ᠣᠯᠵᠠᠴᠢ ᠠᠭᠤᠳᠠᠮ ᠳᠠᠯᠠᠪᠠᠢ

ᠥᠩᠭ᠍ᠡ ᠥᠵᠡᠮᠵᠢ ᠭᠤᠶᠤᠮᠰᠤᠭ ᠪᠠᠷᠢᠯᠭ᠎ᠠ

ᠤᠭ᠍ᠶᠤ ᠱᠢᠷᠤ ᠮᠥᠩᠭᠡ ᠨᠤᠭᠤᠭᠠᠨ ᠴᠢᠮᠡᠭ᠍ᠯᠡᠯ

ᠤᠯᠠᠭᠠᠨ᠂ ᠰᠢᠷ᠎ᠠ᠂ ᠬᠤᠠᠳᠤᠨ᠂ ᠶᠠᠭᠠᠨ ᠁

ᠥᠩᠭ᠍ᠡ ᠢᠯᠠᠭᠠᠷᠠᠬᠤ ᠴᠡᠴᠡᠭ᠌ ᠤᠨ ᠮᠦᠰᠢᠶᠠᠯ

ᠵᠡᠭᠦᠳᠤᠨ ᠨᠤᠳᠤᠭ ᠤᠨ ᠵᠤᠨ ᠤ ᠦᠷᠯᠦᠭ᠍ᠡ

ᠵᠤᠰᠠᠯᠠᠩ ᠤᠨ ᠳᠡᠨᠢᠭᠦᠨ ᠴᠢᠭ᠍ᠡᠭ᠍ᠯᠢᠭ᠌ ᠠᠮᠢᠰᠠᠠᠤᠯ

ᠵᠢᠷᠭᠢᠯᠳᠤᠨ ᠳᠤᠩᠭ᠋ᠤᠤᠠᠬᠤ ᠣᠷᠠᠨ ᠪᠣᠯᠵᠤᠮᠤᠷ

ᠵᠢᠷᠦᠭᠡᠨ ᠬᠤᠷᠸ᠎ᠠ ᠶᠢᠨ ᠣᠩᠭ᠋ᠤᠨ ᠬᠠᠢ᠌ᠷ᠎ᠠ


ᠴᠡᠴᠡᠭ᠌ ᠶᠢᠡᠷ ᠪᠦᠷᠢᠭ᠍ᠰᠡᠨ ᠵᠥᠯᠭᠡᠨ ᠭᠡᠪᠢᠰ ᠳᠠᠯ᠎ᠠ

ᠴᠡᠩᠭᠡᠯ ᠶᠢᠡᠷ ᠨᠡᠷᠡᠭ᠍ᠰᠡᠨ ᠨᠠᠢ᠌ᠷ ᠦᠷᠭᠡᠨ ᠳᠡᠭ᠍ᠷᠢ

ᠣᠶᠠᠩᠭ᠋᠎ᠠ ᠨᠠᠢ᠌ᠷᠠᠭ ᠲᠤ ᠡᠰᠨᠢᠨ ᠵᠢᠮᠢᠰᠯᠡᠭᠦ

ᠤᠷᠭᠤᠭ᠎ᠠ ᠨᠤᠭᠤᠭᠠᠨ ᠣᠶᠠᠩᠭ᠋᠎ᠠ ᠶᠢᠨ ᠰᠢᠯᠦᠭ᠌

ᠥᠳᠡᠰᠢ ᠶᠢᠨ ᠳᠡᠷᠭ᠍ᠡᠯ ᠳᠤᠩᠭ᠋ᠠᠯᠠᠭ ᠰᠠᠷᠠ ᠲᠡᠶ

ᠤᠨᠳᠠᠭ᠎ᠠ ᠨᠣᠢ᠌ᠷ ᠤᠨ ᠰᠤᠯᠤᠩᠭ᠋ᠠᠨ ᠵᠡᠭᠦᠳᠤ

ᠭᠢᠯᠠᠷᠠᠬᠤ ᠴᠠᠭᠢᠯᠭᠠᠨ ᠰᠤᠯᠤᠩᠭ᠋ᠠᠷᠠᠠᠠᠤ ᠥᠩᠭᠡ

ᠭᠠᠢ᠌ᠬᠠᠰᠢ ᠠᠯᠳᠠᠮ᠎ᠠ ᠰᠦᠨᠢ ᠶᠢᠨ ᠶ‍ᠢᠷᠳᠢᠠᠴᠤ

ᠭᠠᠪᠢᠷ᠎ᠠ ᠴᠡᠴᠡᠭ᠌ ᠭᠠᠩᠭ᠋ᠠᠩ ᠪᠦᠰᠡᠭᠦᠢᠴᠦᠦᠯ

ᠭᠠᠢ᠌ᠬᠠᠮᠰᠢᠠᠠᠳᠤ ᠡᠷᠡᠨ ᠤ ᠨᠤᠭᠤᠭᠠᠨ ᠬᠠᠢ᠌ᠷ᠎ᠠ


ᠡᠷᠭᠡ ᠣᠰᠤᠨ ᠤ ᠷᠠᠰᠢᠶᠠᠨ ᠰᠦᠷᠴᠢᠮᠠᠯ ᠪᠣᠯᠠᠭ

ᠡᠭᠦᠯᠡ ᠥᠭ᠍ᠡᠢ ᠳᠡᠭ᠍ᠷᠢ ᠶᠢᠨ ᠠᠰᠠᠠᠠᠤ ᠬᠤᠷ᠎ᠠ

ᠮᠤᠯᠦᠷᠡᠷᠳᠡᠨᠢ ᠊᠊᠊᠊᠊᠊᠊᠊᠊᠊᠊᠊᠊᠊᠊ ᠨᠢ᠋ᠮᠠᠨ ᠰᠢᠷᠭ᠎ᠠ

ᠮᠥᠩᠭᠡ ᠭᠡᠢ᠌ᠮᠦᠷᠢ ᠲᠡᠶ ᠠᠳᠤᠭᠤᠨ ᠰᠠᠯᠭᠢ

ᠬᠠᠳᠠᠨ ᠣᠷᠠᠯᠠᠯ ᠰᠢᠩᠭᠡᠯᠢᠭ᠌ ᠤᠨ ᠰᠢᠪᠠᠭᠤ

ᠬᠤᠸᠠᠷ ᠴᠡᠴᠡᠭ᠌ ᠡᠷᠪᠠᠭᠡᠢ ᠵᠢᠨ ᠰᠤᠠᠠᠳᠤᠭᠤᠷᠠᠯ

ᠬᠤᠯᠤᠭᠠᠨ᠎ᠠ᠂ ᠥᠭ᠍ᠡᠷ᠂ ᠪᠠᠷᠰ ᠡᠰᠢ ᠡᠷᠭ᠍ᠡᠳᠡᠨ

ᠭᠤᠶᠤᠮᠰᠢᠭ ᠳᠦᠷᠦᠭᠦᠯᠭᠦ ᠳᠤᠷᠭᠠᠨ ᠬᠠᠢ᠌ᠷ᠎ᠠ

ᠥᠭ᠍‍ᠭᠢᠶᠡᠮᠦᠷ ᠭᠤᠷᠤᠬ᠎ᠠ ᠶᠢᠨ ᠠᠶᠠᠰ ᠭᠦᠭ᠍ᠵᠢᠮ

ᠥᠳᠡᠯᠦᠭ᠍ᠡ ᠡᠵᠢ ᠶᠢᠨ ᠰᠡᠯᠡᠭᠦᠴᠡᠯ ᠬᠠᠩᠭ᠋ᠠᠢ

ᠥᠩᠭ᠍ᠡ ᠪᠣᠯᠢᠶᠠᠯᠳᠤᠠᠠᠰᠠᠨ ᠰᠤᠯᠤᠩᠭ᠋ᠠᠨ ᠳ᠋ᠸᠩ

ᠣᠷᠤᠭ ᠵᠠᠯᠠᠭᠤᠰ ᠤᠨ ᠵᠤᠭᠠᠴᠠᠯ ᠤᠨ ᠬᠠᠷᠭᠤᠢ

ᠭᠦᠰᠡᠯ ᠶᠢᠡᠷ ᠳᠡᠷᠭ᠍ᠡᠯᠯᠡᠭᠦ ᠰᠤᠳᠤᠨ ᠰᠤᠶᠤᠯ ᠤᠨ

ᠭᠦᠳᠡᠯᠮᠦᠷᠢ ᠤᠷᠠᠯᠢᠭ ᠤᠨ ᠨᠠᠷᠢᠯᠢᠭ ᠪᠦᠳᠦᠭ᠍ᠡᠯ

ᠭᠦᠷᠦᠰᠦᠳᠤ ᠬᠤᠷᠸ᠎ᠠ ᠶᠢᠨ ᠨᠠᠢ᠌ᠷᠠᠭ ᠤᠨ ᠳᠡᠭ᠍ᠷᠢ

ᠬᠤᠩᠭ᠋ᠤᠷ ᠵᠢᠷᠦᠭᠡᠨ ᠤ ᠠᠮᠢᠠᠴᠢᠷᠬᠠᠨ ᠬᠠᠢ᠌ᠷ᠎ᠠ  

ᠣᠳᠤᠳ ᠬᠤᠷᠠᠠᠠᠰᠠᠨ ᠭᠡᠢ᠌ᠴᠢᠨ ᠤ ᠦᠷᠦᠭᠡ

ᠣᠢ᠌ᠤᠠᠬᠠᠷ ᠳᠠᠢ᠌ᠯᠠᠬᠤ ᠠᠮᠠᠷᠠᠠᠠᠬᠠᠨ ᠰᠢᠪᠠᠨᠡᠭᠡ

ᠠᠷᠪᠠᠨ ᠳᠠᠪᠤᠨ ᠤ ᠢᠨᠠᠭ ᠥᠨᠦᠰᠦᠯᠳᠡ ᠲᠡᠶ

ᠠᠷᠢᠭᠤᠬᠠᠨ ᠬᠠᠢ᠌ᠷ᠎ᠠ ᠶᠢᠨ ᠨᠠᠷᠠᠨ ᠪᠣᠯᠵᠤᠭ᠎ᠠ

ᠪᠠᠶ᠎ᠠ ᠴᠢᠭᠢᠷᠠᠭᠵᠢᠭᠤᠯᠵᠤ ᠰᠢᠠᠳᠠᠰᠤ ᠴᠢᠩᠭ᠋ᠠᠯᠠᠨ

ᠪᠢᠯᠢᠭ᠌ ᠣᠬᠠᠭᠠᠨ ᠤ ᠣᠷᠮ᠎ᠠ ᠨᠤᠭᠤᠭᠠᠷᠠᠭᠤᠯᠬᠤ

ᠰᠠᠯᠠᠮ᠎ᠠ ᠪᠦᠵᠢᠭᠯᠡᠵᠤ ᠰᠤᠯᠠ ᠠᠯᠠᠠᠤᠯᠠᠠᠠᠤ ᠵᠢᠨ

ᠰᠤᠶᠤᠯ ᠤᠷᠠᠯᠢᠭ ᠤᠨ ᠥᠡᠳᠦᠰᠤᠨ ᠲᠦᠪ

ᠳᠡᠦᠭᠡ ᠱᠠᠰᠳᠢᠷ ᠲᠤ ᠦᠨᠢᠳᠠ ᠬᠤᠨᠤᠠᠠᠰᠢᠬᠤ

ᠳᠡᠭ᠍ᠷᠢᠯᠢᠭ᠌ ᠰᠤᠶᠤᠯ ᠤᠨ ᠮᠥᠩᠭᠡ ᠳᠤᠷᠠᠰᠤᠮᠵᠢ ᠡ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠣᠷᠳᠤᠰ

ᠵᠤᠬᠢᠶᠠᠭᠴᠢ᠄ ᠊ᠭ᠍ᠧ᠊·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12027
ᠴᠠᠭ᠄ 2011 ᠤᠨ ᠤ 01 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ