ᠳᠤᠷᠠᠯᠠᠯ ᠤᠨ ᠨᠠᠭᠤᠷ

ᠳᠤᠷᠠᠯᠠᠯ ᠤᠨ ᠨᠠᠭᠤᠷ ᠵᠡᠭᠦᠳᠤᠨ ᠳᠤ ᠮᠠᠯᠳᠠᠷᠠᠨ᠎ᠡ᠃ ᠳᠤᠩᠭ᠋ᠤᠳᠬᠤ ᠣᠯᠠᠨ ᠰᠢᠪᠠᠭᠤᠳ ᠮᠢᠨᠢ ᠵᠢᠷᠦᠭᠡᠨ ᠳᠤ ᠨᠤᠷᠭᠢᠨ᠎ᠠ ᠡ᠃ ᠨᠢᠭᠡ ᠪᠣᠳᠤᠬᠤ ᠪᠠᠷ ᠪᠢ ᠴᠢᠨᠢ ᠳᠤᠷᠠᠯᠠᠯ ᠤᠨ ᠨᠠᠭᠤᠷ ᠲᠤ ᠪᠠᠨ ᠪᠠᠷᠠᠭᠠᠳᠠᠭ᠎ᠠ ᠦᠭᠡᠶ ᠣᠨ ᠣᠳᠠᠴᠢᠬᠠᠭᠰᠠᠨ ᠪᠠᠢ᠌ᠵᠠᠢ᠃ ᠮᠢᠨᠤ ᠨᠤᠳᠤᠭ ᠪᠠᠶᠠᠠᠨᠠᠭᠤᠷ ᠲᠤ ᠨᠠᠭᠤᠷ ᠪᠦᠷᠢᠳᠤ ᠣᠯᠠᠠᠳᠠᠢ ᠪᠠᠢ᠌ᠳᠠᠭ ᠴᠤ ᠳᠤᠷᠠᠰᠴᠤ ᠰᠠᠨᠠᠬᠤ ᠶᠢᠨ ᠵᠠᠢ ᠪᠠᠷ ᠡᠮᠨᠢᠭᠯᠡᠨ ᠢᠷᠠᠵᠤ ᠡᠪᠭᠡᠷᠡᠭᠦᠯᠤᠨ ᠪᠣᠴᠠᠳᠠᠭ ᠨᠢ ᠳᠤᠷᠠᠯᠠᠯ ᠤᠨ ᠨᠠᠭᠤᠷ ᠮᠢᠨᠢ ᠪᠢᠯᠠ᠃ ᠳᠤᠤᠯᠢᠮ᠎ᠠ ᠬᠤᠷᠸ᠎ᠠ ᠳᠤ ᠠᠮᠢ ᠶᠢᠨ ᠠᠨᠢᠷ ᠣᠨᠠᠭᠠᠵᠤ ᠳᠦᠷᠦᠭᠡᠳ ᠭᠦᠮᠤᠨ ᠨᠠᠷ᠎ᠠ ᠶᠢ ᠭᠦᠭᠡᠭᠡᠴᠡᠯᠳᠦᠵᠤ ᠶᠠᠪᠣᠭᠰᠠᠨ ᠣᠨ ᠰᠠᠷ᠎ᠠ ᠶᠢᠨ ᠡᠨᠡ ᠥᠵᠦᠭᠦᠷ ᠡᠴᠡ ᠪᠣᠴᠠᠵᠤ ᠬᠠᠷᠠᠬᠤ ᠳᠤ ᠪᠠᠨ ᠯᠠ ᠠᠯᠳᠠ ᠪᠠᠶ᠎ᠠ ᠶᠢ ᠮᠢᠨᠢ ᠣᠭᠢᠶᠠᠨ ᠠᠭᠠᠭ ᠳᠤᠷᠪᠢ ᠶᠢ ᠮᠢᠨᠢ ᠰᠤᠷᠢᠵᠤ ᠥᠰᠭᠡᠭ᠍ᠰᠡᠨ ᠷᠠᠰᠢᠶᠠᠨ ᠣᠰᠤᠨ ᠴᠢᠮ᠎ᠠ ᠳᠤ ᠪᠠᠨ ᠳᠠᠩᠴᠤ ᠶᠡᠭᠡ ᠦᠷᠢ ᠲᠡᠶ ᠪᠠᠨ ᠮᠠᠳᠠᠯ᠎ᠠ᠃ ᠳᠤᠷᠠᠯᠠᠯ ᠤᠨ ᠨᠠᠭᠤᠷ ᠮᠢᠨᠢ ︕ ᠳᠡᠭ᠍ᠷᠢ ᠶᠢᠨ ᠴᠡᠩᠭᠡᠷ ᠣᠰᠤᠨ ᠳᠤ ᠴᠢᠨᠢ ᠳᠠᠰᠤᠯ ᠣᠯᠠᠨ ᠨᠥᠭᠦᠤᠨ ᠲᠡᠶ ᠪᠠᠨ ᠮᠥᠴᠡᠷᠭᠡᠨ ᠱᠤᠩᠪᠠᠵᠤ ᠳᠡᠭ᠍ᠷᠢᠯᠢᠭ᠌ ᠣᠯᠠᠨ ᠰᠢᠪᠠᠭᠤᠳ ᠲᠡᠶ ᠴᠢᠨᠢ ᠠᠯᠢᠶᠠᠷᠬᠠᠨ ᠴᠡᠩᠭᠡᠭ᠍ᠰᠡᠨ ᠠᠯᠳᠠᠷᠠᠢ᠌ᠬᠠᠨ ᠪᠠᠭ᠎ᠠ ᠶᠢᠨ ᠵᠢᠷᠭᠠᠯᠳᠤ ᠴᠠᠭ ᠮᠦᠴᠡ ᠪᠣᠴᠠᠰᠢ ᠦᠭᠡᠶ ᠬᠤᠯᠠᠳᠤᠨ ᠣᠳᠤᠭᠰᠠᠨ ᠠᠪᠠᠴᠤ ᠳᠠ ᠮᠢᠨᠢ ᠠᠮᠢᠨ ᠬᠠᠢ᠌ᠷᠠᠳᠤ ᠨᠤᠳᠤᠭ ᠤᠨ ᠰᠠᠯᠭᠢᠨ ᠲᠡᠶ ᠥᠨᠦᠰᠳᠦᠭᠡᠳ ᠪᠠᠢ᠌ᠬᠤ ᠨᠢ ᠦᠨᠡᠨ᠃ ᠠᠯᠠᠭ ᠬᠤᠶᠠᠷ ᠨᠢᠳᠤᠨ ᠳᠤ ᠳᠤᠳᠤᠷᠠᠭᠠᠤᠨ ᠪᠠᠢ᠌ᠬᠤ ᠨᠢ ᠮᠦᠨ᠃ ᠠᠮᠢᠳᠤᠷᠠᠵᠤ ᠴᠤᠭᠰᠢᠵᠤ ᠶᠠᠪᠣᠬᠤ ᠠᠯᠳᠠᠩᠬᠠᠨ ᠰᠠᠢ᠌ᠬᠠᠨ ᠡᠷᠡᠨ ᠳᠤ ᠵᠢᠷᠦᠭᠡᠨ ᠳᠤ ᠣᠶᠠᠭᠠᠳᠠᠢ ᠨᠢ ᠵᠦᠪ ᠡ ︕

ᠬᠤᠯᠠ ᠶᠠᠪᠣᠬᠤ ᠶᠢᠨ ᠣᠬᠠᠭᠠᠨ ᠵᠢᠭᠠᠭᠰᠠᠨ ᠠᠪᠣ ᠶᠢᠨ ᠮᠢᠨᠢ ᠳᠤᠷᠠᠨ ᠬᠠᠷᠠᠭ᠎ᠠ᠂ ᠬᠤᠨᠤᠭᠤᠳᠠ ᠥᠡᠵᠢᠭᠦᠳᠡ ᠪᠠᠷᠠᠯᠠᠩᠬᠠᠨ ᠭᠦᠯᠢᠶᠡᠭᠦ ᠡᠵᠢ ᠶᠢᠨ ᠮᠢᠨᠢ ᠣᠰᠬᠠᠯ ᠮᠠᠯᠮᠠᠢ ᠦᠦ ᠳ᠋ᠠ᠂ ᠳᠤᠷᠠᠯᠠᠯ ᠤᠨ ᠨᠠᠭᠤᠷ ᠮᠢᠨᠢ ︕

ᠳᠠᠷᠠ ᠬᠠᠷᠠ ᠯᠠ ᠳ᠋ᠠ᠂ ᠭᠦᠭᠡ ᠣᠨᠢᠶᠠᠷ ᠤᠨ ᠳᠤᠮᠳᠠ ᠠᠮᠤᠭᠤᠯᠠᠩ ᠭᠡᠪᠳᠡᠭᠡ ᠱᠠᠷ ᠭᠡᠮᠡᠷ ᠳᠦᠠᠳᠣᠢ᠌ᠨ ᠬᠠᠷᠠᠭᠳᠠᠬᠤ ᠦᠨᠦᠴᠢᠨ ᠵᠤ᠋ ᠶᠢᠨ ᠡᠩᠭᠡᠷ ᠲᠤ ᠮᠦᠩᠭᠦᠨ ᠢᠷᠮᠡᠭ᠌ ᠲᠡᠶ ᠠᠶᠠᠭᠠᠨ ᠳᠤ ᠭᠢᠭ᠍ᠰᠡᠨ ᠷᠠᠰᠢᠶᠠᠨ ᠣᠰᠤ ᠰᠢᠭ ᠳᠦᠭᠦᠷᠢᠭ᠌ ᠮᠡᠯᠳᠡᠯᠵᠡᠭᠦ ᠰᠠᠢ᠌ᠬᠠᠨ ᠨᠠᠭᠤᠷ ᠪᠠᠢ᠌ᠳᠠᠭ ᠢ ᠳᠤᠯᠢᠨ ᠨᠠᠭᠤᠷ ᠭᠡᠳᠡᠭ᠌᠃ ᠬᠠᠷᠠᠵᠠ ᠱᠠᠩᠳᠠ ᠪᠠᠷ ᠶᠢᠡᠨ ᠳᠤᠷᠠᠯᠠᠯ ᠤᠨ ᠨᠠᠭᠤᠷ ᠲᠡᠶ ᠰᠤᠳᠠᠰᠤ ᠨᠡᠢ᠌ᠯᠡᠭ᠍ᠰᠡᠨ ᠡᠨᠡ ᠨᠠᠭᠤᠷ ᠤᠨ ᠨᠠᠷ᠎ᠠ ᠶᠢ ᠳᠤᠷᠠᠳᠬᠤ ᠲᠡᠶ ᠵᠡᠷᠭᠡ ᠨᠤᠳᠤᠭ ᠤᠨ ᠪᠣᠭᠤᠷᠤᠯᠴᠤᠳ ᠤᠨ ᠬᠠᠭᠤᠴᠢ ᠭᠦᠩᠭᠢᠨᠡᠭᠡᠳ ᠪᠠᠢ᠌ᠨ᠎ᠠ ᠁ ᠪᠠᠷᠢᠭᠠᠳᠠ ᠨᠢᠭᠡᠳᠦᠯ ᠤᠨ ᠦᠶ᠎ᠡ ᠶᠤᠮ ᠭᠡᠨ᠎ᠡ᠃ ᠶᠤᠰᠤ ᠭᠤᠷᠢᠮ ᠨᠢ ᠬᠠᠳᠠᠭᠤ ᠯᠠ ᠶᠤᠮ ᠰᠠᠠᠵᠠᠢ᠃ ᠶᠠᠭᠤᠮᠠᠨ ᠳᠤ ᠳᠤᠷᠠᠳᠠᠢ ᠨᠤᠳᠤᠭ ᠤᠨ ᠭᠡᠳᠤᠨ ᠠᠯᠢᠶ᠎ᠠ ᠵᠠᠯᠠᠭᠤ ᠰᠠᠷᠠ ᠲᠡᠶ ᠳᠤᠩᠭ᠋ᠠᠯᠠᠭ ᠰᠦᠨᠢ ᠠᠳᠤᠭᠤᠨ ᠤ ᠮᠠᠨᠠᠭᠠᠨ ᠳᠤ ᠶᠠᠪᠣᠬᠤ ᠳᠤ ᠪᠠᠨ ᠨᠢᠭᠡᠳᠦᠯ ᠤᠨ ᠭᠤᠧᠨ ᠬᠤᠯᠠᠭᠠᠢ᠌ᠯᠠᠵᠤ ᠦᠨᠦᠴᠢᠨ ᠵᠤ᠋ ᠶᠢᠨ ᠣᠷᠤᠢ ᠳᠤ ᠢᠳᠠᠵᠤ ᠰᠠᠭᠤᠬᠤ ᠨᠢ ᠨᠠᠭᠤᠷ ᠤᠨ ᠳᠤᠩᠭ᠋ᠠᠯᠠᠭ ᠣᠰᠤᠨ ᠳᠤ ᠳᠤᠳᠤ ᠳᠤᠰᠴᠤ ᠠᠯᠢᠶᠠᠯᠠᠨ ᠭᠦᠭ᠍ᠵᠢᠯᠳᠦᠭᠦ ᠨᠢ ᠴᠡᠭᠡᠯᠭᠡᠨ ᠰᠤᠨᠤᠰᠳᠠᠭᠰᠠᠨ ᠡᠴᠡ ᠮᠠᠷᠭᠠᠰᠢ ᠨᠢ ᠨᠢᠭᠡᠳᠦᠯ ᠤᠨ ᠬᠤᠷᠠᠯ ᠳᠡᠭᠡᠷ᠎ᠡ ᠭᠤᠧᠨ ᠶᠢᠨ ᠳᠤᠪᠤᠨ ᠤ ᠰᠠᠭᠢᠭᠤᠯ ᠡᠪᠦᠭᠡᠨ ᠳᠤ ᠨᠠᠷ᠎ᠠ ᠨᠢᠳᠠᠷ ᠲᠡᠶ ᠪᠠᠨ ᠳᠠᠭᠤᠳᠠᠭᠳᠠᠵᠤ ᠬᠠᠳᠠᠭᠤ ᠳᠤᠩᠭ᠋ᠤᠳᠤᠯᠭ᠎ᠠ ᠭᠦᠷᠳᠡᠭ᠍ᠰᠡᠨ ᠣᠰᠤᠨ ᠭᠡᠯᠡ ᠣᠷᠠᠨ ᠴᠡᠭᠡᠵᠢ ᠲᠡᠶ ᠨᠤᠳᠤᠭ ᠤᠨ ᠭᠢᠨ ᠤ ᠠᠯᠢ ᠨᠢᠭᠡ ᠨᠢ ᠳᠤᠯᠢᠨ ᠨᠠᠭᠤᠷ ᠭᠡᠮᠡᠨ ᠨᠠᠷᠠᠯᠠᠵᠤ ᠨᠤᠳᠤᠭ ᠳᠠᠶᠠᠭᠠᠷ ᠳᠠᠷᠬᠠᠭᠳᠠᠯ᠎ᠠ ᠭᠡᠳᠡᠭ᠌᠃ ᠦᠨᠦᠴᠢᠨ ᠵᠤ᠋ ᠨᠢ ᠳᠠᠷᠠ ᠦᠶ᠎ᠡ ᠳᠤ ᠨᠤᠳᠤᠭ ᠤᠨ ᠮᠢᠨᠢ ᠬᠤᠷ᠎ᠠ ᠪᠣᠷᠤᠭ᠎ᠠ ᠭᠤᠶᠤᠵᠤ ᠳᠠᠭᠠᠳᠬᠠᠨ ᠳᠠᠭᠢᠳᠠᠭ ᠰᠢᠳᠦᠭᠡᠡᠳᠤ ᠵᠤ᠋ ᠪᠠᠢ᠌ᠭᠰᠠᠨ ᠣᠴᠢᠷ ᠡᠴᠡ ᠡᠩᠭᠡᠷ ᠲᠤ ᠨᠢ ᠮᠡᠯᠳᠡᠷᠡᠭᠦ ᠳᠤᠯᠢᠨ ᠨᠠᠭᠤᠷ ᠲᠤ ᠬᠠᠷ᠎ᠠ ᠳᠤᠯᠤᠭᠠᠢ᠌ᠳᠤ ᠭᠦᠮᠤᠨ ᠪᠠᠢ᠌ᠳᠤᠭᠠᠢ ᠠᠳᠤᠭᠤ ᠮᠠᠯ ᠤᠨ ᠰᠦᠷᠦᠭ᠌ ᠴᠤ ᠬᠠᠪᠢᠳᠠᠭᠤᠯᠳᠠᠭ ᠦᠭᠡᠶ ᠪᠠᠢ᠌ᠭᠰᠠᠨ ᠶᠤᠮ᠃ ᠦᠨᠦᠴᠢᠨ ᠵᠤ᠋ ᠶᠢᠨ ᠣᠷᠤᠢ ᠡᠴᠡ ᠠᠰ ᠡᠮᠦᠨᠡᠰᠢ ᠪᠠᠷᠠᠯᠠᠪᠠᠯ ᠨᠢᠭᠡ ᠨᠡᠭᠦᠳᠡᠯ ᠤᠨ ᠭᠠᠵᠠᠷ ᠵᠠᠢ᠌ᠳᠠᠢ ᠴᠠᠭᠢᠯᠳᠠᠭ ᠤᠨ ᠪᠣᠳᠠ ᠳᠦᠭᠡᠵᠤ ᠨᠠᠮᠤᠭ ᠵᠥᠯᠭᠡ ᠠᠯᠠᠭᠯᠠᠭᠰᠠᠨ ᠴᠠᠢ᠌ᠳᠠᠮ ᠳᠠᠯ᠎ᠠ ᠶᠢᠨ ᠳᠤᠮᠳᠠ ᠳᠤᠷᠠᠨ ᠤ ᠬᠤᠶᠠᠷ ᠬᠠᠷᠠᠭ᠎ᠠ ᠭᠡᠮᠡᠷᠭᠡᠨ ᠪᠠᠢ᠌ᠷᠢᠯᠠᠭᠰᠠᠨ ᠨᠠᠭᠤᠷ ᠬᠠᠷᠠᠭᠠᠨ ᠳᠤ ᠴᠢᠨᠢ ᠳᠤᠰᠤᠨ᠎ᠠ᠃ ᠳᠠᠷᠠ ᠬᠤᠶᠠᠷ ᠨᠠᠭᠤᠷ ᠪᠣᠯ ᠳᠠᠷᠤᠢ ᠳᠤᠷᠠᠯᠠᠯ ᠤᠨ ᠨᠠᠭᠤᠷ ᠮᠦᠨ᠃ ᠪᠢᠳᠠ ᠪᠠᠭ᠎ᠠ ᠳᠤ ᠪᠠᠨ ᠴᠡᠭᠡᠯ ᠨᠢ ᠭᠦᠨ ᠳᠠᠯᠠᠪᠠᠢ ᠨᠢ ᠶᠡᠭᠡ ᠰᠢᠭ ᠢ ᠨᠢ ᠶᠡᠭᠡ ᠨᠠᠭᠤᠷ ᠭᠡᠵᠤ ᠨᠥᠭᠦᠭᠡ ᠶᠢ ᠨᠢ ᠪᠠᠭ᠎ᠠ ᠨᠠᠭᠤᠷ ᠭᠡᠵᠤ ᠳᠠᠭᠤᠳᠠᠵᠤ ᠳᠠᠳᠴᠠᠢ᠃ ᠬᠤᠷ᠎ᠠ ᠣᠰᠤ ᠣᠯᠠᠠᠳᠠᠢ ᠵᠢᠯ ᠳᠤ ᠡᠨᠡ ᠬᠤᠶᠠᠷ ᠨᠠᠭᠤᠷ ᠮᠢᠨᠢ ᠡᠷᠭᠢ ᠢᠷᠮᠡᠭ᠌ ᠶᠢᠡᠨ ᠳᠠᠯᠠᠵᠤ ᠳᠤᠷᠠᠯᠠᠭᠰᠠᠨ ᠬᠤᠤᠰ ᠪᠣᠯᠵᠤᠭᠠᠨ ᠳᠤ ᠪᠠᠨ ᠣᠴᠠᠷᠠᠬᠤ ᠰᠢᠭ ᠨᠡᠢ᠌ᠯᠡᠯᠳᠦᠭᠡᠳ ᠨᠢᠭᠡ ᠯᠠ ᠴᠤᠭᠴᠠ ᠪᠣᠯᠴᠢᠬᠠᠳᠠᠭ ᠶᠢᠡᠷ ᠨᠢ ᠨᠤᠳᠤᠭ ᠲᠦᠮᠡᠨ ᠮᠢᠨᠢ ᠳᠤᠷᠠᠯᠠᠯ ᠤᠨ ᠨᠠᠭᠤᠷ ᠭᠡᠳᠡᠭ᠌ ᠰᠠᠢ᠌ᠬᠠᠨ ᠨᠠᠷ᠎ᠠ ᠬᠠᠢ᠌ᠷᠠᠯᠠᠭᠰᠠᠨ ᠪᠢᠯᠢᠤ ︕ ᠳᠤᠷᠠᠯᠠᠯ ᠤᠨ ᠨᠠᠭᠤᠷ ᠶᠢᠡᠨ ᠰᠠᠨᠠᠬᠤ ᠪᠦᠷᠢ ᠴᠠᠭᠢᠷᠮ᠎ᠠ ᠶᠢᠨ ᠪᠣᠳᠠ ᠬᠠᠷᠠᠮᠨᠠᠨ ᠮᠠᠯᠠᠭᠠᠢ ᠶᠢ ᠰᠢᠭᠦᠷᠤᠨ ᠳᠡᠪᠳᠡᠷᠢᠭᠦ ᠶᠠᠩᠰᠢᠯᠠᠢ ᠰᠢᠪᠠᠭᠤᠨ ᠤ ᠴᠡᠷᠪᠠᠭᠡᠨ᠂ ᠨᠠᠭᠤᠷ ᠤᠨ ᠳᠤᠮᠳᠠᠭᠢ ᠬᠤᠯᠤᠰᠤ ᠰᠤᠬᠠᠢ ᠵᠢᠭ᠍ᠳᠡᠷᠡᠭ᠍ᠰᠡᠨ ᠵᠢᠵᠢᠭ᠌ ᠠᠷᠠᠯ ᠤᠨ ᠳᠡᠭᠡᠭᠦᠷ ᠨᠢᠰᠤᠨ ᠪᠠᠭᠤᠨ ᠳᠤᠩᠭ᠋ᠤᠳᠬᠤ ᠣᠰᠤᠨ ᠤ ᠮᠢᠩᠭ᠋ᠠᠨ ᠰᠢᠪᠠᠭᠤᠳ᠂ ᠥᠡᠳᠡᠭᠡ ᠨᠠᠩᠵᠢᠵᠤ ᠳᠡᠭ᠍ᠳᠡᠭᠡᠭᠡᠢ ᠳᠠᠭᠤᠭᠰᠠᠨ ᠬᠡᠦᠬᠡᠳ ᠪᠠᠭ᠎ᠠ ᠨᠠᠰᠤ ᠲᠡᠶ ᠮᠢᠨᠢ ᠬᠠᠮᠳᠤ ᠴᠠᠭᠢᠯᠤᠰᠭᠢᠨ ᠪᠠᠭᠤᠨ᠎ᠠ ᠡ ︕ ᠡᠢ᠌ᠮᠦᠷᠭᠦ ᠬᠤᠷᠤᠮ ᠳᠤ ᠭᠦᠮᠤᠨ ᠭᠡᠭ᠍ᠴᠢ ᠡᠩ ᠶᠡᠭᠡ ᠪᠠᠢ᠌ᠭᠠᠯᠢ ᠶᠢᠨ ᠳᠦᠷᠤᠳᠠᠰᠤ᠂ ᠡᠷᠭᠡ ᠨᠢᠭᠡᠨ ᠬᠡᠦᠬᠡᠳ ᠭᠡᠵᠤ ᠪᠠᠬᠠᠳᠤᠨ ᠪᠣᠳᠤᠵᠤ ᠵᠠᠪᠳᠤᠳᠠᠭ ᠪᠠᠢ᠌ᠭᠰᠠᠨ ᠶᠢᠡᠨ 《ᠬᠤᠨ ᠭᠠᠯᠠᠭᠤ ᠬᠤᠷᠭᠤᠳᠠᠳᠠᠭ ᠪᠠᠢ᠌ᠭᠰᠠᠨ ᠰᠠᠢ᠌ᠬᠠᠨ ᠨᠠᠭᠤᠷ ᠶᠤᠮᠰᠠᠨ᠃ ᠬᠤᠵᠢᠷ ᠮᠠᠯᠳᠠᠬᠤ ᠪᠠᠷ ᠢᠷᠡᠭ᠍ᠰᠡᠨ ᠭᠤᠤᠯ ᠤᠨ ᠪᠠᠢ᠌ᠰᠢᠩ ᠤᠨ ᠶᠤᠰᠤ ᠵᠤᠳᠠᠭ ᠮᠡᠳᠡᠳᠡᠭ᠌ ᠦᠭᠡᠶ ᠭᠢᠳᠠᠤᠨ ᠡᠮᠡᠰ ᠦᠬᠢᠳ ᠬᠤᠪᠴᠠᠰᠤ ᠬᠤᠨᠠᠷ ᠶᠢᠡᠨ ᠳᠤᠷ᠎ᠠ ᠪᠠᠷ ᠶᠢᠡᠨ ᠣᠭᠢᠶᠠᠭᠰᠠᠨ ᠡᠴᠡ ᠵᠠᠢ᠌ᠯᠠᠭᠠᠤᠨ ᠶᠠᠪᠣᠴᠢᠬᠠᠭᠰᠠᠨ ᠶᠤᠮ ᠯᠠᠢ᠂ ᠴᠢᠭᠢᠶᠠᠳᠠᠷᠤᠤ ︕》 ᠭᠡᠭᠦ ᠨᠠᠪᠴᠢᠨ ᠳᠠᠮᠠᠭᠢ ᠣᠷᠢᠶᠠᠭᠰᠠᠨ ᠨᠠᠮᠵᠢᠯ ᠠᠪᠣ ᠶᠢᠨ ᠨᠠᠮᠪᠠᠳᠠᠢ ᠬᠠᠷᠢᠶᠠᠯ ᠶᠢᠡᠷ ᠭᠦᠳᠦᠯᠦᠭᠦᠯᠵᠤ ᠭᠢᠵᠠᠭᠠᠷ ᠦᠭᠡᠶ ᠬᠠᠷᠠᠮᠰᠠᠯ ᠭᠤᠨᠢᠭ ᠤᠨ ᠭᠦᠨ ᠭᠦᠪ ᠲᠤ ᠣᠯᠠᠨ ᠳᠠᠭᠢᠨ ᠳᠡᠯᠴᠢᠯᠡᠭᠡᠳ ᠪᠠᠢ᠌ᠳᠠᠭ ᠰᠠᠨ᠃

ᠳᠤᠷᠠᠯᠠᠯ ᠤᠨ ᠨᠠᠭᠤᠷ ᠮᠢᠨᠢ ᠭᠡᠴᠢᠨᠡᠨ ᠵᠢᠯ ᠤᠨ ᠳᠤᠷᠰᠢ ᠮᠦᠷᠤ ᠨᠢᠴᠦᠭᠦᠨ ᠭᠡᠳᠡᠰᠤ ᠳᠤᠠᠳᠠᠭᠤᠷ ᠨᠤᠳᠤᠭ ᠤᠨ ᠮᠢᠨᠢ ᠭᠦᠮᠤᠨ ᠠᠷᠠᠤᠨ ᠤᠨ ᠠᠮᠢᠳᠤᠷᠠᠯ ᠳᠤ ᠠᠯᠢᠪᠠ ᠠᠰᠢᠭ ᠰᠢᠮ᠎ᠠ ᠪᠠᠨ ᠬᠠᠷᠠᠮ ᠦᠭᠡᠶ ᠬᠠᠩᠭ᠋ᠠᠵᠤ ᠣᠶᠤᠨ ᠪᠣᠳᠤᠯ ᠤᠨ ᠭᠢᠨᠢ ᠳᠦᠰᠢᠭ᠌ ᠪᠣᠯᠵᠤ ᠣᠨᠠᠵᠤ ᠪᠣᠰᠤᠭᠰᠠᠨ ᠳᠡᠦᠭᠡ ᠶᠢ ᠨᠢ ᠭᠦᠨ ᠴᠡᠩᠭᠡᠷ ᠴᠡᠭᠡᠯ ᠳᠤ ᠪᠠᠨ ᠬᠠᠳᠠᠭᠠᠯᠠᠭᠰᠠᠭᠠᠷ ᠢᠷᠡᠭ᠍ᠰᠡᠨ ᠪᠢᠯᠠ᠃ ᠪᠢ ᠪᠠᠭ᠎ᠠ ᠳᠤ ᠪᠠᠨ ᠵᠢᠯ ᠪᠦᠷᠢ ᠶᠢᠨ ᠭᠠᠯ ᠤᠨ ᠬᠤᠷᠢᠨ ᠭᠤᠷᠪᠠᠨ ᠪᠣᠯᠤᠭᠰᠠᠭᠠᠷ ᠠᠪᠣ ᠪᠠᠨ ᠳᠠᠭᠠᠵᠤ ᠨᠠᠭᠤᠷ ᠤᠨ ᠭᠦᠪᠠᠭᠡᠨ ᠡᠴᠡ ᠭᠡᠷ ᠴᠤᠬᠣᠢ᠌ᠳᠠᠬᠤ ᠴᠠᠭᠠᠨ ᠰᠢᠷᠤᠢ ᠳᠡᠭᠡᠭᠡᠵᠤ ᠠᠪᠠᠴᠢᠳᠠᠭ ᠪᠠᠢ᠌ᠭᠰᠠᠨ ᠶᠤᠮ᠃ ᠡ᠊ᠨᠳᠡᠭᠢ ᠴᠠᠭᠠᠨ ᠰᠢᠷᠤᠢ ᠪᠠᠷ ᠭᠡᠷ ᠣᠭᠢᠶᠠᠪᠠᠯ ᠣᠳᠤᠭ᠎ᠠ ᠳᠤᠭᠤᠰᠤᠨ ᠳᠤ ᠳᠠᠭᠠᠭᠠᠴᠠᠳᠠᠢ ᠭᠡᠵᠤ ᠡᠮᠡᠭᠡᠴᠦᠦᠯ ᠮᠠᠭᠳᠠᠵᠠᠭᠠᠳᠠᠭ ᠪᠠᠢ᠌ᠭᠰᠠᠨ ᠳ᠋ᠠ᠃ ᠳᠠᠷᠠ ᠦᠶ᠎ᠡ ᠳᠤ ᠮᠠᠨ ᠤ ᠨᠤᠳᠤᠭ ᠤᠨ ᠭᠢᠨ ᠪᠦᠷ ᠡ᠊ᠨᠳᠡ ᠡᠴᠡ ᠰᠢᠷᠤᠢ ᠠᠪᠠᠴᠢᠳᠠᠭ ᠪᠣᠯᠪᠠᠴᠤ ᠶᠠᠷᠤ ᠡᠴᠡ ᠨᠠᠭᠤᠷ ᠤᠨ ᠭᠦᠪᠠᠭᠡ ᠶᠢ ᠳᠤᠷ᠎ᠠ ᠪᠠᠷ ᠣᠬᠤᠵᠤ ᠨᠥᠭᠡᠯᠡᠳᠡᠭ᠌ ᠦᠭᠡᠶ ᠳᠤᠰᠬᠠᠢ᠌ᠯᠠᠨ ᠰᠢᠷᠤᠢ ᠠᠪᠳᠠᠭ ᠨᠥᠭᠡᠨ ᠡᠴᠡ ᠵᠠᠷᠤᠯᠭ᠎ᠠ ᠶᠢᠨ ᠭᠢᠷᠢ ᠪᠠᠷ ᠶᠢᠡᠨ ᠬᠠᠮᠤᠵᠤ ᠠᠪᠳᠠᠭ᠃ ᠳᠤᠷ᠎ᠠ ᠪᠠᠷ ᠨᠠᠭᠤᠷ ᠤᠨ ᠭᠦᠪᠠᠭᠡ ᠰᠡᠭ᠍ᠴᠢᠵᠤ ᠨᠥᠭᠡᠯᠡᠳᠡᠭ᠌ ᠭᠦᠮᠦᠰ ᠢ ᠡᠪᠦᠭᠡᠳ ᠳᠤᠮᠤᠴᠤᠳ ᠡᠴᠡ ᠵᠠᠪᠰᠢᠶᠠᠨ ᠡᠷᠢᠵᠤ ᠴᠢᠩᠭ᠎ᠠ ᠬᠠᠳᠠᠭᠤ ᠵᠢᠮᠠᠯᠠᠵᠤ ᠰᠤᠷᠭᠠᠳᠠᠭ ᠪᠠᠢ᠌ᠭᠰᠠᠨ ᠶᠤᠮ᠃ ᠭᠠᠵᠠᠷ ᠤᠨ ᠡᠯᠢᠭᠡ ᠴᠤᠭᠤᠴᠢᠳᠠᠭ ᠦᠭᠡᠶ᠂ ᠭᠠᠩᠭ᠋ᠠᠩ ᠪᠠᠢ᠌ᠭᠠᠯᠢ ᠪᠠᠨ ᠭᠤᠠᠳᠠᠭᠠᠳᠠᠭ ᠦᠭᠡᠶ ᠭᠠᠢ᠌ᠬᠠᠮᠰᠢᠭᠳᠤ ᠮᠤᠩᠭ᠋ᠤᠯ ᠰᠤᠶᠤᠯ ᠮᠢᠨᠢ ᠮᠢᠨᠤ ᠴᠡᠭᠡᠵᠢᠯᠡᠳᠡᠭ᠌ ᠳᠠᠷᠠ ᠦᠶ᠎ᠡ ᠢᠷᠠᠳᠠᠯ᠎ᠠ ᠭᠠᠵᠢᠭ᠎ᠠ ᠦᠭᠡᠶ᠂ ᠪᠠᠯᠠᠷᠠᠭ᠎ᠠ ᠦᠭᠡᠶ ᠭᠡᠨ ᠨᠢᠭᠡᠨ ᠶᠢᠡᠷ ᠵᠢᠭᠠᠯᠭᠠᠯ ᠦᠭᠡᠶ ᠪᠠᠷ ᠭᠡᠮ ᠲᠡᠶ᠂ ᠭᠤᠷᠢᠮ ᠲᠡᠶ ᠰᠠᠢ᠌ᠬᠠᠨ ᠣᠯᠠᠮᠵᠢᠯᠠᠵᠤ ᠪᠠᠢ᠌ᠯ᠎ᠠ ᠭᠡᠵᠤ ᠪᠣᠳᠤᠬᠤ ᠡᠴᠡ ᠣᠳᠤ ᠳᠠᠷᠠ ᠪᠦᠭᠦᠢ ᠨᠤᠳᠤᠭ ᠤᠨ ᠰᠠᠢ᠌ᠬᠠᠨ ᠰᠤᠶᠤᠯ ᠶᠢᠡᠨ ᠭᠡᠯᠡ ᠳᠤ ᠣᠷᠤᠭ᠎ᠠ ᠣᠩᠬᠤᠷᠬᠠᠢ ᠰᠢᠳᠤ ᠲᠡᠶ ᠵᠢᠭᠠᠯᠴᠤᠳ᠂ ᠭᠢᠵᠤ ᠰᠤᠷᠤᠭ᠎ᠠ ᠭᠡᠢ᠌ᠮᠦᠷᠢ ᠴᠤᠭ ᠲᠡᠶ ᠵᠠᠯᠠᠭᠤᠴᠤᠳ ᠲᠤ ᠪᠠᠨ ᠭᠢᠴᠢᠶᠠᠯ ᠪᠣᠯᠭᠠᠨ ᠵᠢᠭᠠᠪᠠᠯ ᠶᠠᠮᠠᠷᠬᠠᠨ ᠰᠠᠢ᠌ᠬᠠᠨ ᠣᠢ᠌ᠯᠠᠰ ᠪᠣᠯᠬᠤ ᠪᠢᠯᠠ ︕ ᠭᠦᠭᠡᠷᠦᠭᠦᠢ᠃

ᠡᠳ᠋ ᠴᠠᠭᠠᠨ᠂ ᠨᠢᠳᠤ ᠣᠯᠠᠭᠠᠨ᠃ ᠪᠠᠶᠠᠠᠨᠠᠭᠤᠷ ᠤᠨ ᠪᠠᠢ᠌ᠭᠠᠯᠢ ᠪᠠᠶᠠᠯᠢᠭ ᠠᠰᠢᠭ ᠭᠠᠷᠤᠯᠳᠠ ᠨᠠᠭᠤᠷ ᠭᠤᠤᠯ ᠳ᠋ᠤᠨᠢ ᠯᠠ ᠪᠠᠢ᠌ᠳᠠᠭ ᠭᠡᠵᠤ ᠭᠢᠷᠠᠬᠠᠢ ᠳᠠᠨᠢᠭᠰᠠᠨ ᠬᠠᠷᠢ ᠶᠢᠨ ᠭᠦᠮᠦᠰ ᠦᠯᠦᠨ ᠰᠢᠮᠠᠭᠤᠯ ᠮᠠᠳᠤ ᠱᠤᠩᠭᠢᠨᠠᠯᠳᠤᠨ ᠮᠤᠲ᠋ᠤᠷ ᠮᠠᠰᠢᠨ ᠨᠢᠰᠭᠡᠵᠤ ᠨᠠᠭᠤᠷ ᠭᠤᠤᠯ ᠤᠨ ᠭᠦᠪᠠᠭᠡ ᠪᠠᠷ ᠦᠳᠦ ᠮᠠᠳᠤ ᠠᠪᠠᠭᠠᠷᠠᠯᠳᠤᠨ ᠭᠡᠯᠳᠡᠭᠡ ᠮᠦᠷᠭᠦ ᠵᠢᠭᠠᠰᠤ ᠶᠢ ᠬᠡᠤᠳᠡᠢ ᠱᠤᠤᠳᠠᠢ ᠪᠠᠷ ᠠᠴᠢᠵᠤ᠂ ᠬᠤᠯᠤᠰᠤ ᠰᠤᠬᠠᠢ ᠪᠣᠷᠭᠠᠰᠤ ᠶᠢ ᠭᠢᠷᠠᠭᠠᠨ ᠭᠡᠷᠴᠢᠵᠤ ᠳᠡᠭᠡᠭᠡᠪᠦᠷᠢᠯᠡᠨ᠂ ᠬᠤᠵᠢᠷ ᠳᠠᠪᠣᠰᠤ ᠰᠢᠷᠤᠢ ᠶᠢ ᠳᠡᠷᠭᠡ ᠭᠦᠰᠭᠡ ᠪᠠᠷ ᠵᠥᠭᠡᠭᠡᠪᠦᠷᠢᠯᠡᠪᠡ᠃ ᠳᠡᠭᠡᠷ᠎ᠡ ᠵᠠᠭᠤᠨ ᠤ ᠶᠡᠷᠡᠭᠡᠳ ᠣᠨ ᠤ ᠦᠶ᠎ᠡ ᠪᠠᠷ ᠨᠤᠳᠤᠭ ᠶᠢᠡᠷ ᠮᠢᠨᠢ ᠥᠩᠭᠡᠷᠡᠳᠡᠭ᠌ ᠣᠯᠤᠰ ᠤᠨ ᠳᠠᠰ ᠤᠨ ᠵᠠᠰᠠᠮᠠᠯ ᠵᠠᠮ ᠶᠢᠡᠷ ᠦᠷᠯᠦᠭᠡ ᠦᠳᠡᠰᠢ ᠢᠯᠭᠠᠯ ᠦᠭᠡᠶ 《ᠵᠤᠯ ᠵᠢᠷᠭᠠᠯ》 ᠳᠡᠮᠳᠡᠭ᠍ᠳᠤ ᠮᠤᠲ᠋ᠤᠷ ᠲᠡᠶ ᠭᠦᠮᠦᠰ ᠵᠢᠭᠠᠰᠤ ᠠᠴᠢᠨ ᠰᠦᠯᠵᠢᠯᠳᠤᠵᠤ ᠵᠢᠭᠠᠰᠤᠨ ᠤ ᠭᠠᠷᠤᠯᠳᠠ ᠨᠢ ᠬᠤᠰᠢᠭᠤᠨ ᠤ ᠮᠢᠨᠢ ᠬᠠᠮᠤᠭ ᠳᠤᠮᠤ ᠴᠥᠭᠦᠷᠦᠮ ᠬᠠᠩᠭ᠋ᠠᠯ ᠴᠥᠭᠦᠷᠦᠮ ᠡᠴᠡ ᠴᠤ ᠳᠠᠪᠠᠵᠤ ᠪᠠᠢ᠌ᠯ᠎ᠠ ᠭᠡᠵᠤ ᠶᠠᠷᠢᠬᠤ ᠨᠢ ᠮᠢᠨᠤ ᠨᠢᠳᠤ ᠪᠠᠷ ᠶᠢᠡᠨ ᠦᠵᠡᠵᠤ ᠪᠠᠶ᠎ᠠ ᠪᠠᠷ ᠶᠢᠡᠨ ᠥᠩᠭᠡᠷᠡᠭᠦᠯᠦᠭ᠍ᠰᠡᠨ ᠦᠨᠡᠨ ᠣᠴᠢᠷ ᠰᠠᠨ᠃ ᠳᠡᠭᠡᠭᠡᠳ ᠯᠠ ᠪᠣᠯᠠᠢ ᠲᠡᠶ ᠣᠴᠢᠷ ᠵᠦᠢ᠌ ᠪᠠᠷ ᠶᠢᠡᠨ ᠡᠭᠦᠰᠪᠡ᠃ ᠶᠠᠷᠠᠨ ᠳᠠᠪᠤᠨ ᠣᠨ ᠤ 《ᠠᠯᠠᠭ ᠭᠠᠬᠠᠢ ᠵᠢᠯ》 (ᠳᠠᠷᠠ ᠵᠢᠯ ᠤᠨ ᠪᠣᠷᠤᠭᠠᠨ ᠳᠠᠩᠳᠠ ᠪᠠᠨ ᠠᠯᠠᠭᠯᠠᠵᠤ ᠣᠷᠤᠳᠠᠭ ᠪᠣᠯᠬᠤᠷ ᠨᠤᠳᠤᠭᠴᠤᠤᠯ ᠮᠢᠨᠢ ᠳᠡᠭᠡᠵᠤ ᠶᠤᠵᠤᠯᠠᠪᠠ) ᠊ᠤᠨ ᠠᠢ᠌ᠬᠤᠪᠳᠤᠷ ᠭᠠᠩ ᠡᠴᠡ ᠡᠭᠢᠯᠡᠨ ᠠᠷᠪᠠ ᠭᠠᠷᠤᠢ ᠵᠢᠯ ᠭᠠᠵᠠᠷ ᠤᠨ ᠭᠦᠷᠦᠰᠤ ᠶᠢ ᠨᠠᠪᠳᠠᠯᠤᠳᠠᠯ᠎ᠠ ᠪᠣᠷᠤᠭᠠᠨ ᠣᠷᠤᠭᠰᠠᠨ ᠦᠭᠡᠶ᠃ ᠭᠠᠩᠭ᠋ᠠᠩ ᠰᠠᠢ᠌ᠬᠠᠨ ᠨᠠᠭᠤᠷ ᠤᠳ ᠮᠢᠨᠢ ᠬᠣᠢ᠌ᠨ᠎ᠠ ᠬᠣᠢ᠌ᠨ᠎ᠠ ᠡᠴᠡ ᠰᠢᠷᠭᠢᠵᠡᠭᠡᠪᠡ᠃ ᠭᠠᠯᠠᠭᠤ ᠰᠢᠪᠠᠭᠤᠳ ᠭᠠᠩᠭ᠋ᠠᠨᠠᠭᠰᠠᠭᠠᠷ ᠵᠠᠢ᠌ᠯᠠᠪᠠ᠃ ᠭᠠᠷ ᠶᠢᠡᠨ ᠨᠤᠬᠤᠯᠠᠭᠰᠠᠨ ᠭᠦᠮᠦᠰ ᠣᠰᠤ ᠡᠷᠢᠵᠤ ᠭᠦᠶ‍ᠦᠯᠳᠦᠪᠡ᠃ ᠭᠠᠵᠠᠷ ᠤᠨ ᠭᠦᠷᠦᠰᠤ ᠪᠠᠨ ᠭᠦᠡᠳᠡᠢ᠌ᠯᠡᠨ ᠡᠮ ᠤᠨ ᠦᠨᠳᠦᠰᠦ ᠣᠬᠤᠵᠤ ᠣᠯᠠᠭᠠᠨ ᠬᠤᠭᠤᠯᠠᠢ ᠪᠠᠨ ᠠᠷᠭᠠᠴᠠᠪᠠ᠃ ᠭᠠᠵᠠᠷ ᠰᠠᠢ ᠦᠭᠡᠶ ᠬᠤᠳᠳᠤᠭ ᠡᠷᠦᠪᠡ᠃ ᠳᠤᠰᠠ ᠪᠣᠯᠤᠭᠰᠠᠨ ᠦᠭᠡᠶ᠃ ᠭᠤᠮᠤᠳᠠᠭᠠᠵᠤ ᠣᠳᠠᠭᠰᠠᠨ ᠰᠢᠳᠦᠭᠡᠡᠳᠤ ᠵᠤ᠋ ᠳᠤ ᠪᠠᠨ ᠮᠦᠷᠭᠦᠪᠡ᠃ ᠭᠡᠰᠢᠭ᠌ ᠢᠷᠡᠭ᠍ᠰᠡᠨ ᠦᠭᠡᠶ᠃ ᠳᠠᠷᠠ ᠦᠶ᠎ᠡ ᠳᠤ ᠪᠢ ᠶᠠᠭ ᠰᠠᠢ᠌ᠬᠠᠨ ᠣᠶᠤᠳᠠᠨ ᠪᠠᠢ᠌ᠵᠤ ᠠᠪᠣ ᠡᠵᠢ ᠶᠢᠨ ᠶᠢᠡᠨ ᠳᠠᠮᠢᠷ ᠢ ᠰᠢᠪᠬᠠᠵᠤ ᠪᠠᠢ᠌ᠭᠰᠠᠨ ᠳ᠋ᠠ᠃ ᠳᠡᠭᠦᠨ ᠡᠴᠡ ᠪᠣᠯᠤᠭᠰᠠᠨ ᠤ ᠶᠤᠮ ᠦᠦ ᠪᠣᠤ ᠮᠠᠳᠠ᠂ ᠨᠤᠳᠤᠭ ᠶᠢᠡᠨ᠂ ᠨᠠᠭᠤᠷ ᠶᠢᠡᠨ ᠪᠢ ᠭᠡᠨ ᠡᠴᠡ ᠴᠤ ᠢᠯᠡᠭᠦᠤ ᠥᠭᠡᠢ᠌ᠯᠡᠭᠦ ᠪᠣᠯᠤᠭᠰᠠᠨ᠂ ᠵᠡᠭᠦᠳᠦᠯᠡᠭᠦ ᠪᠣᠯᠤᠭᠰᠠᠨ᠃ ᠬᠤᠨ ᠡᠷᠭᠢᠴᠡᠳᠡᠭ᠌ ᠨᠠᠭᠤᠷ ᠮᠢᠨᠢ ᠰᠢᠷᠭᠢᠭᠦ ᠶᠢ ᠪᠠᠢ᠌ᠳᠤᠭᠠᠢ ᠬᠤᠭ ᠪᠣᠷᠳᠠᠭ ᠢ ᠳᠠᠷᠤᠵᠤ ᠠᠷᠢᠯᠭᠠᠳᠠᠭ ᠬᠤᠵᠢᠷᠯᠢᠭ ᠰᠠᠢ᠌ᠬᠠᠨ ᠰᠢᠷᠤᠢ ᠴᠤ ᠡᠯᠡᠰᠤᠨ ᠳᠤ ᠳᠠᠷᠤᠭᠳᠠᠭᠠᠤᠨ ᠠᠯᠠᠭ᠎ᠠ ᠪᠣᠯᠴᠢᠬᠠᠭᠰᠠᠨ ᠬᠣᠢ᠌ᠨ᠎ᠠ ᠭᠦᠢ ᠪᠠᠷ ᠬᠤᠯᠪᠣᠭᠠᠳᠠᠢ ᠭᠦᠤ ᠨᠠᠳᠠ ᠶᠢ ᠡᠮᠵᠡᠭᠯᠡᠵᠤ ᠵᠤᠪᠠᠬᠤ ᠶᠢᠨ ᠬᠠᠷ᠎ᠠ ᠵᠡᠭᠦᠳᠤᠨ ᠡᠴᠡ ᠶᠠᠮᠠᠷ ᠬᠤᠪᠢᠯᠭᠠᠨ ᠰᠡᠷᠡᠭᠡᠵᠤ ᠳᠡᠢ᠌ᠯᠭᠦ ᠪᠢᠯᠠ ︕ ᠨᠤᠳᠤᠭᠴᠤᠤᠯ ᠮᠢᠨᠢ ᠡᠴᠦᠰ ᠲᠡᠭᠡᠨ ᠣᠬᠠᠭᠠᠷᠠᠯ᠎ᠠ᠃ ᠳᠠᠳᠠ ᠠᠠᠵᠢᠰᠤ ᠪᠠᠨ ᠠᠮᠠᠷᠠᠭᠤᠯᠵᠤ ᠠᠷᠴᠢᠭᠤᠷ ᠶᠢᠡᠨ ᠡᠯᠭᠦᠪᠡ᠃ ᠠᠳᠠᠷ ᠶᠢᠡᠨ ᠭᠦᠷᠢᠶᠡᠯᠡᠵᠤ ᠡᠯᠡᠰᠤ ᠪᠠᠨ ᠵᠠᠰᠠᠵᠤ ᠡᠭᠢᠯᠡᠪᠡ᠃ ᠨᠢᠳᠤᠨᠤᠨ ᠵᠤᠨ ᠬᠤᠷ᠎ᠠ ᠣᠰᠤ ᠨᠠᠯᠢᠶᠠᠤᠨ ᠳᠡᠭ᠍ᠰᠢᠷᠡᠵᠤ ᠳᠤᠷᠠᠯᠠᠯ ᠤᠨ ᠨᠠᠭᠤᠷ᠂ ᠳᠤᠯᠢᠨ ᠨᠠᠭᠤᠷ᠂ ᠬᠠᠵᠢᠨ ᠨᠠᠭᠤᠷ᠂ ᠵᠢᠷᠦᠭᠡᠨ ᠨᠠᠭᠤᠷ ᠁ ᠲᠤ ᠪᠦᠷ ᠣᠰᠤ ᠲᠡᠶ ᠪᠣᠯᠤᠭᠰᠠᠨ ᠴᠢᠮᠡᠭᠡ ᠣᠳᠤ ᠪᠣᠯᠳᠠᠯ᠎ᠠ ᠴᠢᠭᠢᠨ ᠳᠤ ᠮᠢᠨᠢ ᠬᠠᠩᠭᠢᠨᠠᠭᠰᠠᠭᠠᠷ ᠡ᠃ ᠳᠠᠷᠠ ᠰᠦᠨᠢ ᠨᠢ ᠪᠢ ᠵᠡᠭᠦᠳᠤᠨ ᠳᠤ ᠪᠠᠨ ᠳᠤᠷᠠᠯᠠᠯ ᠤᠨ ᠨᠠᠭᠤᠷ ᠲᠤ ᠪᠠᠨ ᠭᠦᠷᠪᠡ᠃ 《ᠲ᠋ᠤᠷᠠᠯᠠᠯ ᠤᠨ ᠨᠠᠭᠤᠷ ᠡ ︕》 ᠭᠡᠵᠤ ᠪᠢ ᠵᠢᠷᠦᠭᠡᠨ ᠳᠤ ᠪᠠᠨ ᠬᠠᠰᠭᠢᠴᠢᠵᠤ ᠡᠯᠡᠰᠤᠨ ᠳᠤ ᠳᠠᠷᠤᠭᠳᠠᠭᠰᠠᠨ ᠡᠷᠭᠢ ᠢᠷᠮᠡᠭ᠌ ᠳᠡᠭᠡᠷ᠎ᠡ ᠨᠢ ᠡᠷᠭᠡ ᠬᠤᠩᠭ᠋ᠤᠷ ᠪᠠᠭ᠎ᠠ ᠨᠠᠰᠤ ᠪᠠᠨ ᠬᠠᠨᠤᠳᠠᠯ᠎ᠠ ᠳᠠᠭᠤᠯᠠᠵᠤ ᠡᠷᠭᠢᠭᠦ ᠮᠠᠷᠭᠠᠰᠢ ᠪᠠᠨ ᠴᠡᠯᠭᠡᠷᠡᠳᠡᠯ᠎ᠡ ᠵᠢᠷᠤᠵᠤ ᠰᠠᠭᠤᠬᠤ ᠳᠤ ᠳᠤᠷᠠᠯᠠᠯ ᠤᠨ ᠨᠠᠭᠤᠷ ᠮᠢᠨᠢ ᠨᠠᠳᠠ ᠴᠠᠯᠭᠢᠨ ᠴᠠᠯᠭᠢᠨ ᠭᠦᠭᠡᠷᠴᠤ ᠪᠠᠢ᠌ᠪᠠ᠃ ᠳᠡᠭᠡᠭᠦ ᠳᠤ ᠳᠤᠷᠠᠯᠠᠯ ᠤᠨ ᠨᠠᠭᠤᠷ ᠮᠢᠨᠢ ᠨᠠᠳᠠ ᠳᠤᠭᠤᠯᠠᠩ ᠨᠢᠯᠪᠣᠰᠤ ᠲᠡᠶ ᠬᠡᠦᠬᠡᠳ ᠤᠨ ᠨᠢᠳᠤ ᠰᠢᠭ᠌ ᠬᠠᠷᠠᠭᠳᠠᠯ᠎ᠠ᠃

ᠳᠤᠷᠠᠯᠠᠯ ᠤᠨ ᠨᠠᠭᠤᠷ ᠵᠡᠭᠦᠳᠤᠨ ᠳᠤ ᠮᠠᠯᠳᠠᠷᠠᠨ᠎ᠡ᠃ ᠳᠤᠩᠭ᠋ᠤᠳᠬᠤ ᠣᠯᠠᠨ ᠰᠢᠪᠠᠭᠤᠳ ᠨᠢ ᠵᠢᠷᠦᠭᠡᠨ ᠳᠤ ᠨᠤᠷᠭᠢᠨ᠎ᠠ᠃ ᠳᠤᠷᠠᠯᠠᠯ ᠤᠨ ᠨᠠᠭᠤᠷ ᠡ᠂ ᠳᠤᠷᠠᠯᠠᠭᠤᠯᠵᠤ ᠬᠠᠢ᠌ᠷᠠᠯᠠᠭᠤᠯᠵᠤ ᠴᠢᠳᠠᠳᠠᠭ᠂ ᠳᠤᠷᠠᠰᠤᠭᠤᠯᠵᠤ ᠵᠤᠪᠠᠭᠠᠵᠤ ᠴᠢᠳᠠᠳᠠᠭ ᠳᠠᠭᠤᠳᠠᠬᠤ ᠳᠤ ᠠᠶᠠᠳᠠᠢ ᠡᠨᠡ ᠨᠠᠷ᠎ᠠ ᠶᠢ ᠭᠡᠨ ᠴᠢᠮ᠎ᠠ ᠳᠤ ᠥᠭ᠍ᠪᠡ ︕ ᠳᠤᠤᠯᠢᠮ᠎ᠠ ᠬᠤᠷᠸ᠎ᠠ ᠳᠤ ᠡᠨᠡ ᠰᠠᠢ᠌ᠬᠠᠨ ᠨᠠᠷ᠎ᠠ ᠶᠢ ᠴᠢᠨᠢ ᠭᠡᠨ ᠭᠦᠮᠤᠨ ᠮᠥᠩᠭᠡᠷᠡᠭᠦᠯᠤᠨ᠎ᠡ ᠡ ︖

ᠳᠤᠷᠠᠯᠠᠯ ᠨᠠᠭᠤᠷ ᠲᠤ ᠪᠠᠨ ᠨᠢᠭᠡ ᠭᠦᠷᠭᠦ ᠶᠤᠮᠰᠠᠨ᠃

          


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6072
ᠴᠠᠭ᠄ 2011 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ