ᠥᠭᠡᠯᠡᠳ ᠠᠷᠠᠤᠨ ᠤᠨ ᠣᠷᠳᠤ ᠶᠢᠨ ᠳᠠᠭᠤᠤ

ᠮᠤᠩᠭ᠋ᠤᠯᠴᠤᠳ ᠤᠨ ᠣᠷᠳᠤ ᠶᠢᠨ ᠳᠠᠭᠤᠤ ᠪᠣᠯ᠂ ᠮᠤᠩᠭ᠋ᠤᠯ ᠳᠠᠭᠤᠤ ᠣᠷᠠᠯᠢᠭ ᠤᠨ ᠪᠠᠯᠭᠡ ᠳᠡᠮᠳᠡᠭ᠌ ᠪᠦᠭᠡᠳ ᠣᠳᠤ ᠰᠤᠳᠤ ᠨᠢ ᠪᠣᠯᠤᠨ᠎ᠠ᠃ ᠳᠠᠷᠠ ᠨᠢ ᠳᠡᠯᠡᠭᠡᠢ ᠨᠠᠢ᠌ᠳᠠ ᠶᠢᠨ ᠣᠯᠠᠨ ᠭᠡᠯᠪᠠᠷᠢ ᠶᠢᠨ ᠳᠠᠭᠤᠯᠠᠬᠤ ᠭᠦᠭ᠌ ᠲᠤ ᠨᠠᠮᠠᠷᠢ ᠬᠠᠠᠳᠢᠪ ᠪᠣᠯᠤᠭᠰᠠᠨ ᠡᠷᠳᠡᠨᠢᠰ ᠤᠨ ᠰᠠᠩ ᠪᠢᠯᠠ᠃

ᠥᠭᠡᠯᠡᠳ ᠠᠷᠠᠤᠨ ᠤᠨ ᠣᠷᠳᠤ ᠶᠢᠨ ᠳᠠᠭᠤᠤ ᠨᠢ᠂ ᠮᠤᠩᠭ᠋ᠤᠯ ᠣᠷᠳᠤ ᠶᠢᠨ ᠳᠠᠭᠤᠤ ᠶᠢᠨ ᠳᠤᠳᠤᠷ᠎ᠠ ᠡᠴᠠ ᠢᠷᠠᠭᠤ ᠰᠠᠢ᠌ᠬᠠᠨ ᠶᠠᠷᠤ ᠪᠣᠰᠤ ᠶᠢᠨ ᠭᠡᠪ ᠨᠠᠮᠪᠠ ᠲᠡᠶ᠂ ᠭᠤᠶᠤ ᠰᠠᠢ᠌ᠬᠠᠨ ᠤᠶᠠᠩ‍ᠭ᠎ᠠ ᠣᠠᠴᠠᠯᠢᠭ ᠲᠡᠶ ᠪᠦᠭᠡᠳ ᠥᠭᠡᠯᠡᠳᠴᠥᠳ ᠤᠨ ᠡᠷᠳᠡᠨ ᠤ ᠡᠭᠡᠰᠢᠭ᠌ ᠡᠭᠦᠰᠭᠡᠭᠦ ᠵᠦᠢ᠌ ᠶᠢᠨ ᠰᠡᠳᠬᠢᠯᠭᠡ ᠶᠢᠨ ᠣᠠᠴᠠᠯᠢᠭ ᠲᠡᠶ ᠰᠢᠭᠤᠳ ᠨᠥᠭᠦᠴᠡᠯᠳᠦᠵᠤ ᠭᠦᠭ᠍ᠵᠢᠵᠤ ᠢᠷᠡᠭ᠍ᠰᠡᠨ ᠪᠠᠢ᠌ᠨ᠎ᠠ᠃

ᠭᠡᠪᠠᠴᠤ᠂ ᠮᠠᠠᠵᠤ ᠴᠢᠩ ᠤᠨ ᠦᠶ᠎ᠡ ᠡᠴᠠ ᠡᠭᠢᠯᠡᠭᠡᠳ᠂ ᠥᠭᠡᠯᠡᠳ ᠳᠠᠭᠤᠤ ᠶᠢᠨ ᠭᠦᠭ᠍ᠵᠢᠯᠳᠡ ᠳᠤ ᠶᠡᠭᠡᠭᠡᠨ ᠳᠠᠯᠭᠢᠭᠳᠠᠯ ᠰᠥᠨᠦᠭᠡᠯ ᠣᠴᠠᠷᠠᠭᠰᠠᠨ ᠶᠤᠮ᠃ ᠣᠴᠢᠷ ᠨᠢ ᠥᠭᠡᠯᠡᠳᠴᠥᠳ ᠭᠠᠯᠳᠠᠨ ᠪᠣᠱᠤᠭᠳᠤ ᠬᠠᠭᠠᠨ ᠡᠴᠠ ᠠᠮᠤᠷᠰᠠᠨᠠᠭ᠎ᠠ ᠬᠠᠨ ᠳᠡᠭ᠍ᠷᠢ ᠥᠭᠡᠳᠡ ᠪᠣᠯᠳᠠᠯ᠎ᠠ ᠮᠠᠠᠵᠤ ᠴᠢᠩ ᠤᠨ ᠨᠤᠶᠠᠷᠬᠠᠯ ᠡᠵᠡᠷᠭᠡᠭᠯᠡᠯᠳᠡ ᠶᠢ ᠡᠰᠡᠷᠭᠦᠴᠡᠭᠡᠳ᠂ ᠮᠠᠠᠵᠤ ᠴᠢᠩ ᠪᠠ ᠳᠡᠭᠦᠨ ᠢ ᠳᠠᠭᠠᠷ᠎ᠠ ᠣᠷᠤᠭᠰᠠᠨ ᠣᠯᠠᠨ ᠠᠢ᠌ᠮᠠᠭ ᠲᠤ ᠳᠠᠷᠤᠭᠳᠠᠵᠤ ᠶᠡᠭᠡᠪᠠᠷ ᠭᠢᠳᠤᠭᠳᠠᠨ ᠠᠯᠠᠭᠳᠠᠵᠤ᠂ ᠡ᠊ᠨᠳᠡ ᠳᠠᠠᠳᠠ ᠪᠣᠳᠠᠷᠠᠭᠠᠨ ᠴᠥᠯᠡᠭ᠍ᠳᠡᠭ᠍ᠰᠡᠨ ᠪᠠᠢ᠌ᠨ᠎ᠠ᠃ ᠥᠭᠡᠯᠡᠳᠴᠥᠳ ᠤᠨ ᠣᠯᠤᠰ ᠳᠦᠷᠤ᠂ ᠰᠤᠶᠤᠯ᠂ ᠠᠵᠤ ᠠᠬᠤᠢ ᠡᠯ᠎ᠡ ᠳᠠᠯ᠎ᠠ ᠪᠠᠷ ᠮᠠᠠᠵᠤ ᠶᠢᠨ ᠭᠢᠨᠠᠯᠳᠠ ᠶᠢᠨ ᠳᠤᠤᠷ᠎ᠠ ᠣᠷᠤᠵᠤ᠂ ᠬᠤᠴᠤᠷᠠᠩᠭ᠋ᠤᠢ ᠪᠣᠯᠤᠨ ᠳᠠᠯᠭᠢᠭᠳᠠᠪᠠ᠃ ᠳᠤᠬᠠᠢ ᠶᠢᠨ ᠦᠶ᠎ᠡ ᠳᠤ ᠥᠭᠡᠯᠡᠳ ᠠᠷᠠᠤᠨ ᠤᠨ ᠳᠤᠮᠳᠠ᠂ ᠳᠡᠦᠭᠡᠨ ᠲᠦᠰᠢᠶ᠎ᠠ ᠥᠵᠡᠭ᠍ᠳᠡᠯ ᠪᠦᠭᠦᠢ ᠭᠤᠨᠢᠭ ᠭᠤᠳᠤᠷᠠᠯ ᠤᠨ ᠥᠩᠭᠡ ᠪᠣᠳᠤᠭ ᠲᠡᠶ ᠡᠷᠳᠡᠨ ᠤ ᠳᠠᠭᠤᠤ ᠨᠤᠭᠤᠳ ᠨᠠᠯᠢᠶᠠᠤᠨ ᠭᠠᠷᠤᠭᠰᠠᠨ ᠪᠠᠢ᠌ᠨ᠎ᠠ᠃

ᠵᠢᠱᠢᠶᠠᠯᠠᠪᠠᠯ᠄ 《ᠴᠠᠰᠤᠳᠤ ᠬᠠᠩᠭ᠋ᠠᠢ》 ᠮᠠᠳᠤ ᠶᠢᠨ ᠳᠠᠭᠤᠤ ᠨᠤᠭᠤᠳ ᠪᠣᠯ ᠳᠤᠬᠠᠢ ᠶᠢᠨ ᠦᠶ᠎ᠡ ᠶᠢᠨ ᠥᠭᠡᠯᠡᠳᠴᠥᠳ ᠤᠨ ᠳᠡᠦᠭᠡᠨ ᠦᠨᠡᠨ ᠢ ᠬᠠᠷᠠᠭᠤᠯᠤᠭᠰᠠᠨ ᠳᠤᠳᠤᠭᠠᠳᠤ ᠰᠡᠳᠬᠢᠯᠭᠡ ᠶᠢᠨ ᠭᠢᠨᠢ ᠵᠢᠷᠤᠭᠯᠠᠯ ᠪᠣᠯᠬᠤ ᠪᠢᠯᠠ᠃ ᠡᠳᠡᠭᠡᠷ ᠳᠠᠭᠤᠤ ᠨᠤᠭᠤᠳ ᠤᠨ ᠵᠤᠬᠢᠶᠠᠮᠵᠢ ᠨᠢ ᠵᠢᠷ ᠤᠨ ᠡᠭᠡᠯ ᠪᠣᠷᠤᠭᠵᠢᠭᠤᠨ᠂ ᠴᠤᠭᠢᠯᠭ᠎ᠠ ᠨᠢ ᠣᠳᠠᠭᠠᠪᠳᠤᠷ᠂ ᠣᠷᠠᠨ ᠭᠢᠴᠠ ᠨᠢ ᠪᠣᠯᠭᠢᠳᠠᠬᠤ ᠪᠣᠯᠪᠠᠴᠤ ᠡᠷᠳᠡᠨ ᠤ ᠳᠠᠭᠤᠨ ᠤ ᠦᠨᠦᠷ ᠠᠮᠳᠠ ᠪᠠᠷ ᠬᠠᠩᠬᠤᠯᠤᠮ᠎ᠠ ᠪᠦᠭᠡᠳ ᠪᠠᠢ᠌ᠭᠠᠯᠢᠭ ᠶᠤᠮ᠃

《ᠴᠠᠰᠤᠳᠤ ᠬᠠᠩᠭ᠋ᠠᠢ》 ᠭᠡᠳᠡᠭ᠌ ᠥᠭᠡᠯᠡᠳ ᠠᠷᠠᠤᠨ ᠤᠨ ᠣᠷᠳᠤ ᠶᠢᠨ ᠳᠠᠭᠤᠤ ᠪᠣᠯ ᠠᠷᠪᠠᠨ ᠳᠤᠯᠤᠳᠤᠭᠠᠷ ᠵᠠᠭᠤᠨ ᠤ ᠰᠡᠭᠦᠯᠴᠢ ᠶᠢᠨ ᠦᠶ᠎ᠡ ᠠᠷᠪᠠᠨ ᠨᠢ᠋ᠮᠠᠳᠤᠭᠠᠷ ᠵᠠᠭᠤᠨ ᠤ ᠡᠭᠢᠨ ᠤ ᠦᠶ᠎ᠡ ᠪᠠᠷ ᠭᠠᠷᠤᠭᠰᠠᠨ ᠳᠠᠭᠤᠤ ᠪᠣᠯᠤᠨ᠎ᠠ᠃ ᠳᠤᠰ ᠳᠠᠭᠤᠤ ᠳᠤ ᠥᠭᠡᠯᠡᠳᠴᠥᠳ᠂ ᠮᠠᠠᠵᠤ ᠴᠢᠩ ᠳᠤ ᠳᠠᠷᠤᠭᠳᠠᠨ᠂ ᠪᠣᠭᠤᠯᠴᠢᠯᠠᠭᠳᠠᠨ ᠳᠠᠷᠤᠯᠠᠭᠳᠠᠵᠤ᠂ ᠭᠢᠳᠤᠨ ᠠᠯᠠᠭᠳᠠᠵᠤ᠂ ᠪᠣᠳᠠᠷᠠᠨ ᠰᠠᠷᠨᠢᠵᠤ ᠪᠠᠢ᠌ᠭ᠎ᠠ ᠳᠡᠦᠭᠡᠨ ᠦᠨᠡᠨ ᠢ ᠬᠠᠷᠠᠭᠤᠯᠤᠭᠰᠠᠨ ᠪᠠᠢ᠌ᠨ᠎ᠠ᠃

ᠠᠮᠢᠳᠠᠨ ᠤ ᠶ‍ᠢᠷᠢᠳᠢᠠᠴᠤ ᠶᠢᠨ ᠲᠦᠮᠡᠨ ᠪᠣᠮᠠᠨ ᠥᠵᠡᠭ᠍ᠳᠡᠯ ᠡᠴᠠ ᠳᠠᠪᠤᠨ ᠬᠤᠰᠢᠭᠤ ᠮᠠᠯ ᠤᠨ ᠨᠢᠭᠡ ᠳᠡᠮᠡᠭᠡ ᠨᠤᠳᠤᠭ ᠡᠴᠠ ᠪᠠᠨ ᠰᠠᠯᠵᠤ ᠶᠠᠪᠣᠬᠤ ᠳᠠᠭᠠᠨ ᠨᠢᠯᠪᠣᠰᠤᠳᠠᠢ ᠪᠠᠷ ᠪᠣᠢ᠌ᠯᠠᠨ ᠶᠠᠪᠣᠳᠠᠭ ᠪᠠ ᠬᠤᠯᠠ ᠶᠠᠪᠣᠭᠰᠠᠨ ᠠᠳᠤᠭᠤ ᠮᠤᠷᠢᠳ᠂ ᠭᠦᠭᠡ ᠨᠤᠭᠤᠭ᠎ᠠ ᠳᠡᠯᠭᠡᠷᠡᠵᠤ᠂ ᠭᠦᠭᠡᠭᠡ ᠰᠢᠪᠠᠭᠤ ᠳᠤᠩᠭ᠋ᠤᠳᠤᠭᠰᠠᠨ ᠡᠷᠡᠨ ᠶᠢᠡᠷ᠂ ᠠᠯᠤᠰ ᠬᠤᠯᠠ ᠡᠴᠠ ᠰᠢᠭᠤᠳ ᠨᠤᠳᠤᠭ ᠣᠰᠤᠨ ᠳᠠᠭᠠᠨ ᠪᠣᠴᠠᠵᠤ ᠢᠷᠡᠳᠡᠭ᠌ ᠢ ᠮᠠᠯᠴᠢᠨ ᠭᠦᠮᠤᠨ ᠪᠦᠷᠢ ᠮᠡᠳᠡᠭᠦ ᠪᠢᠯᠠ᠃ ᠳᠤᠰ ᠳᠠᠭᠤᠤ ᠳᠤ ᠡᠨᠡᠭᠦ ᠥᠵᠡᠭ᠍ᠳᠡᠯ ᠶᠢᠡᠷ ᠳᠠᠮᠵᠢᠭᠤᠯᠤᠨ᠂ ᠥᠭᠡᠯᠡᠳᠴᠥᠳ ᠤᠨ ᠨᠤᠳᠤᠭ ᠣᠰᠤ᠂ ᠡᠴᠢᠭᠡ ᠡᠭᠡ᠂ ᠳᠦᠷᠤᠯ ᠰᠠᠳᠤᠨ ᠡᠴᠠ ᠪᠠᠨ ᠰᠠᠯᠵᠤ ᠶᠠᠳᠠᠭᠰᠠᠨ ᠭᠤᠨᠢᠭᠳᠤ ᠰᠡᠳᠭᠢᠯ ᠢ ᠢᠯᠡᠷᠡᠭᠦᠯᠦᠭ᠍ᠰᠡᠨ ᠪᠠᠢ᠌ᠨ᠎ᠠ᠃

ᠥᠭᠡᠯᠡᠳ ᠠᠷᠠᠤᠨ ᠤᠨ ᠣᠷᠳᠤ ᠶᠢᠨ ᠳᠠᠭᠤᠤ ᠶᠢᠨ ᠳᠡᠦᠭᠡᠨ ᠡᠭᠦᠰᠭᠡᠯ ᠡᠴᠠ ᠳᠤᠯᠢᠬᠠᠨ ᠶᠠᠷᠢᠪᠠᠯ᠂ ᠮᠤᠩᠭ᠋ᠤᠯ ᠣᠯᠤᠰ ᠤᠨ ᠠᠯᠳᠠᠷᠠᠳᠤ ᠡᠷᠳᠡᠮᠳᠡᠨ ᠹ᠊·ᠬᠤᠷᠯᠤ ᠡᠷᠳᠡᠨ ᠤ ᠳᠠᠭᠤᠨ ᠤ ᠠᠶ᠎ᠠ ᠡᠭᠦᠰᠦᠯ ᠤᠨ ᠳᠤᠬᠠᠢ 《ᠣᠷᠳᠤ ᠶᠢᠨ ᠳᠠᠭᠤᠤ ᠠᠽᠢᠶ᠎ᠠ ᠳᠢᠪ ᠤᠨ ᠡᠷᠳᠡᠨ ᠤ ᠨᠡᠭᠦᠳᠡᠯᠴᠢᠳ ᠤᠨ ᠳᠤᠮᠳᠠ ᠦᠷᠭᠡᠨ ᠶᠢᠡᠷ ᠳᠡᠯᠭᠡᠷᠡᠵᠡᠢ᠃ ᠡᠭᠦᠨ ᠢ ᠳᠡᠦᠭᠡᠨ ᠰᠤᠷᠪᠣᠯᠵᠢ ᠪᠢᠴᠢᠭ᠌ ᠡᠴᠠ ᠥᠵᠡᠭᠦ ᠳᠤ ᠭᠤᠷᠪᠠᠳᠤᠭᠠᠷ ᠵᠠᠭᠤᠨ ᠤ ᠦᠶ᠎ᠡ ᠶᠢᠨ ᠾᠦᠩᠨᠦ ᠨᠡᠷ ᠣᠶᠠᠩᠭ᠋ᠠᠯᠠᠭᠰᠠᠨ ᠣᠷᠳᠤ ᠠᠶ᠎ᠠ ᠲᠡᠶ ᠳᠠᠭᠤᠤ ᠳᠠᠭᠤᠯᠠᠵᠤ ᠪᠠᠢ᠌ᠭᠰᠠᠨ ᠳᠡᠮᠳᠡᠭᠯᠡᠯ ᠪᠣᠢ᠃ ᠾᠦᠩᠨᠦ ᠶᠢᠨ ᠬᠠᠭᠠᠨ ᠤ ᠱᠠᠩ ᠢᠤᠢ ᠬᠠᠳᠤᠨ ᠡᠴᠠ ᠭᠠᠷᠤᠭᠰᠠᠨ ᠬᠤᠶᠠᠷ ᠦᠬᠢᠨ ᠤ ᠪᠠᠭ᠎ᠠ ᠶᠢᠨ ᠭᠢᠨᠢ ᠦᠪᠡᠷᠰᠠᠤᠨ ᠶᠢᠡᠨ ᠨᠢᠭᠡᠨ ᠠᠢ᠌ᠮᠠᠭ ᠣᠯᠤᠰ ᠪᠣᠯᠤᠭᠰᠠᠨ ᠪᠠ ᠳᠠᠳᠠ ᠴᠢᠨ᠋ᠸ᠎ᠠ ᠣᠯᠢᠬᠤ ᠲᠡᠶ ᠳᠦᠰᠦᠭᠡᠳᠡᠢ ᠣᠷᠳᠤ ᠳᠠᠭᠤᠤ ᠣᠶᠠᠩᠭ᠋ᠠᠯᠠᠨ ᠳᠠᠭᠤᠯᠠᠬᠤ ᠳᠤᠷᠠᠳᠠᠢ ᠪᠠᠢ᠌ᠭᠰᠠᠨ》 ᠭᠡᠵᠤ ᠥᠭᠦᠯᠡᠭ᠍ᠰᠡᠨ ᠮᠠᠳᠤ ᠪᠠᠷ᠂ ᠥᠭᠡᠯᠡᠳᠴᠥᠳ ᠤᠨ ᠭᠦᠭ᠍ᠵᠢᠮ ᠤᠨ ᠡᠭᠡᠰᠢᠭ᠌ ᠳᠠᠭᠤᠷᠢᠰᠬᠤ ᠠᠷᠭ᠎ᠠ ᠣᠬᠠᠭᠠᠨ ᠨᠢ ᠮᠠᠯ ᠮᠠᠯᠯᠠᠬᠤ ᠨᠡᠭᠦᠳᠡᠯ ᠠᠮᠢᠳᠤᠷᠠᠯ᠂ ᠭᠦᠮᠤᠨ ᠪᠠᠢ᠌ᠭᠠᠯᠢ᠂ ᠮᠠᠯ ᠰᠦᠷᠦᠭ᠌ ᠶᠢᠡᠨ ᠬᠠᠢ᠌ᠷᠠᠯᠠᠬᠤ ᠰᠡᠳᠭᠢᠯ ᠲᠡᠶ ᠬᠤᠤᠰᠯᠠᠵᠤ ᠢᠷᠡᠭ᠍ᠰᠡᠨ ᠳᠡᠦᠭᠡ ᠲᠡᠶ ᠶᠤᠮ᠃

《ᠥᠭᠡᠯᠡᠳᠴᠥᠳ ᠡᠷᠳᠡ ᠳᠡᠭᠡᠳᠤ ᠡᠴᠠ ᠪᠠᠨ ᠠᠪᠣᠭᠠᠤᠨ ᠳᠠᠭᠤᠯᠠᠨ ᠣᠶᠠᠩᠭ᠋ᠠᠯᠠᠵᠤ᠂ ᠦᠷ᠎ᠡ ᠲᠦᠯ ᠶᠢᠡᠨ ᠭᠤᠯᠤᠭᠰᠠᠨ ᠮᠠᠯ ᠤᠨ ᠲᠦᠯ ᠠᠪᠣᠭᠤᠯᠬᠤ᠂ ᠡᠭᠡ ᠨᠢ ᠥᠭᠦᠭ᠍ᠰᠡᠨ ᠳᠤᠭᠤᠯ ᠢ ᠥᠭᠡᠷ᠎ᠡ ᠡᠭᠡ ᠳᠤ ᠳᠡᠯᠡᠭᠢᠭᠦᠯᠭᠦ᠂ ᠲᠦᠯ ᠨᠢ ᠥᠭᠦᠭ᠍ᠰᠡᠨ ᠢᠩᠭᠡ᠂ ᠢᠮᠠᠭ᠎ᠠ᠂ ᠦᠨᠢᠶ᠎ᠡ ᠶᠢ ᠬᠠᠢ᠌ᠳᠠᠭᠰᠢᠭᠤᠯᠵᠤ ᠰᠠᠭᠠᠳᠠᠭ᠃ ᠪᠠᠰᠠ ᠠᠶᠤᠩᠭ᠎ᠠ ᠴᠠᠭᠢᠯᠭᠠᠨ ᠨᠢᠵᠢᠭᠢᠨᠡᠭᠦ᠂ ᠴᠢᠨ᠋ᠸ᠎ᠠ ᠣᠯᠢᠬᠤ᠂ ᠮᠠᠯ ᠰᠦᠷᠦᠭ᠌ ᠨᠠᠳᠬᠤᠨ ᠦᠷᠭᠦᠭᠦ ᠳᠤ ᠶᠡᠭᠡ ᠳᠠᠭᠤᠨ ᠶᠢᠡᠷ ᠴᠤᠭᠢᠯᠭ᠎ᠠ ᠲᠡᠶ ᠬᠠᠰᠭᠢᠷᠴᠤ ᠵᠤᠭᠰᠤᠭᠠᠳᠠᠭ᠂ ᠨᠡᠭᠦᠳᠡᠯ ᠤᠨ ᠥᠭᠡᠷ ᠳᠡᠷᠭᠡ ᠶᠢᠨ ᠴᠤᠪᠣᠭ᠎ᠠ ᠪᠣᠶᠤ ᠳᠡᠮᠡᠭᠡᠨ ᠵᠢᠩ ᠭᠦᠳᠡᠯᠭᠡᠨ ᠶᠠᠪᠣᠭᠤᠯᠬᠤ ᠪᠣᠶᠤ ᠵᠤᠭᠰᠤᠭᠠᠬᠤ ᠳᠠᠭᠠᠨ ᠪᠦᠷ ᠠᠢ᠌ᠵᠢᠮ ᠴᠤᠭᠢᠯᠭ᠎ᠠ ᠲᠡᠶ ᠳᠠᠭᠤᠨ ᠵᠢᠠᠷ  ᠣᠶᠠᠩᠭ᠋ᠠᠯᠠᠵᠤ ᠭᠦᠢᠴᠡᠳᠭᠡᠳᠡᠭ᠌᠃ ᠮᠠᠯ ᠰᠦᠷᠦᠭ᠌ ᠶᠢᠡᠨ ᠬᠠᠷᠢᠭᠤᠯᠵᠤ ᠶᠠᠪᠣᠬᠤ ᠪᠣᠶᠤ ᠮᠠᠨᠠᠵᠤ᠂ ᠬᠤᠨᠤᠬᠤ ᠠᠪᠠᠯᠠᠵᠤ ᠭᠦᠷᠦᠭᠡᠯᠡᠭᠦ ᠳᠡᠭᠡᠨ᠂ ᠬᠤᠷᠠᠭ᠎ᠠ ᠢᠰᠢᠭᠡ ᠶᠢᠨ ᠳᠠᠭᠤᠨ᠂ ᠣᠨᠠᠭ᠎ᠠ ᠳᠠᠭ᠎ᠠ ᠶᠢᠨ ᠢᠠᠴᠠᠭᠠᠬᠤ ᠳᠠᠭᠤᠨ᠂ ᠪᠢᠷᠠᠭᠤ ᠳᠤᠭᠤᠯ ᠤᠨ ᠮᠥᠭᠡᠷᠡᠭᠦ ᠳᠠᠭᠤᠨ᠂ ᠭᠡᠭᠡᠷ᠎ᠡ ᠶᠢᠨ ᠠᠮᠢᠳᠠᠨ ᠤ ᠳᠠᠭᠤᠨ᠂ ᠰᠢᠪᠠᠭᠤᠳ ᠤᠨ ᠵᠢᠷᠭᠢᠯᠳᠡ᠂ ᠭᠦᠭᠦᠭᠡ ᠶᠢᠨ ᠳᠤᠩᠭ᠋ᠤᠳᠤᠯ᠂ ᠠᠭᠤᠯᠠᠨ ᠴᠤᠤᠷᠢᠶ᠎ᠠ᠂ ᠴᠢᠨ᠋ᠸ᠎ᠠ ᠶᠢᠨ ᠣᠯᠢᠯᠳᠠ ᠁ ᠵᠡᠷᠭᠡ ᠪᠠᠢ᠌ᠭᠠᠯᠢ ᠶ‍ᠢᠷᠳᠢᠠᠴᠤ ᠶᠢᠨ ᠳᠠᠭᠤᠨ ᠢ ᠰᠤᠨᠤᠰᠴᠤ᠂ ᠳᠠᠭᠤᠷᠢᠶᠠᠵᠤ ᠠᠪᠢᠶᠠᠯᠠᠨ ᠣᠶᠠᠩᠭ᠋ᠠᠯᠠᠭᠳᠠᠭ ᠪᠠᠢ᠌ᠨ᠎ᠠ᠃

ᠡᠨᠡ ᠪᠣᠯ ᠪᠠᠯᠠᠷᠯᠢᠭ ᠭᠦᠭ᠍ᠵᠢᠮ ᠳᠠᠭᠤᠤ ᠶᠢᠨ ᠡᠭᠡᠰᠢᠭ᠌ ᠡᠭᠦᠰᠭᠡᠭᠦ ᠠᠷᠭ᠎ᠠ ᠪᠠᠷᠢᠯ ᠪᠣᠯᠬᠤ ᠶᠤᠮ᠃ ᠥᠭᠡᠯᠡᠳᠴᠥᠳ ᠡᠷᠳᠡ ᠳᠡᠭᠡᠳᠦᠰ ᠡᠴᠠ ᠪᠠᠨ ᠳᠠᠭᠤᠴᠢ᠂ ᠭᠦᠭ᠍ᠵᠢᠮᠴᠢ ᠮᠤᠩᠭ᠋ᠤᠯ ᠣᠭᠰᠠᠭᠠᠳᠠᠨ ᠶᠤᠮ᠃ ᠥᠭᠡᠯᠡᠳᠴᠥᠳ ᠲᠤ ᠣᠯᠠᠨ ᠰᠠᠢ᠌ᠬᠠᠨ ᠣᠷᠳᠤ ᠶᠢᠨ ᠳᠠᠭᠤᠤ ᠨᠤᠭᠤᠳ ᠪᠠᠢ᠌ᠳᠠᠭ ᠰᠠᠨ᠃ ᠵᠢᠱᠢᠶᠠᠯᠠᠪᠠᠯ᠄ 《ᠠᠷᠪᠠᠨ ᠳᠠᠪᠣᠳᠤᠭᠠᠷ ᠵᠠᠭᠤᠨ ᠤ ᠳᠤᠮᠳᠠᠴᠢ ᠪᠠᠷ ᠥᠭᠡᠯᠡᠳ ᠤᠨ ᠡᠰᠡᠨ ᠬᠠᠭᠠᠨ᠂ ᠳᠦᠮᠤᠪᠣᠤ ᠶᠢᠨ ᠭᠡᠷᠡᠭ᠌ ᠬᠤᠪᠢᠰᠤᠯ ᠳᠤ ᠮᠢᠩ ᠣᠯᠤᠰ ᠤᠨ ᠢᠩᠽᠦᠩ ᠬᠠᠭᠠᠨ ᠢ ᠠᠮᠢᠳᠤ ᠪᠠᠷ ᠪᠠᠷᠢᠪᠴᠢᠯᠠᠭᠰᠠᠨ ᠤ ᠳᠡᠷᠠᠭ᠎ᠠ 《᠁ ᠡᠰᠡᠨ ᠬᠠᠭᠠᠨ ᠳᠡᠭᠦᠨ ᠳᠤ ᠶᠤᠰᠤᠯᠠᠯ ᠵᠢᠷᠤᠮ ᠶᠢᠡᠷ ᠬᠠᠷᠠᠭᠠᠯᠵᠠᠨ ᠭᠦᠡᠳᠦᠯᠡᠵᠤ ᠦᠷᠭᠦᠯᠵᠢ ᠪᠠᠶ᠎ᠠ ᠪᠠᠷ ᠶᠢᠡᠨ ᠬᠤᠪᠢᠰ ᠭᠦᠭ᠍ᠵᠢᠮᠳᠡᠨ᠂ ᠨᠠᠢ᠌ᠷ ᠪᠠᠷᠢᠵᠤ᠂ ᠠᠷᠢᠭᠢ ᠮᠢᠬ᠎ᠠ᠂ ᠠᠮᠳᠠᠳᠤ ᠢᠳᠡᠭᠡᠨ ᠶᠢᠡᠷ ᠳᠠᠢ᠌ᠯᠠᠨ ᠭᠢᠴᠢᠶᠡᠩᠭᠦᠢᠯᠡᠵᠤ ᠪᠠᠢ᠌ᠪᠠ ᠁》᠂ 《1450 ᠣᠨ ᠳᠤ ᠮᠢᠩ ᠣᠯᠤᠰ ᠤᠨ ᠢᠩᠽᠦᠩ ᠬᠠᠭᠠᠨ ᠢ ᠪᠣᠴᠠᠭᠠᠬᠤ ᠳᠤ ᠡᠰᠡᠨ ᠬᠠᠭᠠᠨ ᠬᠤᠯᠠ ᠭᠠᠷᠳᠠᠯ᠎ᠠ ᠥᠳᠡᠵᠤ᠂ ᠬᠤᠪᠢᠰ ᠭᠦᠭ᠍ᠵᠢᠮᠳᠡᠨ᠂ ᠦᠪᠡᠷ ᠶᠢᠡᠨ ᠳᠠᠭᠤᠯᠠᠨ ᠭᠦᠭ᠍ᠵᠢᠮᠳᠡᠭ᠍ᠰᠡᠨ ᠳᠤ᠂ ᠢᠩᠽᠦᠩ ᠬᠠᠭᠠᠨ ᠨᠢᠯᠪᠣᠰᠤ ᠠᠰᠠᠭᠷᠠᠭᠤᠯᠵᠤ ᠪᠠᠢ᠌ᠯ᠎ᠠ ᠁》 ᠭᠡᠵᠤ ᠮᠢᠩ ᠣᠯᠤᠰ ᠤᠨ ᠳᠡᠦᠭᠡ ᠪᠠ 《ᠣᠮᠠᠷᠠᠳᠤ ᠶᠤᠸᠠᠨ ᠤ ᠳᠡᠦᠭᠡ》 ᠳ᠋ᠤ ᠳᠡᠮᠳᠡᠭᠯᠡᠭ᠍ᠰᠡᠨ ᠪᠠ ᠪᠠᠰᠠ 《ᠭᠠᠯᠳᠠᠨ ᠪᠣᠱᠤᠭᠳᠤ ᠬᠠᠭᠠᠨ ᠦᠪᠡᠷ ᠤᠨ ᠪᠠᠶ᠎ᠠ ᠪᠠᠷ ᠶᠢᠡᠨ ᠭᠠᠪᠢᠶ᠎ᠠ ᠪᠠᠢ᠌ᠭᠤᠯᠤᠭᠰᠠᠨ ᠵᠠᠢ᠌ᠰᠠᠩ ᠨᠤᠭᠤᠳ ᠲᠤ ᠠᠷᠢᠭᠢ ᠪᠠᠷᠢᠵᠤ ᠮᠢᠬ᠎ᠠ ᠣᠭᠳᠤᠯᠵᠤ᠂ ᠳᠠᠭᠤᠤ ᠳᠠᠭᠤᠯᠠᠵᠤ ᠥᠭ᠍ᠳᠡᠭ᠌ ᠁》 ᠭᠡᠵᠤ 《ᠤᠢ᠌ᠷᠠᠤᠨ ᠳᠡᠦᠭᠡᠨ ᠰᠦᠷᠪᠣᠯᠵᠢ ᠪᠢᠴᠢᠭ᠌》 ᠲᠤ ᠳᠡᠮᠳᠡᠭᠯᠡᠭ᠍ᠰᠡᠨ ᠡᠴᠠ ᠥᠵᠡᠭᠦ ᠳᠤ ᠥᠭᠡᠯᠡᠳᠴᠥᠳ ᠳᠡᠦᠭᠡᠨ ᠡᠴᠠ ᠪᠠᠨ ᠠᠪᠣᠭᠠᠤᠨ ᠳᠠᠭᠤᠴᠢ᠂ ᠣᠷᠠᠯᠢᠭᠴᠢ ᠣᠭᠰᠠᠭᠠᠳᠠᠨ ᠪᠣᠯᠬᠤ ᠶᠤᠮ᠃

ᠭᠡᠪᠠᠴᠤ ᠰᠡᠭᠦᠯᠡᠷ ᠨᠢ ᠥᠭᠡᠯᠡᠳᠴᠥᠳ᠂ ᠮᠠᠠᠵᠤ ᠴᠢᠩ ᠪᠠ ᠡᠵᠡᠷᠭᠡᠭ᠌ ᠳᠦᠷᠢᠮᠡᠭᠡᠢ᠌ᠳᠡᠨ ᠤ ᠳᠠᠷᠤᠯᠠᠯ ᠮᠦᠯᠵᠢᠯ ᠢ ᠬᠠᠠᠳᠠᠯ᠎ᠠ ᠠᠮᠠᠰᠴᠤ᠂ ᠣᠷᠳᠤ ᠶᠢᠨ ᠳᠠᠭᠤᠤ ᠪᠠᠨ ᠣᠯᠠᠮᠵᠢᠯᠠᠨ ᠭᠦᠭ᠍ᠵᠢᠭᠦᠯᠭᠦ ᠪᠠᠢ᠌ᠳᠤᠭᠠᠢ᠂ ᠨᠠᠷᠭᠢᠨ ᠳᠠᠭᠤᠯᠠᠬᠤ ᠳᠤ ᠭᠦᠷᠳᠡᠯ᠎ᠡ ᠭᠢᠵᠠᠭᠠᠷᠯᠠᠭᠳᠠᠵᠤ᠂ ᠣᠯᠠᠨ ᠣᠯᠠᠨ ᠰᠠᠢ᠌ᠬᠠᠨ ᠳᠠᠭᠤᠤ ᠨᠤᠭᠤᠳ ᠰᠢᠷᠭᠢᠨ ᠪᠣᠯᠠᠭᠳᠠᠭᠰᠠᠨ ᠪᠠᠢ᠌ᠨ᠎ᠠ᠃ 《ᠡᠳ᠋ ᠤᠨ ᠬᠤᠭᠤᠰᠤᠷᠠᠯ ᠢ ᠢᠷᠡᠭᠦ ᠶᠢᠨ ᠮᠠᠷᠭᠠᠰᠢ ᠰᠡᠷᠭᠦᠭᠡᠵᠤ ᠪᠣᠯᠳᠠᠭ ᠠᠳᠠᠯ᠎ᠠ᠂ ᠡᠷᠳᠡᠮ ᠤᠨ ᠬᠤᠭᠤᠰᠤᠷᠠᠯ ᠢ ᠶ‍ᠢᠰᠤᠨ ᠦᠶ᠎ᠡ ᠰᠡᠷᠭᠦᠭᠡᠭᠦ ᠳᠤ ᠭᠦᠴᠢᠷ》 ᠭᠡᠳᠡᠭ᠌ ᠶᠢᠡᠷ ᠡᠨᠡ ᠪᠣᠯ ᠨᠢᠭᠡᠨ ᠳᠡᠦᠭᠡᠨ ᠬᠠᠷᠠᠰᠠᠯᠳᠤ ᠶᠠᠪᠣᠳᠠᠯ ᠪᠣᠯᠬᠤ ᠶᠤᠮ᠃

ᠰᠢᠨ᠎ᠠ ᠳᠤᠮᠳᠠᠳᠤ ᠣᠯᠤᠰ ᠪᠠᠢ᠌ᠭᠤᠯᠤᠭᠳᠠᠭᠰᠠᠨ ᠤ ᠳᠠᠷᠠᠭ᠎ᠠ ᠥᠭᠡᠯᠡᠳᠴᠥᠳ ᠤᠨ ᠣᠯᠤᠰ ᠳᠦᠷᠤ᠂ ᠠᠵᠤ ᠠᠬᠤᠢ᠂ ᠰᠤᠶᠤᠯ ᠣᠷᠠᠯᠢᠭ ᠵᠢᠩᠭᠢᠨᠢ ᠴᠢᠯᠦᠭᠡᠯᠡᠯᠳᠡ ᠪᠠᠨ ᠣᠯᠵᠤ ᠡᠷᠭᠡ ᠳᠡᠭ᠍ᠰᠢ ᠪᠠᠷ ᠭᠦᠭ᠍ᠵᠢᠭᠦ ᠵᠠᠮ ᠳᠠᠭᠠᠨ ᠣᠷᠤᠯ᠎ᠠ᠃

ᠳᠠᠪᠢᠭᠠᠤᠨ ᠣᠨ ᠤ ᠳᠤᠮᠳᠠᠴᠢ ᠪᠠᠷ ᠥᠭᠡᠯᠡᠳ ᠤᠨ ᠳᠤᠷᠭᠤᠳ ᠬᠠᠯᠠ ᠶᠢᠨ ᠭᠦᠭ᠍ᠵᠢᠮᠴᠢᠨ᠂ ᠴᠢᠯᠠᠭᠤᠠᠪᠠᠳᠤ ᠪᠠᠭᠰᠢ ᠪᠠᠶᠠᠨ ᠬᠤᠭᠤᠷ ᠶ᠋ᠢᠡᠨ ᠡᠭᠦᠷᠴᠤ ᠠᠢ᠌ᠯ ᠪᠠᠷᠢᠭᠠᠳᠠ ᠶᠢ ᠳᠤᠭᠤᠷᠢᠵᠤ᠂ ᠳᠠᠠᠽ ᠶᠢᠨ ᠠᠶᠠᠯᠭᠤ ᠭᠦᠭ᠍ᠵᠢᠮᠳᠡᠨ᠂ ᠡᠪᠦᠭᠡᠳ ᠨᠠᠰᠤᠳᠠᠨ ᠡᠴᠠ ᠥᠭᠡᠯᠡᠳ ᠳᠠᠭᠤᠤ ᠰᠤᠷᠪᠣᠯᠵᠢᠯᠠᠨ ᠰᠤᠷᠴᠤ᠂ ᠳᠦᠭᠦᠮ ᠨᠤᠲ᠋ ᠲᠤ ᠪᠠᠭᠤᠯᠭᠠᠨ᠂ ᠵᠠᠰᠠᠵᠤ ᠥᠭᠡᠷᠡᠴᠢᠯᠡᠨ ᠵᠠᠷᠢᠮ ᠢ ᠨᠢ ᠳᠠᠽ ᠤᠨ ᠠᠶᠠᠯᠭᠤ ᠪᠣᠯᠭᠠᠨ ᠭᠦᠭ᠍ᠵᠢᠮᠳᠡᠭᠡᠳ ᠬᠤᠰᠢᠭᠤ ᠠᠢ᠌ᠮᠠᠭ ᠢ ᠳᠤᠷᠭᠢᠭᠤᠯᠵᠤ ᠶᠠᠪᠣᠭᠰᠠᠨ᠃ ᠳᠠᠷᠠ ᠪᠣᠯ ᠬᠠᠮᠤᠭ ᠳᠦᠷᠦᠭᠦᠨ ᠥᠭᠡᠯᠡᠳ ᠠᠷᠠᠤᠨ ᠤᠨ ᠳᠠᠭᠤᠤ ᠶᠢ ᠴᠤᠭᠯᠠᠭᠤᠯᠤᠨ ᠡᠮᠭᠢᠳᠭᠡᠭᠦ ᠠᠵᠢᠯ ᠢ ᠰᠠᠳᠤᠨ ᠡᠷᠭᠢᠯᠡᠭ᠍ᠰᠡᠨ ᠭᠦᠮᠤᠨ ᠪᠢᠯᠠ᠃ ᠬᠠᠷᠠᠮᠰᠠᠯᠳᠠᠢ ᠨᠢ 《ᠰᠤᠶᠤᠯ ᠤᠨ ᠬᠤᠪᠢᠰᠬᠠᠯ》 ᠊ᠤᠨ ᠠᠷᠪᠠᠨ ᠵᠢᠯ ᠤᠨ ᠣᠯᠠᠭᠠᠨ ᠤ ᠰᠢᠭᠤᠷᠭᠠᠨ ᠳᠤ ᠴᠢᠯᠠᠭᠤᠪᠠᠳᠤ ᠪᠠᠭᠰᠢ ᠪᠠ ᠳᠡᠭᠦᠨ ᠤ ᠳᠠᠭᠤᠤ ᠭᠦᠭ᠍ᠵᠢᠮ ᠢ ᠨᠢ ᠳᠠᠯᠭᠢᠭᠳᠠᠨ ᠳᠠᠰᠤᠳᠠᠭᠳᠠᠵᠤ᠂ ᠳᠠᠷᠢᠭᠢ ᠮᠠᠳᠠᠷᠠᠯ᠂ ᠳᠤᠯᠤᠭᠠᠢ ᠰᠡᠳᠭᠢᠭᠦᠢ ᠨᠢ ᠮᠠᠭᠤᠳᠠᠭᠰᠠᠨ ᠡᠴᠠ ᠶ‍ᠢᠷᠢᠳᠢᠠᠴᠤ ᠡᠴᠠ ᠡᠷᠳᠡ ᠬᠠᠯᠢᠭᠰᠠᠨ ᠶᠤᠮ᠃ ᠡᠨᠡ ᠨᠢ ᠥᠭᠡᠯᠡᠳ ᠳᠠᠭᠤᠤ ᠶᠢ ᠡᠮᠭᠢᠳᠭᠡᠵᠤ ᠴᠤᠭᠯᠠᠭᠤᠯᠬᠤ ᠳᠤ ᠨᠥᠭᠦᠪᠦᠷᠢᠯᠡᠵᠤ ᠪᠣᠯᠤᠰᠢ ᠦᠭᠡᠶ ᠬᠤᠭᠢᠷᠠᠯ ᠪᠣᠯᠤᠭᠰᠠᠨ ᠪᠢᠯᠠ᠃

ᠨᠠᠮ ᠤᠨ ᠠᠷᠪᠠᠨ ᠨᠢᠭᠡᠳᠦᠭᠡᠷ ᠬᠤᠭᠤᠴᠠᠭᠠᠨ ᠤ ᠭᠤᠷᠪᠠᠳᠤᠭᠠᠷ ᠪᠦᠭᠦᠳᠡ ᠬᠤᠷᠠᠯᠳᠤᠭᠠᠨ ᠡᠴᠠ ᠨᠠᠰᠢ᠂ ᠮᠠᠨ ᠤ ᠣᠯᠤᠰ ᠤᠨ ᠠᠯᠢᠪᠠ ᠡᠠᠵᠢᠯ ᠣᠢ᠌ᠯᠠᠰ ᠵᠢᠩᠭᠢᠨᠢ ᠭᠦᠭ᠍ᠵᠢᠯᠳᠡ ᠳᠠᠪᠰᠢᠯᠳᠠ ᠶᠢᠨ ᠵᠠᠮ ᠳᠠᠭᠠᠨ ᠣᠷᠤᠯ᠎ᠠ᠃ ᠰᠤᠶᠤᠯ ᠤᠨ ᠹᠠᠷᠤᠠᠲ᠋ ᠳᠡᠭᠡᠷ᠎ᠡ᠂ ᠠᠷᠠᠤᠨ ᠤᠨ ᠣᠷᠳᠤ ᠶᠢᠨ ᠳᠠᠭᠤᠤ ᠶᠢ ᠰᠡᠷᠭᠦᠭᠡᠭᠦ᠂ ᠣᠯᠠᠮᠵᠢᠯᠠᠬᠤ᠂ ᠥᠪᠯᠡᠭᠦᠯᠭᠦ ᠠᠵᠢᠯ ᠴᠤ ᠠᠮᠵᠢᠯᠳᠠ ᠲᠡᠶ ᠶᠠᠪᠣᠭᠳᠠᠵᠤ᠂ ᠣᠯᠠᠨ ᠰᠠᠢ᠌ᠬᠠᠨ ᠳᠠᠭᠤᠤ ᠨᠤᠭᠤᠳ ᠭᠦᠮᠦᠰ ᠤᠨ ᠰᠤᠨᠤᠷ ᠲᠤ ᠳᠠᠭᠠᠯᠠᠭᠳᠠᠰᠠᠨ ᠪᠠᠢ᠌ᠵᠤ ᠪᠢᠯᠠ᠃ ᠶᠠᠭ ᠡᠨᠡᠭᠦ ᠥᠩᠭᠡ ᠶᠢᠨ ᠴᠡᠴᠡᠭ᠌ ᠮᠢᠷᠠᠯᠵᠠᠵᠤ ᠪᠠᠢ᠌ᠭ᠎ᠠ ᠡᠷᠡᠨ ᠳᠤ ᠥᠭᠡᠯᠡᠳ ᠤᠨ ᠠᠵᠢᠯ ᠤᠨ ᠴᠢᠯᠦᠭᠡᠨ ᠤ ᠵᠠᠯᠠᠭᠤ ᠳᠠᠭᠤᠴᠢᠨ ᠳᠤᠯᠮᠠᠨᠢᠮ᠎ᠠ 《ᠴᠠᠰᠤᠳᠤ ᠬᠠᠩᠭ᠋ᠠᠢ》 ᠮᠠᠳᠤ ᠶᠢᠨ ᠥᠭᠡᠯᠡᠳ ᠠᠷᠠᠤᠨ ᠤᠨ ᠣᠷᠳᠤ ᠶᠢᠨ ᠳᠠᠭᠤᠤ ᠶᠢ ᠷᠠᠳᠢᠤ᠋ ᠳᠤᠯᠭᠢᠶᠠᠨ ᠶᠢᠡᠷ ᠳᠠᠶᠠᠭᠠᠷ ᠣᠯᠠᠨ ᠳᠤ ᠳᠠᠭᠤᠯᠠᠨ ᠰᠤᠨᠢᠷᠬᠠᠭᠤᠯᠪᠠ᠃ ᠳᠠᠷᠠ᠂ ᠭᠦᠯᠤᠨ ᠪᠣᠢ᠌ᠷ ᠥᠭᠡᠯᠡᠳ ᠤᠨ ᠠᠷᠠᠤᠨ ᠤᠨ ᠣᠷᠳᠤ ᠶᠢᠨ ᠳᠠᠭᠤᠤ ᠶᠢᠨ ᠠᠩᠬᠠᠳᠤᠭᠠᠷ ᠷᠠᠳᠢᠣ᠋᠂ ᠳᠸᠯᠸᠢᠰ ᠤᠨ ᠰᠤᠷᠢᠠᠵᠢᠨ ᠪᠢᠴᠢᠯᠭᠡ ᠳᠤ ᠠᠷᠪᠠᠭᠠᠤᠨ ᠥᠭᠡᠯᠡᠳ ᠳᠠᠭᠤᠤ ᠪᠢᠴᠢᠭᠦᠯᠤᠨ᠂ ᠥᠭᠡᠯᠡᠳ ᠤᠨ ᠰᠤᠶᠤᠯ ᠣᠷᠠᠯᠢᠭ ᠤᠨ ᠦᠪ ᠲᠤ᠂ ᠡᠷᠳᠡ ᠬᠠᠷᠢᠭᠰᠠᠨ ᠠᠯᠳᠠᠨ ᠭᠤᠷᠭᠤᠤᠯᠳᠠᠢ ᠶᠢᠨ ᠮᠥᠩᠭᠡ ᠶᠢᠨ ᠳᠤᠷᠠᠰᠬᠠᠯ ᠶᠢᠡᠨ ᠥᠯᠡᠳᠡᠭᠡᠵᠤ᠂ ᠦᠷᠤᠴᠠ ᠵᠢᠷᠦᠭᠡᠨ ᠤ ᠴᠢᠰᠤ ᠭᠦᠯᠦᠰᠤ ᠪᠠᠷ ᠶᠢᠡᠨ ᠥᠭᠡᠯᠡᠳ ᠤᠨ ᠶᠢᠡᠨ ᠳᠠᠭᠤᠤ ᠣᠷᠠᠯᠢᠭ ᠲᠤ ᠨᠠᠮᠷᠠᠢ ᠬᠠᠠᠳᠢᠪ ᠡᠷᠭᠦᠭ᠍ᠰᠡᠨ ᠪᠢᠯᠠ᠃

ᠲ᠋ᠠᠷᠠ ᠳᠠᠭᠤᠯᠠᠬᠤ ᠮᠡᠷᠭᠡᠵᠢᠯ ᠤᠨ ᠶᠠᠮᠠᠷᠴᠤ ᠪᠣᠯᠪᠠᠰᠤᠷᠠᠯ᠂ ᠰᠤᠷᠭᠠᠭᠤᠯᠢᠯᠠᠯ ᠢ ᠭᠦᠷᠳᠡᠭ᠍ᠰᠡᠨ ᠦᠭᠡᠶ᠂ ᠡᠭᠡᠯ ᠨᠢᠭᠡᠨ ᠮᠠᠯᠵᠢᠨ ᠪᠦᠰᠡᠭᠦᠢ ᠶᠤᠮ᠃ ᠭᠡᠪᠠᠴᠤ ᠳᠠᠷᠠ ᠦᠪᠡᠷ ᠤᠨ ᠵᠠᠳᠠᠭᠠᠢ ᠴᠠᠭᠠᠨ ᠬᠤᠭᠤᠯᠠᠢ ᠪᠠᠷ ᠶᠢᠡᠨ ᠥᠭᠡᠯᠡᠳ ᠠᠷᠠᠤᠨ ᠤᠨ ᠳᠠᠭᠤᠤ ᠶᠢ ᠦᠨᠳᠦᠷ ᠲᠦᠪᠰᠢᠨ ᠳᠤ ᠭᠦᠷᠳᠡᠯ᠎ᠡ ᠳᠠᠭᠤᠯᠠᠵᠤ ᠴᠢᠳᠠᠭᠰᠠᠨ ᠶᠤᠮ᠃ ᠳᠠᠷᠠ ᠬᠤᠭᠤᠯᠠᠢ ᠶᠢᠨ ᠶᠢᠡᠨ ᠪᠦᠷᠵᠢᠭᠢᠨᠡᠭᠦ ᠭᠦᠳᠡᠯᠭᠡᠭᠡᠨ ᠶᠢᠡᠷ ᠶᠢᠡᠨ ᠬᠤᠶᠠᠷ ᠡᠭᠡᠰᠢᠭ᠌ ᠤᠨ ᠣᠢ᠌ᠯᠠᠳᠤᠯ ᠡᠭᠦᠰᠭᠦ ᠴᠢᠮᠡᠭ᠌ ᠢ ᠨᠠᠯᠢᠶᠠᠤᠨ ᠰᠠᠢ᠌ᠨ ᠢᠯᠡᠷᠡᠭᠦᠯᠵᠤ᠂ ᠠᠮᠢᠰᠬᠤᠯ ᠤᠨ ᠴᠤᠭᠢᠯᠳᠠ ᠶᠢ ᠵᠤᠭᠢᠰᠳᠠᠢ ᠭᠡᠷᠡᠭᠯᠡᠵᠤ᠂ ᠨᠠᠮᠠᠯᠳᠠ ᠡᠭᠡᠰᠢᠭ᠌ ᠠᠪᠢᠶ᠎ᠠ ᠶᠢ ᠭᠡᠷᠡᠭᠯᠡᠨ᠂ ᠳᠠᠭᠤᠤ ᠪᠠᠨ ᠭᠤᠶᠤ ᠰᠠᠢ᠌ᠬᠠᠨ ᠴᠢᠮᠡᠭᠦ ᠣᠷᠠᠯᠢᠭ ᠲᠡᠶ ᠪᠣᠯᠭᠠᠵᠤ ᠴᠢᠳᠠᠭᠰᠠᠨ ᠪᠠᠢ᠌ᠨ᠎ᠠ᠃ ᠦᠪᠡᠷ ᠤᠨ ᠬᠤᠭᠤᠯᠠᠢ ᠶᠢᠨ ᠴᠠᠷ᠎ᠠ᠂ ᠴᠤᠤᠷᠠᠢ ᠡᠭᠦᠰᠭᠡᠭ᠍ᠴᠢ ᠣᠷᠤᠨ ᠵᠠᠢ ᠪᠠ ᠳᠠᠭᠤᠯᠠᠬᠤ ᠠᠪᠢᠶᠠᠰ ᠪᠢᠯᠢᠭ᠌᠂ ᠬᠤᠷᠴᠠ ᠰᠤᠷᠭᠤᠭ ᠮᠠᠳᠠᠷᠠᠮᠵᠢ ᠪᠠᠷ ᠶᠢᠡᠨ ᠣᠷᠳᠤ ᠶᠢᠨ ᠳᠠᠭᠤᠤ ᠶᠢᠨ ᠳᠠᠭᠤᠯᠠᠬᠤ ᠮᠡᠷᠭᠡᠰᠢᠯ ᠤᠨ ᠡᠪᠦᠳᠦᠭᠯᠡᠭᠦ᠂ ᠰᠢᠷᠤᠩᠬᠠᠢ᠌ᠯᠠᠬᠤ᠂ ᠭᠡᠩᠭᠦᠢᠯᠡᠭᠦ᠂ ᠳᠤᠩᠭ᠋ᠣᠢ᠌ᠯᠭᠠᠬᠤ᠂ ᠳᠤᠨᠢᠷᠠᠭᠤᠯᠬᠤ᠂ ᠳᠠᠪᠭᠢᠬᠤ ᠮᠠᠳᠤ ᠶᠢᠨ ᠠᠷᠭ᠎ᠠ ᠪᠠᠷᠢᠯ ᠲᠡᠶ ᠠᠪᠢᠶᠠᠰᠤᠯᠢᠭ ᠨᠢᠭᠡᠳᠦᠭᠦᠯᠵᠤ᠂ ᠥᠭᠡᠯᠡᠳ ᠳᠠᠭᠤᠤ ᠶᠢᠨ ᠣᠠᠴᠠᠯᠢᠭ᠂ ᠣᠷᠠᠯᠢᠭ ᠤᠨ ᠥᠩᠭᠡ ᠪᠣᠳᠤᠭ ᠢ ᠭᠣᠢ᠌ᠳᠠ ᠰᠠᠢ᠌ᠬᠠᠨ ᠪᠣᠯᠭᠠᠵᠤ ᠴᠢᠳᠠᠭᠰᠠᠨ ᠪᠠᠢ᠌ᠨ᠎ᠠ᠃

ᠥᠭᠡᠯᠡᠳ ᠠᠷᠠᠤᠨ ᠤᠨ ᠣᠷᠳᠤ ᠶᠢᠨ ᠳᠠᠭᠤᠤ ᠪᠣᠯ ᠢᠯᠠ ᠳᠤᠳᠤ ᠣᠷᠤᠨ ᠨᠤᠳᠤᠭ ᠤᠨ ᠣᠠᠴᠠᠯᠢᠭ ᠪᠠ ᠦᠨᠳᠦᠰᠦᠳᠠᠨ ᠤ ᠣᠠᠴᠠᠯᠢᠭ ᠲᠡᠶ ᠶᠤᠮ᠃ ᠳᠡᠭᠦᠨ ᠤ ᠰᠢᠯᠦᠭ᠌ ᠵᠤᠬᠢᠶᠠᠯ ᠨᠢ ᠭᠦᠭ᠍ᠵᠢᠭᠡ ᠦᠭᠡᠶ᠂ ᠠᠶᠠᠯᠭᠤ ᠴᠤᠭᠢᠯᠭ᠎ᠠ ᠶᠢᠨ ᠣᠷ᠎ᠠ ᠭᠢᠴᠠ ᠨᠢ ᠪᠦᠳᠦᠭᠦᠯᠢᠭ᠌ ᠪᠠᠯᠠᠷᠯᠢᠭ᠂ ᠮᠤᠩᠭ᠋ᠤᠯ ᠤᠨ ᠡᠷᠳᠡᠨ ᠤ ᠣᠷᠳᠤ ᠶᠢᠨ ᠳᠠᠭᠤᠤ ᠣᠷᠠᠯᠢᠭ ᠤᠨ ᠨᠥᠭᠦᠪᠦᠷᠢ ᠳᠠᠳᠤᠢ ᠭᠡᠮᠡᠨ ᠥᠵᠡᠭᠦ ᠦᠵᠡᠯᠳᠠ ᠳᠠᠭᠠᠷᠠᠬᠤ ᠦᠭᠡᠶ ᠶᠤᠮ᠃ ᠥᠭᠡᠯᠡᠳ ᠠᠷᠠᠤᠨ ᠤᠨ ᠣᠷᠳᠤ ᠶᠢᠨ ᠳᠠᠭᠤᠤ ᠪᠣᠯ᠂ ᠪᠦᠭᠦᠢᠯᠡ ᠮᠤᠩᠭ᠋ᠤᠯ ᠦᠨᠳᠦᠰᠦᠳᠠᠨ ᠤ ᠳᠠᠭᠤᠤ ᠣᠷᠠᠯᠢᠭ ᠤᠨ ᠭᠦᠭ᠍ᠵᠢᠯ ᠢ ᠰᠢᠨ᠎ᠠ ᠱᠠᠳᠤᠨ ᠳᠤ ᠠᠭᠢᠭᠤᠯᠤᠭᠰᠠᠨ᠂ ᠳᠡᠦᠭᠡᠨ ᠪᠠᠢ᠌ᠷᠢ ᠰᠠᠭᠤᠷᠢ ᠶᠢᠨ ᠪᠦᠷᠢᠯᠳᠦᠭᠦᠨ ᠭᠡᠰᠡᠭ᠌ ᠤᠨ ᠨᠢᠭᠡ ᠨᠢ ᠪᠣᠯᠬᠤ ᠶᠤᠰᠤᠳᠠᠢ᠃

ᠪᠢᠳᠠ ᠥᠭᠡᠯᠡᠳ ᠠᠷᠠᠤᠨ ᠤᠨ ᠣᠷᠳᠤ ᠶᠢᠨ ᠳᠠᠭᠤᠤ ᠣᠷᠠᠯᠢᠭ ᠳᠠᠭᠢ ᠣᠢ᠌ᠯᠠᠳᠤᠯ ᠢ ᠦᠨᠡᠯᠠᠨ ᠨᠤᠳᠠᠯᠠᠬᠤ ᠶᠢᠨ ᠬᠠᠮᠳᠤ᠂ ᠢᠯᠡᠭᠦᠭᠡᠨ ᠭᠦᠴᠤ ᠭᠦᠯᠦᠰᠤ ᠭᠠᠷᠭᠠᠨ ᠡᠮᠭᠢᠳᠭᠡᠨ ᠴᠤᠭᠯᠠᠭᠤᠯᠵᠤ᠂ ᠭᠡᠪᠯᠡᠯ ᠪᠢᠴᠢᠯᠭᠡ ᠭᠢᠵᠤ᠂ ᠥᠪᠯᠡᠭᠦᠯᠤᠨ᠂ ᠰᠢᠨ᠎ᠠ ᠴᠠᠭ ᠦᠶ᠎ᠡ ᠶᠢᠨ ᠳᠠᠭᠤᠤ ᠪᠦᠳᠦᠭᠡᠭᠦ ᠪᠠ ᠭᠦᠭ᠍ᠵᠢᠭᠦᠯᠭᠦ ᠳᠤ ᠥᠢᠯᠡᠴᠢᠯᠡᠭᠦᠯᠪᠠᠯ ᠵᠤᠭᠢᠨ᠎ᠠ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 14825
ᠴᠠᠭ᠄ 2011 ᠤᠨ ᠤ 09 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ