ᠡᠪ ᠬᠠᠢ᠌ᠷ᠎ᠠ

ᠪᠦᠷᠣᠢ᠌ᠯᠠ ᠶᠢᠨ ᠪᠣᠷᠤ ᠰᠢᠷᠭᠠᠯ ᠳᠤᠶᠠᠭᠠᠨ ᠳᠤ ᠪᠦᠷᠦᠯᠵᠡᠭ᠍ᠰᠡᠨ ᠠᠮᠤᠭᠤᠯᠠᠩ ᠳᠡᠯᠡᠭᠡᠢ ᠶᠢ ᠣᠭᠤᠷᠠᠭ ᠶᠢᠡᠷ ᠣᠭᠢᠶᠠᠭᠰᠠᠭᠠᠷ ᠨᠠᠮᠤᠷ ᠤᠨ ᠰᠠᠷ᠎ᠠ ᠶᠢᠨ ᠠᠷᠪᠠᠨ ᠳᠠᠪᠤᠨ ᠤ ᠳᠦᠭᠦᠷᠢᠭ ᠣᠯᠠᠭᠠᠨ ᠵᠡᠭᠡᠷᠳᠡ ᠰᠠᠷᠠ ᠵᠡᠭᠦᠨ ᠵᠥᠭ᠌ ᠤᠨ ᠵᠤᠪᠭᠢ ᠡᠴᠠ ᠮᠠᠯᠮᠠᠢ᠌ᠨ ᠮᠠᠠᠳᠤᠬᠤ ᠳᠤ ᠡᠳᠦᠷ ᠢ ᠪᠠᠷᠠᠵᠤ ᠠᠭᠤᠯᠠ ᠭᠤᠤᠯ ᠢ ᠱᠤᠤᠭᠢᠭᠤᠯᠤᠭᠰᠠᠨ ᠬᠠᠳᠤᠯᠠᠩ ᠤᠨ ᠭᠢᠨ ᠭᠦᠯ ᠶᠢᠡᠨ ᠵᠢᠭᠢᠵᠤ ᠭᠦᠯᠦᠰᠤ ᠪᠠᠨ ᠬᠠᠭᠰᠠᠭᠠᠵᠤ ᠵᠠᠳᠠᠭᠠᠢ ᠭᠠᠯ ᠶᠢᠡᠨ ᠳᠦᠭᠡᠢ᠌ᠯᠡᠨ ᠳᠠᠮᠠᠭᠢ ᠳᠠᠳᠠᠵᠤ ᠭᠡᠪᠳᠡᠵᠡᠭᠡᠨ᠎ᠡ᠃

ᠣᠢ ᠶᠢᠨ ᠳᠠᠠᠳᠠ ᠡᠴᠡ 《ᠡᠪ ᠬᠠᠢ᠌ᠷ᠎ᠠ》 ᠭᠡᠭᠦ ᠢᠨᠠᠭ ᠬᠠᠢ᠌ᠷ᠎ᠠ ᠡᠪ ᠨᠥᠭᠦᠷᠯᠡᠯ ᠢ ᠣᠶᠠᠩᠭ᠋ᠠᠯᠠᠭᠰᠠᠨ ᠰᠠᠢ᠌ᠬᠠᠨ ᠳᠠᠭᠤᠤ ᠶᠢᠨ ᠠᠶᠠᠰ ᠡᠷᠡᠭ᠍ᠳᠡᠢ ᠶᠢᠨ ᠬᠤᠤᠰᠯᠠᠯ ᠳᠠᠭᠤᠤ ᠶᠢᠨ ᠵᠢᠷᠤᠮ ᠶᠢᠡᠷ ᠬᠠᠩᠭᠢᠨᠠᠬᠤ ᠡᠴᠠ ᠳᠠᠯ᠎ᠠ ᠪᠠᠷ ᠠᠨᠢᠷ ᠵᠢᠮ᠃ ᠡᠨᠡ ᠳᠠᠭᠤᠤ ᠡᠷᠳᠡᠨ ᠤ ᠳᠠᠲ᠋ᠠᠷ ᠠᠷᠠᠤᠨ ᠤᠨ ᠳᠠᠭᠤᠤ ᠶᠢᠨ ᠣᠤᠭᠠᠯ ᠨᠠᠮᠪᠠ ᠪᠠᠷ ᠭᠦᠭᠯᠡᠭ᠍ᠳᠡᠭ᠍ᠰᠡᠨ ᠪᠠᠢ᠌ᠵᠤ ᠮᠤᠩᠭ᠋ᠤᠯ ᠳᠠᠲ᠋ᠠᠷ ᠬᠠᠰᠠᠭ ᠭᠤᠷᠪᠠᠨ ᠭᠡᠯᠡ ᠪᠠᠷ ᠳᠠᠭᠤᠯᠠᠭᠳᠠᠳᠠᠭ ᠣᠴᠢᠷ ᠨᠤᠳᠤᠭ ᠢᠯᠭᠠᠴᠠ ᠦᠭᠡᠶ ᠳᠢᠪ ᠠᠯᠤᠰᠯᠠᠨ ᠳᠦᠭᠡᠭ᠍ᠰᠡᠨ ᠪᠠᠢ᠌ᠳᠠᠭ᠃ ᠠᠮᠢᠳᠤᠷᠠᠯ ᠳᠤ ᠦᠨᠡᠨ ᠴᠠᠭᠠᠨ ᠰᠡᠳᠭᠢᠯ ᠶᠢᠡᠷ ᠬᠠᠠᠳᠤᠵᠤ ᠬᠤᠷᠸ᠎ᠠ ᠶᠢ ᠬᠠᠢ᠌ᠷ᠎ᠠ ᠶᠢᠨ ᠨᠢᠳᠤ ᠪᠠᠷ ᠬᠠᠷᠠᠳᠠᠭ ᠭᠦᠮᠤᠨ ᠪᠦᠭᠦᠨ ᠳᠤ ᠳᠠᠭᠠᠯᠠᠭᠳᠠᠳᠠᠭ ᠡᠨᠡ ᠳᠠᠭᠤᠤ ᠡᠳᠡᠭᠡᠷ ᠬᠠᠳᠤᠯᠠᠩᠴᠢᠳ ᠤᠨ ᠰᠡᠳᠭᠢᠯ ᠤᠨ ᠴᠢᠠᠳᠠᠭᠠᠨ ᠴᠠᠭᠠᠨ ᠴᠢᠪᠬᠠᠳᠠᠰᠤ ᠶᠢ ᠳᠤᠷᠭᠢᠭᠤᠯᠤᠭᠰᠠᠨ ᠨᠢ ᠦᠨᠡᠨ ᠊᠊᠊᠊᠊᠊᠊᠊᠊᠊᠊᠊᠊᠊᠊ ᠴᠦᠮ ᠶᠢᠡᠷ ᠶᠢᠡᠨ ᠳᠠᠷᠠ ᠳᠠᠭᠤᠤ ᠶᠢ ᠴᠢᠭᠢ ᠰᠤᠷᠮᠣᠢ᠌ᠨ ᠴᠢᠩᠨᠠᠵᠤ ᠪᠠᠢ᠌ᠨ᠎ᠠ᠃

ᠰᠢᠷ᠎ᠠ ᠠᠶᠤᠤ ᠭᠡᠮᠡᠷ ᠶᠡᠭᠡ ᠪᠠᠶ᠎ᠠ ᠲᠡᠶ ᠭᠦᠮᠤᠨ ᠭᠠᠷ ᠤᠨ ᠠᠶ᠎ᠠ ᠪᠠᠷ ᠭᠠᠯ ᠰᠢᠯᠭᠡᠭᠡᠵᠤ᠄

᠊᠊᠊᠊᠊᠊᠊᠊᠊᠊᠊᠊᠊᠊᠊ ᠰᠠᠢ᠌ᠬᠠᠨ ᠴᠠᠢ ᠪᠣᠴᠠᠯᠭᠠᠵᠤ ᠳᠠᠯᠪᠢᠶ᠎ᠠ᠃ ᠰᠦᠨᠢ ᠣᠮᠳᠠᠭᠠᠰᠤᠭᠰᠠᠨ ᠴᠢᠨᠢ ᠣᠤᠭᠤᠵᠠᠭ᠎ᠠ ᠭᠡᠵᠤ ᠶᠠᠷᠢᠨ᠎ᠠ᠃ ᠳᠡᠭᠦᠨ ᠤ ᠳᠠᠪᠠᠯᠭᠠᠳᠤ ᠭᠦᠷᠡᠩ ᠪᠣᠭᠤᠷᠤᠯ ᠬᠠᠯᠢᠮᠠᠭ ᠪᠠᠷᠪᠠᠭᠠᠷ ᠰᠠᠬᠠᠯ ᠨᠢ ᠭᠠᠯ ᠤᠨ ᠭᠡᠷᠡᠯ ᠳᠤ ᠰᠦᠷᠳᠠᠢ ᠥᠵᠡᠭ᠍ᠳᠡᠵᠤ ᠭᠡᠨ ᠤ ᠭᠡᠨ ᠭᠡᠳᠡᠭ᠌ ᠢ ᠨᠢ ᠳᠤᠳᠤᠷᠬᠠᠢ᠌ᠯᠠᠵᠤ ᠡᠨᠡ ᠨᠤᠳᠤᠭ ᠤᠨ ᠭᠢᠨ ᠳᠡᠭᠦᠨ ᠢ 《ᠠᠶᠤᠤ》 ᠭᠡᠵᠤ ᠨᠡᠷᠡᠯᠡᠭ᠍ᠰᠡᠨ ᠨᠢ ᠶᠠᠭᠠᠭᠢᠭᠰᠠᠨ ᠣᠯᠮᠤᠭᠠᠢ ᠬᠤᠴᠢ ᠪᠣᠢ ᠭᠡᠵᠤ ᠭᠦᠮᠤ ᠶᠢ ᠱᠠᠭᠰᠢᠷᠠᠭᠤᠯᠬᠤ ᠳᠤ ᠭᠦᠷᠭᠡᠨ᠎ᠡ᠃

ᠡᠨᠡ ᠣᠷᠤᠰ ᠭᠦᠮᠤᠨ ᠳᠤᠰ ᠬᠠᠳᠤᠯᠠᠩ ᠤᠨ ᠭᠢᠨ ᠤ ᠭᠠᠯ ᠤᠨ ᠠᠬ᠎ᠠ ᠠᠵᠠᠢ᠃ ᠣᠢ ᠶᠢᠨ ᠳᠤᠳᠤᠷ᠎ᠠ 《ᠡᠪ ᠬᠠᠢ᠌ᠷ᠎ᠠ》 ᠶ᠋ᠢᠨ ᠳᠠᠭᠤᠤ ᠬᠠᠩᠭᠢᠨᠠᠭᠤᠯᠤᠨ ᠶᠠᠪᠣᠭ᠎ᠠ ᠬᠤᠶᠠᠷ ᠵᠠᠯᠠᠭᠤ ᠪᠣᠯᠪᠠᠰᠤ ᠡᠨᠡ ᠭᠦᠮᠤᠨ ᠤ ᠨᠠᠢ᠌ᠵᠠ ᠨᠡᠷ ᠤᠨ ᠬᠢᠨᠢ ᠭᠦᠪᠠᠭᠦᠤᠨ ᠪᠠᠢ᠌ᠵᠠᠢ᠃ ᠣᠷᠤᠰ ᠭᠦᠮᠤᠨ ᠳᠠᠭᠤᠤ ᠶᠢᠨ ᠠᠶᠠᠰ ᠬᠠᠩᠭᠢᠨᠠᠬᠤ ᠵᠥᠭ᠌ ᠵᠢᠯᠪᠢ ᠲᠡᠶ ᠠᠵᠢᠵᠤ ᠪᠠᠢ᠌ᠨ᠄

᠊᠊᠊᠊᠊᠊᠊᠊᠊᠊᠊᠊᠊᠊᠊ ᠡᠨᠡ ᠬᠤᠶᠠᠷ ᠴᠢᠳᠭᠦᠷ ᠴᠢᠨᠢ ᠡᠴᠢᠭᠡ ᠨᠤᠭᠦᠳ ᠶᠢᠡᠨ ᠶᠠᠭᠠᠭᠢᠭᠰᠠᠨ ᠳᠠᠭᠤᠷᠢᠶᠠᠭᠰᠠᠨ ᠪᠣᠢ ︖ ᠡᠳᠡᠨ ᠤ ᠡᠴᠢᠭᠡ ᠪᠢᠳᠠᠨ ᠨᠡᠷ ᠭᠡᠵᠤ ᠳ᠋ᠠ᠃ ᠡᠢ᠌ᠮᠤ ᠨᠠᠰᠤᠨ ᠳᠠᠭᠠᠨ ᠪᠠᠰᠠ ᠯᠠ ᠢᠩᠭᠢᠵᠤ ᠶᠠᠪᠣᠭᠰᠠᠨ ᠳ᠋ᠠ ᠭᠡᠵᠤ ᠣᠷᠳᠤ ᠭᠡᠭ᠍ᠴᠢ ᠠᠮᠢᠰᠬᠤᠯ ᠠᠪᠴᠤ ᠵᠤᠭᠤᠭ ᠶᠢᠡᠨ ᠡᠭᠢᠯᠡᠯ᠎ᠡ᠃

᠁ ᠳᠠᠷᠠ ᠵᠢᠯ ᠪᠢ ᠬᠤᠷᠢ ᠰᠢᠨᠡᠭᠡᠨ ᠣᠷᠤᠵᠤ ᠪᠠᠢ᠌ᠭᠰᠠᠨ ᠴᠠᠭ᠃ ᠪᠢᠳᠠᠨ ᠮᠤᠩᠭ᠋ᠤᠯ ᠬᠠᠰᠠᠭ ᠣᠷᠤᠰ ᠳᠠᠲ᠋ᠠᠷ ᠭᠡᠳ ᠭᠡᠳᠤᠨ ᠦᠨᠳᠦᠰᠦᠳᠠᠨ ᠤ ᠳᠤᠯᠤᠭᠠᠨ ᠱᠢᠷᠤ ᠰᠢᠭ ᠵᠠᠯᠠᠭᠤ ᠨᠢᠭᠡ ᠡᠪᠦᠯᠵᠢᠶᠡᠨ ᠤ ᠡᠪᠠᠰᠤ ᠬᠠᠳᠤᠵᠤ ᠬᠤᠷᠢᠶᠠᠬᠤ ᠡᠭᠦᠷᠭᠡ ᠳᠠᠭᠠᠭᠠᠵᠤ ᠠᠪᠣᠯ᠎ᠠ᠃

ᠳᠤᠯᠤᠭᠠᠨ ᠠᠯᠪᠢᠨ ᠭᠡᠳ ᠯᠠ ᠳ᠋ᠦᠢ ᠶᠢᠨ ᠳᠠᠷᠤᠭ᠎ᠠ ᠪᠢᠳᠠᠨ ᠢ ᠨᠤᠳᠤᠭ ᠠᠮᠢᠳᠠᠨ ᠡᠴᠠ ᠬᠤᠯᠠᠴᠠᠷ ᠡ᠊ᠨᠳᠡ ᠠᠯᠪᠠᠨ ᠳᠤ ᠵᠠᠷᠤᠭᠰᠠᠨ ᠭᠡᠷᠡᠭ᠌᠃ ᠯᠠᠪᠯᠠᠨ ᠬᠠᠠᠳᠠᠷᠴᠤ ᠥᠵᠡᠭᠦ ᠭᠡᠰᠡᠨ ᠳᠠᠷᠤᠭ᠎ᠠ ᠡᠨᠡ ᠡᠪᠦᠯᠵᠢᠶᠡᠨ ᠤ ᠡᠪᠠᠰᠤ ᠶᠢ ᠪᠦᠭᠦᠳᠡ ᠶᠢ ᠨᠢ ᠬᠠᠳᠤᠵᠤ ᠡᠰᠡ ᠴᠢᠳᠠᠪᠠᠯ ᠵᠢᠯ ᠤᠨ ᠭᠦᠯᠦᠰᠤ ᠭᠦᠴᠤ ᠶᠢ ᠴᠢᠨᠢ 《0》 ᠲᠡᠶ ᠲᠡᠩᠴᠡᠬᠦᠯᠤᠨ᠎ᠡ ᠪᠢ ᠭᠡᠵᠤ ᠠᠮᠢᠳᠤᠷᠠᠯ ᠤᠨ ᠬᠠᠳᠠᠭᠤ ᠪᠣᠯᠵᠤᠭ ᠳᠤᠯᠭᠠᠭᠰᠠᠨ ᠪᠢᠯᠠ᠃

ᠪᠢᠳᠠᠨ ᠭᠡᠳᠡᠭ᠌ ᠡᠳᠦᠷ ᠢ ᠪᠠᠷᠠᠳᠠᠯ᠎ᠠ ᠠᠵᠢᠯᠯᠠᠴᠢᠬᠠᠭᠠᠤᠨ ᠴᠠᠭᠠᠳᠤᠭᠢ ᠮᠠᠨ ᠤ ᠬᠤᠶᠠᠷ ᠵᠠᠯᠠᠭᠤ ᠰᠢᠭ ᠯᠠ ᠰᠦᠨᠢ ᠪᠣᠯᠪᠠᠯ ᠬᠠᠩᠭᠢᠨᠠᠭᠤᠯᠤᠨ ᠵᠢᠯᠢ᠌ᠳᠡᠭ᠌ ᠪᠠᠢ᠌ᠯ᠎ᠠ᠃ ᠰᠦᠨᠢ ᠠᠢ᠌ᠯ ᠭᠡᠩᠭᠦᠵᠤ ᠨᠤᠬᠠᠢ ᠨᠢᠷᠭᠡᠭᠦᠯᠵᠤ ᠦᠬᠢᠳ 《ᠡᠷᠭᠢᠭᠦᠯᠵᠤ》 ᠶᠠᠪᠣᠳᠠᠭ ᠲᠠᠭᠠᠨ ᠨᠠᠷ᠎ᠠ ᠲᠡᠶ ᠨᠢ ᠡᠨᠡ ᠬᠤᠶᠠᠷ ᠤᠨ ᠡᠴᠢᠭᠡ ᠨᠤᠭᠦᠳ ᠊᠊᠊᠊᠊᠊᠊᠊᠊᠊᠊᠊᠊᠊᠊ ᠵᠤᠮᠠᠱ ᠰᠠᠮᠳᠠᠨ ᠬᠤᠶᠠᠷ ᠭᠠᠢ ᠪᠢᠯᠠ᠃ ᠭᠠᠢ ᠭᠡᠵᠤ ᠭᠠᠢ ᠶᠢᠨ ᠭᠠᠢ ᠪᠣᠯᠤᠭᠰᠠᠨ ᠭᠠᠢ᠌ᠨᠢ ᠭᠡᠭ᠍ᠴᠢ ᠳᠠᠲ᠋ᠠᠷ ᠮᠠᠨᠢ ᠪᠠᠢ᠌ᠳᠠᠭ᠃ ᠭᠡᠯᠡᠨ ᠬᠤᠷᠴᠠ ᠬᠤᠭᠤᠯᠠᠢ ᠰᠠᠢ᠌ᠬᠠᠨ᠃ ᠪᠠᠶᠠᠨ ᠬᠤᠭᠤᠷ ᠲᠡᠶ ᠢᠭᠢᠷ᠎ᠡ ᠳᠦᠷᠦᠭ᠍ᠰᠡᠨ ᠰᠢᠭ᠌ ᠳᠡᠭᠦᠨ ᠡᠴᠡ ᠪᠠᠨ ᠣᠭᠳᠤ ᠰᠠᠯᠳᠠᠭ ᠦᠭᠡᠶ᠃ ᠬᠤᠷᠢᠮ ᠪᠢᠰᠢ ᠥᠭᠦᠯ ᠳᠤ ᠴᠤ ᠪᠠᠶᠠᠨ ᠬᠤᠭᠤᠷ ᠶᠢᠡᠨ ᠠᠪᠴᠤ ᠣᠳᠬᠤ ᠡᠴᠠ ᠪᠠᠨ ᠡᠮᠢᠶᠡᠳᠡᠭ᠌ ᠦᠭᠡᠶ ᠠᠮᠢᠳᠠᠨ ᠳ᠋ᠠ᠃

ᠨᠢᠭᠡ ᠦᠷᠯᠦᠭᠡ ᠵᠤᠮᠠᠱ ᠬᠠᠭᠤᠳᠠᠰᠤᠨ (ᠠᠭᠤᠯᠠ ᠶᠢᠨ ᠵᠤᠰᠠᠯᠠᠩ) ᠡᠴᠠ ᠴᠡᠭᠡ ᠠᠪᠴᠢᠷᠠᠬᠤ ᠪᠣᠯᠵᠤ ᠮᠤᠷᠳᠠᠯ᠎ᠠ᠃ ᠠᠷᠤ ᠳ᠋ᠤᠨᠢ ᠰᠠᠮᠳᠠᠨ ᠬᠠᠪᠬ᠎ᠠ ᠪᠠᠨ ᠡᠷᠭᠢᠭᠡᠳ ᠢᠷᠡᠭᠦ ᠪᠣᠯᠵᠤ ᠦᠯᠦᠭᠢ ᠳᠦᠱᠦᠭ᠍ᠰᠡᠨ᠃ ᠪᠣᠰᠤᠩᠭᠢ ᠮᠠᠨᠢ ᠠᠵᠢᠯ ᠳᠠᠭᠠᠨ ᠭᠠᠷᠴᠤ ᠨᠢᠵᠡᠭᠡᠳ ᠴᠠᠭ ᠡᠪᠠᠰᠤ ᠬᠠᠳᠤᠳᠠᠯ᠎ᠠ ᠬᠤᠷ᠎ᠠ ᠣᠷᠤᠵᠤ ᠪᠢᠳᠠᠨ ᠬᠤᠰᠢ ᠳᠠᠭᠠᠨ ᠪᠣᠴᠠᠵᠤ ᠢᠷᠡᠭᠦᠯ᠎ᠡ ᠰᠠᠮᠳᠠᠨ ᠨᠢᠭᠡ ᠳᠠᠷᠪᠠᠭ᠎ᠠ ᠠᠪᠴᠢᠷᠠᠭᠰᠠᠨ ᠬᠠᠷᠭᠠᠢ ᠶᠢᠨ ᠣᠩᠭᠢ ᠳᠤ ᠦᠪᠴᠢᠵᠤ ᠪᠠᠢ᠌ᠵᠠᠢ᠃

ᠮᠤᠰᠤᠷᠮᠠᠨ ᠪᠣᠰᠤ ᠭᠡᠳᠦᠢ ᠮᠠᠨᠢ ᠳᠠᠷᠪᠠᠭᠠᠨ ᠤ ᠮᠢᠬ᠎ᠠ ᠢᠳᠡᠭᠦ ᠭᠡᠵᠤ ᠭᠠᠯ ᠲᠦᠯᠠᠵᠤ ᠳᠤᠰᠬᠠᠢ᠌ᠯᠠᠨ ᠳᠠᠷᠪᠠᠭᠠᠨ ᠤ ᠮᠢᠬ᠎ᠠ ᠴᠢᠨᠠᠳᠠᠭ ᠬᠠᠢ᠌ᠰᠤ ᠶᠢ ᠦᠯᠦᠭᠢᠨ ᠤ ᠳᠠᠪᠢᠯᠬᠠᠢ ᠶᠢᠨ ᠳᠤᠳᠤᠷ᠎ᠠ ᠡᠴᠠ ᠠᠪᠴᠢᠷᠠᠭᠠᠤᠨ ᠳᠠᠷᠪᠠᠭ᠎ᠠ ᠪᠠᠨ ᠴᠢᠨᠠᠵᠠᠭᠠᠪᠠ᠃

 ᠭᠠᠢ᠌ᠨᠢ ᠳᠤᠯᠤᠭᠠᠢ ᠲᠡᠶ ᠮᠤᠰᠤᠷᠮᠠᠨ ᠨᠤᠭᠤᠳ ᠳᠠᠷᠪᠠᠭᠠᠨ ᠡᠴᠠ ᠦᠷᠭᠦᠵᠤ ᠲᠦᠯᠡᠭᠡ ᠠᠪᠬᠤ ᠪᠠᠷ ᠣᠢ ᠳᠤ ᠰᠢᠷᠭᠤᠪᠠ᠃

ᠳᠠᠷᠪᠠᠭᠠᠨ ᠤ ᠮᠢᠬᠠᠨ ᠳᠤ ᠳᠠᠪᠠᠳᠠᠢ ᠴᠠᠳᠤᠭᠰᠠᠨ ᠪᠢᠳᠠᠨ ᠵᠤᠮᠠᠱ ᠤᠨ ᠠᠪᠴᠢᠷᠠᠬᠤ ᠴᠡᠭᠡ ᠶᠢ ᠰᠢᠯᠤᠰᠤ ᠠᠰᠬᠠᠷᠠᠭᠤᠯᠤᠨ ᠭᠦᠯᠢᠶᠡᠵᠤ ᠪᠠᠢ᠌ᠳᠠᠯ᠎ᠠ ᠲᠦᠯᠡᠭᠡᠨ ᠳᠤ ᠶᠠᠪᠣᠭᠰᠠᠨ ᠭᠡᠳᠤ ᠴᠤ ᠢᠷᠠᠵᠤ᠂ ᠳᠠᠭᠠᠯᠳᠤᠨ ᠵᠤᠮᠠᠱ ᠬᠤᠶᠠᠷ ᠴᠠᠨᠠᠰᠢ ᠴᠡᠭᠡ ᠲᠡᠶ ᠢᠷᠠᠯ᠎ᠠ᠃ ᠳᠠᠭᠤᠯᠠᠭᠠᠤᠨ ᠬᠠᠢ᠌ᠭᠢᠷᠠᠭᠠᠤᠨ ᠶᠠᠪᠣᠳᠠᠭ ᠵᠤᠮᠠᠱ ᠤᠨ ᠵᠤᠪᠭᠢ ᠨᠢ ᠪᠠᠭᠤᠭᠳᠠᠭᠰᠠᠨ ᠰᠡᠳᠭᠢᠯ ᠨᠢ ᠰᠡᠮᠡᠷᠭᠡᠢ ᠲᠡᠶ ᠢᠷᠠᠵᠠᠢ᠃

ᠵᠤᠮᠠᠱ ᠬᠠᠷᠭᠠᠢ ᠳᠤ ᠳᠡᠯᠡᠭᠡ ᠲᠡᠶ ᠳᠠᠷᠪᠠᠭᠠᠨ ᠤ ᠠᠷᠠᠰᠤ ᠶᠢ ᠥᠵᠡᠭᠡᠳ᠄

᠊᠊᠊᠊᠊᠊᠊᠊᠊᠊᠊᠊᠊᠊᠊ ᠡᠨᠡ ᠨᠤᠬᠠᠢ᠌ᠰ ᠪᠠᠰᠠ 《ᠭᠦᠭᠡ ᠰᠡᠷᠭᠡ》 ᠪᠠᠨ ᠵᠤᠭᠤᠭᠯᠠᠭᠠᠤᠨ ᠠᠮᠵᠢᠵᠤ ᠳ᠋ᠠ ᠭᠡᠪᠡ᠃ ᠬᠠᠷᠢᠭᠤ ᠳ᠋ᠤᠨᠢ ᠰᠠᠮᠳᠠᠨ᠄

᠊᠊᠊᠊᠊᠊᠊᠊᠊᠊᠊᠊᠊᠊᠊ ᠪᠢᠳᠡᠭᠡᠢ ᠭᠤᠮᠤᠳᠠ ︕ ᠴᠢᠮ᠎ᠠ ᠳᠤ ᠮᠢᠬᠠᠨ ᠪᠢᠰᠢ ᠱᠦᠯᠦᠨ ᠴᠤ ᠥᠯᠡᠳᠡᠭ᠍ᠰᠡᠨ ᠦᠭᠡᠶ ᠭᠡᠵᠤ ᠬᠠᠳᠬᠤᠪᠠ᠃ ᠵᠤᠮᠠᠱ ᠄ 《ᠵᠠ ᠴᠡᠭᠡ ᠣᠤᠭᠤᠶ᠎ᠠ》 ᠭᠡᠳ ᠴᠠᠨᠠᠰᠢ ᠶᠢᠨ ᠪᠣᠭᠤᠭ᠎ᠠ ᠶᠢ ᠳᠠᠢ᠌ᠯᠪᠠ᠃

ᠳᠤᠯᠤᠭᠠᠨ ᠵᠠᠯᠠᠭᠤ ᠳᠤᠯᠤᠭᠠᠨ ᠰᠠᠪᠠᠯ ᠳᠠᠭᠠᠨ ᠮᠠᠯᠮᠠᠯᠵᠠᠳᠠᠯ᠎ᠠ ᠴᠡᠭᠡ ᠭᠢᠵᠤ ᠣᠤᠭᠤᠵᠤ ᠡᠭᠢᠯᠡᠭᠦ ᠳᠤ ᠭᠡᠨᠡᠳᠲᠡ ᠭᠠᠢ ᠲᠡᠶ ᠭᠠᠢ᠌ᠨᠢ᠄

᠊᠊᠊᠊᠊᠊᠊᠊᠊᠊᠊᠊᠊᠊᠊ ᠠᠢ᠂ ᠵᠤᠮᠠᠱ᠃ ᠰᠠᠪᠠᠯ ᠴᠢᠨᠢ ᠪᠣᠵᠠᠷᠳᠤᠴᠢᠬᠠᠭᠰᠠᠨ᠃ ᠪᠢᠳᠠᠨ ᠲᠦᠯᠡᠭᠡᠨ ᠡᠴᠡ ᠢᠷᠡᠭᠦᠯ᠎ᠡ ᠴᠢᠨᠤ ᠰᠠᠪᠠᠯ ᠳᠤ ᠰᠠᠮᠳᠠᠨ ᠳᠠᠷᠪᠠᠭᠠᠨ ᠤ ᠮᠢᠬ᠎ᠠ ᠭᠦᠰᠭᠦᠯᠡᠨ ᠢᠳᠠᠵᠤ ᠪᠠᠢ᠌ᠵᠠᠢ ᠭᠡᠴᠢᠭᠡᠪᠡ᠃

《ᠳᠠᠱ》

ᠵᠤᠮᠠᠱ ᠳᠠᠯᠭᠠᠢ ᠬᠠᠷ᠎ᠠ ᠰᠠᠪᠠᠯ ᠶᠢᠡᠨ ᠭᠤᠤᠯ ᠤᠨ ᠬᠠᠷᠭᠠᠢ ᠵᠥᠭ᠌ ᠴᠢᠨᠡᠭᠡ ᠪᠠᠷ ᠶᠢᠡᠨ ᠴᠢᠯᠠᠭᠤᠳᠠᠵᠤ᠂ ᠨᠢᠭᠦᠯ ᠦᠭᠡᠶ ᠮᠤᠳᠤᠨ ᠰᠠᠪᠠᠯ ᠣᠢ᠌ᠯᠠ ᠦᠵᠡᠵᠤ ᠬᠠᠷᠭᠠᠢ ᠳᠤ ᠳᠤᠰᠴᠤ ᠥᠰᠦᠷᠦᠭᠡᠳ ᠬᠠᠷᠭᠠᠨ᠎ᠠ ᠶᠢᠨ ᠵᠠᠭᠠᠭ ᠶᠢᠡᠷ ᠣᠷᠤᠵᠤ ᠨᠠᠮ ᠪᠣᠯᠪᠠ᠃

ᠳᠡᠭᠡᠳᠡᠯ᠎ᠡ ᠪᠠᠰᠠ 《ᠳᠠᠱ》

ᠵᠤᠮᠠᠱ ᠦᠰᠦᠷᠴᠤ ᠪᠣᠰᠤᠭᠠᠤᠨ ᠯᠠ ᠰᠠᠮᠳᠠᠨ ᠤ ᠣᠯᠠᠭᠠᠨ ᠨᠢᠭᠤᠷ ᠶᠢᠡᠷ ᠳᠤᠮᠤ ᠨᠢᠳᠤᠷᠭ᠎ᠠ ᠪᠠᠷ ᠶᠢᠡᠨ ᠨᠢᠭᠡ ᠯᠠ ᠦᠭ‍ᠭᠦᠭᠡᠳ ᠯᠠ ᠬᠠᠢ ᠭᠦᠢ ᠳᠤ ᠭᠦᠷᠭᠡᠯ ᠦᠭᠡᠶ ᠮᠤᠷᠢᠨ ᠳᠠᠭᠠᠨ ᠮᠤᠷᠳᠠᠵᠤ ᠮᠤᠳᠤ ᠣᠷᠤᠭᠤ ᠰᠢᠷᠭᠤᠵᠤ ᠳᠦᠵᠢᠭᠢᠨᠠᠨ ᠠᠷᠢᠯᠪᠠ᠃

ᠰᠠᠮᠳᠠᠨ ᠤ ᠬᠠᠮᠠᠷ ᠡᠴᠠ ᠴᠢᠰᠤᠨ ᠭᠤᠤᠵᠢᠵᠤ ᠳᠠᠷᠠ ᠴᠢᠰᠤ ᠪᠠᠨ ᠭᠤᠤᠵᠢᠭᠤᠯᠤᠨ ᠶᠠᠪᠠᠭᠠᠨ ᠰᠠᠭᠤᠵᠤ ᠪᠠᠢ᠌ᠭᠰᠠᠨ ᠶᠢᠡᠨ ᠭᠡᠨᠡᠳᠲᠡᠭᠡᠨ ᠪᠣᠰᠤᠭᠠᠤᠨ ᠪᠠᠰᠠ ᠨᠢᠭᠡ 《ᠳᠠᠱ》 ᠭᠡᠯᠭᠡᠪᠡ᠃ ᠭᠠᠢ᠌ᠨᠢ ᠳᠤᠯᠤᠭᠠᠢ ᠪᠠᠨ ᠬᠤᠶᠠᠷ ᠭᠠᠷ ᠶᠢᠡᠷ ᠶᠢᠡᠨ ᠳᠡᠪᠠᠷᠢᠭᠡᠳ ᠭᠡᠪ ᠭᠡᠳᠡᠷᠭᠦ ᠣᠨᠠᠭᠠᠤᠨ ᠳᠠᠭ ᠴᠢᠭ᠃ ᠰᠠᠮᠳᠠᠨ ᠴᠢᠰᠤ ᠪᠠᠨ ᠭᠤᠤᠵᠢᠭᠤᠯᠤᠭᠰᠠᠨ ᠭᠡᠪ ᠶᠢᠡᠷ ᠶᠢᠡᠨ ᠵᠤᠮᠠᠱ ᠤᠨ ᠠᠷᠤ ᠡᠴᠠ ᠮᠤᠳᠤᠨ ᠣᠷᠤᠭᠤ ᠭᠦᠶ‍ᠦᠭᠡᠳ ᠣᠷᠤᠵᠤ ᠣᠳᠤᠯ᠎ᠠ᠃

ᠭᠠᠢ᠌ᠨᠢ ᠬᠠᠷᠭᠤᠭᠰᠠᠨ ᠶᠠᠩᠵᠤᠳᠠᠢ᠂ ᠶᠡᠭᠡ ᠣᠳᠠᠭᠠᠨ ᠭᠡᠪᠳᠡᠵᠤ ᠪᠠᠢ᠌ᠭᠠᠤᠨ ᠭᠡᠵᠢᠶ᠎ᠡ ᠬᠣᠢ᠌ᠨ᠎ᠠ ᠨᠢ ᠠᠭᠤᠵᠢᠮᠬᠠᠨ ᠦᠨᠳᠠᠢ᠌ᠵᠤ ᠰᠠᠭᠤᠭᠠᠤᠨ᠄

᠊᠊᠊᠊᠊᠊᠊᠊᠊᠊᠊᠊᠊᠊᠊ ᠡᠳᠡᠨ ᠬᠤᠶᠠᠷ ᠲᠤ ᠭᠠᠯᠵᠠᠭᠤ ᠭᠡᠮ ᠬᠠᠯᠳᠠᠵᠤ ᠣᠳᠤᠭᠰᠠᠨ ᠪᠣᠯᠬᠤ ᠨᠢ ᠦᠦ ︖ ᠮᠠᠩᠨᠠᠢ ᠪᠠᠷ ᠮᠢᠨᠢ ᠭᠠᠷ ᠶᠢᠡᠷ ᠴᠤᠭᠢᠪᠠ ᠦᠦ ︖ ᠭᠠᠯ ᠶᠢᠡᠷ ᠴᠤᠭᠢᠪᠠ ︖ ᠭᠡᠵᠤ ᠮᠠᠩᠨᠠᠢ ᠪᠠᠨ ᠢᠯᠢᠵᠤ ᠠᠯᠠᠩᠳᠠᠷᠠᠨ᠎ᠠ᠃ ᠮᠠᠩᠨᠠᠢ ᠳ᠋ᠤᠨᠢ ᠳᠤᠰᠢᠯ ᠣᠷᠭᠤᠵᠤ ᠡᠭᠢᠯᠡᠵᠡᠢ᠃

ᠳ᠋ᠦᠢ ᠶᠢᠨ ᠳᠠᠷᠤᠭ᠎ᠠ ᠪᠢᠳᠠᠨ ᠢ ᠡ᠊ᠨᠳᠡ ᠢᠩᠭᠢᠳᠦᠭᠡᠢ ᠭᠡᠳ ᠯᠠ ᠴᠤᠭᠯᠠᠭᠤᠯᠤᠭᠰᠠᠨ ᠪᠣᠯᠬᠤ ᠭᠡᠭᠦ ᠳᠤ ᠢᠭ᠍ᠵᠢᠭᠡᠷ ᠭᠦᠷᠤᠨ᠎ᠡ᠃ ᠭᠠᠢ᠌ᠨᠢ ᠳᠤ ᠶᠠᠭᠤ ᠭᠡᠯᠡᠭᠦ ᠪᠢᠯᠠ᠃ ᠨᠢᠭᠡ ᠳᠤ ᠨᠢᠭᠡ᠃ ᠥᠭᠡ ᠶᠢᠨ ᠶᠢᠡᠨ ᠱᠠᠩ ᠠᠪᠣᠭᠰᠠᠨ ᠨᠢ ᠡᠨᠡ ᠪᠠᠢ᠌ᠬᠤᠯ᠎ᠠ᠃ ᠳᠠᠷᠠ ᠡᠳᠦᠷ ᠭᠠᠢ᠌ᠨᠢ ᠳᠠᠭᠢᠵᠤ ᠠᠯᠢᠶᠠᠯᠠᠭᠰᠠᠨ ᠦᠭᠡᠶ᠃ ᠣᠷᠤᠢ ᠶᠢᠨ ᠬᠤᠭᠤᠯᠠ ᠶᠢ ᠱᠤᠤᠭᠢᠶᠠᠨ ᠪᠠᠭ᠎ᠠ ᠲᠡᠶ ᠢᠳᠠᠵᠤ᠂ ᠪᠢᠳᠠᠨ ᠣᠠᠳᠠᠵᠠᠭᠠᠯ᠎ᠠ᠃ ᠰᠦᠨᠢ ᠳᠤᠮᠳᠠ ᠥᠩᠭᠡᠷᠡᠵᠤ ᠪᠠᠢ᠌ᠬᠤ ᠶᠢᠨ ᠠᠯᠳᠠ ᠪᠠᠷ ᠠᠭᠤᠯᠠ ᠭᠦᠪᠴᠢ ᠶᠢ ᠬᠠᠩᠭᠢ ᠵᠢᠩ ᠳᠠᠳᠠᠭᠤᠯᠵᠤ ᠵᠤᠮᠠᠱ ᠰᠠᠮᠳᠠᠨ ᠬᠤᠶᠠᠷ ᠭᠦᠷᠴᠤ ᠢᠷᠠᠯ᠎ᠠ᠃ ᠡᠳᠦᠷ ᠤᠨ ᠠᠭᠤᠷ ᠣᠴᠠᠭᠠᠷ ᠡᠴᠠ ᠥᠯᠡᠳᠡᠭ᠍ᠰᠡᠨ ᠭᠠᠭᠴᠠ ᠳᠡᠮᠳᠡᠭ᠌ ᠨᠢ ᠰᠠᠮᠳᠠᠨ ᠤ ᠬᠠᠪᠣᠳᠤᠭᠰᠠᠨ ᠬᠠᠮᠠᠷ ᠳᠠᠳᠤᠢ᠃

ᠰᠠᠮᠳᠠᠨ ᠬᠤᠯᠠ ᠡᠴᠠ ᠯᠠ᠄

᠊᠊᠊᠊᠊᠊᠊᠊᠊᠊᠊᠊᠊᠊᠊ ᠪᠣᠰᠴᠠᠭ᠎ᠠ ᠵᠠᠯᠠᠭᠤᠰ ︕ ᠮᠤᠷᠢ ᠠᠪᠴᠠᠭ᠎ᠠ ︕ ᠪᠢᠳᠠᠨ ᠬᠤᠶᠠᠷ ᠮᠠᠨ ᠤ ᠭᠠᠯ ᠳᠤ ᠨᠠᠷᠠ ᠵᠠᠯᠠᠵᠤ ᠢᠷᠠᠯ᠎ᠠ᠃ ᠰᠠᠷᠠ ᠵᠠᠯᠠᠵᠤ ᠢᠷᠠᠯ᠎ᠠ᠃ ᠪᠣᠰᠴᠠᠭ᠎ᠠ ︕ ᠭᠠᠯ ᠲᠦᠯᠨ ︕ ᠮᠢᠬ᠎ᠠ ᠴᠢᠨᠠ ︕ ᠭᠡᠵᠤ ᠬᠠᠢ᠌ᠭᠢᠷᠴᠤ ᠢᠷᠠᠯ᠎ᠠ᠃

ᠭᠦᠳᠦᠯᠦᠭᠡ ᠮᠤᠷᠢ ᠲᠡᠶ ᠭᠤᠷᠪᠠᠨ ᠭᠦᠮᠤᠨ ᠢᠷᠠᠵᠤ ᠪᠠᠭᠤᠯ᠎ᠠ᠃ ᠰᠠᠷᠠ ᠶᠢᠨ ᠭᠡᠷᠡᠯ ᠳᠤ ᠰᠠᠮᠳᠠᠨ ᠤ ᠡᠭᠦᠷᠦᠭ᠍ᠰᠡᠨ ᠫᠣᠤ ᠭᠢᠯᠠᠯᠵᠠᠵᠤ ᠪᠠᠢ᠌ᠨ᠎ᠠ᠃

ᠪᠢᠳᠠᠨ ᠭᠦᠯ ᠭᠦᠭᠡᠷᠴᠦᠭ᠌ ᠪᠣᠯᠵᠤ ᠮᠢᠬ᠎ᠠ ᠴᠢᠨᠠᠵᠤ ᠴᠠᠢ ᠪᠣᠴᠠᠯᠭᠠᠪᠠ᠃ ᠰᠠᠮᠳᠠᠨ ᠵᠤᠮᠠᠱ ᠬᠤᠶᠠᠷ ᠨᠢᠭᠡ ᠦᠬᠢᠨ ᠳᠠᠭᠠᠭᠤᠯᠵᠤ ᠢᠷᠠᠵᠠᠢ᠃ ᠳᠠᠭᠠᠭᠤᠯᠵᠤ ᠢᠷᠡᠭ᠍ᠰᠡᠨ ᠨᠢ ᠮᠠᠨ ᠤ ᠭᠦᠩᠱᠧ ᠶᠢᠨ ᠥᠵᠡᠰᠭᠦᠯᠡᠩ ᠤᠨ ᠥᠵᠦᠭᠦᠷ ᠦᠬᠢᠨ᠂ ᠵᠤᠮᠠᠱ ᠤᠨ ᠬᠤᠩᠭᠢᠷ ᠨᠢ ᠺᠠᠷᠠᠺᠠᠱ ᠪᠠᠢ᠌ᠵᠤ ᠰᠢᠤ᠃

ᠺᠠᠷᠠᠺᠠᠱ ᠤᠨ ᠠᠪᠣ ᠨᠢ ᠭᠡᠵᠤ ᠬᠤᠪᠢ ᠪᠠᠨ ᠰᠠᠭᠢᠭᠰᠠᠨ ᠬᠠᠭᠤᠴᠢ ᠪᠠᠨ ᠳᠠᠭᠢᠭᠰᠠᠨ ᠬᠠᠷ᠎ᠠ ᠡᠪᠦᠭᠡᠨ᠃ ᠳᠠᠷᠠ ᠪᠣᠷᠤ ᠣᠬᠠᠭᠠᠨ ᠳᠠᠭᠠᠨ ᠭᠠᠭᠴᠠ ᠦᠬᠢᠨ ᠶᠢᠡᠨ 《ᠪᠠᠶᠠᠨ ᠨᠤᠶᠠᠨ ᠠᠢ᠌ᠯ ᠤᠨ ᠭᠠᠯ ᠭᠤᠯᠤᠮᠳᠠ ᠣᠷᠤᠵᠤ ᠪᠠᠯᠪᠠᠭᠠᠷ ᠳᠡᠯᠭᠡᠷ ᠠᠮᠢᠳᠤᠷᠠᠳᠤᠭᠠᠢ》 ᠭᠡᠵᠤ ᠪᠣᠳᠤᠭᠰᠠᠨ ᠶᠢᠡᠷ ᠶᠢᠡᠨ ᠬᠤᠰᠢᠶ᠎ᠠ ᠭᠦᠩᠱᠧ ᠶᠢᠨ ᠨᠢᠷᠪᠠ ᠠᠵᠢᠯᠳᠠᠢ ᠨᠢᠭᠡ ᠳᠠᠷᠭᠤᠨ ᠣᠯᠠᠭᠠᠨ ᠵᠠᠯᠠᠭᠤ ᠳᠤ ᠺᠠᠷᠠᠺᠠᠱ ᠢ ᠮᠤᠷᠳᠠᠭᠤᠯᠬᠤ ᠪᠣᠯᠵᠤ ᠨᠠᠷ᠎ᠠ ᠬᠠᠳᠠᠵᠤ ᠬᠠᠯᠠᠩ ᠢᠳᠡᠭ᠍ᠰᠡᠨ ᠪᠢᠯᠠ᠃ ᠭᠠᠴᠠᠭ᠎ᠠ ᠲᠡᠶ ᠨᠢ ᠵᠤᠮᠠᠱ ᠺᠠᠷᠠᠺᠠᠱ ᠬᠤᠶᠠᠷ ᠠᠮᠢᠳᠤ ᠪᠠᠷ ᠰᠠᠯᠬᠤ ᠦᠭᠡᠶ ᠢᠨᠠᠭ ᠬᠠᠢ᠌ᠷᠠᠳᠠᠢ ᠶᠠᠪᠣᠳᠠᠭ ᠢ ᠪᠢᠳᠠᠨ ᠮᠠᠳᠠᠨ᠎ᠡ᠃ ᠳᠡᠭᠡᠭᠡᠳ ᠨᠢᠭᠡ ᠡᠳᠦᠷ ᠵᠤᠮᠠᠱ ᠱᠠᠯ ᠬᠤᠭᠤᠰᠤᠨ ᠬᠤᠴᠤᠷᠬᠤ ᠡᠴᠠ ᠪᠢᠳᠠᠨ ᠵᠤᠪᠠᠵᠤ ᠶᠠᠪᠣᠳᠠᠭ ᠪᠠᠢ᠌ᠯ᠎ᠠ᠃

ᠳᠠᠷᠠ ᠡᠳᠦᠷ ᠵᠤᠮᠠᠱ ᠴᠡᠭᠡᠨ ᠳᠤ ᠣᠳᠬᠤ ᠳᠠᠭᠠᠨ ᠺᠠᠷᠠᠺᠠᠱ ᠤᠨ ᠬᠤᠷᠢᠮ ᠭᠢᠭᠦ ᠪᠣᠯᠵᠤ ᠪᠠᠢ᠌ᠬᠤ ᠴᠢᠮᠡᠭᠡ ᠶᠢ ᠰᠤᠨᠤᠰᠤᠭᠠᠤᠨ ᠰᠡᠳᠭᠢᠯ ᠳᠤᠮᠳᠠᠭᠤᠷ ᠢᠷᠡᠳᠡᠭ᠌ ᠪᠠᠢ᠌ᠵᠠᠢ᠃ ᠳᠡᠭᠡᠳᠡᠯ᠎ᠡ ᠱᠤᠭ ᠭᠠᠷᠤᠭᠠᠤᠨ ᠳᠠᠷᠠ ᠥᠭᠡ ᠳᠠᠭᠠᠭᠠᠯ ᠦᠭᠡᠶ ᠨᠠᠢ᠌ᠵᠠ ᠪᠠᠨ ᠵᠤᠳᠤᠭᠰᠠᠨ ᠭᠡᠷᠡᠭ᠌ ᠪᠠᠢ᠌ᠵᠠᠢ᠃ ᠰᠡᠳᠭᠢᠯ ᠤᠨ ᠵᠤᠪᠠᠯᠠᠩ ᠲᠡᠶ ᠭᠦᠮᠤᠨ᠂ ᠢᠯᠠᠩᠭ᠋ᠤᠶ᠎ᠠ ᠬᠠᠢ᠌ᠷ᠎ᠠ ᠲᠡᠶ ᠬᠤᠩᠭ᠋ᠤᠷ ᠶᠢᠡᠨ ᠬᠠᠷᠢ ᠶᠢᠨ ᠭᠦᠮᠤᠨ ᠳᠤ ᠠᠯᠳᠠᠬᠤ ᠭᠡᠵᠤ ᠪᠠᠢ᠌ᠬᠤ ᠭᠦᠮᠤᠨ ᠱᠤᠭ ᠶᠠᠭᠠᠭᠢᠵᠤ ᠳᠠᠭᠠᠭᠠᠬᠤ ᠪᠣᠢ ᠳ᠋ᠠ᠃

ᠮᠠᠨ ᠤ ᠬᠤᠶᠠᠷ ᠵᠠᠯᠠᠭᠤ ᠵᠤᠳᠤᠯᠳᠤᠭᠠᠨ ᠤ ᠠᠷᠤ ᠳᠤ ᠣᠢ ᠳᠤᠳᠤᠷ᠎ᠠ ᠡᠪᠴᠡᠵᠤ ᠡᠴᠦᠰ ᠲᠡᠭᠡᠨ ᠨᠢᠭᠡ ᠰᠢ᠌ᠳ ᠳᠤᠭᠳᠠᠭᠠᠵᠤ᠂ ᠺᠠᠷᠠᠺᠠᠱ ᠢ ᠣᠷᠭᠤᠭᠤᠯᠵᠤ ᠢᠷᠡᠭ᠍ᠰᠡᠨ ᠨᠢ ᠳᠠᠷᠠ ᠪᠠᠢ᠌ᠵᠠᠢ᠃

ᠪᠢᠳᠠᠨ ᠦᠣᠷ ᠴᠠᠢ᠌ᠳᠠᠯ᠎ᠠ ᠵᠤᠮᠠᠱ ᠺᠠᠷᠠᠺᠠᠱ ᠬᠤᠶᠠᠷ ᠢ ᠢᠷᠦᠭᠡᠵᠤ ᠨᠠᠭᠠᠳᠤᠨ ᠵᠢᠷᠭᠠᠵᠤ ᠬᠤᠨᠤᠯ᠎ᠠ᠃ ᠳᠠᠷᠠ ᠰᠦᠨᠢ ᠨᠠᠷ᠎ᠠ ᠲᠡᠶ ᠳᠠᠭᠤᠴᠢ ᠮᠠᠨᠢ ᠱᠠᠪᠠᠳᠠᠭᠰᠠᠨ ᠳᠤᠯᠠ ᠪᠢ ᠯᠠ ᠭᠤᠤᠯ ᠳᠠᠭᠤᠴᠢ ᠪᠣᠯᠵᠤ᠂ ᠣᠷᠤᠰ ᠮᠤᠩᠭ᠋ᠤᠯ ᠬᠠᠰᠠᠭ ᠳᠠᠲ᠋ᠠᠷ ᠭᠢᠳᠠᠤᠨ ᠭᠡᠳ ᠯᠠ ᠣᠯᠠᠨ ᠭᠡᠯᠡᠨ ᠤ ᠮᠡᠳᠡᠳᠡᠭ᠌ ᠳᠠᠭᠤᠤ ᠪᠦᠭᠦᠨ ᠶᠢᠡᠨ ᠳᠠᠭᠤᠯᠠᠵᠤ ᠨᠢᠭᠡ ᠪᠠᠬ᠎ᠠ ᠬᠠᠨᠤᠭᠰᠠᠨ ᠪᠢᠯᠠ᠃ ᠪᠢ ᠡᠨᠡ ᠨᠠᠰᠤᠨ ᠳᠠᠭᠠᠨ ᠳᠠᠷᠠ ᠰᠦᠨᠢ ᠶᠢᠨ ᠰᠢᠭ᠌ ᠳᠠᠢ᠌ᠮᠤ ᠰᠠᠢ᠌ᠬᠠᠨ ᠳᠠᠭᠤᠯᠠᠵᠤ ᠥᠵᠡᠭᠡᠳ ᠦᠭᠡᠶ ᠳ᠋ᠠ᠃

ᠰᠡᠷᠢᠭᠦᠨ ᠳᠤᠩᠭ᠋ᠠᠯᠠᠭ ᠬᠠᠭᠤᠳᠠᠰᠤᠨ ᠳᠤ ᠰᠡᠳᠭᠢᠯ ᠤᠨ ᠶᠢᠡᠨ ᠨᠠᠢ᠌ᠵᠠ ᠶᠢᠨ ᠵᠢᠷᠭᠠᠯ ᠳᠡᠭᠡᠷ᠎ᠡ ᠠᠷᠪᠠᠨ ᠳᠠᠪᠤᠨ ᠤ ᠰᠠᠷᠠ ᠶᠢᠨ ᠭᠡᠷᠡᠯ ᠳᠤ᠂ ᠠᠶᠠᠭ᠎ᠠ ᠴᠠᠯᠭᠢᠮ᠎ᠠ ᠴᠡᠭᠡ ᠰᠦᠩᠨᠠᠵᠤ ᠪᠠᠷᠢᠭᠠᠤᠨ ᠵᠠᠳᠠᠭᠠᠢ ᠭᠠᠯ ᠳᠤ ᠴᠢᠷᠠᠢ ᠣᠯᠠᠯᠵᠠᠭᠤᠯᠤᠨ ᠳᠤᠳᠤᠨᠤ ᠨᠠᠢ᠌ᠵᠠ ᠶᠢᠨ ᠶᠢᠡᠨ ᠢᠷᠡᠭ᠍ᠴᠢ ᠶᠢᠨ ᠶᠡᠭᠡ ᠵᠢᠷᠭᠠᠯ ᠢ ᠢᠷᠦᠭᠡᠵᠤ ᠠᠶ᠎ᠠ ᠪᠠᠷᠢᠨ᠎ᠠ ᠭᠡᠳᠡᠭ᠌ ᠶᠠᠮᠠᠷ ᠰᠢᠤᠬᠠᠨ ᠵᠢᠷᠭᠠᠯ ᠪᠠᠢ᠌ᠭᠰᠠᠨ ᠢ ᠥᠵᠡᠭ᠍ᠰᠡᠨ ᠭᠦᠮᠤᠨ ᠯᠠ ᠮᠠᠳᠠᠨ᠎ᠡ᠃ ᠨᠠᠰᠤ ᠪᠠᠷ ᠶᠢᠡᠨ ᠮᠠᠷᠳᠠᠯ ᠦᠭᠡᠶ ᠪᠣᠳᠤᠨ ᠪᠣᠳᠤᠨ ᠵᠢᠷᠭᠠᠨ᠎ᠠ ᠳ᠋ᠠ ︕ ᠠᠢ ᠳ᠋ᠠ ︕ ᠣᠢ ᠮᠤᠳᠤ ᠣᠷᠴᠢᠯᠠᠩ ᠳᠡᠯᠡᠭᠡᠢ ᠲᠠᠭᠠᠨ ᠳᠠᠭᠤᠯᠠᠵᠤ ᠽᠠᠮᠪᠣᠯᠢᠩ ᠳᠤ ᠵᠠᠶᠠᠭᠠᠳᠠᠢ ᠳᠦᠷᠦᠭ᠍ᠰᠡᠨ ᠳᠡᠭᠡᠨ ᠨᠢᠭᠡ ᠭᠦᠭ᠍ᠰᠡᠨ᠎ᠡ ᠳ᠋ᠠ᠃

ᠮᠠᠨ ᠤ ᠰᠠᠮᠳᠠᠨ ᠭᠡᠵᠤ ᠱᠤᠭ ᠤᠨ ᠰᠠᠢ᠌ᠨ ᠡᠷ᠎ᠡ ᠳ᠋ᠠ ︕ ᠵᠤᠮᠠᠱ ᠺᠠᠷᠠᠺᠠᠱ ᠬᠤᠶᠠᠷ ᠢ ᠬᠠᠮᠠᠭᠠᠯᠠᠨ᠎ᠠ ᠭᠡᠵᠤ ᠨᠢᠭᠡ ᠫᠣᠤ ᠣᠯᠵᠤ ᠢᠷᠡᠭ᠍ᠰᠡᠨ ᠪᠠᠢ᠌ᠵᠠᠢ᠃ ᠰᠠᠮᠳᠠᠨ ᠳᠠᠷᠠ ᠫᠣᠤ ᠪᠠᠨ ᠳᠠᠭᠢᠨ ᠳᠠᠭᠢᠨ ᠢᠯᠢᠵᠤ᠄

᠊᠊᠊᠊᠊᠊᠊᠊᠊᠊᠊᠊᠊᠊᠊ ᠨᠠᠢ᠌ᠵᠠ ᠶᠢᠨ ᠮᠢᠨᠢ ᠢᠨᠠᠭ ᠬᠠᠢ᠌ᠷ᠎ᠠ ᠠᠮᠢᠳᠤᠷᠠᠯ ᠵᠢᠷᠭᠠᠯ ᠢ ᠪᠢ ᠠᠮᠢ ᠪᠠᠷ ᠶᠢᠡᠨ ᠬᠠᠮᠠᠭᠠᠯᠠᠨ᠎ᠠ᠃ ᠭᠡᠷᠪᠡ᠂ ᠭᠡᠨ ᠨᠢᠭᠡ ᠨᠢ ᠺᠠᠷᠠᠺᠠᠱ ᠶᠢ ᠵᠤᠮᠠᠱ ᠤᠨ ᠡᠪᠦᠷ ᠡᠴᠡ ᠠᠪᠴᠤ ᠶᠠᠪᠣᠨ᠎ᠠ ᠭᠡᠳᠡᠢ᠌ᠯ᠎ᠡ ᠰᠠᠠᠵᠢ ᠪᠢ ᠡᠨᠡ 《ᠨᠥᠭᠦᠷ》 ᠶ᠋ᠢᠡᠷ ᠶᠢᠡᠨ ᠳᠡᠭᠦᠨ ᠢ ᠡᠷᠯᠢᠭ᠌ ᠲᠤ ᠮᠤᠷᠳᠠᠭᠤᠯᠤᠨ᠎ᠠ ᠭᠡᠵᠤ ᠭᠦᠩᠭᠢᠨᠡᠨ᠎ᠡ᠃

ᠮᠠᠩᠭ᠋ᠠᠳᠤᠷ ᠡᠴᠠ ᠨᠢ ᠡᠭᠢᠯᠡᠵᠤ ᠭᠠᠯᠪᠢᠷ ᠽᠠᠠᠳᠠᠨ ᠮᠠᠳᠤ ᠭᠠᠩᠭ᠋ᠠᠩ ᠬᠠᠰᠠᠭ ᠭᠡᠦᠭᠡᠨ ᠮᠠᠨ ᠤ ᠭᠠᠯ ᠤᠨ ᠭᠤᠯᠤᠮᠳᠠ ᠶᠢ ᠪᠠᠳᠠᠷᠠᠭᠠᠵᠤ ᠬᠠᠢ᠌ᠰᠤ ᠶᠢ ᠮᠠᠨᠢ ᠬᠠᠯᠠᠭᠤᠯᠵᠤ ᠶᠠᠪᠣᠳᠠᠭ ᠪᠣᠯᠤᠯ᠎ᠠ᠃ ᠪᠢᠳᠠᠨ ᠴᠤ ᠪᠦᠭᠦᠳᠡᠭᠡᠷ ᠶᠢᠡᠨ ᠠᠪᠠᠭᠠᠢ ᠠᠪᠣᠭᠰᠠᠨ ᠮᠠᠳᠤ ᠮᠠᠩᠨᠠᠢ ᠪᠠᠶᠠᠷᠳᠠᠢ ᠰᠡᠳᠭᠢᠯ ᠥᠶ‍ᠦᠭ᠌ ᠲᠡᠶ ᠶᠠᠪᠣᠳᠠᠭ ᠪᠣᠯᠵᠠᠭᠠᠪᠠ᠃

ᠺᠠᠷᠠᠺᠠᠱ ᠪᠢᠳᠠᠨ ᠳᠤ ᠭᠡᠰᠢᠭ᠌ ᠠᠪᠴᠢᠷᠠᠪᠠ ᠦᠦ ⁈ ᠪᠢᠳᠠᠨ ᠤ ᠭᠦᠯ ᠭᠦᠩᠭᠡᠨ ᠭᠠᠷ ᠳᠦᠷᠭᠡᠨ ᠪᠣᠯᠵᠤ᠂ ᠡᠪᠦᠯᠵᠢᠶᠡᠨ ᠤ ᠡᠪᠠᠰᠤ ᠶᠢ ᠪᠠᠷᠠᠵᠤ ᠬᠠᠳᠤᠭᠠᠤᠨ ᠡᠭᠦᠷᠭᠡ ᠪᠠᠨ ᠨᠢᠭᠡ ᠳᠠᠭᠢᠨ ᠳᠠᠪᠠᠭᠤᠯᠤᠭᠰᠠᠨ ᠭᠡᠭ᠍ᠳᠡᠵᠤ ᠳ᠋ᠦᠢ ᠡᠴᠡ ᠰᠠᠢ᠌ᠰᠢᠶᠠᠯ ᠭᠦᠩᠱᠧ ᠡᠴᠡ ᠱᠠᠩᠨᠠᠯ ᠭᠦᠷᠳᠡᠵᠤ ᠭᠡᠢ᠌ᠮᠦᠷᠢ ᠭᠡᠢ᠌ᠰᠪᠡ᠃

ᠨᠢᠭᠡ ᠡᠳᠦᠷ ᠭᠠᠢ᠌ᠨᠢ ᠭᠦᠩᠱᠧ ᠳᠤ ᠣᠳᠴᠤ ᠭᠦᠨᠡᠰᠤ ᠠᠪᠴᠢᠷᠠᠬᠤ ᠪᠠᠷ ᠶᠠᠪᠣᠯ᠎ᠠ᠃ ᠣᠷᠤᠢ ᠨᠢ ᠬᠤᠪᠴᠠᠰᠤ ᠬᠤᠨᠠᠷ ᠨᠢ ᠴᠢᠰᠤᠨ ᠪᠣᠯᠤᠭᠰᠠᠨ ᠨᠢᠭᠤᠷ ᠨᠢᠳᠤ ᠨᠢ ᠭᠦᠭᠡ ᠪᠠᠯᠮᠠᠭ ᠪᠣᠯᠤᠭᠰᠠᠨ ᠨᠢᠭᠡ ᠶᠠᠭᠤᠮᠠᠨ ᠬᠠᠷᠢᠵᠤ ᠢᠷᠠᠯ᠎ᠠ᠃ ᠭᠡᠪᠠᠴᠤ ᠠᠯᠢᠶ᠎ᠠ ᠶᠢᠨ ᠮᠠᠨᠢ ᠠᠯᠢᠶ᠎ᠠ ᠨᠢ ᠣᠯᠠᠮ ᠭᠦᠳᠡᠵᠡᠢ᠃

ᠳᠡᠭᠦᠨ ᠤ ᠪᠠᠢ᠌ᠳᠠᠯ ᠢ ᠥᠵᠡᠭᠡᠳ ᠮᠡᠯᠡᠷᠡᠭ᠍ᠰᠡᠨ ᠪᠢᠳᠠᠨ ᠢ ᠳᠠᠷᠠ ᠣᠭᠳᠤ ᠳᠤᠭᠤᠭᠰᠠᠨ ᠦᠭᠡᠶ᠃ ᠮᠤᠷᠢᠨ ᠤ ᠪᠠᠨ ᠪᠣᠷᠤᠭᠤ ᠳᠠᠯ᠎ᠠ ᠪᠠᠷ ᠦᠰᠦᠷᠴᠤ ᠪᠠᠭᠤᠭᠠᠤᠨ ᠺᠠᠷᠠᠺᠠᠱ ᠢ ᠳᠠᠪᠠᠷᠢᠵᠤ ᠨᠢᠭᠡ ᠥᠨᠦᠰᠦᠭᠡᠳ ᠵᠤᠮᠠᠱ ᠤᠨ ᠳᠠᠯᠤ ᠪᠠᠷ ᠮᠠᠳᠠᠯᠵᠠᠳᠠᠯ᠎ᠠ ᠨᠢᠭᠡ ᠳᠠᠰᠢᠭᠠᠤᠨ ᠡᠪᠦᠷ ᠡᠴᠡ ᠪᠠᠨ ᠨᠢᠭᠡ ᠰᠢᠯ ᠠᠷᠢᠭᠢ ᠭᠠᠷᠭᠠᠵᠤ ᠢᠷᠡᠭᠡᠳ ᠪᠦᠭᠯᠡᠭᠡ ᠶᠢ ᠨᠢ ᠬᠠᠵᠠᠵᠤ ᠬᠠᠶᠠᠭᠠᠤᠨ ᠪᠠᠶ᠎ᠠ ᠨᠢ ᠨᠢᠭᠡ ᠪᠠᠯᠭᠤᠵᠤ᠄

᠊᠊᠊᠊᠊᠊᠊᠊᠊᠊᠊᠊᠊᠊᠊ ᠪᠢᠳᠠᠨ ᠢᠯᠠᠯᠳᠠ ᠣᠯᠤᠯ᠎ᠠ ︕ ᠣᠷᠠᠢ ᠣᠷᠠᠢ ︕ ᠭᠡᠵᠤ ᠬᠠᠢ᠌ᠭᠢᠷᠤᠭᠠᠤᠨ ᠠᠷᠢᠭᠢ ᠪᠠᠨ ᠵᠤᠮᠠᠱ ᠲᠤ ᠪᠠᠷᠢᠪᠠ᠃

ᠭᠠᠢ᠌ᠨᠢ ᠭᠦᠩᠱᠧ ᠳᠤ ᠭᠦᠷᠭᠦ ᠳᠤ ᠰᠠᠶ‍ᠢᠭᠢ ᠺᠠᠷᠠᠺᠠᠱ ᠲᠤ ᠭᠤᠯᠤᠭᠳᠠᠭᠰᠠᠨ ᠪᠠᠶᠠᠨ ᠵᠠᠯᠠᠭᠤ ᠠᠷᠪᠠᠨ ᠭᠡᠳᠤᠨ ᠭᠦᠮᠤ ᠲᠡᠶ ᠢᠷᠡᠭᠡᠳ ᠺᠠᠷᠠᠺᠠᠱ ᠤᠨ ᠠᠪᠣ ᠶᠢᠨ ᠡᠭᠦᠳᠡᠨ ᠳᠤ ᠪᠠᠷᠭᠢᠷᠠᠯᠳᠤᠨ ᠠᠪᠣᠴᠠᠭ᠎ᠠ ᠨᠡᠭᠡᠵᠤ ᠪᠠᠢ᠌ᠬᠤ ᠲᠡᠶ ᠬᠠᠷᠭᠤᠯᠳᠤᠵᠠᠢ᠃ ᠬᠠᠯᠠᠭᠤᠨ ᠴᠢᠰᠤ ᠲᠡᠶ ᠭᠠᠢ᠌ᠨᠢ ᠡᠭᠦᠨ ᠢ ᠥᠵᠡᠭᠡᠳ ᠺᠠᠷᠠᠺᠠᠱ ᠤᠨ ᠠᠪᠣ ᠡᠵᠢ ᠳᠤ ᠰᠠᠨᠠᠭ᠎ᠠ ᠵᠤᠪᠠᠬᠤ ᠳᠠᠭᠠᠨ ᠰᠢᠭᠤᠳ ᠣᠯᠠᠨ ᠤ ᠡᠮᠤᠨ᠎ᠡ ᠭᠠᠷᠴᠤ᠄

 ᠊᠊᠊᠊᠊᠊᠊᠊᠊᠊᠊᠊᠊᠊᠊ ᠬᠠᠯᠠᠩ ᠮᠥᠩᠭᠦᠨ ᠳ᠋ᠤ

     ᠭᠡᠦᠭᠡ ᠪᠠᠨ ᠬᠤᠳᠠᠯᠳᠤᠳᠠᠭ

     ᠬᠠᠰᠠᠭ ᠤᠨ ᠮᠠᠭᠤ ᠶᠤᠰᠤᠨ ᠪᠣᠢ᠃

     ᠬᠠᠢ᠌ᠷᠠᠯᠠᠭᠰᠠᠨ ᠳᠤᠷᠠᠯᠠᠭᠰᠠᠨ ᠲᠡᠶ ᠪᠠᠨ

     ᠬᠠᠨᠢᠯᠠᠨ ᠰᠠᠭᠤᠳᠠᠭ

     ᠭᠦᠮᠤᠨ ᠤ ᠵᠦᠪ ᠶᠤᠰᠤᠨ ᠪᠣᠢ᠃

     ᠬᠠᠶᠠᠭᠳᠠᠭᠰᠠᠨ ᠳ᠋ᠠᠭᠠᠨ

     ᠬᠠᠪᠢᠰᠤᠨ ᠴᠢᠨᠢ ᠮᠠᠳᠠᠬᠤ

     ᠭᠦᠭᠡᠷᠦᠭᠦᠢ ᠦᠪᠡᠷ ᠤᠨ ᠴᠢᠨᠢ ᠣᠢ᠌ᠯᠠ ︕

     ᠬᠠᠳᠠᠳᠤ ᠶᠢᠨ ᠡᠪᠦᠯᠵᠢᠶᠡᠨ ᠳ᠋ᠤ

     ᠬᠠᠳᠤᠨ ᠰᠠᠭᠤᠭᠰᠠᠨ

     ᠺᠠᠷᠠᠺᠠᠱ ᠤᠨ ᠰᠠᠢ᠌ᠬᠠᠨ ᠵᠠᠶᠠᠭ᠎ᠠ ︕

     ᠦᠷᠢ ᠲᠡᠶ ᠪᠣᠯᠬᠤᠯ᠎ᠠ

     ᠦᠷᠢ ᠪᠠᠨ ᠠᠪᠣᠭᠠᠤᠨ

     ᠦᠪᠡᠷ ᠤᠨ ᠵᠠᠮ ᠳᠠᠭᠠᠨ ᠵᠠᠯᠠᠷᠠ ︕

     ᠦᠰᠢᠶᠠᠳᠠᠢ ᠪᠣᠯᠬᠤᠯ᠎ᠠ

     ᠦᠰᠢᠶ᠎ᠡ ᠭᠦᠭᠡᠭᠡᠯᠳᠦᠭᠡᠳ

     ᠳᠠᠰᠢᠶ᠎ᠠ ᠪᠠᠨ ᠪᠠᠰᠠ ᠪᠠᠯᠪᠠᠴᠢ ︕ ᠭᠡᠵᠤ ᠬᠠᠰᠠᠭ ᠠᠷᠠᠤᠨ ᠤᠨ ᠳᠠᠭᠤᠤ ᠶᠢᠨ ᠠᠶᠠᠰ ᠲᠤ ᠳᠠᠭᠠᠷᠠᠭᠤᠯᠤᠨ ᠦᠯᠦᠩ (ᠳᠠᠭᠤᠤ ᠭᠡᠭᠦ ᠬᠠᠰᠠᠭ ᠥᠭᠡ) ᠳᠠᠭᠤᠯᠠᠵᠠᠢ ᠭᠡᠨ᠎ᠡ᠃

ᠢᠴᠢᠭ᠍ᠰᠡᠨ ᠭᠦᠮᠤᠨ ᠭᠦᠮᠤ ᠠᠯᠠᠨ᠎ᠠ ᠭᠡᠳᠡᠭ᠍ᠴᠢᠯᠡᠨ ᠣᠯᠠᠨ ᠨᠡᠭᠡᠭ᠍ᠴᠢᠳ ᠭᠠᠢ᠌ᠨᠢ ᠶᠢ ᠭᠠᠢ᠌ᠪᠳᠤᠷ ᠮᠢᠯᠠᠭᠠᠳᠠᠵᠠᠢ᠃ ᠭᠠᠢ᠌ᠨᠢ ᠪᠣᠯᠳᠤᠷᠠᠨ ᠵᠤᠯᠤᠵᠤ ᠠᠮᠤᠷ ᠢ ᠬᠠᠮᠠᠭᠠᠯᠠᠬᠤ ᠭᠠᠵᠠᠷ ᠭᠦᠷᠴᠡᠢ᠃ ᠢᠩᠭᠢᠭᠡᠳ ᠵᠠᠷᠭᠤ ᠵᠠᠭᠠᠯᠳᠤᠭᠠᠨ ᠪᠣᠯᠵᠤ ᠠᠳᠠᠭ ᠲᠠᠭᠠᠨ ᠺᠠᠷᠠᠺᠠᠱ ᠲᠤ ᠢᠷᠡᠭ᠍ᠰᠡᠨ ᠬᠠᠯᠠᠩ ᠢ ᠵᠤᠮᠠᠱ ᠲᠦᠯᠦᠭᠦ ᠪᠣᠯᠵᠤ᠂ ᠲᠦᠯᠤᠪᠣᠷᠢ ᠶᠢᠨ ᠭᠡᠷᠡᠭ᠌ ᠲᠤ ᠭᠠᠢ᠌ᠨᠢ ᠡᠵᠡᠨ ᠳᠠᠯ᠎ᠠ ᠪᠣᠯᠵᠤ ᠵᠠᠷᠭᠤ ᠳᠡᠭᠦᠰᠴᠡᠢ᠃

ᠵᠠᠷᠭᠤ ᠳᠤ ᠰᠢᠭᠤᠭᠰᠠᠨ ᠭᠠᠢ᠌ᠨᠢ ᠪᠠᠶᠠᠷᠯᠠᠬᠤ ᠳᠠᠭᠠᠨ ᠭᠦᠨᠡᠰᠤ ᠴᠤ ᠠᠪᠣᠭᠠᠤᠨ ᠳᠡᠭᠡᠷ᠎ᠡ ᠨᠢ ᠠᠷᠢᠭᠢ ᠳᠠᠮᠠᠭᠢ ᠴᠤ ᠠᠪᠣᠭᠠᠤᠨ ᠭᠡᠳᠡᠷᠭᠦ ᠡᠷᠭᠢᠵᠡᠢ᠃ ᠭᠠᠢ᠌ᠨᠢ ᠳᠤ ᠥᠰᠢᠭ᠍ᠰᠡᠨ ᠰᠠᠶ‍ᠢᠭᠢ ᠵᠠᠯᠠᠭᠤ ᠨᠥᠭᠦᠤᠨ ᠲᠡᠶ ᠪᠠᠨ ᠭᠠᠢ᠌ᠨᠢ ᠶᠢᠨ ᠵᠠᠮ ᠢ ᠳᠤᠰᠤᠭᠰᠠᠨ ᠢ ᠭᠡᠨ ᠮᠠᠳᠠᠨ᠎ᠡ᠃ ᠭᠠᠢ᠌ᠨᠢ ᠭᠤᠤᠯ ᠤᠨ ᠣᠷᠤᠭᠤᠯ ᠳᠤ ᠢᠷᠡᠭᠦ ᠳ᠋ᠤᠨᠢ ᠵᠥᠭ᠌ ᠵᠥᠭ᠌ ᠡᠴᠡ ᠳᠤ ᠭᠡᠳᠤᠨ ᠵᠠᠯᠠᠭᠤ ᠭᠠᠷᠤᠭᠠᠤᠨ ᠭᠠᠢ᠌ᠨᠢ ᠶᠢ ᠭᠡᠳᠤ ᠮᠠᠨᠠᠷᠠᠭᠠᠵᠤ ᠭᠡᠳᠦᠢ ᠰᠡᠷᠭᠦᠭᠡᠭᠡᠳ ᠪᠣᠯᠤᠭᠠᠤᠨ᠂ ᠺᠠᠷᠠᠺᠠᠱ ᠵᠤᠮᠠᠱ ᠬᠤᠶᠠᠷ ᠢ ᠣᠯᠵᠤ ᠥᠭ᠌ ᠭᠡᠵᠤ ᠰᠢᠬᠠᠵᠠᠢ᠃ ᠭᠠᠢ᠌ᠨᠢ ᠬᠠᠷᠢᠭᠤ ᠳ᠋ᠤᠨᠢ᠄

᠊᠊᠊᠊᠊᠊᠊᠊᠊᠊᠊᠊᠊᠊᠊ ᠳᠠᠨᠠᠷ ᠨᠠᠮᠢ᠋ᠢ ᠳᠠᠭᠠᠭᠠᠤᠨ ᠨᠢᠵᠡᠭᠡᠳ ᠯᠠ ᠴᠠᠭ ᠶᠠᠪᠣᠬᠤᠯ᠎ᠠ ᠳᠠᠳᠠᠨ ᠢ ᠣᠯᠵᠤ ᠠᠪᠣᠨ᠎ᠠ᠃ ᠭᠡᠪᠠᠴᠤ ᠡᠨᠡ ᠣᠯᠠᠨ ᠠᠪᠣ ᠶᠢᠨ ᠭᠦᠪᠠᠭᠦᠤᠨ ᠡᠴᠡ ᠭᠡᠳᠦᠢ ᠨᠢ ᠠᠮᠢᠨ ᠡᠴᠠ ᠪᠠᠨ ᠰᠠᠯᠬᠤ ᠶᠢ ᠪᠢ ᠮᠡᠳᠡᠭᠦ ᠦᠭᠡᠶ᠃ ᠪᠢᠳᠠᠨ ᠳᠤᠯᠤᠭᠠᠨ ᠵᠠᠯᠠᠭᠤ ᠨᠢᠭᠡ ᠭᠠᠵᠠᠷ ᠪᠠᠢ᠌ᠨ᠎ᠠ᠃ ᠠᠶᠤᠯ ᠲᠡᠶ ᠨᠢ ᠵᠤᠮᠠᠱ ᠤᠨ ᠠᠮᠢᠨ ᠨᠠᠢ᠌ᠵᠠ ᠨᠢ ᠨᠢᠭᠡ ᠬᠠᠷ᠎ᠠ ᠮᠤᠩᠭ᠋ᠤᠯ ᠫᠣᠤ ᠳᠠᠭᠠᠨ ᠰᠤᠮᠤ ᠳᠠᠷᠤᠵᠤ ᠺᠠᠷᠠᠺᠠᠱ ᠢ ᠠᠪᠬᠤ ᠪᠠᠷ ᠢᠷᠡᠳᠡᠭ᠌ ᠭᠦᠮᠤᠨ ᠤ ᠳᠤᠯᠤᠭᠠᠢ ᠪᠠᠷ ᠨᠢ ᠨᠠᠭᠠᠳᠤᠨ᠎ᠠ ᠪᠢ ᠭᠡᠵᠤ ᠳᠠᠠᠳᠠ ᠭᠦᠯᠢᠶᠡᠵᠤ ᠪᠠᠢ᠌ᠨ᠎ᠠ᠃ ᠳᠠᠷᠠ ᠮᠤᠩᠭ᠋ᠤᠯ ᠳᠤ ᠡᠴᠢᠭᠡ ᠡᠭᠡ ᠠᠬ᠎ᠠ ᠳᠡᠭᠦᠤ ᠠᠪᠠᠭᠠᠢ ᠬᠡᠦᠬᠡᠳ ᠦᠭᠡᠶ᠂ ᠠᠮᠢᠨ ᠡᠴᠠ ᠪᠠᠨ ᠣᠢ᠌ᠳᠤᠭᠰᠠᠨ ᠳᠤᠮᠪᠣᠷ ᠭᠠᠭᠴᠠ ᠳᠤᠯᠤᠭᠠᠢ᠃ ᠮᠡᠷᠭᠡᠨ ᠬᠠᠷᠪᠣᠭᠠᠴᠢ ᠪᠠᠷ ᠶᠢᠡᠨ ᠨᠤᠳᠤᠭ ᠲᠤ ᠨᠠᠷ᠎ᠠ ᠲᠡᠶ᠂ ᠴᠢᠨ᠋ᠸ᠎ᠠ ᠰᠢᠭ ᠰᠡᠳᠭᠢᠯ ᠲᠡᠶ ᠱᠠᠷ ᠰᠢᠭ ᠵᠠᠩ ᠲᠡᠶ ᠠᠮᠢᠳᠠᠨ᠃ ᠳᠠᠨᠠᠷ ᠢ ᠳᠠᠭᠠᠭᠤᠯᠤᠭᠠᠤᠨ ᠣᠳᠤᠭᠰᠠᠨ ᠳᠠᠭᠠᠨ ᠪᠢ ᠴᠤ ᠥᠭᠦᠳᠡᠭ᠌ ᠯᠠ ᠭᠡᠷᠡᠭ᠌ ᠪᠣᠯᠪᠠ ᠭᠡᠳ ᠣᠭᠢᠯᠠᠭᠠᠤᠨ ᠪᠠᠢ᠌ᠵᠤ ᠭᠡᠨ᠎ᠡ᠃

ᠠᠮᠢᠨ ᠠᠮᠢᠳᠠᠢ᠌ᠬᠠᠨ ᠳᠤᠯᠠ ᠳᠠᠷᠠ ᠵᠠᠯᠠᠭᠤ ᠭᠠᠢ᠌ᠨᠢ ᠶᠢ ᠪᠠᠰᠠ ᠪᠠᠬᠠᠨ ᠡᠯᠳᠡᠵᠤ ᠭᠠᠠᠵᠤᠭ᠎ᠠ ᠳ᠋ᠠᠭᠢ ᠶᠠᠭᠤᠮ᠎ᠠ ᠪᠠᠷ ᠨᠢ ᠣᠯᠵᠠ ᠪᠣᠯᠭᠠᠨ ᠪᠣᠴᠠᠵᠠᠢ᠃ ᠬᠤᠭᠤᠰᠤᠨ ᠣᠳᠬᠤᠯ᠎ᠠ ᠳᠠᠷᠠ ᠮᠤᠩᠭ᠋ᠤᠯ ᠨᠠᠮᠢ᠋ᠢ ᠦᠪᠴᠢᠨ᠎ᠡ ᠭᠡᠳ ᠡᠷᠢᠭᠡᠳ ᠪᠠᠢ᠌ᠵᠤ ᠭᠠᠢ᠌ᠨᠢ ᠭᠠᠭᠴᠠ ᠰᠢᠯ ᠠᠷᠢᠭᠢ ᠡᠷᠭᠢᠭᠦᠯᠵᠤ ᠠᠪᠣᠭᠠᠤᠨ ᠢᠯᠠᠯᠳᠠ ᠶᠢ ᠪᠠᠯᠭᠡᠯᠡᠭᠦ ᠢᠳᠡᠭᠡ ᠪᠣᠯᠭᠠᠭᠰᠠᠨ ᠨᠢ ᠳᠠᠷᠠ ᠵᠢᠭᠢ᠃

ᠳᠠᠷᠠ ᠦᠶ᠎ᠡ ᠳᠤ ᠪᠢᠳᠠᠨ ᠴᠦᠮ ᠶᠢᠡᠷ ᠶᠢᠡᠨ ᠶᠠᠳᠠᠭᠤ᠂ ᠭᠤᠤᠯᠳᠠᠭᠤ ᠦᠨᠦᠴᠢᠨ ᠬᠡᠦᠬᠡᠳ᠃ ᠨᠢᠵᠡᠭᠡᠳ ᠭᠦᠯ ᠭᠢᠭᠦ ᠮᠤᠷᠢᠨ ᠡᠴᠠ ᠣᠠᠳᠤᠤ ᠶᠠᠭᠤᠮᠠᠨ ᠦᠭᠡᠶ᠃ ᠺᠠᠷᠠᠺᠠᠱ ᠤᠨ ᠬᠠᠯᠠᠩ ᠢ ᠶᠠᠭᠠᠭᠢᠵᠤ ᠲᠦᠯᠤᠨ᠎ᠡ᠃ ᠠᠮᠢᠳᠤ ᠯᠠ ᠪᠣᠯ ᠠᠷᠭ᠎ᠠ ᠣᠯᠳᠠᠨ᠎ᠠ᠃

ᠨᠢᠭᠡ ᠡᠳᠦᠷ ᠳ᠋ᠦᠢ ᠳᠤ ᠣᠳᠬᠤᠯ᠎ᠠ ᠮᠢᠨᠢ ᠭᠦᠩᠱᠧ ᠡᠴᠡ ᠺᠠᠳ᠋ᠷ ᠢᠷᠡᠭ᠍ᠰᠡᠨ ᠬᠤᠷᠠᠯ ᠭᠢᠵᠤ ᠪᠠᠢ᠌ᠵᠠᠢ᠃ ᠶᠠᠷᠢᠶ᠎ᠠ ᠶᠢ ᠨᠢ ᠰᠤᠨᠤᠰᠤᠭᠠᠤᠨ ᠪᠠᠢ᠌ᠬᠤᠯ᠎ᠠ ᠳ᠋ᠦᠢ ᠳᠤ ᠨᠢᠭᠡ 《ᠵᠠᠯᠠᠭᠤᠴᠤᠳ ᠤᠨ ᠬᠤᠰᠢᠭᠤᠴᠢ ᠠᠩᠭᠢ》 ᠵᠤᠬᠢᠶᠠᠨ ᠪᠠᠢ᠌ᠭᠤᠯᠬᠤ ᠭᠡᠷᠡᠭ᠍ᠳᠡᠢ ᠭᠡᠨ᠎ᠡ᠃ ᠳᠡᠭᠦᠨ ᠳᠤ ᠵᠤᠭᠢᠮᠵᠢᠳᠠᠢ ᠭᠦᠮᠦᠰ ᠣᠯᠳᠠᠬᠤ ᠦᠭᠡᠶ ᠳᠠᠳᠠᠯᠳᠤᠭ᠎ᠠ ᠪᠣᠯᠵᠤ ᠪᠠᠢ᠌ᠳᠠᠭ ᠪᠠᠢ᠌ᠵᠠᠢ᠃ ᠡᠨᠡ ᠭᠦ 《ᠵᠠᠯᠠᠭᠤᠴᠤᠳ ᠤᠨ ᠬᠤᠰᠢᠭᠤᠴᠢ ᠠᠩᠭᠢ》 ᠨᠢ ᠳ᠋ᠦᠢ ᠶᠢᠨ ᠠᠵᠢᠯ ᠤᠨ ᠬᠠᠮᠤᠭ ᠤᠨ ᠭᠦᠡᠳᠤ ᠴᠢᠬᠤᠯᠠ ᠶᠢ ᠨᠢ ᠭᠢᠵᠤ ᠣᠯᠠᠨ ᠳᠤ ᠳᠠᠭᠤᠷᠢᠶᠠᠯ ᠥᠵᠡᠭᠦᠯᠭᠦ ᠡᠭᠦᠷᠭᠡ ᠲᠡᠶ ᠪᠠᠢ᠌ᠵᠠᠢ᠃ ᠮᠢᠨᠤ ᠳ᠋ᠦᠢ ᠳᠡᠭᠡᠷ᠎ᠡ ᠣᠳᠤᠭᠰᠠᠨ ᠰᠢᠯᠳᠠᠭᠠᠨ ᠪᠣᠯᠬᠤᠯ᠎ᠠ ᠮᠠᠨ ᠤ ᠭᠠᠯ ᠤᠨ ᠭᠢᠨ ᠢ ᠡᠨᠡ ᠨᠠᠮᠤᠷ ᠭᠦᠮᠤᠨ ᠣᠳᠳᠠᠭ ᠦᠭᠡᠶ ᠡᠨᠡ ᠠᠭᠤᠯᠠ ᠠᠵᠢᠯᠯᠠᠭᠤᠯᠬᠤ ᠱᠠᠭᠠᠷᠳᠠᠬᠤ ᠶᠠᠪᠣᠳᠠᠯ ᠪᠠᠢ᠌ᠭᠰᠠᠨ᠃ ᠣᠴᠢᠷ ᠨᠢ ᠪᠢᠳᠠᠨ ᠺᠠᠷᠠᠺᠠᠱ ᠢ ᠬᠠᠮᠠᠭᠠᠯᠠᠵᠤ᠂ ᠳᠡᠭᠦᠨ ᠤ ᠬᠠᠯᠠᠩ ᠢ ᠠᠩ ᠭᠦᠷᠦᠭᠡ ᠭᠢᠵᠤ ᠮᠦᠩᠭᠦ ᠣᠯᠵᠤ ᠲᠦᠯᠦᠭᠦ ᠭᠡᠵᠤ ᠭᠡᠯᠡᠯᠴᠡᠭ᠍ᠰᠡᠨ ᠶᠤᠮ᠃

ᠳᠠᠷᠤᠭ᠎ᠠ ᠭᠦᠮᠤ ᠰᠤᠩᠭ᠋ᠤᠵᠤ ᠰᠤᠩᠭ᠋ᠤᠵᠤ ᠮᠤᠬᠤᠷᠳᠠᠬᠤ ᠶᠢᠨ ᠠᠯᠳᠠᠨ ᠳᠤ ᠪᠢ 《ᠵᠠᠯᠠᠭᠤᠴᠤᠳ ᠤᠨ ᠬᠤᠰᠢᠭᠤᠴᠢ ᠠᠩᠭᠢ》 ᠪᠢᠳᠠᠨ ᠪᠣᠯᠪᠠᠯ ᠶᠠᠮᠠᠷ ᠭᠡᠵᠤ ᠰᠠᠨᠠᠯ ᠦᠭ‍ᠭᠦ ᠳᠤ ᠮᠢᠨᠢ ᠳᠠᠷᠤᠭ᠎ᠠ ᠰᠢᠭᠤᠳ ᠵᠦᠪᠰᠢᠶᠠᠷᠠᠪᠠ᠃ ᠠᠷᠤ ᠳ᠋ᠤᠨᠢ ᠪᠢ ᠠᠭᠤᠯᠠ ᠳᠤ ᠠᠵᠢᠯᠯᠠᠬᠤ ᠭᠡᠰᠡᠨ ᠱᠠᠭᠠᠷᠳᠠᠯᠭ᠎ᠠ ᠳᠤᠷᠠᠳᠬᠤ ᠳᠤ ᠮᠢᠨᠢ ᠪᠠᠰᠠ ᠵᠦᠪᠰᠢᠶᠠᠷᠠᠪᠠ᠃

ᠳᠠᠷᠠ ᠨᠠᠮᠤᠷ ᠪᠢᠳᠠᠨ 《ᠵᠠᠯᠠᠭᠤᠴᠤᠳ ᠤᠨ ᠬᠤᠰᠢᠭᠤᠴᠢ ᠠᠩᠭᠢ》 ᠭᠡᠭᠦ ᠠᠯᠳᠠᠨ ᠥᠰᠦᠭ᠌ ᠲᠡᠶ ᠣᠯᠠᠭᠠᠨ ᠳᠤᠭ ᠶᠢᠡᠨ ᠣᠳᠤᠭᠰᠠᠨ ᠭᠠᠵᠠᠷ ᠤᠨ ᠶᠢᠡᠨ ᠬᠠᠷᠭᠠᠢ ᠳᠤ ᠬᠠᠳᠠ ᠳᠤ ᠬᠠᠰᠢᠶᠠᠨ ᠳᠤ ᠳᠡᠯᠡᠰᠭᠡᠵᠤ ᠠᠵᠢᠯᠯᠠᠭᠰᠠᠭᠠᠷ ᠡᠪᠦᠯ ᠣᠷᠤᠬᠤ ᠡᠴᠠ ᠡᠮᠤᠨ᠎ᠡ ᠳᠠᠪᠤᠨ ᠡᠪᠦᠯᠵᠢᠶᠡᠨ ᠤ ᠪᠠᠢ᠌ᠰᠢᠩ ᠬᠤᠷᠤᠭ᠎ᠠ ᠶᠢ ᠰᠠᠯᠪᠢᠨ ᠵᠠᠰᠠᠵᠤ ᠥᠩᠭᠡᠷᠡᠭᠦᠯᠵᠤ ᠦᠭ‍ᠭᠦᠭᠡᠳ ᠠᠭᠤᠯᠠ ᠡᠴᠠ ᠡᠷᠭᠢᠵᠤ ᠢᠷᠡᠭᠡᠳ ᠰᠢᠶᠠᠨ ᠡᠴᠠ ᠱᠠᠩᠨᠠᠯ ᠠᠪᠴᠤ ᠰᠢᠶᠠᠨ ᠤ ᠵᠡᠷᠭᠡ ᠶᠢᠨ 《ᠵᠠᠯᠠᠭᠤᠴᠤᠳ ᠤᠨ ᠬᠤᠰᠢᠭᠤᠴᠢ ᠠᠩᠭᠢ》 ᠪᠣᠯᠵᠠᠭᠠᠯ᠎ᠠ ᠪᠢᠳᠠᠨ᠃ ᠠᠩ ᠤᠨ ᠣᠯᠵᠤ ᠪᠠᠷ ᠶᠢᠡᠨ ᠺᠠᠷᠠᠺᠠᠱ ᠤᠨ ᠬᠠᠯᠠᠩ ᠢ ᠲᠦᠯᠤᠵᠤ ᠪᠠᠷᠠᠭᠠᠤᠨ ᠬᠤᠷᠢᠮ ᠤᠨ ᠶᠤᠰᠤ ᠶᠢ ᠨᠢ ᠴᠤ ᠭᠢᠵᠤ ᠨᠤᠳᠤᠭ ᠤᠨ ᠢᠷᠦᠭᠡᠯ ᠭᠦᠷᠳᠡᠯ᠎ᠡ᠃

ᠡᠪ ᠬᠠᠢ᠌ᠷ᠎ᠠ ᠶᠢᠨ ᠭᠡᠰᠢᠭ᠌ ᠭᠡᠳᠡᠭ᠌ ᠡᠨᠡ ᠰᠢᠤ᠃

ᠳᠡᠭᠦᠨ ᠡᠴᠡ ᠡᠭᠢᠯᠡᠨ ᠪᠢᠳᠠᠨ ᠠᠷᠤ ᠠᠷᠤ ᠡᠴᠠ ᠪᠠᠨ ᠭᠡᠷᠯᠡᠵᠤ ᠣᠳᠤ ᠭᠦᠪᠠᠭᠦᠨ ᠮᠠᠨᠢ ᠡᠭᠦᠷᠯᠡᠵᠤ ᠶᠠᠪᠣᠨ᠎ᠠ᠃

ᠣᠷᠤᠰ ᠭᠦᠮᠤᠨ ᠥᠭᠡ ᠪᠠᠨ ᠡ᠊ᠨᠳᠡ ᠭᠦᠷᠭᠡᠵᠤ᠄

᠊᠊᠊᠊᠊᠊᠊᠊᠊᠊᠊᠊᠊᠊᠊ ᠳᠡᠭᠦᠤ ᠨᠡᠷ ᠤᠨ ᠡᠮᠤᠨ᠎ᠡ ᠪᠢ ᠶᠠᠭᠤ ᠶᠠᠷᠢᠵᠤ ᠪᠠᠢ᠌ᠨ᠎ᠠ ᠪᠢ ᠭᠡᠵᠤ ᠥᠭᠡ ᠪᠠᠨ ᠬᠤᠷᠢᠶᠠᠪᠠ᠃

ᠬᠤᠶᠠᠷ ᠵᠠᠯᠠᠭᠤ ᠶᠢᠨ 《ᠡᠪ ᠬᠠᠢ᠌ᠷ᠎ᠠ》 ᠭᠡᠭᠦ ᠳᠠᠭᠤᠤ ᠳᠠᠰᠤᠷᠠᠭᠠᠤᠨ ᠦᠭᠡᠶ᠂ ᠣᠢ ᠶᠢᠨ ᠳᠤᠳᠤᠷ᠎ᠠ ᠬᠤᠯᠠᠵᠢᠨ ᠬᠤᠯᠠᠵᠢᠩᠬᠠᠨ ᠴᠤᠤᠷᠢᠶᠠᠳᠤᠨ᠎ᠠ᠃

ᠣᠷᠤᠰ ᠭᠦᠮᠤᠨ᠄

᠊᠊᠊᠊᠊᠊᠊᠊᠊᠊᠊᠊᠊᠊᠊ ᠵᠠ ᠳ᠋ᠠ᠃ ᠡᠨᠡ ᠬᠤᠶᠠᠷ ᠴᠢᠳᠭᠦᠷ ᠡᠴᠢᠭᠡ ᠨᠤᠭᠦᠳ ᠶᠢᠡᠨ ᠰᠠᠢ᠌ᠬᠠᠨ ᠳᠠᠭᠤᠷᠢᠶᠠᠵᠤ ᠳ᠋ᠠ᠂ ᠦᠭᠡᠶ ᠶᠠᠷᠤ ᠨᠢ ᠬᠣᠢ᠌ᠳᠤ ᠭᠤᠤᠯ ᠤᠨ ᠠᠢ᠌ᠯ ᠳᠤ ᠨᠢᠭᠡ ᠯᠠ ᠦᠬᠢᠨ ᠥᠵᠡᠭ᠍ᠳᠡᠯ᠎ᠡ᠃ ᠬᠤᠶᠠᠷ ᠵᠠᠯᠠᠭᠤ ᠣᠳᠤᠭᠠᠤᠨ ᠶᠠᠭᠠᠭᠢᠬᠤ ᠪᠣᠢ ᠳ᠋ᠠ ᠭᠡᠵᠤ ᠪᠠᠶ᠎ᠠ ᠨᠢ ᠪᠠᠶ᠎ᠠ ᠳᠡᠭᠡᠨ ᠶᠠᠷᠢᠬᠤ ᠳ᠋ᠤᠨᠢ ᠨᠠᠮ ᠭᠡᠪᠳᠡᠭ᠍ᠰᠡᠨ ᠵᠠᠯᠠᠭᠤᠰ ᠢᠨᠢᠶᠠᠳᠤ ᠠᠯᠳᠠᠵᠠᠭᠠᠪᠠ᠃

᠊᠊᠊᠊᠊᠊᠊᠊᠊᠊᠊᠊᠊᠊᠊ ᠵᠠ ᠳᠡᠭᠦᠤ ᠨᠡᠷ ᠮᠢᠨᠢ ᠣᠠᠳᠠᠵᠠᠭ᠎ᠠ᠃ ᠭᠠᠯ ᠶᠢᠡᠨ ᠮᠠᠨᠠᠴᠢᠬᠠᠶ᠎ᠠ᠃ ᠦᠣᠷ ᠰᠢᠬᠠᠮ ᠬᠤᠶᠠᠷ ᠴᠢᠳᠭᠦᠷ ᠢᠷᠠᠵᠤ ᠠᠰᠠᠭᠠᠬᠤ ᠪᠠᠢ᠌ᠬᠤ ︕ ᠠᠢ ᠳ᠋ᠠ ︕ ᠡᠨᠡ ᠬᠤᠷᠸ᠎ᠠ ᠭᠠᠭᠴᠠ ᠭᠦ ᠡᠪ ᠬᠠᠢ᠌ᠷ᠎ᠠ ᠶᠢᠨ ᠯᠠ ᠬᠤᠷᠸ᠎ᠠ ᠰᠢᠤ ︕

ᠬᠠᠳᠤᠯᠠᠩ ᠤᠨ ᠭᠢᠨ ᠭᠡᠳᠦᠢ ᠪᠠᠷ ᠨᠠᠮ ᠵᠢᠮ ᠪᠣᠯᠤᠭᠰᠠᠨ ᠪᠣᠯᠪᠠᠴᠤ ᠳᠠᠳᠠᠨ ᠤ ᠰᠡᠳᠭᠢᠯ ᠤᠨ ᠰᠤᠨᠤᠷ ᠲᠤ ᠣᠢ ᠶᠢᠨ ᠵᠥᠭ᠌ ᠡᠴᠡ 《ᠡᠪ ᠬᠠᠢ᠌ᠷ᠎ᠠ》 ᠭᠡᠭᠦ ᠣᠶᠠᠬᠠᠨ ᠳᠠᠭᠤᠤ ᠨᠠᠮᠤᠭᠤᠬᠠᠨ ᠰᠤᠨᠤᠰᠳᠠᠵᠤ ᠳᠠᠳᠠᠨ ᠤ ᠰᠠᠢ᠌ᠬᠠᠨ ᠵᠡᠭᠦᠳᠤ ᠪᠠᠷᠢᠵᠤ ᠬᠤᠨᠤᠬᠤ ᠶᠢ ᠢᠷᠦᠭᠡᠵᠤ ᠦᠷᠭᠦᠯᠵᠢᠯᠡᠪᠡ᠃


ᠵᠤᠬᠢᠶᠠᠭᠴᠢ ᠶᠢᠨ ᠬᠠ‍‌ᠶᠢᠭ ᠄ ᠰᠢᠠᠵᠢᠶᠠᠩ

ᠵᠤᠬᠢᠶᠠᠭᠴᠢ᠄ ᠪᠠ᠊·ᠵᠠᠰᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9091
ᠴᠠᠭ᠄ 2011 ᠤᠨ ᠤ 10 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ