ᠥᠷᠦᠭᠡᠰᠤᠨ ᠭᠦᠯ ᠤᠨ ᠡᠮᠵᠢᠩᠨᠡᠯ
᠊᠊᠊᠊᠊᠊᠊᠊᠊᠊᠊᠊᠊᠊᠊ ᠡᠵᠢ ᠳᠡᠭᠡᠨ ᠪᠢ ᠳ᠋ᠦ᠋ᠩ ᠪᠣᠯᠤᠭᠠᠰᠠᠢ


ᠡᠵᠢ ᠡ

ᠳᠠ ᠨᠠᠮᠢ᠋ᠢ ᠳᠦᠷᠦᠭᠦ ᠳᠡᠭᠡᠨ ᠪᠦᠳᠤᠨ ᠭᠦᠯ ᠲᠡᠶ ᠪᠠᠢ᠌ᠯ᠎ᠠ᠂

ᠡᠭᠦᠷᠴᠤ ᠶᠠᠪᠣᠬᠤ ᠳᠠᠭᠠᠨ ᠡᠷᠡᠭᠦᠯ ᠭᠦᠯ ᠲᠡᠶ ᠶᠠᠪᠣᠯ᠎ᠠ᠂

ᠥᠰᠭᠡᠵᠤ ᠥᠭᠡᠵᠢᠷᠡᠭᠦᠯᠭᠦ ᠳᠡᠭᠡᠨ ᠬᠤᠶᠠᠷ ᠭᠦᠯ ᠲᠡᠶ ᠪᠠᠢ᠌ᠯ᠎ᠠ︕

ᠡᠵᠢ ᠡ

ᠳᠠ ᠶᠠᠭᠠᠭᠢᠬᠤ ᠳᠠᠭᠠᠨ ᠰᠡᠭᠦᠵᠢ ᠪᠠᠨ ᠠᠪᠣᠪᠠ

ᠭᠦᠯ ᠶᠢᠡᠨ ᠬᠤᠭᠤᠯᠪᠠ

ᠭᠦᠭᠡᠷᠦᠭᠦᠢ ᠳᠠ ᠮᠢᠨᠢ︕

ᠳᠠᠯᠠ ᠭᠦᠷᠦᠴᠢᠭᠡᠭᠡᠳ ᠳᠠᠯᠪᠠᠯᠵᠠᠭᠠᠤᠨ

ᠳᠠᠶᠠᠭᠠᠷ ᠦᠵᠡᠨ᠎ᠡ ᠭᠡᠵᠤ ᠭᠠᠯᠪᠠᠯᠵᠠᠭᠠᠤᠨ

ᠠᠷᠠᠰᠤ ᠮᠢᠬ᠎ᠠ ᠳᠠᠨᠢ ᠨᠢᠮᠭᠡᠷᠡᠭᠡᠳ

ᠶᠠᠰᠤᠨ ᠤ ᠭᠡᠮ ᠳᠤᠨᠢ ᠰᠡᠢ᠌ᠷᠡᠭ᠍ᠵᠢᠭᠡᠳ

ᠶᠠᠯ᠎ᠠ ᠲᠡᠶ ᠶᠠᠭᠤᠮ᠎ᠠ ᠰᠢᠭ ᠶᠠᠪᠣᠭᠠᠤᠨ

ᠶᠠᠭᠠᠭᠢᠬᠤᠪ ᠭᠦᠯ ᠶᠢᠡᠨ ᠠᠪᠣᠴᠢᠬᠠᠯ᠎ᠠ︕

ᠶᠠᠰᠤᠨ ᠤ ᠭᠡᠪᠳᠡᠭᠦᠷᠢ ᠳᠤ ᠣᠷᠤᠯ᠎ᠠ᠂

ᠨᠠᠰᠤᠨ ᠤ ᠵᠤᠪᠠᠯᠠᠩ ᠠᠮᠰᠠᠯ᠎ᠠ   ᠁

ᠦᠷ᠎ᠡ ᠶᠢᠨ ᠲᠦᠯᠦᠭᠡ ᠭᠡᠵᠤ ᠣᠢ᠌ᠯᠠ ᠪᠠᠨ ᠪᠠᠷᠠᠭᠠᠤᠨ ᠡᠵᠢ ᠶᠠᠪᠣᠳᠠᠭ

ᠦᠶ᠎ᠡ ᠶᠢᠨ ᠲᠦᠯᠦᠭᠡ ᠭᠡᠵᠤ ᠦᠨ᠎ᠡ ᠪᠠᠨ ᠪᠠᠷᠠᠭᠠᠤᠨ ᠪᠢ ᠶᠠᠪᠣᠳᠠᠭ

ᠭᠡᠳᠡᠯ᠎ᠡ ᠡᠵᠢ ᠮᠢᠨᠤ

ᠳᠡᠵᠢᠭᠡᠭ᠍ᠰᠡᠨ ᠮᠠᠯ ᠮᠢᠨᠢ ᠳᠠᠷᠭᠤᠨ ᠪᠠᠢ᠌ᠳᠤᠭᠠᠢ ᠭᠡᠵᠤ

ᠳᠠᠰᠪᠣᠷᠢ ᠡᠪᠦᠷᠯᠡᠵᠤ ᠶᠠᠪᠣᠳᠠᠭ ᠪᠢᠯᠠ᠃

ᠳᠡᠩᠭᠡᠭᠡ ᠦᠭᠡᠶ ᠭᠦᠪᠠᠭᠦᠤᠨ ᠮᠢᠨᠢ ᠣᠶᠤᠤ ᠲᠡᠶ ᠪᠠᠢ᠌ᠭ ᠭᠡᠵᠤ

ᠵᠠᠯᠪᠢᠷᠠᠯ ᠭᠢᠵᠤ ᠪᠠᠢ᠌ᠳᠠᠭ ᠪᠢᠯᠠ᠃

ᠭᠦᠮᠤᠨ ᠤ ᠭᠡᠦᠭᠡᠨ ᠪᠠᠷᠢᠶᠠᠴᠤᠳ ᠳᠡᠭᠡᠨ

ᠭᠦᠡᠳᠦᠳᠭᠡᠯ ᠭᠦᠷᠭᠡᠵᠤ ᠰᠠᠭᠤᠳᠠᠭ ᠪᠢᠯᠠ᠃

ᠭᠦᠷᠦᠩ ᠣᠯᠠᠭᠠᠨ ᠴᠠᠢ ᠶᠢᠨ ᠳᠡᠭᠡᠵᠢ ᠪᠠᠷ ᠵᠢᠠᠨ

ᠳᠠᠭᠢᠯ ᠡᠷᠭᠦᠵᠤ ᠰᠠᠭᠤᠳᠠᠭ ᠪᠢᠯᠠ᠃

ᠭᠡᠳᠡᠯ᠎ᠡ ᠣᠳᠤ

ᠦᠷᠦᠭᠡᠰᠤᠨ ᠭᠦᠯ ᠲᠡᠶ ᠡᠵᠢ ᠮᠢᠨᠤ

ᠣᠷᠤᠨ ᠡᠴᠠ ᠪᠠᠨ ᠪᠣᠰᠤᠯ ᠦᠭᠡᠶ ᠰᠠᠷ᠎ᠠ ᠥᠩᠭᠡᠷᠡᠪᠡ᠃

ᠦᠷᠦᠭᠡ ᠭᠡᠷ ᠤᠨ ᠪᠣᠯᠤᠩ ᠰᠠᠭᠢᠭᠠᠤᠨ

ᠥᠮᠦᠭ᠌ ᠳᠦᠰᠢᠭ᠌ ᠦᠭᠡᠶ ᠡᠳᠦᠢ ᠣᠳᠠᠯ᠎ᠠ︕

ᠡᠭᠦᠷ ᠲᠡᠭᠡᠨ ᠬᠤᠷᠭᠤᠳᠠᠭᠰᠠᠨ ᠰᠢᠪᠠᠭᠤ ᠪᠣᠯᠪᠠᠴᠤ

ᠨᠢᠰᠳᠡᠭ᠌ ᠴᠢᠯᠦᠭᠡ ᠲᠡᠶ᠃

ᠥᠩᠭᠦ ᠳᠤ ᠬᠤᠷᠤᠭᠰᠠᠨ ᠳᠠᠤᠯᠠᠢ ᠪᠣᠯᠪᠠᠴᠤ

ᠭᠦᠶ‍ᠦᠳᠡᠭ᠌ ᠣᠳᠠᠭ᠎ᠠ ᠲᠡᠶ᠃

ᠦᠨᠦᠴᠢᠨ ᠳᠠᠷ᠎ᠠ ᠳᠡᠭᠡᠷ᠎ᠡ ᠭᠡᠪᠳᠡᠭ᠍ᠰᠡᠨ ᠮᠢᠨᠤ ᠡᠵᠢ

ᠥᠡᠳᠡᠢ᠌ᠭᠦ ᠢᠷᠦᠭᠡᠯ ᠲᠡᠶ᠃

ᠦᠷᠦᠭᠡᠰᠤᠨ ᠰᠡᠭᠦᠵᠢ ᠶᠢ ᠨᠢ ᠬᠠᠳᠠᠭᠰᠠᠨ ᠪᠣᠯᠪᠠᠴᠤ

ᠭᠢᠰᠭᠡᠭᠦ ᠬᠤᠪᠢ ᠲᠡᠶ᠃

ᠡᠵᠢ ᠮᠢᠨᠤ᠂ ᠡᠵᠢ ᠮᠢᠨᠢ ᠡ

ᠦᠷᠦᠭᠡᠰᠤᠨ ᠭᠦᠯ ᠶᠢᠡᠷ ᠭᠢᠰᠭᠢᠭᠡᠳ ᠪᠣᠰᠤᠭᠰᠠᠨ ᠴᠠᠭ ᠳᠤᠨᠢ

ᠳ᠋ᠦ᠋ᠩ ᠪᠣᠯᠤᠭᠠᠰᠠᠢ︕

ᠥᠭᠡᠷ ᠮᠠᠯ ᠭᠡᠳ ᠳᠤᠭᠤᠴᠢᠭᠠᠤᠨ ᠶᠠᠪᠣᠭᠰᠠᠨ ᠴᠠᠭ ᠳᠤᠨᠢ

ᠪᠠᠷᠠᠭ᠎ᠠ ᠪᠣᠯᠤᠭᠠᠰᠠᠢ︕

ᠥᠳᠡᠯᠭᠦ ᠨᠠᠰᠤᠨ ᠳ᠋ᠤᠨᠢ

ᠳᠦᠰᠢᠭ᠌ ᠪᠣᠯᠤᠭᠠᠰᠠᠢ︕


2011.3.12 ᠦᠳᠡᠯ᠎ᠠ

《ᠪᠠᠶᠠᠠᠪᠣᠯᠠᠭ ᠦᠷᠦᠭᠡ》 ᠳ᠋ᠡᠭᠡᠨ


ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ

ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11932
ᠴᠠᠭ᠄ 2011 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ