ᠥᠯᠦᠭᠡᠢ ᠨᠤᠳᠤᠭ ᠲᠦᠰᠢᠶᠠᠳᠤ ᠮᠢᠨᠢ

ᠣᠨᠢᠶᠠᠷᠳᠤᠨ ᠭᠦᠭᠡᠷᠡᠭᠦ ᠮᠥᠩᠭᠡ ᠬᠠᠨ ᠤ ᠳᠦᠰᠢᠯᠭᠡ ᠳᠠᠢ

ᠣᠷᠤᠰᠤᠨ ᠮᠡᠯᠮᠡᠯᠵᠡᠭᠦ ᠬᠤᠤᠯᠢᠨ ᠭᠤᠤᠯ ᠤᠨ ᠣᠮᠳᠠᠯᠠᠭᠠᠨ ᠲᠡᠶ᠂

ᠵᠢᠭᠠᠰᠤ ᠴᠤᠯᠭᠢᠨ ᠵᠢᠷᠭᠠᠬᠠᠢ ᠢᠷᠭᠠᠯᠠᠭᠰᠠᠨ ᠬᠠᠩᠭ᠋ᠠᠯᠢ ᠣᠰᠤᠨ ᠴᠥᠭᠦᠷᠦᠮ ᠳᠠᠢ

ᠵᠡᠭᠡᠰᠤ ᠪᠠᠭᠰᠢᠷᠠᠨ ᠠᠯ ᠰᠡᠭᠦᠯ ᠨᠤᠳᠤᠭᠰᠢᠭᠰᠠᠨ ᠬᠤᠷᠴᠢᠨ ᠬᠠᠮᠠᠭᠠᠯᠠᠯᠳᠠ ᠶᠢᠨ ᠣᠷᠤᠨ ᠲᠡᠶ᠃

        ᠥᠯᠦᠭᠡᠢ ᠨᠤᠳᠤᠭ ᠲᠦᠰᠢᠶᠠᠳᠤ ᠮᠢᠨᠢ

        ᠥᠩᠭᠡ ᠦᠵᠡᠮᠵᠢ ᠲᠡᠶ ᠣᠷᠤᠨ ᠡ︕

ᠦᠶ᠎ᠡ ᠳᠠᠮᠵᠢᠨ ᠣᠯᠠᠮᠵᠢᠯᠠᠭᠳᠠᠬᠤ ᠣᠨᠢᠰᠤᠳᠠᠢ ᠠᠭᠤᠯᠠ ᠶᠢᠨ ᠳᠤᠮᠤᠭ ᠳᠠᠢ

ᠦᠨᠳᠦᠷ ᠬᠤᠷᠳᠤᠴᠠᠳᠤ ᠮᠤᠵᠢ ᠶᠢᠨ ᠳᠠᠰ ᠤᠨ ᠵᠠᠰᠠᠮᠠᠯ ᠵᠠᠮ ᠳᠠᠢ  ᠂

ᠠᠰᠠᠷ ᠪᠠᠷᠢᠯᠭ᠎ᠠ ᠳᠤ ᠭᠡᠷᠡᠭᠯᠡᠳᠡᠭ᠌ ᠴᠢᠨᠠᠷ ᠰᠠᠢ᠌ᠳᠠᠢ ᠱᠣᠢ᠌ᠨᠢ ᠶᠢᠨ ᠣᠢ᠌ᠯᠡᠳᠪᠣᠷᠢ ᠳᠠᠢ

ᠵᠢᠩ ᠨᠸᠩ ᠪᠦᠯᠦᠭᠯᠡᠯ ᠡᠵᠡᠩᠨᠡᠭ᠍ᠰᠡᠨ ᠴᠠᠭᠢᠯᠭᠠᠨ ᠭᠠᠷᠭᠠᠬᠤ ᠦᠷᠳᠡᠭᠡ ᠲᠡᠶ᠃   

        ᠥᠯᠦᠭᠡᠢ ᠨᠤᠳᠤᠭ ᠲᠦᠰᠢᠶᠠᠳᠤ ᠮᠢᠨᠢ

        ᠥᠭᠡᠷᠡᠴᠢᠯᠯᠳᠡ ᠨᠡᠭᠡᠭᠡᠯᠳᠡ ᠲᠡᠶ ᠣᠷᠤᠨ︕

ᠵᠢᠯ ᠵᠢᠯ ᠤᠨ ᠪᠠᠳᠤᠴᠠᠭᠠᠨ ᠵᠢᠮ᠎ᠠ ᠪᠠᠷ ᠶᠢᠡᠨ ᠣᠯᠠᠢ᠌ᠳᠠᠭ ᠦᠵᠡᠮᠵᠢ ᠳᠠᠢ

ᠵᠤᠭᠠᠴᠠᠵᠤ ᠳᠤᠭᠤᠷᠢᠨ ᠰᠤᠨᠢᠷᠬᠠᠨ ᠰᠡᠯᠭᠦᠴᠡᠭᠦ ᠵᠣᠢ᠌ᠳᠠᠢ ᠰᠠᠢ᠌ᠬᠠᠨ ᠭᠠᠵᠠᠷ ᠡ᠂

ᠭᠦᠭᠡ ᠸᠠᠭᠠᠷ ᠤᠨ ᠣᠷᠣᠢ᠌ᠳᠤ ᠪᠣᠶᠠᠨ ᠢᠷᠦᠭᠡᠯᠳᠤ ᠰᠦᠮ᠎ᠡ ᠳᠠᠢ

ᠭᠦᠵᠢ ᠠᠰᠠᠭᠠᠨ ᠰᠥᠵᠢᠭ᠌ ᠭᠦᠢᠴᠡᠭᠡᠭᠦ ᠳᠤᠭᠢᠳᠠᠢ ᠰᠠᠢ᠌ᠬᠠᠨ ᠣᠷᠤᠨ ᠡ︕

        ᠥᠯᠦᠭᠡᠢ ᠨᠤᠳᠤᠭ ᠲᠦᠰᠢᠶᠠᠳᠤ ᠮᠢᠨᠢ

        ᠡᠩᠭᠡ ᠨᠠᠢ᠌ᠷᠠᠮᠳᠠᠭᠤ ᠣᠷᠤᠨ ᠡ︕

ᠥᠩᠭᠡᠳᠤ ᠳᠡᠮᠦᠷᠯᠢᠭ᠌ ᠤᠨ ᠵᠠᠰ ᠳᠤᠭᠤᠯᠭᠠᠨ ᠠᠭᠤᠷᠬᠠᠢ ᠨᠢ

ᠦᠨᠢᠷ ᠠᠭᠤᠯᠤᠭᠳᠠᠴᠠ ᠡᠯᠪᠠᠭ᠌ ᠭᠠᠷᠤᠯᠳᠠ ᠲᠡᠶ᠂

ᠡᠮᠳᠤ ᠶᠢᠨ ᠭᠤᠤᠯ ᠤᠨ ᠰᠢᠯᠢᠳᠡᠭ᠌ ᠨᠠᠷᠢᠮᠤ ᠨᠢ

ᠣᠯᠤᠰ ᠤᠨ ᠳᠤᠳᠤᠷ᠎ᠠ ᠳᠠᠷᠬᠠᠯᠠᠭᠰᠠᠨ ᠠᠯᠳᠠᠷ ᠲᠡᠶ᠃

        ᠥᠯᠦᠭᠡᠢ ᠨᠤᠳᠤᠭ ᠲᠦᠰᠢᠶᠠᠳᠤ ᠮᠢᠨᠢ

        ᠡᠯᠪᠠᠭ᠌ ᠭᠠᠷᠤᠯᠳᠠ ᠲᠡᠶ ᠣᠷᠤᠨ ᠡ︕

ᠳᠠᠪᠤᠨ ᠬᠤᠰᠢᠭᠤ ᠮᠠᠯ ᠨᠢ ᠦᠨᠢᠷ ᠥᠰᠦᠭᠡᠳ

ᠳᠠᠷᠠᠭ ᠠᠢ᠌ᠷᠠᠭ ᠤᠨ ᠦᠨᠦᠷ ᠱᠠᠩᠳᠠᠭᠤᠨ

ᠳᠠᠪᠤᠨ ᠳᠠᠷᠢᠶ᠎ᠠ ᠨᠢ ᠬᠠᠯᠢᠭᠤᠷᠠᠨ ᠴᠡᠯᠭᠡᠷᠡᠭᠡᠳ

ᠳᠠᠩᠰᠤᠭ ᠠᠮᠢᠳᠤᠷᠠᠯ ᠨᠢ ᠴᠢᠨᠡᠭᠡᠯᠢᠭ᠍ᠵᠢᠨ ᠥᠭᠡᠳᠡᠯᠡᠩᠭᠦᠢ᠃

        ᠥᠯᠦᠭᠡᠢ ᠨᠤᠳᠤᠭ ᠲᠦᠰᠢᠶᠠᠳᠤ ᠮᠢᠨᠢ

        ᠥᠩᠰᠢᠭ᠌ ᠥᠶ‍ᠦᠭ᠌ ᠨᠤᠳᠤᠭ ᠡ︕

ᠥᠯᠢᠭᠡᠷ ᠤᠨ ᠨᠤᠳᠤᠭ ᠲᠦᠰᠢᠶᠠᠳᠤ ᠮᠢᠨᠢ

ᠦᠷᠭᠡᠨ ᠠᠯᠳᠠᠷ ᠶᠢᠡᠨ ᠡᠩ ᠳᠡᠯᠡᠭᠡᠢ ᠳᠤ ᠮᠠᠠᠳᠤᠭᠤᠯᠵᠠᠢ  ᠂

ᠠᠯᠳᠠᠷᠳᠤ ᠬᠤᠭᠤᠷᠴᠢ ᠪᠦᠷᠢᠡᠪᠠᠶᠡᠷ ᠤᠨ ᠱᠠᠪᠢ ᠨᠠᠷ

ᠠᠤᠭ᠎ᠠ ᠣᠢ᠌ᠯᠠᠰ ᠢ ᠨᠢ ᠵᠠᠯᠭᠠᠮᠵᠢᠯᠠᠨ ᠭᠦᠭ᠍ᠵᠢᠭᠦᠯᠵᠡᠢ᠃         

        ᠥᠯᠦᠭᠡᠢ ᠨᠤᠳᠤᠭ ᠲᠦᠰᠢᠶᠠᠳᠤ ᠮᠢᠨᠢ

        ᠣᠷᠠᠯᠢᠭᠴᠢ ᠣᠯᠠᠨ ᠭᠠᠵᠠᠷ ᠡ︕

ᠲᠦᠰᠢᠶᠠᠳᠤ ᠨᠤᠳᠤᠭ ᠠᠷᠠᠤᠨ ᠤᠨ ᠳᠠᠭᠤᠤ ᠶᠢᠨ ᠣᠠᠳᠤᠷᠤᠯ ᠳᠠᠢ

ᠳᠦᠷᠤᠯᠭᠢ ᠭᠡᠯᠡ ᠪᠠᠷ ᠶᠢᠡᠨ ᠳᠠᠭᠤᠴᠢᠨ ᠬᠤᠩ ᠮᠸᠢ ᠰᠢᠳᠢ ᠶᠢ ᠨᠢ ᠭᠠᠢ᠌ᠬᠠᠭᠤᠯᠵᠠᠢ᠂

ᠠᠮᠢᠳᠤᠷᠠᠯ ᠲᠡᠶ ᠢᠳᠡᠭᠡᠰᠢᠭ᠍ᠰᠡᠨ ᠠᠠᠳᠠᠢ ᠪᠦᠵᠢᠭ᠌ ᠤᠨ ᠣᠯᠠᠮᠵᠢᠯᠠᠯ ᠳᠠᠢ

ᠲᠦᠰᠢᠶᠠᠳᠤ ᠨᠤᠳᠤᠭ ᠤᠨ ᠪᠣᠳᠠᠰ ᠤᠨ ᠪᠣᠰᠤ ᠪᠣᠯᠪᠠᠰᠤᠨ ᠪᠣᠯᠵᠤ ᠭᠦᠭ᠍ᠵᠢᠵᠡᠢ᠃

        ᠥᠯᠦᠭᠡᠢ ᠨᠤᠳᠤᠭ ᠲᠦᠰᠢᠶᠠᠳᠤ ᠮᠢᠨᠢ

        ᠲ᠋ᠠᠭᠤᠤ  ᠪᠦᠵᠢᠭ᠌ ᠤᠨ ᠳᠠᠯᠠᠢ ᠡ︕

ᠳᠡᠦᠭᠡ ᠴᠠᠳᠢᠭ ᠤᠨ ᠥᠵᠡᠭᠦᠯᠦᠯᠭᠡ ᠪᠣᠯᠤᠭᠰᠠᠨ

ᠲᠦᠰᠢᠶᠠᠳᠤ ᠮᠦᠽᠧᠢ ᠶᠢᠨ ᠣᠷᠳᠤᠨ ᠳᠠᠢ

ᠦᠷᠭᠡᠨ ᠣᠯᠠᠨ ᠤ ᠰᠡᠯᠡᠭᠦᠴᠡᠯ ᠪᠣᠯᠤᠭᠰᠠᠨ

ᠲᠦᠰᠢᠶᠠᠳᠤ ᠠᠭᠤᠵᠢᠮ ᠰᠠᠢ᠌ᠬᠠᠨ ᠳᠠᠯᠠᠪᠣᠷ ᠳᠠᠢ

        ᠥᠯᠦᠭᠡᠢ ᠨᠤᠳᠤᠭ ᠲᠦᠰᠢᠶᠠᠳᠤ ᠮᠢᠨᠢ

        ᠵᠢᠷᠤᠭ ᠰᠢᠯᠦᠭ᠌ ᠤᠨ ᠶ‍ᠢᠷᠳᠢᠠᠴᠤ ᠡ︕

ᠬᠤᠷᠳᠤᠨ ᠮᠤᠷᠢᠨ ᠤ ᠣᠷ᠎ᠠ ᠮᠡᠷᠭᠡᠵᠢᠯ ᠢ ᠰᠤᠷᠢᠭᠰᠠᠨ

ᠲᠦᠰᠢᠶᠠᠳᠤ ᠮᠤᠷᠢᠨ ᠣᠷᠤᠯᠳᠤᠭᠠᠨ ᠤ ᠳᠠᠯᠠᠪᠣᠷ ᠳᠠᠢ

ᠰᠤᠶᠤᠯ ᠤᠨ ᠳᠤᠮᠤ ᠬᠤᠰᠢᠭᠤ ᠶᠢ ᠪᠠᠢ᠌ᠭᠤᠯᠬᠤ ᠪᠠᠷ

ᠱᠠᠯᠠᠮᠠᠭᠠᠢ᠌ᠯᠠᠨ ᠠᠵᠢᠯᠯᠠᠵᠤ ᠪᠠᠢ᠌ᠨ᠎ᠠ ᠲᠦᠰᠢᠶᠠᠳᠤ ᠮᠤᠩᠭ᠋ᠤᠯᠴᠤᠳ᠃

        ᠥᠯᠦᠭᠡᠢ ᠨᠤᠳᠤᠭ ᠲᠦᠰᠢᠶᠠᠳᠤ ᠮᠢᠨᠢ

        ᠮᠤᠷᠢᠨ ᠸᠠᠩ ᠤᠨ ᠠᠯᠳᠠᠷ ᠲᠡᠶ︕

ᠦᠨᠳᠦᠷ ᠦᠨᠳᠦᠷ ᠠᠰᠠᠷ ᠤᠳ ᠰᠤᠭᠤᠷᠠᠨ ᠰᠤᠭᠤᠷᠠᠨ ᠪᠣᠰᠴᠤ

ᠡᠳᠦᠷ ᠡᠴᠡ ᠡᠳᠦᠷ ᠨᠢᠭᠤᠷ ᠳᠦᠷᠰᠤ ᠨᠢ ᠰᠢᠨᠠᠳᠴᠤ ᠪᠠᠢ᠌ᠨ᠎ᠠ᠂

ᠬᠤᠳᠠ ᠪᠠᠯᠭᠠᠰᠤᠨ ᠤ ᠪᠦᠳᠦᠭᠡᠨ ᠪᠠᠢ᠌ᠭᠤᠯᠤᠯᠳᠠ ᠪᠠᠷ

ᠭᠦᠭ᠍ᠵᠢᠯᠳᠤ ᠢᠷᠡᠭᠡᠳᠦᠢ ᠪᠠᠨ ᠴᠤᠭᠴᠠᠯᠠᠵᠤ ᠪᠠᠢ᠌ᠨ᠎ᠠ ᠲᠦᠰᠢᠶᠠᠳᠤ ᠮᠤᠩᠭ᠋ᠤᠯᠴᠤᠳ᠃

        ᠥᠯᠦᠭᠡᠢ ᠨᠤᠳᠤᠭ ᠲᠦᠰᠢᠶᠠᠳᠤ ᠮᠢᠨᠢ

        ᠦᠷᠨᠢᠯ ᠭᠦᠭ᠍ᠵᠢᠯ ᠲᠡᠶ ᠣᠷᠤᠨ ᠡ︕

        


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12433
ᠴᠠᠭ᠄ 2011 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ