠳᠤᠭ ᠣᠯᠠᠮ ᠢᠪᠴᠤᠤᠷᠴᠤ᠂ ᠮᠤᠩᠭ᠋ᠤᠯᠴᠤᠳ ᠪᠣᠭᠤᠮᠳᠠ ᠳᠠᠭᠠᠤ ᠭᠠᠵᠠᠷ ᠠᠮᠢ ᠪᠠᠨ ᠠᠷᠭᠠᠴᠠᠨ ᠶᠠᠪᠣᠭᠰᠠᠨ ᠪᠠᠢ᠌ᠨ᠎ᠠ᠃ ᠡᠢ᠌ᠮᠤ ᠡᠴᠡ ᠶᠡᠭᠡ ᠭᠡᠪᠴᠢᠶᠡᠨ ᠤ ᠲᠦᠪᠡᠳᠴᠤᠳ ᠊᠊᠊᠊᠊᠊᠊᠊᠊᠊᠊᠊᠊᠊᠊ ᠬᠠᠳᠤᠨ ᠭᠤᠤᠯ ᠢ ᠭᠡᠳᠦᠯᠤᠨ ᠨᠠᠭᠤᠷ ᠤᠨ ᠳᠤᠭᠤᠷᠢᠨ ᠳ᠋ᠠᠭᠢ ᠮᠤᠩᠭ᠋ᠤᠯ ᠨᠤᠳᠤᠭ ᠢ ᠡᠵᠡᠯᠡᠨ ᠰᠠᠭᠤᠭᠰᠠᠨ ᠪᠠᠢ᠌ᠨ᠎ᠠ᠃

3᠂ ᠮᠤᠩᠭ᠋ᠤᠯ ᠤᠨ ᠳᠤᠳᠤᠭᠠᠳᠤ ᠶᠢᠨ ᠵᠦᠷᠢᠴᠠᠯ ᠣᠯᠠᠮ ᠰᠢᠷᠦᠭᠦᠰᠴᠤ᠂ ᠳᠤᠳᠤᠭᠠᠳᠤ ᠶᠢᠨ ᠵᠠᠯᠢᠬᠠᠢ᠂ ᠬᠠᠷᠢ ᠭᠦᠮᠤᠨ ᠲᠡᠶ ᠨᠠᠢ᠌ᠯᠠᠨ ᠮᠤᠩᠭ᠋ᠤᠯ ᠨᠤᠳᠤᠭ ᠶᠢᠡᠷ ᠳᠡᠭᠡᠷᠡᠮᠳᠡᠭᠦ ᠪᠠᠢ᠌ᠳᠠᠯ ᠲᠤᠩ ᠠᠷᠪᠢᠨ ᠭᠠᠷᠤᠭᠰᠠᠨ ᠪᠠᠢ᠌ᠨ᠎ᠠ᠃ ᠵᠢᠱᠢᠶᠠᠯᠠᠪᠠᠯ᠂ 1843 ᠣᠨ ᠳᠤ ᠵᠡᠭᠦᠨ ᠬᠤᠰᠢᠭᠤᠨ ᠤ ᠪᠣᠷᠤ ᠪᠣᠮᠪᠠᠯ᠎ᠠ ᠭᠡᠳᠡᠭ᠌ ᠭᠦᠮᠤᠨ ᠡᠮᠦᠨ᠎ᠡ ᠲᠦᠪᠡᠳ ᠲᠡᠶ ᠰᠥᠯᠪᠠᠭᠡᠯᠡᠵᠤ ᠵᠡᠭᠦᠨ ᠨᠤᠳᠤᠭ ᠲᠤ ᠳᠦᠷᠢᠮᠡᠭᠡᠢ᠌ᠯᠡᠨ᠂ ᠵᠡᠭᠦᠨ ᠬᠤᠰᠢᠭᠤ ᠶᠢ ᠭᠠᠭᠴᠠ ᠵᠡᠭᠦᠤ ᠦᠭᠡᠶ ᠴᠦᠯᠪᠡᠨ ᠳᠡᠭᠡᠷᠡᠮᠳᠡᠵᠡᠢ᠃ ᠳᠡᠭᠡᠭᠡᠤᠨ ᠵᠡᠭᠦᠨ ᠬᠤᠰᠢᠭᠤ ᠪᠠᠷᠤᠭ ᠦᠨᠳᠦᠰᠦ ᠳᠠᠰᠤᠷᠠᠬᠤ ᠪᠣᠯᠤᠭᠰᠠᠨ ᠪᠠᠢ᠌ᠨ᠎ᠠ᠃ ᠡᠨᠡ ᠮᠠᠳᠤ ᠶᠢᠨ ᠭᠡᠷᠡᠭ᠌ ᠬᠦᠬᠡ‍ᠨᠠᠭᠤᠷ ᠮᠤᠩᠭ᠋ᠤᠯᠴᠤᠳ ᠤᠨ ᠳᠤᠮᠳᠠ ᠮᠠᠰᠢ ᠠᠷᠪᠢᠨ ᠭᠠᠷᠴᠤ᠂ ᠮᠤᠩᠭ᠋ᠤᠯᠴᠤᠳ ᠲᠤ ᠮᠠᠰᠢ ᠠᠷᠪᠢᠨ ᠭᠠᠢ ᠵᠤᠪᠠᠯᠠᠩ ᠢ ᠳᠠᠷᠢᠨ᠂ ᠮᠤᠩᠭ᠋ᠤᠯᠴᠤᠳ ᠤᠨ ᠨᠤᠳᠤᠭ ᠣᠰᠤ ᠪᠠᠨ ᠬᠠᠶᠠᠵᠤ᠂ ᠭᠠᠳᠠᠭᠰᠢ ᠳᠤᠳᠠᠭᠠᠬᠤ ᠶᠢᠨ ᠦᠨᠳᠦᠰᠦ ᠪᠣᠯᠤᠭᠰᠠᠨ ᠪᠠᠢ᠌ᠨ᠎ᠠ᠃


ᠵᠡᠭᠦᠯᠳᠡ ᠳᠠᠢ᠌ᠯᠪᠣᠷᠢ᠄

①ᠰᠦᠮᠪᠠ ᠬᠠᠮᠪᠣ ᠢᠰᠢᠪᠠᠯᠵᠤᠤᠷ ᠤᠨ 《ᠬᠦᠬᠡ‍ᠨᠠᠭᠤᠷ ᠤᠨ ᠳᠡᠦᠭᠡ ᠡᠰᠡᠷᠸ᠎ᠡ ᠶᠢᠨ ᠰᠢᠨ᠎ᠠ ᠢᠷᠠᠭᠤ ᠳᠠᠭᠤᠯᠠᠯ》 (《ᠳᠡᠭᠡᠳᠤ ᠮᠤᠩᠭ᠋ᠤᠯ ᠤᠨ ᠳᠡᠦᠭᠡᠨ ᠰᠤᠷᠪᠣᠯᠵᠢ ᠪᠢᠴᠢᠭ᠌》  317 ᠳ᠋ᠤᠭᠠᠷ ᠨᠢᠭᠤᠷ ᠳᠤ)

②③④⑤ 《ᠳᠡᠭᠡᠳᠤ ᠮᠤᠩᠭ᠋ᠤᠯ ᠤᠨ ᠳᠡᠦᠭᠡᠨ ᠰᠤᠷᠪᠣᠯᠵᠢ ᠪᠢᠴᠢᠭ᠌》 (ᠰᠦᠮᠪᠠ ᠬᠠᠮᠪᠣ ᠢᠰᠢᠪᠠᠯᠵᠤᠤᠷ ᠤᠨ 《ᠬᠦᠬᠡ‍ᠨᠠᠭᠤᠷ ᠤᠨ ᠳᠡᠦᠭᠡ ᠡᠰᠡᠷᠸ᠎ᠡ ᠶᠢᠨ ᠰᠢᠨ᠎ᠠ ᠳᠠᠭᠤᠯᠠᠯ》 298᠂ 299 ᠳ᠋ᠤᠭᠡᠷ ᠨᠢᠭᠤᠷ)

⑥⑨ 《ᠬᠦᠬᠡ‍ᠨᠠᠭᠤᠷ ᠮᠤᠩᠭ᠋ᠤᠯᠴᠤᠳ ᠤᠨ ᠳᠤᠪᠴᠢ ᠳᠡᠦᠭᠡ》 (312 ᠳ᠋ᠤᠭᠠᠷ ᠨᠢᠭᠤᠷ᠂ 339 ᠳ᠋ᠤᠭᠡᠷ ᠨᠢᠭᠤᠷ)

⑦ ᠸᠠᠩ ᠼᠠᠢ ᠬᠤᠧᠨ ᠶᠢᠨ 《ᠬᠦᠬᠡ‍ᠨᠠᠭᠤᠷ ᠊᠊᠊᠊᠊᠊᠊᠊᠊᠊᠊᠊᠊᠊᠊ ᠳᠡᠭᠡᠳᠤ ᠮᠤᠩᠭ᠋ᠤᠯᠴᠤᠳ ᠤᠨ ᠢᠷᠠᠯ ᠭᠠᠷᠤᠯ ᠪᠣᠯᠤᠨ ᠳᠡᠦᠭᠡᠨ ᠳᠣᠢ᠌ᠮᠤ》 (133 ᠳ᠋ᠤᠭᠠᠷ ᠨᠢᠭᠤᠷ)

⑧ ᠮᠢ ᠶ‍ᠢ ᡁᠢ ᠶᠢᠨ ᠭᠤᠤᠯᠴᠢᠯᠠᠨ ᠨᠠᠢ᠌ᠷᠠᠭᠤᠯᠤᠭᠰᠠᠨ 《ᠬᠦᠬᠡ‍ᠨᠠᠭᠤᠷ ᠮᠤᠩᠭ᠋ᠤᠯ ᠤᠨ ᠳᠤᠪᠴᠢ ᠳᠡᠦᠭᠡ》 (316 ᠳ᠋ᠤᠭᠠᠷ ᠨᠢᠭᠤᠷ)

ᠵᠤᠬᠢᠶᠠᠭᠴᠢ᠄ ᠪᠠᠶᠠᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 15567
ᠴᠠᠭ᠄ 2005 ᠤᠨ ᠤ 08 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ