ᠢᠯᠠᠭ᠎ᠠ

ᠳᠠᠭᠠᠷᠠᠭᠰᠠᠨ ᠢᠯᠠᠭ᠎ᠠ ᠳᠠᠯᠳᠠ ᠭᠠᠵᠠᠷ ᠡᠷᠢᠨ᠎ᠡ᠂

ᠳᠠᠭ ᠳᠠᠭ ᠴᠡᠴᠡᠷᠡᠭᠡᠳ ᠵᠤᠷᠯᠤᠩ ᠤᠨ ᠠᠳᠠᠷ ᠲᠤ ᠴᠤ ᠰᠤᠯᠳᠠᠢ᠌ᠨ᠎ᠠ᠂

ᠳᠠᠪᠠᠭᠤᠷᠠᠵᠤ ᠪᠠᠢ᠌ᠬᠤ ᠳᠤ ᠪᠠᠨ ᠴᠢ ᠶᠠᠭᠠᠭᠢᠯ᠎ᠠ

ᠳᠠᠯᠠᠨ ᠳᠠᠮᠤ ᠶᠢ ᠭᠦᠮᠤᠨ ᠠᠮᠢᠳᠠᠨ ᠳᠤ ᠠᠮᠰᠠᠭᠤᠯᠵᠤ ᠶᠠᠪᠣᠯ᠎ᠠ ᠪᠠ︕


ᠰᠢᠮ᠎ᠠ ᠲᠡᠶ ᠢᠳᠡᠭᠡᠨ ᠤ ᠰᠢᠭᠦᠰᠤ ᠶᠢ ᠴᠢ ᠬᠤᠯᠠᠭᠠᠢ᠌ᠯᠠᠵᠤ

ᠰᠢᠯ ᠲᠡᠶ ᠣᠮᠳᠠᠭᠠᠨ ᠤ ᠳᠡᠭᠡᠵᠢ ᠶᠢ ᠴᠢ ᠵᠠᠪᠳᠤᠵᠤ

ᠰᠢᠯᠢᠨ ᠭᠦᠵᠦᠭᠦᠨ ᠳᠤ ᠭᠦᠷᠳᠡᠯ᠎ᠡ ᠬᠠᠵᠠᠵᠤ ᠴᠢᠮᠭᠢᠵᠤ

ᠰᠢᠨᠠᠯᠭᠠᠵᠤ ᠳᠠᠷᠴᠢᠯᠭᠠᠵᠤ ᠭᠦᠮᠦᠰ ᠢ ᠳᠠᠷᠤᠯᠠᠯ᠎ᠠ ᠪᠠ︕


ᠭᠠᠵᠠᠷ ᠰᠠᠢ ᠦᠭᠡᠶ ᠴᠢ ᠦᠩᠭᠢᠨᠠᠵᠤ ᠱᠦᠩᠭᠢᠨᠠᠯ᠎ᠠ

ᠭᠠᠬᠠᠢ ᠨᠤᠬᠠᠢ ᠳᠤ ᠭᠦᠷᠳᠡᠯ᠎ᠡ ᠴᠢᠮ᠎ᠠ ᠡᠴᠠ ᠠᠶᠤᠬᠤ ᠪᠣᠯᠤᠯ᠎ᠠ

ᠭᠠᠰᠠᠯᠵᠤ ᠭᠦᠯᠳᠡᠭᠦ ᠪᠠᠨ ᠴᠢ ᠳᠠᠩᠴᠤ ᠮᠡᠳᠡᠭ᠍ᠰᠡᠨ ᠦᠭᠡᠶ ᠪᠠ

ᠭᠠᠯᠠᠪ ᠤᠨ ᠶᠤᠰᠤ ᠭᠠᠵᠢᠭᠤ ᠶᠢ ᠳᠠᠷᠤᠨ᠎ᠠ ᠭᠡᠵᠤ ᠴᠢ ᠶᠠᠭ ᠣᠬᠠᠭᠰᠠᠨ ᠦᠭᠡᠶ ᠪᠠ︕


ᠭᠢᠭ᠍ᠰᠡᠨ ᠭᠡᠷᠡᠭ᠌ ᠶᠢᠡᠨ ᠴᠢ ᠭᠦᠮᠤᠨ ᠮᠡᠳᠡᠭᠦ ᠦᠭᠡᠶ ᠭᠡᠵᠤ ᠪᠣᠳᠤᠯ᠎ᠠ ᠪᠠ

ᠭᠡᠷᠴᠡᠭᠡᠢ᠌ᠯᠡᠭᠡᠳ ᠪᠠᠢ᠌ᠪᠠᠯ ᠳᠡᠭ᠍ᠷᠢ ᠲᠡᠳᠬᠦᠨ᠎ᠡ ᠭᠡᠵᠤ ᠪᠣᠷᠤᠭᠤ ᠣᠢ᠌ᠯᠠᠭᠠᠵᠤ ᠪᠠ

ᠭᠡᠩᠭᠡᠷᠭᠡ ᠴᠢᠨᠢ ᠬᠠᠭᠠᠷᠠᠭᠠᠤᠨ ᠭᠡᠷᠡᠭ᠌ ᠴᠢᠨᠢ ᠯᠠᠪᠠᠷᠠᠵᠤ ᠪᠠ

ᠭᠡᠵᠢᠶᠡᠨᠡᠢ ᠣᠯᠬᠤ ᠶᠤᠰᠤᠳᠠᠢ ᠶᠢ ᠴᠢᠨᠢ ᠬᠠᠤᠯᠢ ᠴᠢᠮ᠎ᠠ ᠳᠤ ᠦᠭ‍ᠭᠦᠯ᠎ᠡ ᠪᠠ︕ᠵᠤᠬᠢᠶᠠᠭᠴᠢ ᠶᠢᠨ ᠬᠠᠶ‍ᠢᠭ ᠄ ᠲᠦᠩᠯᠢᠶᠤᠤ  ᠬᠤᠳᠠ᠂   ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂   ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ ᠳᠡᠭᠦᠦᠵᠢᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12081
ᠴᠠᠭ᠄ 2010 ᠤᠨ ᠤ 09 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ