ᠪᠦᠷᠬᠦᠳ ᠰᠦᠯᠵᠢᠶ᠎ᠡ ᠮᠢᠨᠢ 
ᠪᠦᠮᠪᠦᠷᠴᠡᠭ ᠲᠡᠯᠡᠬᠡᠢ ᠶᠢᠨ
ᠡᠷᠭᠢᠯᠲᠡ ᠶᠢᠨ ᠵᠢᠮ᠎ᠡ ᠪᠡᠷ
ᠪᠣᠰᠣᠭ᠎ᠠ ᠦᠰᠦᠭ ᠦᠨ
ᠬᠦᠭᠵᠢᠯᠲᠡ ᠶᠢᠨ ᠶᠣᠰᠣ ᠪᠠᠷ
ᠪᠦᠷᠬᠦᠳ ᠰᠦᠯᠵᠢᠶ᠎ᠡ ᠮᠢᠨᠢ
ᠵᠢᠭᠦᠷ ᠢᠶᠡᠨ ᠨᠢᠭᠡ ᠲᠡᠯᠭᠡᠨ
ᠪᠣᠯᠪᠠᠰᠣᠨ ᠤ  ᠮᠢᠨᠢ ᠭᠣᠯᠣᠮᠲᠠ ᠳ᠋ᠣ
ᠭᠠᠯ ᠨᠢᠭᠡ ᠲᠦᠷᠡᠯᠵᠡᠭᠦᠯᠦᠭᠰᠡᠨ ︕

ᠮᠡᠳᠡᠯᠭᠡᠲᠡᠨ ᠰᠡᠭᠡᠭᠡᠳᠡᠳ ᠦᠨ ᠢᠶᠡᠨ
ᠰᠣᠶᠣᠯ ᠤᠨ ᠦᠷᠦᠭᠡ ᠪᠤᠯᠣᠭᠰᠠᠨ
ᠮᠠᠯᠴᠢᠨ ᠲᠠᠷᠢᠶᠠᠴᠢᠳ ᠤᠨ ᠢᠶᠠᠨ
ᠭᠠᠢᠬᠠᠮᠰᠢᠭ ᠤᠨ ᠣᠷᠳᠣᠨ ᠪᠣᠯᠣᠭᠰᠠᠨ
ᠮᠠᠷᠭᠠᠰᠢ ᠢᠷᠡᠭᠡᠳᠦᠢ ᠶᠢᠨ
ᠰᠣᠶᠣᠯ ᠤᠨ ᠣᠯᠠᠮᠵᠢᠯᠠᠯ ᠢ ᠪᠠᠳᠣᠳᠬᠠᠭᠰᠠᠨ
ᠮᠤᠩᠭᠤᠯ ᠰᠣᠶᠣᠯ ᠤᠨ ᠲᠠᠪᠴᠠᠩ ︱
ᠪᠦᠷᠬᠦᠳ ᠰᠦᠯᠵᠢᠶ᠎ᠡ ᠮᠢᠨᠢ  ︕

ᠦᠭᠦᠯᠡᠯᠭᠡ ᠨᠠᠢᠷᠠᠭᠣᠯᠣᠯ ᠤᠨ ᠦᠨᠴᠦᠭ ᠲᠡᠶ
ᠦᠯᠢᠭᠡᠷ ᠬᠣᠯᠪᠣᠭᠠᠨ ᠤ ᠪᠣᠯᠣᠩ ᠲᠠᠢ
ᠰᠣᠨᠢᠨ ᠮᠡᠳᠡᠭᠡᠨ ᠦ ᠬᠣᠪᠢᠶᠠᠷᠢᠯᠠᠯ ᠲᠠᠶ
ᠰᠢᠯᠦᠭ ᠵᠣᠬᠢᠶᠠᠯ ᠤᠨ ᠠᠩᠭᠢᠯᠠᠯ ᠲᠠᠶ
ᠴᠢᠮᠡᠭᠡᠯᠡᠯ ᠮᠡᠳᠡᠭᠡᠯᠡᠯ ᠦᠨ ᠨᠡᠢᠳᠡᠯᠡᠯ ᠲᠠᠢ
ᠴᠢᠮᠡᠭᠡ ᠰᠣᠷᠠᠭ ᠤᠨ ᠵᠠᠷᠯᠠᠯ  ᠲᠠᠢ
ᠴᠢᠭ᠍ᠴᠢ  ᠰᠣᠷᠳᠠᠯ ᠤᠨ ᠮᠠᠭᠳᠠᠭᠠᠯ ᠲᠠᠶ
ᠴᠢᠩ ᠵᠢᠷᠦᠮ  ᠦᠨ ᠳᠠᠭᠣᠯᠠᠯ ᠲᠠᠶ ᠃

ᠰᠦᠯᠵᠢᠶᠡᠨ ᠡᠵᠡᠨ ᠦ ᠴᠢᠷᠮᠠᠢᠯᠭ᠎ᠠ ᠲᠠᠶ
ᠰᠦᠯᠲᠡ ᠬᠡᠢ ᠮᠣᠷᠢᠨ ᠤ ᠬᠣᠷᠣᠢᠯᠠᠯ ᠲᠠᠶ
ᠰᠦᠷᠯᠢᠭ ᠭᠣᠶᠣ  ᠪᠣᠰᠣᠭ᠎ᠠ ᠪᠢᠴᠢᠯᠭᠡ ᠲᠡᠶ
ᠰᠦᠨᠦᠰᠢᠭᠦᠢ ᠮᠦᠩᠬᠡ ᠶᠢᠨ ᠲᠡᠮᠳᠡᠭᠯᠡᠯ ᠲᠡᠶ
ᠲᠠᠶᠠᠭᠠᠷ ᠣᠯᠠᠨ ᠤ ᠴᠣᠭᠯᠠᠷᠠᠯ  ᠲᠠᠶ
ᠲᠠᠶᠠᠩ ᠲᠡᠯᠡᠬᠡᠢ ᠶᠢᠨ ᠭᠠᠢᠬᠠᠮᠰᠢᠭ ᠲᠠᠶ
ᠲᠠᠷᠬᠠᠨ ᠰᠣᠶᠣᠯ ᠤᠨ ᠬᠦᠭᠵᠢᠯᠳᠡ ᠲᠠᠢ
ᠲᠠᠪᠰᠢᠵᠦ ᠬᠦᠭᠵᠢᠬᠦ ᠶᠢᠨ ᠢᠷᠡᠭᠡᠳᠦᠢ ᠲᠡᠶ ᠃

ᠡᠢᠮᠦᠷᠬᠦ ᠰᠠᠢᠬᠠᠨ ᠰᠣᠶᠣᠯ ᠤᠨ ᠰᠦᠯᠵᠢᠶ᠎ᠡ ᠮᠢᠨᠢ
ᠡᠬᠡ ᠣᠷᠣᠨ ᠳᠤ ᠮᠢᠨᠢ ᠦᠷᠨᠢᠨ ᠦᠷᠨᠢᠭᠡᠰᠡᠢ ︕
ᠲᠡᠢᠮᠦᠷᠬᠦ  ᠰᠣᠨᠢᠬᠠᠨ ᠪᠣᠯᠪᠠᠰᠣᠨ ᠤ ᠲᠣᠤᠷ ᠮᠢᠨᠢ
ᠲᠠᠷᠬᠠᠨ ᠨᠣᠲᠣᠭ ᠲᠤ ᠮᠢᠨᠢ ᠲᠠᠷᠬᠠᠨ ᠲᠠᠷᠬᠠᠭᠠᠰᠠᠢ ︕


ᠵᠤᠬᠢᠶᠠᠭᠴᠢ᠄ ᠪᠤᠣ ᠵᠢᠨᠵᠣᠸᠠᠩᠽᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2586
ᠴᠠᠭ᠄ 2023 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ